ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠶᠠᠷᠢᠵᠤ ᠢᠯᠡᠳᠭᠡᠭᠦ ᠴᠢᠳᠠᠪᠣᠷᠢ ᠶᠢ ᠳᠡᠭᠡᠭ᠍ᠰᠢᠯᠡᠭᠦᠯᠭᠦ ᠳᠤᠬᠠᠢ ᠮᠦᠴᠢᠳ ᠥᠭᠦᠯᠡᠭᠦ ᠨᠢ

ᠮᠠᠨ ᠤ ᠮᠡᠳᠡᠭᠡᠵᠢ ᠪᠠᠷ ᠭᠡᠯᠡ ᠪᠣᠯ ᠭᠦᠮᠦᠰ ᠤᠨ ᠬᠠᠷᠢᠯᠴᠠᠭᠠᠨ ᠤ ᠪᠠᠭᠠᠵᠢ᠂ ᠰᠡᠳᠭᠢᠭᠦᠢ ᠶᠢᠨ ᠪᠠᠭᠠᠵᠢ ᠮᠦᠨ᠃ ᠠᠮᠠ ᠪᠠᠷ ᠢᠯᠡᠳᠭᠡᠭᠦ ᠴᠢᠳᠠᠪᠣᠷᠢ ᠪᠣᠯ ᠭᠦᠮᠦᠰ ᠤᠨ ᠡᠳᠦᠷ ᠳᠤᠳᠤᠮ ᠤᠨ ᠠᠮᠢᠳᠤᠷᠠᠯ ᠰᠤᠷᠤᠯᠴᠠᠯᠭ᠎ᠠ ᠳᠤ ᠳᠤᠳᠠᠭᠳᠠᠵᠤ ᠪᠣᠯᠤᠰᠢ ᠦᠭᠡᠶ ᠦᠨᠳᠦᠰᠦᠨ ᠴᠢᠳᠠᠪᠣᠷᠢ ᠶᠢᠨ ᠨᠢᠭᠡ ᠨᠢ ᠪᠣᠯᠤᠨ᠎ᠠ᠂ ᠮᠦᠨ ᠴᠤ ᠪᠢᠴᠢᠭ᠌ ᠶᠢᠡᠷ ᠢᠯᠡᠳᠭᠡᠭᠦ ᠴᠢᠳᠠᠪᠣᠷᠢ ᠶᠢ ᠭᠦᠮᠦᠵᠢᠭᠦᠯᠭᠦ ᠶᠢᠨ ᠰᠠᠭᠤᠷᠢ ᠪᠣᠯᠳᠠᠭ ᠶᠤᠮ᠃ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠶᠠᠷᠢᠵᠤ ᠢᠯᠡᠳᠭᠡᠭᠦ ᠴᠢᠳᠠᠪᠣᠷᠢ ᠶᠢ ᠰᠠᠢ᠌ᠳᠤᠷ ᠭᠦᠮᠦᠵᠢᠭᠦᠯᠵᠤ ᠴᠢᠳᠠᠬᠤ ᠡᠰᠡᠭᠦ ᠨᠢ ᠬᠣᠢ᠌ᠰᠢᠳᠠ ᠦᠨᠳᠦᠰᠦᠳᠠᠨ ᠤ ᠥᠭᠡ ᠭᠡᠯᠡ ᠪᠠᠨ ᠰᠠᠢ᠌ᠳᠤᠷ ᠰᠤᠷᠴᠤ ᠣᠢ᠌ᠯᠠᠭᠠᠨ ᠭᠡᠷᠡᠭᠯᠡᠭᠦ ᠳᠤ ᠣᠷᠢᠳᠠᠯ ᠨᠥᠭᠦᠴᠡᠯ ᠪᠣᠯᠳᠠᠭ ᠪᠦᠭᠡᠳ ᠶᠠᠷᠢᠬᠤ ᠴᠢᠳᠠᠪᠣᠷᠢ ᠪᠠᠨ ᠳᠡᠭᠡᠭ᠍ᠰᠢᠯᠡᠭᠦᠯᠭᠦ ᠳᠤ ᠰᠢᠭᠤᠳ ᠨᠥᠯᠦᠭᠡ ᠳᠤᠰᠬᠠᠯ ᠥᠵᠡᠭᠦᠯᠳᠡᠭ᠌ ᠪᠠᠢ᠌ᠨ᠎ᠠ᠃ ᠡᠢ᠌ᠮᠤ ᠡᠴᠡ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠶᠠᠷᠢᠵᠤ ᠢᠯᠡᠳᠭᠡᠭᠦ ᠴᠢᠳᠠᠪᠣᠷᠢ ᠶᠢ ᠰᠠᠢ᠌ᠳᠤᠷ ᠭᠦᠮᠦᠵᠢᠭᠦᠯᠭᠦ ᠶᠢ ᠠᠩᠬᠠᠷᠴᠤ᠂ ᠡᠨᠡ ᠳᠠᠯ᠎ᠠ ᠶᠢᠨ ᠴᠢᠳᠠᠪᠣᠷᠢ ᠶᠢ ᠳᠡᠭᠡᠭ᠍ᠰᠢᠯᠡᠭᠦᠯᠭᠦ ᠪᠣᠯ ᠨᠢᠳᠤᠨ ᠡᠮᠤᠨ᠎ᠡ ᠳᠤᠯᠭᠠᠷᠠᠵᠤ ᠪᠠᠢ᠌ᠭ᠎ᠠ ᠴᠢᠬᠤᠯᠠ ᠶᠠᠪᠣᠳᠠᠯ ᠮᠦᠨ᠃

⒈ ᠰᠤᠨᠤᠰᠬᠤ ᠪᠣᠯᠪᠠᠰᠤᠷᠠᠯ

ᠰᠤᠨᠤᠰᠬᠤ ᠪᠣᠯ ᠶᠠᠷᠢᠬᠤ ᠶᠢᠨ ᠣᠷᠢᠳᠠᠯ ᠮᠦᠨ᠂ ᠵᠠᠷᠢᠮ ᠰᠤᠷᠤᠭᠴᠢ ᠶᠢᠨ ᠰᠤᠨᠤᠰᠬᠤ ᠴᠢᠳᠠᠪᠣᠷᠢ ᠨᠢ ᠳᠤᠤᠷ᠎ᠠ ᠪᠣᠯᠬᠤᠷ ᠪᠠᠭᠰᠢ ᠶᠢᠨ ᠶᠠᠷᠢᠭᠰᠠᠨ ᠢ ᠣᠢ᠌ᠯᠠᠭᠠᠵᠤ ᠴᠢᠳᠠᠬᠤ ᠦᠭᠡᠶ᠂ ᠭᠢᠴᠢᠶᠠᠯ ᠶᠢᠡᠨ ᠰᠠᠢ᠌ᠨ ᠡᠵᠡᠮᠰᠢᠵᠤ ᠳᠡᠢ᠌ᠯᠭᠦ ᠦᠭᠡᠶ ᠥᠵᠡᠭ᠍ᠳᠡᠯ ᠭᠠᠷᠳᠠᠭ᠃ ᠶᠠᠭ ᠡᠢ᠌ᠮᠤ ᠪᠠᠢ᠌ᠳᠠᠯ ᠳᠤ ᠴᠢᠭᠯᠡᠭᠦᠯᠤᠨ ᠪᠠᠭᠰᠢ ᠪᠣᠯᠤᠭᠰᠠᠤᠨ ᠳᠤᠤᠷ᠎ᠠ ᠣᠨ ᠡᠴᠡ ᠡᠭᠢᠯᠡᠨ ᠰᠤᠷᠤᠭᠴᠢ ᠶᠢᠨ ᠰᠤᠨᠤᠰᠬᠤ ᠴᠢᠳᠠᠪᠣᠷᠢ ᠶᠢ ᠭᠦᠮᠦᠵᠢᠭᠦᠯᠭᠦ ᠶᠢ ᠴᠢᠬᠤᠯᠠᠴᠢᠯᠠᠵᠤ᠂ ᠠᠩᠬ᠎ᠠ ᠰᠤᠷᠭᠠᠭᠤᠯᠢ ᠳᠤ ᠣᠷᠤᠵᠤ ᠪᠠᠢ᠌ᠭ᠎ᠠ ᠬᠡᠦᠬᠡᠳ ᠲᠤ ᠭᠢᠴᠢᠶᠡᠯᠯᠡᠭᠦ ᠳᠤ ᠪᠠᠨ ᠪᠠᠭ᠎ᠠ ᠪᠠᠭ᠎ᠠ ᠪᠠᠷ ᠣᠳᠠᠭᠠᠨ ᠰᠢᠭ ᠶᠠᠷᠢᠵᠤ᠂ ᠬᠡᠦᠬᠡᠳ ᠤᠨ ᠥᠯᠢᠭᠡᠷ ᠳᠤᠮᠤᠭ ᠶᠢᠡᠷ ᠳᠠᠳᠠᠨᠤᠰ ᠤᠨ ᠰᠤᠨᠢᠷᠬᠠᠯ ᠢ ᠳᠠᠳᠠᠵᠤ᠂ ᠰᠤᠨᠤᠰᠬᠠᠵᠤ ᠳᠠᠰᠬᠠᠭᠰᠠᠨ ᠰᠠᠭᠤᠷᠢᠨ ᠳᠡᠭᠡᠷ᠎ᠡ ᠰᠠ‍‌ᠶᠢ ᠠᠯᠬᠤᠮ ᠠᠯᠬᠤᠮ ᠶᠢᠡᠷ ᠳᠡᠭᠡᠭ᠍ᠰᠢᠯᠡᠭᠦᠯᠵᠤ᠂ ᠳᠡᠭᠡᠷ᠎ᠡ ᠣᠨ ᠪᠣᠯᠬᠤ ᠦᠶ᠎ᠡ ᠪᠠᠭᠰᠢ ᠶᠢᠨ ᠶᠠᠷᠢᠭᠰᠠᠨ ᠪᠦᠭᠦᠨ ᠢ ᠣᠢ᠌ᠯᠠᠭᠠᠵᠤ ᠴᠢᠳᠠᠬᠤ ᠪᠠᠷ ᠪᠠᠷᠠᠬᠤ ᠦᠭᠡᠶ ᠭᠤᠤᠯ ᠭᠤᠤᠯ ᠵᠣᠢ᠌ᠯᠠᠰ ᠢ ᠳᠡᠮᠳᠡᠭᠯᠡᠨ ᠠᠪᠴᠤ ᠴᠢᠳᠠᠬᠤ ᠭᠡᠮᠵᠢᠶᠡᠨ ᠳᠤ ᠭᠦᠷᠭᠡᠭᠦ ᠭᠡᠷᠡᠭ᠍ᠳᠡᠢ᠃

⒉ ᠣᠩᠰᠢᠬᠤ ᠪᠣᠯᠪᠠᠰᠤᠷᠠᠯ

ᠣᠩᠰᠢᠬᠤ ᠪᠣᠯ ᠶᠠᠷᠢᠵᠤ ᠢᠯᠡᠳᠭᠡᠭᠦ ᠶᠢᠨ ᠰᠠᠭᠤᠷᠢ ᠭᠦᠴᠤᠨ ᠮᠦᠨ᠂ ᠡ᠊ᠨᠳᠡ ᠭᠤᠤᠯ ᠪᠣᠯᠬᠤ ᠨᠢᠳᠤᠯᠠᠨ ᠣᠩᠰᠢᠬᠤ ᠪᠠ ᠣᠷᠠᠨ ᠳᠤᠳᠤ ᠣᠩᠰᠢᠬᠤ ᠬᠤᠶᠠᠷ ᠵᠣᠢ᠌ᠯ ᠤᠨ ᠣᠩᠰᠢᠯᠭ᠎ᠠ ᠶᠢ ᠥᠭᠦᠯᠡᠭᠦ ᠪᠠᠷ ᠳᠠᠮᠵᠢᠨ ᠶᠠᠷᠢᠵᠤ ᠢᠯᠡᠳᠭᠡᠭᠦ ᠴᠢᠳᠠᠪᠣᠷᠢ ᠳᠤ ᠥᠵᠡᠭᠦᠯᠭᠦ ᠣᠢ᠌ᠯᠠᠳᠤᠯ ᠢ ᠮᠡᠳᠡᠭᠦᠯᠦᠶ᠎ᠡ ︕

⑴ ᠨᠢᠳᠤᠯᠠᠨ ᠣᠩᠰᠢᠬᠤ

ᠨᠢᠳᠤᠯᠠᠨ ᠣᠩᠰᠢᠬᠤ ᠪᠣᠯ ᠬᠠᠷᠠᠭᠠᠨ ᠰᠠᠷᠠᠯ ᠶᠢᠡᠷ ᠶᠢᠡᠨ ᠣᠩᠰᠢᠬᠤ ᠣᠴᠢᠷ ᠡᠴᠡ ᠰᠤᠷᠤᠭᠴᠢᠳ ᠤᠨ ᠨᠠᠷᠢᠨ ᠨᠢᠭᠳᠠ ᠰᠠᠳᠭᠢᠨ ᠪᠣᠳᠤᠬᠤ ᠴᠢᠳᠠᠪᠣᠷᠢ ᠶᠢ ᠭᠦᠮᠦᠵᠢᠭᠦᠯᠭᠦ ᠳᠤ ᠠᠰᠢᠭᠳᠠᠢ ᠪᠠᠢ᠌ᠳᠠᠭ᠃ ᠨᠠᠷᠢᠨ ᠭᠢᠨᠠᠮᠠᠭᠠᠢ ᠨᠢᠳᠤᠯᠠᠨ ᠣᠩᠰᠢᠬᠤ ᠨᠢ ᠣᠩᠰᠢᠭᠰᠠᠨ ᠵᠣᠢ᠌ᠯ ᠤᠨ ᠶᠢᠡᠨ ᠠᠭᠤᠯᠭ᠎ᠠ᠂ ᠦᠵᠡᠯ ᠰᠠᠨᠠᠭ᠎ᠠ᠂ ᠣᠷᠠᠯᠢᠭ ᠤᠨ ᠠᠷᠭ᠎ᠠ ᠪᠠᠷᠢᠯ ᠵᠡᠷᠭᠡ ᠪᠦᠭᠦ ᠳᠠᠯ᠎ᠠ ᠶᠢ ᠭᠦᠨ ᠭᠦᠡᠵᠡᠭᠡᠢ ᠰᠠᠳᠭᠢᠨ ᠪᠣᠳᠤᠯᠭᠢᠯᠠᠵᠤ ᠣᠢ᠌ᠯᠠᠭᠠᠬᠤ ᠳᠤ ᠰᠠᠭᠤᠷᠢ ᠪᠣᠯᠳᠠᠭ᠃ ᠡᠢ᠌ᠮᠤ ᠡᠴᠡ ᠰᠤᠷᠤᠭᠴᠢᠳ ᠨᠢᠳᠤᠯᠠᠨ ᠣᠩᠰᠢᠬᠤ ᠣᠩᠰᠢᠯᠭ᠎ᠠ ᠭᠢᠭᠦ ᠳᠤ ᠪᠠᠨ ᠣᠩᠰᠢᠬᠤ ᠶᠠᠰᠤ ᠴᠢᠨᠠᠷ ᠢ ᠵᠠᠪᠠᠯ ᠪᠠᠳᠤᠯᠠᠵᠤ᠂ ᠵᠤᠬᠢᠶᠠᠯ ᠢ ᠣᠩᠰᠢᠬᠤ ᠶᠢᠨ ᠳᠠᠭᠠᠤ ᠰᠠᠳᠭᠢᠨ ᠪᠣᠳᠤᠯᠭᠢᠯᠠᠵᠤ᠂ ᠰᠠᠳᠭᠢᠨ ᠪᠣᠳᠤᠯᠭᠢᠯᠠᠬᠤ ᠶᠢᠨ ᠳᠠᠭᠠᠤ ᠣᠩᠰᠢᠬᠤ ᠪᠠ ᠵᠠᠷᠢᠮ ᠵᠣᠢ᠌ᠯᠠᠰ ᠢ ᠨᠢ ᠴᠡᠭᠡᠵᠢᠯᠡᠨ ᠳᠤᠭᠳᠠᠭᠠᠬᠤ ᠭᠡᠷᠡᠭ᠍ᠳᠡᠢ᠃ ᠢᠩᠭᠢᠮᠠᠠᠵᠢᠨ ᠰᠠ‍‌ᠶᠢ ᠶᠠᠷᠢᠵᠤ ᠢᠯᠡᠳᠭᠡᠭᠦ ᠴᠢᠳᠠᠪᠣᠷᠢ ᠶᠢ ᠳᠡᠭᠡᠭ᠍ᠰᠢᠯᠡᠭᠦᠯᠭᠦ ᠳᠤ ᠲᠦᠯᠭᠢᠭᠦ ᠭᠦᠴᠤᠨ ᠥᠵᠡᠭᠦᠯᠵᠤ ᠳᠠᠢ᠌ᠯᠤᠨ᠎ᠡ᠃

⑵ ᠣᠷᠠᠨ ᠳᠤᠳᠤ ᠣᠩᠰᠢᠬᠤ

ᠡᠨᠡ ᠪᠣᠯ ᠨᠠᠩ ᠣᠮᠳᠤᠭᠠᠢ᠌ᠯᠠᠵᠤ ᠪᠣᠯᠤᠰᠢ ᠦᠭᠡᠶ ᠰᠠᠭᠤᠷᠢ ᠮᠦᠨ᠃ ᠣᠷᠠᠨ ᠳᠤᠳᠤ ᠣᠩᠰᠢᠬᠤ ᠳᠤ ᠵᠦᠪ ᠣᠷᠤᠰᠤᠮ᠎ᠠ ᠰᠡᠳᠬᠢᠯᠭᠡ ᠲᠡᠶ ᠣᠩᠰᠢᠬᠤ ᠶᠢ ᠱᠠᠭᠠᠷᠳᠠᠨ᠎ᠠ᠃ ᠵᠦᠪ ᠣᠩᠰᠢᠬᠤ ᠭᠡᠳᠡᠭ᠌ ᠨᠢ ᠪᠠᠷᠢᠮᠵᠢᠶ᠎ᠠ ᠠᠪᠢᠶ᠎ᠠ ᠪᠠᠷ ᠣᠢ᠌ᠯᠠᠭᠠᠮᠵᠢᠳᠠᠢ ᠣᠩᠰᠢᠬᠤ ᠶᠢ ᠭᠡᠯᠡᠨ᠎ᠡ᠃ ᠣᠷᠤᠰᠤᠮ᠎ᠠ ᠭᠡᠳᠡᠭ᠌ ᠨᠢ ᠥᠭᠡ ᠥᠭᠦᠯᠡᠪᠦᠷᠢ ᠨᠢ ᠣᠢ᠌ᠯᠠᠭᠠᠮᠵᠢᠳᠠᠢ᠂ ᠠᠶᠠᠰ ᠴᠤᠭᠢᠯᠭ᠎ᠠ ᠨᠢ ᠳᠤᠭᠢᠷᠠᠮᠵᠢᠳᠠᠢ᠂ ᠰᠤᠠᠵᠢᠷᠠᠭᠤᠯᠤᠨ ᠠᠶᠠᠰ ᠳᠠᠳᠠᠬᠤ ᠦᠭᠡᠶ᠂ ᠬᠡᠦᠬᠡᠳ ᠤᠨ ᠶᠠᠷᠤ ᠶᠢᠨ ᠥᠭᠡ ᠶᠠᠷᠢᠬᠤ ᠬᠤᠷᠳᠤᠴᠠ ᠪᠠᠷ ᠣᠩᠰᠢᠬᠤ ᠶᠢ ᠭᠡᠯᠡᠨ᠎ᠡ᠃ ᠰᠡᠳᠬᠢᠯᠭᠡ ᠲᠡᠶ ᠭᠡᠳᠡᠭ᠌ ᠨᠢ ᠵᠦᠪ ᠣᠷᠤᠰᠤᠮ᠎ᠠ ᠣᠩᠰᠢᠬᠤ ᠡᠴᠡ ᠣᠯᠠᠮ ᠨᠢᠭᠡ ᠠᠯᠬᠤᠮ ᠳᠠᠪᠰᠢᠵᠤ᠂ ᠳᠠᠭᠤᠨ ᠤ ᠥᠩᠭᠡ᠂ ᠡᠷᠭᠦᠯᠳᠡ᠂ ᠵᠤᠭᠰᠤᠯᠳᠠ᠂ ᠭᠦᠳᠡᠯᠭᠡᠭᠡᠨ ᠪᠠᠢ᠌ᠳᠠᠯ ᠶᠢᠡᠷ ᠶᠢᠡᠨ ᠵᠤᠬᠢᠶᠠᠭᠴᠢ ᠶᠢᠨ ᠰᠡᠳᠬᠢᠯᠭᠡ ᠶᠢ ᠢᠯᠡᠳᠭᠡᠵᠤ ᠣᠩᠰᠢᠬᠤ ᠶᠢ ᠭᠡᠯᠡᠨ᠎ᠡ᠃ ᠶᠠᠮᠠᠷ ᠨᠢᠭᠡᠨ ᠵᠤᠬᠢᠶᠠᠯ ᠪᠣᠶᠤ ᠮᠠᠲ᠋ᠸᠷᠢᠶᠠᠯ ᠢ ᠣᠷᠠᠨ ᠳᠤᠳᠤ ᠣᠩᠰᠢᠵᠤ ᠴᠢᠳᠠᠪᠠᠯ ᠰᠠ‍‌ᠶᠢ ᠳᠡᠭᠦᠨ ᠢ ᠪᠦᠷᠢᠨ ᠳᠦᠭᠦᠷ ᠣᠢ᠌ᠯᠠᠭᠠᠭᠰᠠᠨ ᠢ ᠢᠯᠡᠷᠭᠡᠢ᠌ᠯᠡᠵᠤ᠂ ᠳᠡᠭᠦᠨ ᠤ ᠣᠯᠠᠮ ᠡᠴᠡ ᠶᠠᠷᠢᠵᠤ ᠢᠯᠡᠳᠭᠡᠭᠦ ᠳᠤ ᠭᠦᠴᠢᠷᠳᠡᠭᠦ ᠦᠭᠡᠶ ᠪᠣᠯᠤᠨ᠎ᠠ᠃

⒊ ᠥᠯᠢᠭᠡᠷᠴᠢᠯᠡᠨ ᠶᠠᠷᠢᠬᠤ

⑴ ᠰᠤᠷᠤᠭᠴᠢᠳ ᠢ ᠠᠷᠠᠤᠨ ᠤᠨ ᠠᠮᠠᠨ ᠥᠯᠢᠭᠡᠷ ᠶᠠᠷᠢᠬᠤ ᠪᠣᠶᠤ ᠰᠤᠨᠤᠰᠤᠭᠰᠠᠨ ᠶᠢᠡᠨ ᠭᠢᠴᠢᠶᠡᠯᠡᠯᠭᠡ ᠳᠤᠮᠳᠠ ᠪᠠ ᠭᠢᠴᠢᠶᠠᠯ ᠤᠨ ᠭᠠᠳᠠᠭᠤᠷ ᠬᠠᠮᠳᠤ ᠨᠠᠢ᠌ᠵᠠ ᠨᠡᠷ ᠲᠤ ᠪᠠᠨ ᠶᠠᠷᠢᠵᠤ ᠦᠭ‍ᠭᠦ ᠶᠢ ᠵᠤᠷᠢᠭᠵᠢᠭᠤᠯᠵᠤ᠂ ᠠᠷᠠᠤᠨ ᠤᠨ ᠠᠮᠠᠨ ᠥᠯᠢᠭᠡᠷ ᠡᠴᠡ ᠥᠭᠡ ᠭᠡᠯᠡ ᠰᠤᠷᠬᠤ᠂ ᠥᠭᠡᠰ ᠤᠨ ᠰᠠᠩ ᠶᠢᠡᠨ ᠪᠠᠶᠠᠯᠢᠭᠵᠢᠭᠤᠯᠵᠤ᠂ ᠶᠠᠷᠢᠵᠤ ᠢᠯᠡᠳᠭᠡᠭᠦ ᠴᠢᠳᠠᠪᠣᠷᠢ ᠪᠠᠨ ᠳᠡᠭᠡᠭ᠍ᠰᠢᠯᠡᠭᠦᠯᠵᠤ᠂ ᠡᠭᠦᠨ ᠤ ᠣᠯᠠᠮ ᠡᠴᠡ ᠵᠤᠬᠢᠶᠠᠨ ᠪᠢᠴᠢᠭᠦ ᠴᠢᠳᠠᠪᠣᠷᠢ ᠪᠠᠨ ᠳᠡᠭᠡᠭ᠍ᠰᠢᠯᠡᠭᠦᠯᠭᠦ ᠳᠤ ᠰᠠᠭᠤᠷᠢ ᠳᠠᠯᠪᠢᠬᠤ ᠶᠢ ᠠᠩᠬᠠᠷᠪᠠᠯ ᠵᠤᠭᠢᠨ᠎ᠠ᠃ ᠡᠨᠡᠭᠦ ᠠᠷᠭ᠎ᠠ ᠪᠠᠷᠢᠯ ᠨᠢ ᠶᠠᠭ ᠰᠠᠶ‍ᠢᠬᠠᠨ ᠬᠡᠦᠬᠡᠳ ᠤᠨ ᠳᠤᠷ᠎ᠠ ᠪᠠᠬ᠎ᠠ ᠳᠤ ᠵᠤᠭᠢᠴᠠᠵᠤ᠂ ᠣᠷᠮ᠎ᠠ ᠵᠤᠷᠢᠭ ᠢ ᠨᠢ ᠰᠡᠷᠭᠦᠭᠡᠵᠤ᠂ ᠶᠠᠷᠢᠵᠤ ᠢᠯᠡᠳᠭᠡᠭᠦ ᠴᠢᠳᠠᠪᠣᠷᠢ ᠶᠢ ᠳᠡᠭᠡᠭ᠍ᠰᠢᠯᠡᠭᠦᠯᠭᠦ ᠳᠤ ᠠᠶᠠᠠᠳᠠᠭᠠᠨ ᠤ ᠴᠢᠬᠤᠯᠠ ᠣᠢ᠌ᠯᠠᠳᠤᠯ ᠪᠣᠯᠬᠤ ᠶᠤᠮ᠃

⑵ ᠭᠢᠴᠢᠶᠠᠯ ᠶᠢᠡᠨ ᠳᠠᠪᠳᠠᠨ ᠶᠠᠷᠢᠬᠤ᠃ ᠰᠤᠷᠤᠭᠰᠠᠨ ᠭᠢᠴᠢᠶᠠᠯ ᠶᠢᠡᠨ ᠥᠯᠢᠭᠡᠷᠴᠢᠯᠡᠨ ᠶᠠᠷᠢᠬᠤ ᠪᠣᠯ ᠰᠤᠷᠤᠭᠴᠢ ᠶᠢᠨ ᠢᠯᠡᠳᠭᠡᠭᠦ ᠴᠢᠳᠠᠪᠣᠷᠢ ᠶᠢ ᠳᠡᠭᠡᠭ᠍ᠰᠢᠯᠡᠭᠦᠯᠭᠦ ᠪᠠᠰᠠ ᠨᠢᠭᠡ ᠴᠢᠬᠤᠯᠠ ᠠᠷᠭ᠎ᠠ ᠵᠠᠮ ᠮᠦᠨ᠃ ᠡᠨᠡ ᠨᠢ ᠭᠢᠴᠢᠶᠠᠯ ᠶᠢᠡᠨ ᠰᠤᠷᠤᠭᠰᠠᠨ ᠤ ᠳᠠᠷᠠᠭ᠎ᠠ ᠭᠢᠴᠢᠶᠠᠯ ᠤᠨ ᠠᠭᠤᠯᠭ᠎ᠠ ᠶᠢ ᠣᠯᠠᠮ ᠨᠢᠭᠡ ᠠᠯᠬᠤᠮ ᠣᠢ᠌ᠯᠠᠭᠠᠨ ᠡᠵᠡᠮᠰᠢᠵᠤ᠂ ᠭᠤᠤᠯᠳᠠᠯᠭ᠎ᠠ ᠶᠢ ᠠᠳᠬᠤᠨ ᠶᠠᠷᠢᠳᠠᠭ ᠳᠤᠯᠠ ᠢᠯᠡᠳᠭᠡᠭᠦ ᠴᠢᠳᠠᠪᠣᠷᠢ ᠪᠠᠨ ᠳᠡᠭᠡᠭ᠍ᠰᠢᠯᠡᠭᠦᠯᠭᠦ ᠳᠤ ᠶᠠᠷᠢᠶᠠᠨ ᠦᠭᠡᠶ ᠳᠤᠰᠠ ᠪᠣᠯᠳᠠᠭ ᠶᠤᠮ᠃

⒋ ᠵᠢᠷᠤᠭ ᠦᠵᠡᠵᠤ ᠶᠠᠷᠢᠬᠤ

ᠵᠢᠷᠤᠭ ᠦᠵᠡᠵᠤ ᠶᠠᠷᠢᠬᠤ ᠪᠣᠯ ᠶᠠᠷᠢᠬᠤ ᠴᠢᠳᠠᠪᠣᠷᠢ ᠶᠢ ᠳᠡᠭᠡᠭ᠍ᠰᠢᠯᠡᠭᠦᠯᠭᠦ ᠮᠦᠷᠳᠡᠭᠡᠨ ᠠᠵᠢᠭᠯᠠᠬᠤ᠂ ᠵᠠᠳᠠᠯᠬᠤ ᠴᠢᠳᠠᠪᠣᠷᠢ ᠶᠢ ᠭᠦᠮᠦᠵᠢᠭᠦᠯᠭᠦ ᠰᠠᠢ᠌ᠨ ᠠᠷᠭ᠎ᠠ ᠭᠡᠯᠪᠠᠷᠢ ᠮᠦᠨ᠃ ᠡᠨᠡ ᠪᠣᠯᠪᠠᠰᠤᠷᠠᠯ ᠢ ᠭᠢᠭᠦ ᠳᠤ ᠡᠡᠭ᠌ ᠳᠡᠷᠢᠭᠦᠨ ᠳᠤ ᠰᠤᠷᠤᠭᠴᠢᠳ ᠢ ᠵᠢᠷᠤᠭ ᠶᠢᠡᠨ ᠰᠠᠢ᠌ᠳᠤᠷ ᠠᠵᠢᠭᠯᠠᠵᠤ᠂ ᠴᠤᠬᠤᠮ ᠶᠠᠮᠠᠷ ᠭᠡᠷᠡᠭ᠌ ᠣᠴᠢᠷ ᠢ ᠳᠡᠮᠳᠡᠭᠯᠡᠭ᠍ᠰᠡᠨ ᠢ ᠣᠬᠠᠵᠤ᠂ ᠳᠠᠷᠠᠭ᠎ᠠ ᠨᠢ ᠨᠠᠷᠢᠯᠢᠭ ᠰᠠᠳᠭᠢᠨ ᠪᠣᠳᠤᠯᠭᠢᠯᠠᠭᠰᠠᠨ ᠤ ᠰᠠᠭᠤᠷᠢᠨ ᠳᠡᠭᠡᠷ᠎ᠡ ᠵᠢᠷᠤᠭ ᠤᠨ ᠠᠭᠤᠯᠭ᠎ᠠ ᠶᠢ ᠠᠯᠬᠤᠮ ᠳᠠᠷᠠᠭ᠎ᠠ ᠲᠡᠶ ᠪᠠᠷ ᠵᠤᠬᠢᠶᠠᠮᠵᠢᠭᠤᠯᠤᠨ ᠳᠤᠳᠤᠷᠬᠠᠢ ᠶᠠᠷᠢᠭᠤᠯᠪᠠᠯ ᠵᠤᠭᠢᠨ᠎ᠠ᠃ ᠣᠳᠠᠭᠠᠨ ᠡᠳᠦᠷ ᠤᠨ ᠣᠯᠠᠨ ᠶᠠᠩᠵᠤ ᠶᠢᠨ ᠵᠢᠷᠤᠭ ᠦᠵᠡᠵᠤ ᠶᠠᠷᠢᠬᠤ ᠪᠣᠯᠪᠠᠰᠤᠷᠠᠯ ᠶᠢᠡᠷ ᠬᠡᠦᠬᠡᠳ ᠤᠨ ᠰᠠᠳᠭᠢᠴᠠ ᠶᠢ ᠭᠦᠭ᠍ᠵᠢᠭᠦᠯᠵᠤ᠂ ᠵᠤᠷᠢᠭᠵᠢᠯ ᠢ ᠨᠡᠮᠡᠭ᠍ᠳᠡᠭᠦᠯᠵᠤ᠂ ᠣᠷᠠᠨ ᠰᠠᠨᠠᠭ᠎ᠠ ᠶᠢ ᠡᠭᠦᠰᠭᠡᠳᠡᠭ᠌ ᠪᠣᠯᠬᠤᠷ ᠶᠠᠷᠢᠵᠤ ᠢᠯᠡᠳᠭᠡᠭᠦ ᠴᠢᠳᠠᠪᠣᠷᠢ ᠨᠢ ᠦᠪᠡᠷ ᠤᠨ ᠡᠷᠭᠡ ᠦᠭᠡᠶ ᠳᠡᠭᠡᠭ᠍ᠰᠢᠯᠡᠯᠳᠡ ᠪᠠᠨ ᠣᠯᠤᠨ᠎ᠠ᠃

⒌ ᠠᠮᠠᠨ ᠵᠤᠬᠢᠶᠠᠯ ᠵᠤᠬᠢᠶᠠᠯᠭᠠᠬᠤ

ᠡᠨᠡ ᠪᠣᠯ ᠪᠠᠭ᠎ᠠ ᠰᠤᠷᠭᠠᠭᠤᠯᠢ ᠶᠢᠨ ᠰᠤᠷᠤᠭᠴᠢ ᠳᠤ ᠠᠪᠴᠤ ᠭᠡᠯᠡᠪᠠᠯ ᠨᠠᠯᠢᠶᠠᠤᠨ ᠭᠦᠴᠢᠷᠳᠡᠯᠳᠡᠢ ᠭᠡᠯᠡ ᠪᠢᠴᠢᠭ᠌ ᠤᠨ ᠪᠣᠯᠪᠠᠰᠤᠷᠠᠯ ᠮᠦᠨ᠃ ᠡᠢ᠌ᠮᠤ ᠡᠴᠡ ᠠᠩᠬ᠎ᠠ ᠠᠯᠬᠤᠮ ᠡᠭᠢᠯᠡᠵᠤ ᠪᠣᠯᠪᠠᠰᠤᠷᠠᠬᠤ ᠳᠤ ᠪᠠᠨ ᠬᠡᠦᠬᠡᠳ ᠤᠨ ᠣᠠᠴᠠᠯᠢᠭ ᠲᠤ ᠳᠤᠭᠢᠷᠠᠭᠰᠠᠨ ᠬᠠᠮᠤᠭ ᠤᠨ ᠰᠤᠨᠢᠷᠬᠠᠯᠳᠠᠢ ᠪᠠ ᠠᠮᠢᠳᠤᠯᠢᠭ ᠪᠣᠳᠠᠳᠠᠢ ᠠᠭᠤᠯᠭ᠎ᠠ ᠶᠢ ᠰᠤᠩᠭ᠋ᠤᠵᠤ᠂ ᠵᠢᠵᠢᠭ᠌ ᠰᠠᠳᠤᠪ ᠬᠤᠪᠢᠶᠠᠨ ᠶᠠᠷᠢᠯᠴᠠᠭᠤᠯᠤᠭᠰᠠᠨ ᠤ ᠳᠠᠷᠠᠭ᠎ᠠ ᠰᠠ‍‌ᠶᠢ ᠨᠢᠭᠡᠨ ᠰᠢᠰᠲ᠋ᠸᠮ ᠲᠡᠶ ᠵᠤᠬᠢᠶᠠᠯ ᠪᠣᠯᠭᠠᠨ ᠡᠮᠭᠢᠯᠡᠵᠤ ᠬᠤᠷᠢᠶᠠᠩᠭ᠋ᠣᠢ᠌ᠯᠠᠬᠤ ᠠᠷᠭ᠎ᠠ ᠪᠠᠷ ᠶᠠᠪᠣᠭᠳᠠᠭᠤᠯᠵᠤ ᠪᠣᠯᠤᠨ᠎ᠠ᠃ ᠵᠢᠱᠢᠶᠠᠯᠠᠪᠠᠯ᠄ ᠨᠢᠭᠡᠨ ᠣᠳᠠᠭᠠᠨ ᠤ ᠠᠩᠭᠢ ᠨᠠᠢ᠌ᠳᠠ ᠶᠢᠨ ᠭᠦᠳᠡᠯᠭᠡᠭᠡᠨ ᠊᠊᠊᠊᠊᠊᠊᠊᠊᠊᠊᠊᠊᠊᠊ ᠺᠢᠨᠤ᠋ ᠰᠤᠨᠢᠷᠬᠠᠯ ᠢ ᠶᠠᠷᠢᠯᠴᠠᠨ ᠳ᠋ᠦ᠋ᠩᠨᠡᠭᠦ ᠭᠡᠪᠠᠯ᠂ ᠣᠷᠢᠳᠠᠪᠠᠷ ᠭᠡᠵᠢᠶ᠎ᠡ᠂ ᠬᠠᠮᠢᠭ᠎ᠠ᠂ ᠶᠠᠮᠠᠷ ᠭᠦᠳᠡᠯᠭᠡᠭᠡᠨ ᠭᠢᠭ᠍ᠰᠡᠨ ᠪᠣᠢ ︖ ᠶᠠᠮᠠᠷ ᠳᠠᠰ ᠳᠠᠷᠠᠭ᠎ᠠ ᠪᠠᠷ ᠭᠢᠭ᠍ᠰᠡᠨ ᠪᠣᠢ ︖ ᠶᠠᠭᠤ ᠶᠠᠭᠤ ᠣᠯᠵᠤ ᠥᠵᠡᠭ᠍ᠰᠡᠨ ᠪᠣᠢ ︖ ᠺᠢᠨᠤ᠋ ᠶᠢᠨ ᠶᠠᠭᠤ ᠪᠣᠯᠬᠤ ︖ ᠶᠠᠮᠠᠷ ᠳᠦᠷᠦᠭ᠍ᠳᠡᠯ ᠣᠯᠤᠭᠰᠠᠨ ᠪᠣᠢ︖ ᠵᠡᠷᠭᠡ ᠠᠰᠠᠭᠤᠳᠠᠯ ᠢ ᠳᠠᠰ ᠳᠠᠷᠠᠭ᠎ᠠ ᠲᠡᠶ ᠳᠤᠷᠠᠳᠴᠤ᠂ ᠨᠢᠭᠡ ᠨᠢᠭᠡ ᠪᠠᠷ ᠰᠤᠷᠤᠭᠴᠢᠳ ᠶᠢᠡᠷ ᠰᠢ᠌ᠳᠪᠦᠷᠢᠯᠡᠭᠦᠯᠤᠨ᠎ᠡ᠂ ᠡᠨᠡ ᠨᠢ ᠶᠠᠷᠢᠶ᠎ᠠ ᠢᠯᠡᠳᠭᠡᠯ ᠤᠨ ᠳᠡᠭᠡᠭ᠍ᠰᠢᠯᠡᠯᠳᠡ ᠳᠤ ᠠᠰᠢᠭᠳᠠᠢ ᠪᠠᠷ ᠦᠯᠦ ᠪᠠᠷᠠᠨ ᠵᠤᠬᠢᠶᠠᠨ ᠪᠢᠴᠢᠭᠦ ᠳᠤ ᠭᠡᠷᠭᠢᠨ ᠳᠠᠰ ᠳᠠᠷᠠᠭ᠎ᠠ ᠲᠡᠶ ᠪᠠᠷ ᠰᠡᠳᠭᠢᠭᠦ᠂ ᠮᠠᠲ᠋ᠸᠷᠢᠶᠠᠯ ᠶᠢᠡᠨ ᠭᠡᠷᠭᠢᠨ ᠪᠠᠢ᠌ᠷᠢᠰᠢᠭᠤᠯᠬᠤ ᠵᠡᠷᠭᠡ ᠳᠤ ᠴᠤ ᠵᠢᠯᠤᠭᠤᠳᠤᠮᠵᠢ ᠪᠣᠯᠬᠤ ᠶᠤᠮ᠃

ᠶᠠᠷᠢᠬᠤ ᠪᠣᠯᠪᠠᠰᠤᠷᠠᠯ ᠪᠣᠯ ᠣᠷᠳᠤ ᠣᠳᠠᠭᠠᠨ ᠬᠤᠭᠤᠴᠠᠭᠠᠨ ᠤ ᠳᠠᠭᠠᠭᠠᠮᠠᠭᠠᠢ ᠠᠵᠢᠯᠯᠠᠭ᠎ᠠ ᠮᠦᠨ᠂ ᠵᠥᠪᠭᠡᠨ ᠪᠠᠭᠰᠢ ᠰᠤᠷᠤᠭᠴᠢᠳ ᠰᠠᠢ᠌ᠨ ᠬᠠᠮᠵᠢᠯᠴᠠᠭ᠎ᠠ ᠭᠢᠵᠤ᠂ ᠴᠢᠨᠠᠷ ᠢ ᠪᠠᠳᠤᠯᠠᠬᠤ ᠳᠤ ᠯᠠ ᠭᠦᠷᠪᠠᠯ ᠡᠴᠦᠰ ᠤᠨ ᠵᠤᠷᠢᠯᠭ᠎ᠠ ᠪᠠᠨ ᠯᠠᠪ ᠰᠠᠢ᠌ᠨ ᠪᠠᠶᠡᠯᠡᠭᠦᠯᠵᠤ ᠳᠡᠢ᠌ᠯᠭᠦ ᠶᠤᠮ᠃


ᠵᠤᠬᠢᠶᠠᠭᠴᠢ ᠶᠢᠨ ᠬᠠ‍‌ᠶᠢᠭ ᠄ ᠵᠠᠷᠤᠳ ᠬᠤᠰᠢᠭᠤᠨ ᠤ ᠦᠯᠵᠡᠢ᠌ᠮᠦᠷᠠᠨ ᠰᠤᠷᠭᠠᠭᠤᠯᠢ

ᠵᠤᠬᠢᠶᠠᠭᠴᠢ᠄ ᠨᠠᠷᠠᠠᠳᠤᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 2907
ᠴᠠᠭ᠄ 2011 ᠤᠨ ᠤ 12 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ