《ᠦᠯᠦ ᠰᠥᠭᠦᠷᠡᠭ᠍ᠰᠡᠳ》
᠊᠊᠊᠊᠊᠊᠊᠊᠊᠊᠊᠊᠊᠊᠊ ᠳᠠᠯᠢ᠌ᠠᠠᠴᠢ ᠭᠡᠷᠡᠯᠴᠤᠭᠳᠤ ᠪᠠᠭᠰᠢ ᠳ᠋ᠤ

ᠳᠡᠭᠡᠳᠤ ᠡᠴᠡ ᠪᠠᠨ ᠰᠢᠳᠤᠵᠤ ᠶᠠᠪᠣᠭᠰᠠᠨ

ᠳᠡᠭ᠍ᠷᠢ ᠶᠢᠨ ᠶᠢᠡᠨ ᠭᠦᠨ ᠳ᠋ᠤ

ᠬᠠᠷᠠᠴᠠ ᠪᠠᠨ

ᠨᠢᠭᠤᠵᠤ ᠁

ᠬᠠᠷᠠᠩᠭ᠋ᠤᠢ ᠪᠣᠯᠬᠤ ᠳ᠋ᠤ

ᠨᠠᠳᠠ ᠣᠷᠤᠭᠤ

ᠭᠢᠯᠠᠯᠵᠠᠳᠠᠭ ᠨᠢ ᠳᠠ ᠁

ᠳᠡᠭᠡᠷ᠎ᠡ ᠨᠢ ᠰᠢᠳᠠᠵᠤ ᠶᠠᠪᠣᠭᠰᠠᠨ

ᠳᠡᠯᠡᠭᠡᠢ ᠶᠢᠨ ᠶᠢᠡᠨ ᠦᠷᠦᠴᠠᠨ ᠳ᠋ᠤ

ᠬᠠᠢ᠌ᠷ᠎ᠠ ᠪᠠᠨ ᠨᠢᠭᠤᠵᠤ ᠁

ᠬᠠᠪᠣᠷ ᠪᠣᠯᠬᠤ ᠳ᠋ᠤ

ᠨᠠᠷᠠᠨ ᠣᠷᠤᠭᠤ

ᠰᠤᠶᠤᠭᠠᠯᠠᠳᠠᠭ ᠨᠢ ᠳᠠ ᠁

ᠵᠤᠬᠢᠶᠠᠭᠴᠢ᠄ ᠬᠠᠩᠳᠠᠭᠤᠳ·ᠣᠰᠤᠠᠪᠣᠳᠤᠭ
ᠬᠠᠷᠢᠶ᠎ᠠ᠄ ᠰᠢᠯᠦᠭ
ᠳᠠᠷᠤᠮ᠄ 2149
ᠴᠠᠭ᠄ 2009 ᠤᠨ ᠤ 09 ᠰᠠᠷ᠎ᠠ ᠶᠢᠨ 05