ᠮᠢᠨᠤ ᠬᠠᠢ᠌ᠷᠠᠳᠤ ᠰᠤᠷᠭᠠᠭᠤᠯᠢ

ᠪᠠᠶᠠᠨ ᠪᠠᠷᠭᠤ ᠶᠢᠨ ᠠᠭᠤᠳᠠᠮ ᠳᠠᠯ᠎ᠠ ᠳ᠋ᠤ

ᠪᠠᠳᠮᠠᠯᠠᠨ ᠳᠡᠯᠭᠡᠷᠡᠭ᠍ᠰᠡᠨ ᠭᠦᠢᠰ ᠴᠡᠴᠡᠭ᠌

ᠪᠠᠶᠠᠰᠤᠯᠳᠤ ᠲᠦᠮᠡᠨ ᠤ ᠬᠠᠷᠠᠭ᠎ᠠ ᠶᠢ ᠳᠡᠯᠡᠭ᠍ᠰᠡᠨ

ᠪᠠᠶᠠᠯᠢᠭ ᠰᠤᠶᠤᠯ ᠤᠨ ᠳᠠᠷᠬᠠᠨ ᠭᠤᠯᠤᠮᠳᠠ

          ᠮᠢᠨᠤ ᠬᠠᠢ᠌ᠷᠠᠳᠤ ᠰᠤᠷᠭᠠᠭᠤᠯᠢ

          ᠮᠢᠷᠠᠯᠵᠠᠭᠰᠠᠨ ᠬᠠᠪᠣᠷ ᠤᠨ ᠤᠶᠠᠩ‍ᠭ᠎ᠠ


ᠪᠣᠭᠤᠷᠤᠯ ᠭᠡᠷᠦᠯᠤᠨ ᠤ ᠡᠭᠡᠰᠢᠭ᠌ ᠢ ᠴᠢᠩᠨᠠᠨ

ᠪᠣᠭᠳᠠ ᠬᠠᠢ᠌ᠷᠬᠠᠨ ᠤ ᠭᠡᠰᠢᠭ᠌ ᠢ ᠭᠦᠷᠳᠡᠨ

ᠪᠣᠯᠪᠠᠷᠠᠢ ᠬᠡᠦᠬᠡᠳ ᠢ ᠡᠪᠦᠷ ᠲᠤ ᠪᠠᠨ ᠪᠦᠪᠠᠢ᠌ᠯᠠᠨ

ᠪᠢᠯᠢᠭ᠍ᠳᠤ ᠭᠦᠯᠦᠭ᠌ ᠤᠨ ᠳᠦᠷᠦᠭᠡᠨ ᠳᠤ ᠭᠢᠰᠭᠢᠭᠦᠯᠦᠭ᠍ᠰᠡᠨ

          ᠮᠢᠨᠤ ᠬᠠᠢ᠌ᠷᠠᠳᠤ ᠰᠤᠷᠭᠠᠭᠤᠯᠢ

          ᠮᠦᠷᠦᠭᠡᠳᠦᠯ ᠤᠨ ᠠᠯᠳᠠᠨ ᠬᠠᠷᠭᠤᠢ


ᠡᠷᠡᠨ ᠤ ᠵᠤᠯᠠᠢ ᠶᠢ ᠰᠦ᠋ ᠪᠠᠷ ᠮᠢᠯᠢᠶᠠᠨ

ᠡᠩᠭᠡ ᠮᠠᠠᠳᠤ ᠶᠢᠨ ᠬᠠᠳᠠᠭ ᠶᠢᠡᠨ ᠡᠷᠭᠦᠭ᠍ᠰᠡᠨ

ᠡᠷᠳᠡᠮᠳᠤ ᠪᠠᠭᠰᠢ ᠶᠢᠨ ᠣᠢ᠌ᠯᠠᠰ ᠵᠢᠳᠭᠦᠯ ᠶᠢᠡᠷ

ᠡᠵᠡᠨ ᠵᠠᠶᠠᠭᠠᠨ ᠤ ᠰᠦᠯᠳᠡ ᠪᠠᠨ ᠬᠤᠷᠣᠢ᠌ᠯᠠᠭᠰᠠᠨ

          ᠮᠢᠨᠤ ᠬᠠᠢ᠌ᠷᠠᠳᠤ ᠰᠤᠷᠭᠠᠭᠤᠯᠢ

          ᠮᠢᠩᠭ᠋ᠠᠨ ᠵᠠᠭᠤᠨ ᠤ ᠵᠦᠩᠨᠠᠯ


                  2010.7


(ᠳᠤᠰ ᠰᠢᠯᠦᠭ᠌ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠦᠭᠡᠷ ᠳᠤᠮᠳᠠᠳᠤ ᠰᠤᠷᠭᠠᠭᠤᠯᠢ ᠶᠢᠨ ᠰᠦᠯᠳᠡ ᠳᠠᠭᠤᠤ ᠪᠠᠷ ᠰᠤᠩᠭ᠋ᠤᠭᠳᠠᠨ ᠭᠡᠷᠡᠭᠯᠡᠭ᠍ᠳᠡᠪᠡ)


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠦᠭᠡᠷ ᠳᠤᠮᠳᠠᠳᠤ ᠰᠤᠷᠭᠠᠭᠤᠯᠢ

ᠵᠤᠬᠢᠶᠠᠭᠴᠢ᠄ ᠰᠤᠷᠳᠠᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1927
ᠴᠠᠭ᠄ 2012 ᠤᠨ ᠤ 04 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ