ᠰᠡᠳᠭᠢᠯ ᠡᠮᠳᠡᠷᠡᠮ᠎ᠡ ᠬᠤᠷᠸ᠎ᠠ

ᠥᠩᠭᠡᠷᠡᠵᠤ ᠣᠳᠤᠭᠰᠠᠨ ᠭᠠᠰᠢᠭᠤᠨ ᠠᠮᠢᠳᠤᠷᠠᠯ

ᠦᠣᠷ ᠤᠨ ᠵᠡᠭᠦᠳᠤᠨ ᠳᠤ ᠳᠡᠮᠳᠡᠷᠢᠭ᠍ᠳᠡᠨ᠎ᠡ

ᠦᠨᠦ ᠮᠠᠷᠭᠠᠰᠢ ᠶᠢᠨ ᠰᠢᠨ᠎ᠡ ᠠᠮᠢᠳᠤᠷᠠᠯ

ᠥᠩᠭᠡ ᠵᠢᠰᠤ ᠪᠠᠷ ᠬᠤᠮᠰᠠᠳᠠᠨ᠎ᠠ

ᠪᠠᠯᠠᠢ ᠮᠤᠩᠬᠠᠭ ᠳᠠᠯᠠᠢ ᠳᠡᠨᠡᠭ᠌

ᠪᠠᠭ᠎ᠠ ᠨᠠᠰᠤ ᠪᠠᠨ ᠳᠤᠷᠠᠰᠤᠨ᠎ᠠ

ᠪᠠᠬ᠎ᠠ ᠪᠠᠨ ᠬᠠᠠᠳᠠᠯ᠎ᠠ ᠭᠠᠵᠢᠭᠤ ᠰᠦᠷᠦᠭ᠍ᠰᠡᠨ

《ᠪᠠᠯᠠᠮᠠᠤᠨ》 ᠨᠠᠷ᠎ᠠ ᠳᠤ ᠪᠠᠨ ᠵᠢᠷᠭᠠᠨ᠎ᠠ

ᠡᠨᠡ ᠬᠤᠷᠸ᠎ᠠ ᠳᠤ ᠭᠦᠮᠤᠨ ᠳᠦᠷᠦᠭᠦᠯᠡᠷ

ᠡᠳᠦᠢ ᠭᠦᠷᠳᠡᠯ᠎ᠡ ᠡᠳᠦᠭᠡ ᠭᠦᠷᠳᠡᠯ᠎ᠡ

ᠡᠭᠡᠯ ᠰᠤᠨᠤᠷ ᠭᠦᠷᠳᠡᠭᠡ ᠥᠭᠡᠢ

ᠨᠠᠢ᠌ᠷᠠᠭ ᠭᠡᠭᠦ ᠳ᠋ᠤ

ᠨᠠᠴᠤᠭᠳᠤᠷᠵᠢ᠂ ᠷᠢᠠᠴᠢᠨ᠂ ᠴᠣᠢ᠌ᠨᠤᠮ᠂ ᠰᠢᠷᠠᠪᠵᠠᠮᠰᠤ

ᠨᠠᠳᠠ ᠶᠢ ᠶᠡᠭᠡ ᠨᠥᠯᠦᠭᠡᠯᠡᠭ᠍ᠰᠡᠨ ᠶᠤᠮ

ᠴᠢᠨᠠᠷ ᠭᠡᠭᠦ ᠳ᠋ᠤ

ᠴᠢᠠᠳᠠᠷ ᠶᠢᠡᠨ ᠦᠯᠤ ᠮᠡᠳᠡᠭ᠍ᠳᠡᠭ᠍ᠰᠡᠨ

ᠴᠢᠩᠭᠢᠰ ᠳᠡᠭᠡᠳᠦᠰ ᠶᠢᠡᠨ ᠳᠤᠷᠠᠰᠤᠭᠰᠠᠨ ᠶᠤᠮ

ᠭᠦᠮᠤᠨ ᠤ ᠣᠷᠴᠢᠯᠠᠩ ᠭᠡᠳᠦᠭᠡᠨ ᠣᠯᠠᠷᠢᠯ

ᠭᠦᠰᠡᠵᠤ ᠪᠦᠳᠦᠭᠡᠭᠦ ᠶᠢ ᠪᠣᠳᠤᠳᠠᠭ ᠶᠤᠮ

ᠭᠦᠰᠡᠷᠳᠡᠵᠤ ᠬᠠᠶᠠ ᠵᠤᠪᠠᠨᠢᠬᠤ ᠳᠤ ᠪᠠᠨ

ᠭᠦᠡᠳᠦᠭᠡᠨ ᠥᠭᠡ ᠪᠠᠷ ᠶᠠᠷᠢᠳᠠᠭ ᠶᠤᠮ

ᠦᠪᠡᠷ ᠪᠠᠶ᠎ᠠ ᠬᠤᠷᠯᠢᠵᠠ ᠪᠢᠯᠢᠤ

ᠦᠷ᠎ᠡ ᠶᠢᠨ ᠮᠢᠨᠢ ᠦᠷ᠎ᠡ ᠡᠷᠯᠢᠵᠡ ᠪᠢᠯᠢᠤ

ᠣᠯᠠᠭᠠᠨ ᠵᠢᠷᠦᠭᠡ ᠪᠠᠷ ᠵᠢᠳᠭᠦᠵᠤ ᠯᠠ ᠪᠠᠢ᠌ᠪᠠᠯ

ᠣᠵᠤᠭᠤᠷ ᠳᠡᠦᠭᠡᠨ ᠳᠤ ᠪᠠᠨ ᠣᠰᠤᠯᠳᠠᠬᠤ ᠦᠭᠡᠶ ᠪᠠᠢ᠌ᠯᠭᠦᠢ

ᠳᠡᠭᠡᠳᠤ ᠳᠡᠭ᠍ᠷᠢ ᠶᠢᠨ ᠮᠢᠨᠢ ᠵᠠᠶᠠᠭᠠᠳᠤ ᠨᠠᠰᠤᠨ ᠤ ᠬᠤᠳᠤᠭ

ᠳᠡᠷᠭᠡᠳᠡᠭᠢ ᠨᠥᠭᠦᠤᠨ ᠤᠨ ᠮᠢᠨᠢ ᠬᠤᠪᠢᠳᠤ ᠵᠢᠷᠭᠠᠯ ᠤᠨ ᠬᠤᠳᠤᠭ

ᠳᠠᠷ᠎ᠠ ᠨᠢᠭᠡᠳᠡᠢ ᠠᠮᠠᠷᠠᠭ ᠤᠨ ᠮᠢᠨᠢ ᠵᠠᠶᠠᠭᠠᠨ ᠤ ᠬᠤᠳᠤᠭ


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2021
ᠴᠠᠭ᠄ 2013 ᠤᠨ ᠤ 05 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ