ᠪᠦᠰᠡᠭᠦᠢ

ᠦᠷ ᠤᠨ ᠣᠯᠠᠪᠣᠷ ᠳᠤᠯᠤᠩ ᠠᠭᠤᠯᠠᠰ ᠤᠨ ᠳᠤᠯᠤᠭᠠᠤᠨ ᠳᠠᠮᠨᠠᠨ ᠡᠪᠭᠡᠷᠡᠯᠳᠤᠨ ᠡᠭᠦᠯᠡᠰ ᠤᠨ ᠭᠤᠭᠴᠤᠭᠠᠨ ᠳᠤ ᠱᠢᠷᠤᠨ ᠰᠢᠭᠢᠳᠭᠡᠷᠢᠯᠡᠭᠦ ᠠᠶᠠᠰ ᠶᠢᠡᠷ ᠠᠮᠤᠭᠤᠯᠠᠩ ᠳᠤᠳᠤᠭᠤ ᠶᠢᠨ ᠳᠤᠤᠭᠤᠷ ᠨᠠᠷᠢᠬᠠᠨ ᠭᠤᠸ᠎ᠠ ᠪᠦᠰᠡᠭᠦᠢ ᠣᠷᠠᠨ ᠭᠠᠷ ᠤᠨ ᠶᠢᠡᠨ ᠭᠦᠩᠭᠡᠭᠡᠨ ᠠᠶ᠎ᠠ ᠪᠠᠷ ᠡᠭᠦᠳᠡ ᠪᠠᠨ ᠲᠦᠯᠭᠢᠨ ᠪᠦᠭᠦᠯᠵᠡᠩᠭᠡᠨ ᠭᠠᠷᠴᠤ ᠢᠷᠡᠭᠡᠳ ᠳᠡᠭ᠍ᠷᠢ ᠶᠢᠨ ᠥᠩᠭᠡ ᠶᠢ ᠰᠥᠵᠢᠭᠯᠡᠩᠭᠡᠨ ᠬᠠᠷᠠᠵᠤ᠂ ᠬᠤᠤᠰ ᠦᠭᠡᠶ ᠪᠠᠶᠠᠷ ᠤᠨ ᠴᠠᠯᠭᠢᠮ᠎ᠠ ᠢᠨᠢᠶᠡᠮᠰᠦᠭᠯᠡᠯ ᠶᠢᠡᠷ ᠠᠮᠤᠷᠯᠢᠩᠭ᠋ᠤᠢ ᠨᠢᠭᠡ ᠮᠥᠰᠢᠶᠡᠭᠡᠳ ᠰᠦᠨᠢᠵᠢᠨ ᠠᠳᠤᠭᠤᠨ ᠤ ᠮᠠᠨᠠᠭᠠᠨ ᠳᠤ ᠪᠠᠢ᠌ᠭᠰᠠᠨ ᠬᠠᠷ᠎ᠠ ᠪᠠᠨ ᠭᠦᠰᠡᠨ ᠭᠦᠰᠡᠨ ᠪᠠᠷᠠᠯᠠᠨ᠎ᠠ᠁

ᠲ᠋ᠤᠯᠤᠩ ᠠᠭᠠᠵᠢᠮ ᠶᠢᠡᠷ ᠠᠷᠢᠯᠵᠤ ᠣᠭᠤᠷᠠᠭ ᠰᠢᠷ᠎ᠠ ᠭᠡᠭᠡ ᠰᠤᠪᠤᠳᠷᠠᠬᠤ ᠭᠦᠳᠡᠭᠡ ᠶᠢᠨ ᠰᠢᠵᠢᠷ ᠦᠷᠯᠦᠭᠡ ᠪᠠᠷ ᠡᠷᠦᠭᠡᠨ ᠤ ᠣᠭᠤᠰᠤᠷ ᠳᠠᠶᠠᠭᠳᠠᠨ᠂ ᠳᠤᠭᠤᠨᠤ ᠪᠠᠷ ᠳᠤᠰᠬᠤ ᠰᠢᠵᠢᠷ ᠳᠤᠶᠠᠭᠠᠨ ᠤ ᠳᠤᠤᠷ᠎ᠠ ᠳᠤᠯᠭᠠᠨ ᠳᠤ ᠪᠠᠨ ᠭᠠᠯ ᠤᠨ ᠰᠤᠷ ᠪᠠᠳᠠᠷᠠᠭᠠᠵᠤ᠂ ᠰᠠᠭᠠᠯᠢ ᠶᠢᠨ ᠬᠤᠪᠢᠩ ᠶᠢᠡᠨ ᠳᠡᠭᠦᠵᠢᠯᠡᠭ᠍ᠰᠡᠭᠡᠷ ᠰᠤᠭᠤᠨᠠᠭᠯᠠᠭᠰᠠᠨ ᠣᠳᠤᠭᠠᠨ ᠤ ᠮᠢᠷᠠᠯᠵᠠᠭᠰᠠᠨ ᠳᠤᠯᠭᠢᠶᠠᠨ ᠲᠡᠶ ᠵᠡᠷᠭᠡᠴᠡᠨ ᠵᠠᠯ᠎ᠠ ᠲᠡᠶ ᠳᠤᠭᠤᠯ ᠵᠥᠭ᠌ ᠶᠢᠡᠨ ᠭᠦᠰᠡᠨ ᠳᠠᠮᠠᠤᠯᠠᠨ᠎ᠠ᠁

ᠰᠦᠨ ᠤ ᠬᠠᠩᠬᠤᠯᠠᠩᠬᠠᠨ ᠦᠨᠦᠷ ᠣᠭᠤᠷᠠᠭ ᠰᠢᠷ᠎ᠠ ᠭᠡᠭᠡ ᠲᠡᠶ ᠡᠪᠳᠡᠢ ᠠᠭᠤᠰᠤᠯᠴᠠᠨ ᠭᠦᠳᠡᠭᠡ ᠨᠤᠳᠤᠭ ᠢ ᠣᠮᠳᠠᠯᠠᠨ᠎ᠠ᠃ ᠰᠠᠭᠠᠯᠢ ᠶᠢᠨ ᠬᠤᠷᠴᠢᠭᠢᠨᠠᠬᠤ ᠴᠢᠮᠡᠭᠡ ᠣᠳᠤᠮᠳᠤ ᠮᠠᠯ ᠤᠨ ᠮᠠᠢ᠌ᠯᠠᠯᠵᠠᠭᠠᠨ ᠳᠤᠮᠳᠠ ᠭᠦᠷᠦᠰᠦᠳᠤ ᠳᠡᠯᠡᠭᠡᠢ ᠶᠢ ᠭᠦᠭ᠍ᠵᠢᠯᠳᠦᠭᠦᠯᠦᠨ᠎ᠡ᠃ ᠰᠠᠭᠠᠭᠰᠠᠨ ᠰᠦ᠋ ᠶᠢᠨ ᠶᠢᠡᠨ ᠪᠣᠯᠤᠷᠳᠤᠩᠬᠠᠨ ᠮᠡᠯᠮᠡᠯᠵᠡᠭᠡᠨ ᠳᠤ ᠭᠡᠯᠳᠡᠰ ᠳᠡᠯᠭᠡᠭᠦ ᠰᠢᠭ᠌ ᠮᠦᠰᠢᠶᠠᠨ ᠪᠠᠶᠠᠰᠴᠤ᠂ ᠰᠢᠭᠦᠳᠡᠷᠢ ᠰᠢᠭ᠌ ᠪᠦᠮᠪᠦᠭᠡᠯᠵᠡᠭ᠍ᠰᠡᠨ ᠮᠠᠩᠨᠠᠢ ᠳᠡᠭᠡᠷᠡᠭᠢ ᠭᠦᠯᠦᠰᠤᠨ ᠳᠤᠰᠤᠯ ᠶᠢᠡᠨ ᠬᠠᠠᠴᠤᠢ ᠪᠠᠷ ᠶᠢᠡᠨ ᠰᠢᠮᠠᠯᠠᠨ ᠵᠥᠯᠭᠦᠭᠡᠳ ᠵᠠᠢ᠌ᠷᠳᠤᠨ ᠭᠤᠮᠤᠷᠬᠠᠭᠰᠠᠨ ᠬᠠᠯᠵᠠᠨ ᠳᠤᠭᠤᠯ ᠶᠢᠡᠨ ᠣᠷᠤᠭᠤᠯ ᠱᠥᠪᠤᠢᠯᠭᠡᠨ ᠪᠠᠢ᠌ᠵᠤ ᠵᠠᠯᠠᠨ ᠡᠴᠡ ᠪᠠᠨ ᠪᠣᠰᠢᠭᠤᠬᠠᠨ ᠠᠯᠳᠠᠷᠠᠭᠠᠵᠤ᠂ ᠡᠨᠡᠷᠢᠩᠭᠦᠢ ᠬᠠᠷᠠᠴᠠ ᠪᠠᠷ ᠡᠭᠡ ᠪᠠᠨ ᠬᠤᠪᠳᠤᠭᠯᠠᠨ ᠭᠦᠭᠦᠭᠦ ᠶᠢ ᠨᠢ ᠪᠠᠬᠠᠷᠬᠠᠨ᠂ ᠬᠠᠷ᠎ᠠ ᠠᠯᠠᠭᠴᠢ ᠦᠨᠢᠶ᠎ᠡ ᠶᠢᠨ ᠶᠢᠡᠨ ᠡᠩᠭᠦᠷᠡᠢ ᠬᠠᠷᠠᠴᠠ ᠪᠠᠷ ᠰᠡᠭᠦᠯ ᠭᠤᠳᠤᠭᠤᠨᠠᠨ ᠭᠦᠭᠦᠭᠦ ᠳᠤᠭᠤᠯ ᠶᠢᠡᠨ ᠢᠯᠪᠢᠨ ᠳᠠᠭᠠᠯᠠᠬᠤ ᠶᠢ ᠨᠢ ᠥᠵᠡᠭᠡᠳ᠂ ᠪᠣᠳᠤᠯ ᠤᠨ ᠭᠦᠨ ᠳᠠᠢ᠌ᠰᠢ ᠣᠶᠠᠷᠠᠩᠭ᠋ᠤᠢ ᠨᠢᠯᠪᠣᠰᠤ ᠲᠡᠶ ᠪᠠᠷ ᠮᠡᠯᠳᠡᠭᠡᠨᠡᠭ᠍ᠰᠡᠨ ᠰᠦ᠋ ᠲᠡᠶ ᠬᠤᠪᠢᠩ ᠶᠢᠡᠨ ᠳᠡᠭᠦᠵᠢᠯᠡᠭ᠍ᠰᠡᠭᠡᠷ ᠡᠷᠦᠭᠡ ᠵᠥᠭ᠌ ᠶᠢᠡᠨ ᠬᠤᠷᠳᠤᠯᠠᠨ ᠠᠯᠬᠤᠨ᠎ᠠ᠃

ᠰᠢᠵᠢᠷ ᠨᠠᠷᠠᠨ ᠤ ᠭᠢᠯᠪᠠᠷᠯᠠᠩᠬᠠᠨ ᠳᠤᠶᠠᠭᠠᠨ ᠳᠤ ᠠᠭᠠᠭ ᠲᠡᠶ ᠰᠢᠷᠠᠭᠠᠯ ᠴᠠᠢ ᠪᠠᠨ ᠰᠠᠮᠤᠷᠴᠤ᠂ ᠠᠭᠠᠷᠤᠤᠯ ᠬᠤᠷᠤᠳ ᠶᠢᠡᠨ ᠦᠷᠤᠨ ᠳᠡᠯᠭᠡᠭᠡᠳ ᠠᠯᠤᠰ ᠡᠴᠡ ᠣᠷᠳᠤ ᠶᠢᠨ ᠳᠠᠭᠤᠤ ᠪᠠᠨ ᠣᠮᠤᠭᠯᠠᠩᠬᠠᠨ ᠳᠠᠭᠤᠯᠠᠵᠤ᠂ ᠣᠳᠤᠮᠳᠤ ᠠᠳᠤᠭᠤ ᠶᠢᠨ ᠶᠢᠡᠨ ᠣᠩᠭ᠋ᠤᠨ ᠨᠢᠷᠤᠭᠤᠨ ᠳᠤ ᠳᠡᠭᠦᠯᠢᠩᠭᠡᠨ ᠠᠢ᠌ᠰᠤᠢ ᠪᠦᠰᠡᠳᠡᠢ ᠪᠠᠨ ᠰᠠᠷᠠᠪᠴᠢᠯᠠᠨ ᠪᠠᠷᠠᠯᠠᠵᠤ᠂ ᠰᠤᠭᠤ ᠶᠢᠨ ᠣᠷᠠᠨ ᠠᠯᠬᠤᠳᠠᠯ ᠶᠢᠡᠷ ᠳᠤᠰᠴᠤ ᠣᠴᠢᠭᠠᠤᠨ ᠮᠠᠨᠠᠭᠠᠨ ᠤ ᠭᠢᠨᠢ ᠠᠮᠤᠷ ᠢ ᠠᠰᠠᠭᠤᠨ ᠰᠢᠷᠡᠭᠡ ᠳᠦᠭᠦᠷᠡᠩ ᠦᠷᠤᠯᠳᠠ ᠲᠡᠶ ᠴᠠᠢ ᠶᠢᠨ ᠬᠠᠩᠬᠤᠯᠤᠭᠤᠨ ᠦᠨᠦᠷ ᠰᠡᠩᠭᠢᠨᠡᠭ᠍ᠰᠡᠨ ᠳᠠᠨᠠᠨ ᠴᠠᠭᠠᠨ ᠮᠤᠩᠭ᠋ᠤᠯ ᠭᠡᠷ ᠵᠥᠭ᠌ ᠶᠢᠡᠨ ᠮᠢᠯᠢᠶᠠᠨ ᠵᠠᠯᠠᠵᠤ᠂ ᠳᠤᠯᠭ᠎ᠠ ᠶᠢᠨ ᠪᠠᠷᠠᠭᠤᠨ ᠲᠦᠰᠢᠵᠤ ᠰᠠᠭᠠᠳᠠᠭᠠᠭᠠᠤᠨ ᠠᠭᠠᠭ ᠲᠡᠶ ᠰᠢᠷᠭᠠᠯ ᠴᠠᠢ ᠠᠶᠠᠭᠠᠯᠠᠨ ᠦᠷᠯᠦᠭᠡ ᠶᠢᠨ ᠨᠠᠢ᠌ᠷ ᠭᠦᠭ᠍ᠵᠢᠶᠡᠡᠳᠤ ᠵᠤᠭᠤᠭ ᠡᠭᠢᠯᠡᠭᠦ ᠠᠳᠠᠯ᠎ᠠ ᠨᠢᠷᠠᠢ ᠪᠣᠯᠪᠠᠷᠠᠢ ᠴᠢᠷᠠᠢ ᠪᠠᠨ ᠢᠴᠢᠭᠡᠨ᠂ ᠱᠤᠤᠯᠠᠵᠤ ᠭᠡᠯᠡᠭᠦ ᠳᠤ ᠨᠢ ᠰᠢᠷᠪᠠᠭᠡᠳᠡᠭ᠍ᠰᠡᠨ ᠪᠠᠢ᠌ᠳᠠᠯ ᠲᠡᠶ ᠡᠰᠡᠷᠭᠦ ᠬᠠᠷᠠᠵᠤ ᠣᠢ᠌ᠯᠠ ᠪᠠᠨ ᠠᠪᠴᠤ ᠣᠷᠠᠯᠠᠨ ᠳᠤᠪᠭᠢᠨ᠎ᠠ ᠁

ᠣᠷᠠᠨ ᠭᠠᠷ ᠤᠨ ᠭᠢᠨᠢ ᠭᠦᠳᠡᠯᠵᠤ ᠪᠠᠷᠢᠬᠤ ᠨᠢ ᠣᠷᠠᠨ ᠰᠢᠪᠠᠭᠤᠬᠠᠢ ᠶᠢᠨ ᠬᠤᠰᠢᠭᠤ ᠠᠳᠠᠯ᠎ᠠ᠂ ᠣᠴᠢᠷᠳᠠᠢ ᠭᠣᠢ᠌ᠳᠠ ᠣᠷᠠᠯᠠᠨ ᠳᠤᠪᠭᠢᠯᠠᠬᠤ ᠨᠢ ᠣᠷᠠᠠᠴᠢ ᠭᠦᠮᠤᠨ ᠤ ᠣᠬᠠᠭᠠᠨ ᠤ ᠣᠠᠳᠤᠷᠤᠮᠠᠯ᠃ ᠨᠢᠷᠠᠢ ᠪᠣᠯᠪᠠᠷᠠᠢ ᠴᠢᠷᠠᠢ ᠳᠤ ᠨᠢ ᠨᠢᠯᠬ᠎ᠠ ᠶᠢᠨ ᠵᠠᠩ ᠴᠤᠬᠣᠢ᠌ᠨ ᠨᠢᠳᠤᠯᠠᠪᠠᠴᠤ ᠨᠠᠰᠤᠨ ᠪᠠᠭ᠎ᠠ ᠶᠢᠨ ᠣᠬᠠᠭᠠᠨ ᠰᠠᠨᠠᠭᠠᠨ ᠳᠤ ᠨᠢ ᠨᠠᠷᠠᠳᠤ ᠶᠢᠨ ᠵᠠᠮ ᠤᠨ ᠣᠤᠷ ᠰᠢᠩᠭᠡᠨ᠎ᠡ᠃

ᠣᠳᠤᠮ ᠤᠨ ᠪᠣᠰᠤᠭ᠎ᠠ ᠮᠤᠩᠭ᠋ᠤᠯ ᠳᠤᠯᠭᠠᠨ ᠡᠴᠡ ᠣᠤᠷᠯᠠᠵᠤ ᠢᠷᠡᠭ᠍ᠰᠡᠨ ᠣᠬᠠᠭᠠᠨ ᠤ ᠪᠣᠰᠤᠭ᠎ᠠ ᠣᠶᠠᠨ ᠵᠠᠩ ᠳᠤ ᠣᠳᠤᠮᠰᠢᠯᠠᠨ ᠪᠠᠳᠠᠷᠠᠵᠤ᠂ ᠣᠷᠴᠢᠯᠠᠩ ᠤᠨ ᠴᠡᠭᠡᠯ ᠡᠴᠡ ᠦᠪᠯᠠᠵᠤ ᠢᠷᠡᠭ᠍ᠰᠡᠨ ᠣᠳᠤᠳᠠᠢ ᠮᠤᠩᠭ᠋ᠤᠯ ᠤᠨ ᠣᠷᠠᠨ ᠠᠪᠬᠠᠯᠵᠢ᠂ ᠣᠶᠠᠬᠠᠨ ᠬᠤᠩᠭ᠋ᠤᠷ ᠰᠡᠳᠭᠢᠯ᠂ ᠣᠶᠠᠷᠠᠭᠤᠨ ᠬᠠᠳᠠᠭᠤᠵᠢᠨ ᠰᠥᠰᠦᠭ᠌ ᠰᠥᠵᠢᠭ᠌ ᠲᠡᠶ ᠨᠢ ᠡᠷᠭᠡᠰ ᠤᠨ ᠣᠷᠴᠢᠯ ᠳᠤ ᠭᠤᠯᠤᠮᠳᠠ ᠭᠦᠭ᠍ᠵᠢᠭᠡᠵᠤ ᠳᠦᠷᠡᠯᠵᠡᠩᠭᠡᠨ ᠨᠤᠴᠤᠨ᠎ᠠ᠃

ᠪᠦᠰᠡᠭᠦᠢ ᠭᠦᠮᠤᠨ ᠤ ᠠᠷᠠᠠᠰᠢᠨ ᠡᠢ᠌ᠮᠦᠷᠭᠦᠤ ᠴᠠᠴᠠᠨ ᠴᠡᠭᠡᠯᠭᠡᠨ ᠭᠡᠪ ᠶᠢᠡᠷ᠁ᠵᠤᠬᠢᠶᠠᠭᠴᠢ ᠶᠢᠨ ᠬᠠ‍‌ᠶᠢᠭ ᠄ ᠪᠠᠷᠠᠭᠤᠨ ᠪᠠᠭᠠᠷᠢᠨ

ᠵᠤᠬᠢᠶᠠᠭᠴᠢ᠄ ᠳᠠᠭᠤᠷᠢᠰᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 5642
ᠴᠠᠭ᠄ 2012 ᠤᠨ ᠤ 03 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ