ᠰᠥ᠋

ᠳᠡᠯᠡᠭᠡᠢ ᠡᠭᠡ ᠶᠢᠨ ᠵᠠᠶᠠᠭ᠎ᠠ ᠬᠠᠢ᠌ᠷᠠᠯᠠᠨ

ᠰᠥ᠋ ᠳᠡᠭ᠍ᠷᠢ ᠡᠴᠠ ᠢᠷᠡᠭ᠍ᠰᠡᠨ ᠶᠤᠮᠰᠠᠨ

ᠳᠡᠯᠭᠡᠷ ᠮᠤᠩᠭ᠋ᠤᠯ ᠳᠠᠯ᠎ᠠ ᠰᠢᠪᠬᠠᠨ

ᠰᠥ᠋ ᠨᠠᠷᠠᠨ ᠡᠴᠠ ᠠᠮᠢᠯᠠᠭᠰᠠᠨ ᠶᠤᠮᠰᠠᠨ

ᠳᠦᠭᠦᠷᠢᠭ᠌ ᠮᠤᠩᠭ᠋ᠤᠯ ᠭᠡᠷ ᠭᠡᠭᠡᠯᠡᠵᠤ

ᠰᠥ᠋ ᠨᠤᠭᠤᠭᠠᠨ ᠡᠴᠠ ᠪᠣᠷᠭᠢᠯᠤᠭᠰᠠᠨ ᠶᠤᠮᠰᠠᠨ

ᠳᠦᠭᠦᠭᠡ ᠣᠬᠠᠭᠠᠨ ᠤ ᠨᠠᠢ᠌ᠷ ᠵᠠᠳᠠᠯᠤᠨ

ᠰᠥ᠋ ᠰᠠᠯᠭᠢᠨ ᠡᠴᠠ ᠠᠭᠤᠰᠤᠭᠰᠠᠨ ᠶᠤᠮᠰᠠᠨ

ᠬᠠᠪᠢᠷᠭᠠᠨ ᠰᠠᠷᠠᠨ ᠤ ᠤᠶᠠᠩ‍ᠭ᠎ᠠ ᠰᠢᠪᠳᠤᠷᠤᠨ

ᠰᠥ᠋ ᠭᠤᠤᠯ ᠡᠴᠠ ᠣᠷᠤᠰᠤᠭᠰᠠᠨ ᠶᠤᠮᠰᠠᠨ

ᠬᠠᠷ᠎ᠠ ᠡᠳᠦᠷ ᠤᠨ ᠢᠯᠴᠢ ᠮᠥᠰᠢᠶᠡᠯᠭᠡᠨ

ᠰᠥ᠋ ᠭᠦᠳᠡᠯᠮᠦᠷᠢ ᠡᠴᠠ ᠣᠠᠳᠤᠷᠤᠭᠰᠠᠨ ᠶᠤᠮᠰᠠᠨ

ᠬᠠᠢ᠌ᠷᠬᠠᠨ ᠠᠭᠤᠯᠠᠨ ᠤ ᠴᠢᠯᠠᠭᠤ ᠵᠥᠭᠡᠯᠡᠯᠡᠵᠤ

ᠰᠥ᠋ ᠰᠡᠳᠭᠢᠯ ᠡᠴᠠ ᠢᠷᠡᠭ᠍ᠰᠡᠨ ᠶᠤᠮᠰᠠᠨ

ᠬᠠᠷ᠎ᠠ ᠪᠣᠷᠤ ᠨᠢᠳᠤᠨ ᠤ ᠴᠡᠴᠡᠭᠡᠢ ᠳᠤᠶᠠᠭᠠᠯᠠᠵᠤ

ᠰᠥ᠋ ᠬᠠᠢ᠌ᠷ᠎ᠠ ᠡᠴᠠ ᠢᠷᠡᠭ᠍ᠰᠡᠨ ᠶᠤᠮᠰᠠᠨ

ᠡᠷ᠎ᠡ ᠭᠦᠮᠤᠨ ᠤ ᠶᠠᠰᠤ ᠬᠠᠳᠠᠭᠤᠯᠠᠵᠤ

ᠰᠥ᠋ ᠡᠪᠦᠯ ᠡᠴᠠ ᠢᠷᠡᠭ᠍ᠰᠡᠨ ᠶᠤᠮᠰᠠᠨ

ᠭᠡᠦᠭᠡᠨ ᠭᠦᠮᠤᠨ ᠤ ᠰᠠᠨᠠᠯ ᠪᠦᠭᠡᠢ᠌ᠴᠢᠯᠡᠵᠤ

ᠰᠥ᠋ ᠵᠤᠨ ᠡᠴᠠ ᠢᠷᠡᠭ᠍ᠰᠡᠨ ᠶᠤᠮᠰᠠᠨ

ᠢᠳᠡᠭᠡᠯ ᠭᠦᠰᠡᠯ ᠤᠨ ᠭᠠᠯ ᠴᠠᠭᠢᠵᠤ

ᠰᠥ᠋ ᠬᠠᠪᠣᠷ ᠡᠴᠠ ᠢᠷᠡᠭ᠍ᠰᠡᠨ ᠶᠤᠮᠰᠠᠨ

ᠣᠷᠠᠨ ᠰᠢᠪᠠᠭᠤᠨ ᠤ ᠵᠢᠭᠦᠷ ᠡᠨᠡᠷᠢᠵᠤ

ᠰᠥ᠋ ᠨᠠᠮᠤᠷ ᠡᠴᠠ ᠢᠷᠡᠭ᠍ᠰᠡᠨ ᠶᠤᠮᠰᠠᠨ

ᠬᠠᠮᠤᠭ ᠰᠠᠢ᠌ᠬᠠᠨ ᠤ ᠢᠷᠦᠭᠡᠯ ᠬᠠᠩᠬᠤᠯᠤᠭᠤᠯᠵᠤ

ᠰᠥ᠋ ᠴᠡᠴᠡᠭ᠌ ᠡᠴᠠ ᠢᠷᠡᠭ᠍ᠰᠡᠨ ᠶᠤᠮᠰᠠᠨ

ᠬᠠᠮᠤᠭ ᠪᠣᠷᠤᠭᠵᠢᠭᠤᠨ ᠤ ᠣᠬᠠᠭᠠᠨ ᠰᠡᠪᠢᠭᠦᠯᠵᠤ

ᠰᠥ᠋ ᠡᠪᠠᠰᠤ ᠡᠴᠠ ᠢᠷᠡᠭ᠍ᠰᠡᠨ ᠶᠤᠮᠰᠠᠨ

ᠡᠷᠴᠢᠮ ᠭᠦᠴᠤᠨ ᠤ ᠬᠠᠭᠤᠴᠢ ᠳᠡᠯᠭᠡᠵᠤ

ᠰᠥ᠋ ᠬᠠᠳᠠᠭ ᠡᠴᠠ ᠢᠷᠡᠭ᠍ᠰᠡᠨ ᠶᠤᠮᠰᠠᠨ

ᠡᠷᠢᠯ ᠰᠤᠷᠠᠯ ᠤᠨ ᠵᠢᠷᠤᠮ ᠰᠢᠩᠭᠡᠵᠤ

ᠰᠥ᠋ ᠭᠡᠯᠡᠨ ᠡᠴᠠ ᠢᠷᠡᠭ᠍ᠰᠡᠨ ᠶᠤᠮᠰᠠᠨ


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2178
ᠴᠠᠭ᠄ 2013 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ