ᠮᠢᠩᠭ᠎ᠠ ᠪᠦᠭᠡᠳ ᠨᠢᠭᠡᠳᠡᠭᠢ ᠰᠦᠨᠢ ᠶᠢᠨ ᠨᠢᠯᠪᠣᠰᠤ

ᠵᠢᠷᠦᠭᠡᠨ ᠴᠤᠭᠢᠯᠭᠠᠨ ᠡᠴᠠ ᠥᠭᠡᠷ᠎ᠡ

ᠵᠦᠷᠢᠵᠤ ᠥᠩᠭᠡᠷᠡᠭᠦ ᠠᠨᠢᠷ ᠦᠭᠡᠶ ᠳᠤᠮᠳᠠ

ᠴᠢᠮ᠎ᠠ ᠶᠢ ᠥᠭᠡᠢ᠌ᠯᠡᠵᠤ

ᠴᠡᠭᠡᠵᠢ ᠪᠠᠨ ᠣᠢ᠌ᠮᠤᠷᠠᠭᠤᠯᠵᠤ ᠳᠠᠭᠤᠳᠠᠯ᠎ᠠ᠂

ᠴᠢᠨᠤ ᠨᠠᠷ᠎ᠠ

ᠨᠠᠷᠠᠨ ᠤ ᠣᠷᠢᠳᠠᠭᠤᠷ ᠥᠩᠭᠡᠷᠡᠭᠦ ᠶᠢᠨ ᠊ᠭ᠍ᠱᠡᠨ ᠳ᠋ᠤ

ᠨᠡᠭᠦᠳᠡᠯ ᠤᠨ ᠦᠨᠦᠴᠢᠨ ᠠᠩᠭᠢᠷ ᠲᠡᠶ ᠳᠠᠰ ᠮᠥᠷᠭᠦᠵᠤ

ᠨᠢᠯᠪᠣᠰᠤ ᠪᠠᠨ ᠬᠤᠷᠢᠵᠤ ᠴᠢᠳᠠᠯ ᠥᠭᠡᠢ

ᠣᠭᠢᠯᠠᠭᠰᠠᠭᠠᠷ ᠢᠷᠠᠨ᠎ᠡ᠂

ᠭᠦᠭᠡᠷᠦᠭᠦᠨ ᠠᠩᠭᠢᠷ ᠤᠨ ᠠᠮᠢ ᠶᠢ ᠪᠦᠪᠠᠢ᠌ᠯᠡᠭ᠍ᠰᠡᠨ

ᠬᠠᠢ᠌ᠷ᠎ᠠ ᠶᠢᠨ ᠳᠡᠯᠪᠠᠭᠡ ᠬᠠᠭ᠎ᠠ ᠵᠠᠮᠬᠠᠷᠠᠵᠤ

ᠳᠡᠭ᠍ᠷᠢ ᠳᠤ ᠪᠠᠨ ᠨᠥᠭ᠍ᠴᠢᠨ᠎ᠡ᠃


᠊᠊᠊᠊᠊᠊᠊᠊᠊᠊᠊᠊᠊᠊᠊ ᠮᠥᠭ᠍ᠳᠡᠨ ᠬᠤᠳᠠᠨ᠎ᠠ

2009-10-09

ᠵᠤᠬᠢᠶᠠᠭᠴᠢ ᠶᠢᠨ ᠬᠠᠶ‍ᠢᠭ ᠄ ᠯᠢᠶᠤᠤᠨᠢᠩ ᠶᠡᠭᠡ ᠰᠤᠷᠭᠠᠭᠤᠯᠢ

ᠵᠤᠬᠢᠶᠠᠭᠴᠢ᠄ ᠭᠤᠨᠢᠨᠤᠳ·ᠨᠠ᠊·ᠰᠥᠭᠡᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1300
ᠴᠠᠭ᠄ 2009 ᠤᠨ ᠤ 12 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁