ᠬᠠᠩᠰᠢᠨ᠎ᠠ ᠪᠢᠴᠢᠭ᠍ᠰᠡᠨ ᠰᠢᠯᠦᠭ᠌

ᠣᠰᠤᠨ ᠤ ᠰᠢᠪᠠᠭᠤᠳ

ᠳᠠᠷᠯᠠᠨ ᠳᠠᠯ᠎ᠠ ᠶᠢ

ᠰᠡᠭᠦᠳᠡᠷ ᠶᠢᠡᠷ ᠶᠢᠡᠨ ᠵᠥᠢᠭᠦ ᠶᠢᠨ ᠴᠠᠭ

ᠣᠳᠠᠭᠠᠨ ᠭᠦᠯᠢᠶᠡᠯᠭᠡᠭ᠍ᠰᠡᠨ ᠭᠦᠤ ᠨᠢ

ᠣᠷᠳᠤ ᠰᠢᠯᠢ ᠶᠢᠨ ᠴᠡᠩᠭᠡᠷ ᠵᠡᠭᠦᠳᠤᠨ ᠢ ᠠᠷᠭᠠᠳᠠᠨ

ᠣᠳᠠᠬᠤ ᠦᠭᠡᠶ ᠯᠠ ᠣᠴᠢᠨ᠎ᠠ ᠡ

ᠡᠵᠢ ᠮᠢᠨᠢ

ᠠᠭᠤᠯᠠ ᠶᠢᠨ ᠪᠦᠷᠭᠦᠤᠨ

ᠦᠳᠡᠰᠢ ᠶᠢᠨ ᠪᠦᠷᠦᠢ ᠵᠢ

ᠵᠢᠭᠦᠷ ᠶᠢᠡᠷ ᠶᠢᠡᠨ ᠬᠠᠢ᠌ᠴᠢᠯᠠᠬᠤ ᠶᠢᠨ ᠡᠷᠢᠨ

ᠣᠬᠠᠭᠠᠨ ᠥᠪᠯᠡᠭᠦᠯᠡᠭ᠍ᠰᠡᠨ ᠦᠷ᠎ᠡ ᠨᠢ

ᠣᠬᠠᠭ᠎ᠠ ᠦᠭᠡᠶ ᠳᠠᠪᠭᠢᠭᠤᠯᠵᠤ ᠣᠴᠢᠨ᠎ᠠ ᠡ

ᠠᠪᠣ ᠮᠢᠨᠢ


ᠬᠣᠢ᠌ᠨ᠎ᠠ ᠮᠢᠨᠢ

ᠬᠤᠯᠪᠣᠵᠤ ᠭᠢᠯᠭᠢᠵᠤ ᠪᠠᠢ᠌ᠭᠰᠠᠨ

ᠬᠤᠪᠣᠷᠬᠠᠨ ᠭᠡᠳᠤᠨ ᠪᠠᠳᠠᠭ

ᠬᠤᠷᠸ᠎ᠠ ᠶᠢᠨ ᠵᠠᠢ ᠳᠤ ᠢᠷᠭᠤᠢ ᠴᠡᠩᠭᠡᠷᠡᠯᠡᠨ ᠬᠤᠴᠤᠷᠠᠨ᠎ᠠ ᠡ

ᠦᠨᠡᠨ ᠮᠢᠨᠤ᠃


ᠵᠤᠬᠢᠶᠠᠭᠴᠢ ᠶᠢᠨ ᠬᠠ‍‌ᠶᠢᠭ ᠄ ᠪᠠᠷᠠᠭᠤᠨ ᠦᠵᠦᠮᠤᠴᠢᠨ

ᠵᠤᠬᠢᠶᠠᠭᠴᠢ᠄ ᠭᠤ᠋·ᠪᠠᠳᠤᠬᠤᠶᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1550
ᠴᠠᠭ᠄ 2012 ᠤᠨ ᠤ 04 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ