ᠶᠠᠭᠠᠷᠠᠭᠰᠠᠨ ᠰᠠᠤᠠᠭᠢᠯ

ᠠᠷᠢᠭᠤᠨ ᠬᠤᠷ᠎ᠠ ᠬᠤᠷᠮᠤᠰᠳᠠ ᠶᠢᠨ ᠳᠠᠩᠨᠠᠢ ᠡᠴᠡ ᠵᠦᠰᠠᠷᠠᠨ ᠪᠠᠭᠤᠬᠤ ᠳ᠋ᠤ

ᠠᠷᠤ ᠡᠩᠭᠡᠷ ᠤᠨ ᠮᠣᠢ᠌ᠯ ᠤᠨ ᠮᠤᠳᠤ ᠴᠡᠴᠡᠭᠯᠡᠭ᠍ᠰᠡᠨ ᠪᠠᠢ᠌ᠯᠭᠦᠢ

ᠠᠮᠠᠷᠠᠭ ᠭᠤᠶᠤᠬᠠᠨ ᠠᠢ᠌ᠯ ᠤᠨ ᠳᠦᠪᠰᠢᠮ᠎ᠠ ᠪᠠᠨ ᠪᠣᠳᠤᠨ ᠳᠤᠷᠠᠰᠬᠤ ᠳᠤ

ᠠᠷᠭ᠎ᠠ ᠦᠭᠡᠶ ᠳᠡᠭᠦᠨ ᠤ ᠵᠡᠭᠦᠨ ᠴᠢᠭᠢ ᠨᠢ ᠬᠠᠩᠭᠢᠨᠠᠭᠰᠠᠨ ᠪᠠᠢ᠌ᠯᠭᠦᠢ︕


ᠴᠢᠨᠤᠨ ᠴᠢᠭᠢ ᠲᠡᠶ ᠵᠢᠷᠤᠭ᠎ᠠ ᠰᠢᠷᠭ᠎ᠠ ᠪᠠᠨ ᠪᠦᠮᠪᠦᠯᠵᠡᠭᠦᠯᠭᠦ ᠳᠤ

ᠴᠡᠴᠡᠭ᠌ ᠮᠢᠷᠠᠯᠵᠠᠭᠰᠠᠨ ᠨᠤᠭᠤᠭᠠᠨ ᠳᠠᠪᠠᠯᠭᠠᠨ ᠰᠤᠨᠤᠯᠵᠠᠩᠬᠠᠨ ᠪᠠᠢ᠌ᠨ᠎ᠠ

ᠴᠢᠮ᠎ᠠ ᠳᠤ ᠪᠠᠨ ᠭᠦᠷᠭᠦ ᠰᠠᠤᠠᠭᠢᠯ ᠤᠨ ᠴᠤᠤᠷᠢᠶ᠎ᠠ ᠳᠠᠭᠤᠷᠢᠰᠤᠭᠤᠯᠬᠤ ᠳᠤ

ᠴᠠᠭᠠᠨ ᠴᠠᠮᠴᠠ ᠲᠡᠶ ᠳᠤᠭᠤᠯ ᠤᠨ ᠵᠠᠯ᠎ᠠ ᠳᠤ ᠪᠠᠨ ᠭᠦᠯᠢᠶᠡᠩᠭᠡᠨ ᠪᠠᠢ᠌ᠯᠭᠦᠢ︕


ᠮᠤᠩᠭ᠋ᠤᠯ ᠨᠤᠳᠤᠭ ᠤᠨ ᠠᠭᠤᠳᠠᠮ ᠳᠠᠯ᠎ᠠ ᠶᠢᠨ ᠵᠤᠨ ᠤ ᠰᠠᠯᠭᠢᠨ ᠳᠤ ᠢᠯᠪᠢᠭᠦᠯᠵᠤ

ᠮᠥᠷᠦᠭᠡᠳᠴᠤ ᠣᠳᠠᠭᠰᠠᠨ ᠰᠠᠤᠠᠭᠢᠯ ᠤᠨ ᠭᠠᠭᠴᠠ ᠠᠮᠠᠷᠠᠭ ᠶᠢᠡᠨ ᠰᠠᠨᠠᠵᠤ ᠳᠠᠮᠠᠤᠯᠠᠨ᠎ᠠ

ᠮᠥᠩᠭᠡ ᠳᠡᠭ᠍ᠷᠢ᠂ ᠮᠤᠩᠭ᠋ᠤᠯ ᠣᠷᠤᠨ ᠤ ᠡᠩᠭᠡ ᠳᠠᠢ᠌ᠪᠣᠩ ᠢ ᠳᠠᠭᠤᠯᠠᠵᠤ

ᠮᠥᠦᠡᠭᠡᠨ ᠠᠭᠤᠯᠵᠠᠬᠤ ᠰᠠᠤᠠᠭᠢᠯ ᠤᠨ ᠭᠦᠭ᠍ᠰᠡᠯ ᠵᠢᠯᠤᠭᠤ ᠰᠤᠯᠠᠯᠠᠨ ᠳᠠᠪᠭᠢᠭᠤᠯᠤᠨ᠎ᠠ︕


ᠠᠷᠭᠠᠯ ᠤᠨ ᠣᠳᠤᠭᠠᠨ ᠤ ᠰᠤᠭᠤᠨᠠᠭᠯᠠᠯ ᠠᠯᠤᠰ ᠡᠴᠡ ᠬᠠᠷᠠᠭᠠᠨ ᠳᠤ ᠣᠷᠤᠬᠤ ᠳᠤ

ᠠᠭᠳᠠ ᠪᠠᠨ ᠳᠡᠪᠭᠡᠷᠴᠤ ᠬᠤᠷᠳᠤᠯᠠᠭᠰᠠᠨ ᠴᠤ ᠣᠢ᠌ᠷᠠᠳᠤᠵᠤ ᠦᠭ‍ᠭᠦ ᠦᠭᠡᠶ ᠨᠢ ᠶᠠᠭᠠᠭᠢᠯᠳᠠᠢ

ᠠᠮᠠᠷᠠᠭ ᠤᠨ ᠳᠤᠯᠠᠭᠠᠨ ᠢᠨᠢᠶᠠᠳᠤ ᠨᠢᠳᠤᠨ ᠳᠤ ᠳᠤᠳᠤᠷᠠᠨ ᠬᠠᠷᠠᠭᠳᠠᠬᠤ ᠳᠤ

ᠠᠯᠢᠶᠠᠯᠠᠵᠤ ᠪᠠᠢ᠌ᠭ᠎ᠠ ᠰᠢᠭ ᠡᠨᠡ ᠵᠠᠮ ᠣᠷᠳᠤᠰᠴᠤ ᠰᠠᠨᠠᠭᠳᠠᠬᠤ ᠨᠢ ᠶᠠᠭᠠᠭᠢᠯᠳᠠᠢ︕


ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ

ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠬᠠᠷᠢᠶ᠎ᠠ᠄ ᠰᠢᠯᠦᠭ
ᠳᠠᠷᠤᠮ᠄ 3758
ᠴᠠᠭ᠄ 2007 ᠤᠨ ᠤ 04 ᠰᠠᠷ᠎ᠠ ᠶᠢᠨ 10