ᠠᠷᠠᠳ ᠤᠨ ᠳᠠᠭᠤᠴᠢᠨ ᠠᠭᠤ ᠳᠦᠭᠦᠷᠵᠡ ᠪᠠ ᠳᠡᠭᠦᠨ ᠤ ᠬᠤᠷᠢᠮ ᠤᠨ ᠭᠤᠷᠪᠠᠨ ᠳᠠᠭᠤᠤ ᠶᠢᠨ ᠳᠤᠬᠠᠢ

ᠲ᠋ᠡᠭᠡᠳᠤ ᠮᠤᠩᠭ᠋ᠤᠯᠴᠤᠳ ᠬᠦᠬᠡ‍ᠨᠠᠭᠤᠷ ᠲᠦᠪᠡᠳ ᠤᠨ ᠥᠡᠳᠦᠷᠯᠢᠭ᠌ ᠲᠤ ᠢᠷᠠᠵᠤ ᠣᠷᠳᠤ ᠬᠤᠭᠤᠴᠠᠭᠠᠨ ᠤ ᠳᠡᠦᠭᠡᠨ ᠶᠠᠪᠣᠴᠠ ᠶᠢ ᠥᠩᠭᠡᠷᠡᠭᠦᠯᠭᠦ ᠳᠡᠭᠡᠨ ᠦᠪᠡᠷᠮᠢᠴᠠ ᠣᠷᠤᠨ ᠨᠤᠲᠤᠭ ᠤᠨ ᠤᠨᠴᠠᠯᠢᠭ ᠳᠦᠷᠭᠦ ᠳᠠᠢ ᠠᠷᠠᠤᠨ ᠤᠨ ᠳᠠᠭᠤᠤ ᠶᠢ ᠵᠤᠬᠢᠶᠠᠨ ᠪᠦᠳᠦᠭᠡᠵᠤ ᠣᠯᠠᠮᠵᠢᠯᠠᠨ ᠳᠠᠭᠤᠯᠠᠭᠰᠠᠭᠠᠷ ᠢᠷᠡᠭ᠍ᠰᠡᠨ ᠪᠠᠢ᠌ᠳᠠᠭ᠃ ᠲ᠋ᠡᠭᠡᠭᠡᠤᠨ ᠬᠦᠬᠡ‍ᠨᠠᠭᠤᠷ ᠮᠤᠩᠭ᠋ᠤᠯᠴᠤᠳ ᠬᠤᠰᠢᠭᠤ ᠵᠠᠰᠠᠭ ᠬᠤᠪᠢᠶᠡᠵᠤ ᠡᠭᠢᠯᠡᠭ᠍ᠰᠡᠨ ᠳᠠᠷᠠ ᠴᠠᠭ ᠦᠶ᠎ᠡ ᠡᠴᠡ ᠡᠭᠢᠯᠡᠨ ᠬᠤᠰᠢᠭᠤ ᠬᠤᠰᠢᠭᠤ ᠳᠠᠭᠠᠨ ᠪᠦᠷ ᠯᠠ ᠲ᠋ᠠᠭᠤᠴᠢᠨ ᠺᠠ ② ᠲ᠋ᠠᠢ ᠪᠠᠢ᠌ᠪᠠ᠃ ᠶᠠᠷᠤ ᠶᠢᠨ ᠪᠠᠢ᠌ᠳᠠᠯ ᠳᠤ ᠨᠢᠭᠡ ᠬᠤᠰᠢᠭᠤ ᠳᠤ ᠳᠡᠷᠢᠭᠦᠨ ᠵᠡᠷᠭᠡ ᠶᠢᠨ ᠺᠠ᠂ ᠨᠠᠢ᠌ᠷᠠᠭᠴᠢ ᠺᠠ᠂ ᠬᠤᠠᠳᠠᠭᠠᠨ ᠺᠠ᠂ ᠭᠦᠯᠭᠡᠴᠢ ᠺᠠ ᠭᠡᠵᠤ ᠪᠠᠢ᠌ᠳᠠᠭ ᠪᠠᠢ᠌ᠭᠰᠠᠨ ᠪᠦᠭᠡᠤᠨ ᠡᠨᠡᠭᠦ ᠳᠡᠷᠢᠭᠦᠨ ᠵᠡᠷᠭᠡ ᠶᠢᠨ ᠺᠠ ᠨᠢ ᠳᠤᠰᠬᠠᠢ ᠨᠤᠶᠠᠨ ᠤ ᠣᠳᠤᠭ ᠵᠢᠩᠰᠠ ᠲᠡᠶ ᠮᠠᠯᠠᠭᠠᠢ ③ ᠵᠢ ᠬᠠᠵᠠᠭᠤ ᠳ᠋ᠤᠨᠢ ᠶᠠᠪᠣᠳᠠᠭ ᠪᠠᠢ᠌ᠪᠠ᠃ ᠨᠠᠢ᠌ᠷᠠᠭᠴᠢ ᠺᠠ ᠨᠢ ᠭᠤᠤᠯᠳᠠᠭᠤ ᠶᠠᠮᠠᠷ ᠬᠤᠷᠢᠮ ᠨᠠᠢ᠌ᠷ ᠪᠣᠯᠪᠠᠯ ᠳᠡᠭᠦᠨ ᠳᠡᠭᠡᠷ᠎ᠡ ᠭᠡᠨ ᠶᠠᠭᠤᠨ ᠳᠤ ᠶᠠᠮᠠᠷ ᠳᠠᠭᠤᠤ ᠡᠵᠡᠯᠡᠵᠤ ᠶᠢ ᠵᠤᠷᠢᠭᠤᠯᠤᠨ ᠳᠠᠭᠤᠯᠠᠬᠤ ᠳᠠᠰ ᠳᠠᠷᠠᠭᠠᠯᠠᠯ ᠢ ᠳᠤᠭᠳᠠᠭᠠᠵᠤ ᠪᠣᠰᠤᠳ ᠺᠠ ᠨᠠᠷ ᠳᠡᠭᠠᠨ ᠲ᠋ᠠᠭᠤᠤ ᠡᠭᠢᠯᠡᠨ ᠨᠡᠢ᠌ᠷ ᠰᠡᠷᠭᠦᠭᠡᠵᠤ ᠪᠠᠢ᠌ᠳᠠᠭ ᠪᠠᠢ᠌ᠪᠠ᠃ ᠬᠤᠠᠳᠠᠭᠠᠨ ᠺᠠ ᠨᠢ ᠨᠤᠶᠠᠨ ᠤ ᠬᠤᠠᠳᠠᠭ᠎ᠠ ᠴᠡᠴᠡᠭᠡ ④ ᠡᠵᠡᠯᠡᠨ ᠠᠪᠴᠤ ᠶᠠᠪᠣᠳᠠᠭ ᠪᠠᠢ᠌ᠪᠡ᠃ ᠭᠦᠯᠭᠢᠴᠢ ᠺᠠ ᠨᠢ ᠨᠤᠶᠠᠨ ᠤ ᠠᠭᠳᠠ ᠣᠨᠤᠭ᠎ᠠ ᠶᠢ ᠳᠤᠳᠤᠮᠳᠠᠨ ᠡᠵᠡᠯᠡᠵᠤ ᠮᠤᠷᠳᠠᠵᠤ ᠪᠠᠭᠤᠬᠤ ᠳ᠋ᠤᠨᠢ ᠳᠦᠭᠦᠮ ᠥᠵᠡᠭᠦᠯᠵᠤ ᠪᠠᠢ᠌ᠳᠠᠭ ᠪᠠᠢ᠌ᠪᠠ᠃ ᠠᠷᠠᠤᠨ ᠤᠨ ᠳᠠᠭᠤᠴᠢᠨ ᠠᠭᠤ ᠳᠦᠭᠦᠷᠵᠡ ᠪᠣᠯ ᠳᠠᠷᠤᠢ ᠳᠡᠭᠡᠳᠤ ᠮᠤᠩᠭ᠋ᠤᠯ ᠤᠨ ᠭᠦᠭᠡᠤᠨ ᠬᠤᠰᠢᠭᠤᠨ ᠤ ᠨᠠᠢ᠌ᠷᠴᠢ ᠺᠠ ᠨᠢ ᠪᠠᠢ᠌ᠭᠰᠠᠨ ᠪᠠᠢ᠌ᠪᠠ᠃

ᠠᠭᠤ ᠳᠦᠭᠦᠷᠵᠡ 1923 ᠣᠨ ᠤ ᠬᠤᠩᠭ᠋ᠤᠷ ᠰᠠᠢ᠌ᠬᠠᠨ ᠨᠠᠮᠤᠷ ᠤᠨ ᠬᠠᠭᠤᠴᠢᠨ ᠳᠤᠭᠠᠯᠠᠯ ᠤᠨ 10 ᠰᠠᠷ᠎ᠠ ᠶᠢᠨ 20 ᠊ᠤ ᠰᠦᠨᠢ ᠳᠡᠭᠡᠳᠤ ᠮᠤᠩᠭ᠋ᠤᠯ ᠤᠨ ᠭᠦᠭᠡᠤᠨ ᠬᠤᠰᠢᠭᠤᠨ ᠤ ᠵᠡᠭᠦᠨ ᠰᠠᠯᠠᠭ᠎ᠠ ᠶᠢᠨ ᠡᠭᠢᠨ ᠳᠤ ᠶᠡᠭᠡ ᠯᠠᠮᠠ ᠨᠤᠷᠪᠣ ᠶᠢᠨ ᠣᠤᠭᠠᠨ ᠭᠦᠤ ᠪᠣᠯᠤᠨ ᠵᠠᠶᠠᠭᠠᠵᠠᠢ᠃ ᠳᠡᠭᠦᠨ ᠤ ᠡᠵᠢ ᠨᠢ ᠳᠠᠭᠤᠤ ᠰᠠᠢ᠌ᠬᠠᠨ ᠳᠠᠭᠤᠯᠠᠳᠠᠭ ᠪᠠᠢ᠌ᠭᠰᠠᠨ ᠶᠢᠡᠷ ᠠᠭᠤ ᠳᠦᠭᠦᠷᠵᠡ ᠭᠦᠳᠦᠰᠤᠨ ᠮᠠᠠᠴᠤᠢ ᠳᠠᠭᠠᠨ ᠣᠯᠠᠭᠠᠨ ᠨᠢᠯᠬ᠎ᠠ ᠴᠤᠭᠯᠠᠭ᠎ᠠ ᠲᠡᠶ ᠪᠠᠢ᠌ᠬᠤ ᠦᠶ᠎ᠡ ᠳ᠋ᠤᠨᠢ 《ᠠᠯᠳᠠᠢ ᠳᠠᠯᠳᠠᠢ ᠶᠢᠨ ᠵᠡᠭᠡ (ᠯᠡᠢ) ᠪᠦᠪᠠᠢ᠌ᠯ᠎ᠡ \ ᠡᠷᠳᠡᠨᠢᠳᠡᠨ᠎ᠠ ᠶᠢᠨ ᠵᠢᠷᠦᠭᠡ (ᠯᠠᠢ) ᠪᠦᠪᠠᠢ᠌ᠯ᠎ᠠ \ ᠬᠠᠷᠠᠯᠳᠠᠢ ᠬᠠᠭᠠᠨ ᠤ ᠠᠴᠢ (ᠯᠠᠢ) ᠪᠦᠪᠠᠢ᠌ᠯ᠎ᠠ \ ᠬᠠᠷᠠᠨᠢᠳᠤᠨ ᠤ ᠳᠠᠢ᠌ᠵᠢ (ᠯᠠᠢ) ᠪᠦᠪᠠᠢ᠌ᠯ᠎ᠠ \ ᠨᠢ᠋ᠮᠠᠨ ᠭᠡᠷ ᠨᠠᠭᠠᠳᠤᠭᠠᠢ (ᠯᠠᠢ) ᠪᠦᠪᠠᠢ᠌ᠯ᠎ᠠ \ ᠵᠢᠷᠤᠭᠰᠠᠨ ᠪᠣᠷᠬᠠᠨ ᠤ ᠳᠦᠷᠰᠦ (ᠯᠠᠢ) ᠪᠦᠪᠠᠢ᠌ᠯ᠎ᠠ》 ⑤ ᠭᠡᠤᠨ ᠠᠷᠠᠤᠨ ᠤᠨ ᠳᠠᠭᠤᠤ ᠶᠢᠨ ᠣᠷᠠᠨ ᠡᠭᠡᠰᠢᠭ᠌ ᠶᠢᠡᠷ ᠦᠪᠡᠷ ᠤᠨ ᠭᠦᠤ ᠪᠠᠨ ᠰᠦᠯᠠᠵᠤ ᠪᠦᠪᠠᠢ᠌ᠯᠠᠨ ᠳᠠᠭᠤᠯᠠᠵᠤ ᠥᠰᠭᠡᠭ᠍ᠰᠡᠨ ᠦᠨᠡᠨ ᠴᠤ ᠠᠮᠢᠳᠤᠷᠠᠯ ᠤᠨ ᠥᠯᠢᠭᠡᠷ ᠲᠡᠶ ᠪᠠᠢ᠌ᠪᠠ᠃

ᠲ᠋ᠡᠭᠡᠭᠡᠤᠨ ᠠᠭᠤ ᠳᠦᠭᠦᠷᠵᠡ ᠣᠨᠠᠭᠠᠨ ᠪᠠᠯᠴᠢᠷ ᠨᠠᠰᠤᠨ ᠡᠴᠡ ᠪᠠᠨ ᠡᠭᠢᠯᠡᠨ ᠠᠪᠣ ᠡᠴᠡ ᠪᠠᠨ ᠲᠦᠪᠡᠳ ᠪᠢᠴᠢᠭ᠌ ᠲᠦᠪᠡᠳ ᠳᠠᠭᠤᠤ ᠰᠤᠷᠬᠤ ᠶᠢᠨ ᠬᠠᠮᠳᠤ ᠡᠵᠢ ᠡᠴᠡ ᠪᠠᠨ ᠮᠤᠩᠭ᠋ᠤᠯ ᠠᠷᠠᠤᠨ ᠤᠨ ᠳᠠᠭᠤᠤ ᠶᠢ ᠠᠮᠳᠠᠷᠬᠠᠵᠤ᠂ ᠠᠷᠪᠠᠨ ᠵᠢᠷᠭᠤᠭᠠᠨ ᠨᠠᠰᠤᠨ ᠳᠠᠭᠠᠨ ᠠᠪᠣ ᠡᠵᠢ ᠶᠢᠨ ᠶᠢᠡᠨ ᠢᠪᠠᠭᠡᠯ ᠬᠠᠢ᠌ᠷ᠎ᠠ ᠪᠣᠶᠤ ᠦᠪᠡᠷ ᠤᠨ ᠲᠦᠷᠦᠯᠭᠢ ᠢᠷᠠᠭᠤ ᠬᠤᠭᠤᠯᠠᠢ ᠪᠠᠷ ᠶᠢᠡᠨ ᠳᠡᠭᠡᠳᠤ ᠮᠤᠩᠭ᠋ᠤᠯ ᠤᠨ ᠭᠦᠭᠡᠤᠨ ᠬᠤᠰᠢᠭᠤᠨ ᠤ ᠭᠤᠷᠪᠠᠨ ᠳᠤᠬᠤᠢ ᠶᠢᠨ ᠶᠡᠭᠡ ᠴᠢᠭᠤᠯᠭᠠᠨ ᠨᠠᠢ᠌ᠷ ᠳᠡᠭᠡᠷ᠎ᠡ ᠨᠠᠢ᠌ᠷᠴᠢ ᠺᠠ ᠶᠢᠨ ᠴᠤᠯᠠ ᠭᠦᠷᠳᠡᠵᠤ ᠳᠤᠰᠬᠠᠢ ᠭᠦᠭᠡᠤᠨ ᠬᠤᠰᠢᠭᠤᠨ ᠤ ᠨᠤᠶᠠᠨ ᠢ ᠲᠠᠭᠠᠨ ᠨᠠᠢ᠌ᠷ ᠰᠡᠷᠭᠦᠭᠡᠨ ᠠᠷᠠᠤᠨ ᠤᠨ ᠳᠠᠭᠤᠤ ᠳᠠᠭᠤᠯᠠᠵᠤ ᠪᠠᠢ᠌ᠭᠰᠠᠨ ᠪᠦᠭᠡᠤᠨ ᠳᠠᠭᠤᠴᠢᠨ ᠺᠠ ᠨᠡᠷ ᠤᠨ ᠳᠤᠳᠤᠷ᠎ᠠ ᠪᠠᠨ ᠨᠠᠰᠤ ᠪᠠᠷ ᠬᠠᠮᠤᠭ ᠤᠨ ᠪᠠᠭ᠎ᠠ ᠨᠢ ᠪᠠᠢ᠌ᠪᠠ᠃

ᠴᠢᠯᠦᠭᠡᠯᠡᠭ᠍ᠳᠡᠭ᠍ᠰᠡᠨ ᠤ ᠳᠠᠷᠠᠭ᠎ᠠ᠂ ᠠᠭᠤ ᠳᠦᠭᠦᠷᠵᠡ ᠦᠪᠡᠷ ᠤᠨ ᠠᠷᠠᠤᠨ ᠤᠨ ᠳᠠᠭᠤᠤ ᠶᠢᠨ ᠪᠠᠨ ᠣᠷᠠᠯᠢᠭ ᠤᠨ ᠢᠳᠠ ᠭᠦᠴᠤᠨ ᠢ ᠨᠡᠩ ᠢᠯᠡᠷᠡᠭᠦᠯᠵᠤ ᠬᠤᠯᠠ ᠣᠢ᠌ᠷ᠎ᠠ ᠳᠠᠭᠠᠨ ᠳᠠᠭᠤᠴᠢᠨ ᠶᠢᠡᠷ ᠠᠯᠳᠠᠷᠰᠢᠨ᠂ ᠶᠠᠮᠠᠷ ᠴᠤ ᠬᠤᠷᠢᠮ ᠨᠠᠢ᠌ᠷ ᠲᠤ ᠳᠤᠳᠠᠯ ᠦᠭᠡᠶ ᠵᠠᠯᠠᠭᠳᠠᠵᠤ᠂ ᠠᠢ᠌ᠮᠠᠭ ᠬᠤᠰᠢᠭᠤ ᠰᠤᠮᠤ ᠳᠤᠰᠬᠤᠨ ᠤ ᠠᠷᠠᠤᠨ ᠤᠨ ᠳᠠᠭᠤᠤ ᠶᠢᠨ ᠣᠷᠤᠯᠳᠤᠭᠠᠨ ᠤ ᠳᠠᠢ᠌ᠰᠠᠨ ᠳᠡᠭᠡᠷ᠎ᠡ ᠣᠳᠠᠭ᠎ᠠ ᠳᠠᠷᠠᠭᠠᠯᠠᠨ ᠢᠯᠡᠷᠡᠵᠤ᠂ ᠲ᠋ᠡᠷᠢᠭᠦᠨ ᠨᠠᠷ᠎ᠠ ᠪᠠᠷ ᠣᠯᠠᠨ ᠴᠤ ᠱᠠᠩ ᠭᠦᠷᠳᠡᠵᠤ ᠥᠩᠭᠡᠷᠡᠭ᠍ᠰᠡᠨ ᠨᠠᠮᠳᠠᠷ ᠳᠡᠦᠭᠡ ᠲᠡᠶ᠃ ᠣᠳᠤ ᠳᠠᠷᠠ ᠳᠡᠭᠡᠳᠤ ᠮᠤᠩᠭ᠋ᠤᠯ ᠤᠨ ᠠᠷᠠᠤᠨ ᠤᠨ ᠳᠠᠭᠤᠤ ᠡᠴᠡ 80 ᠭᠠᠷᠤᠢ ᠳᠠᠭᠤᠤ ᠶᠢ ᠳᠠᠭᠤᠯᠠᠭᠰᠠᠭᠠᠷ ᠦᠨᠦ ᠵᠢᠯ ᠨᠠᠰᠤᠨ ᠰᠡᠭᠦᠳᠡᠷ ᠨᠢᠭᠡᠨᠲᠡ ᠳᠠᠯᠠᠨ ᠳᠤᠯᠤᠭ᠎ᠠ ᠭᠦᠷᠪᠡ᠃ ᠪᠢ ᠠᠷᠠᠤᠨ ᠤᠨ ᠠᠮᠠᠨ ᠵᠤᠬᠢᠶᠠᠯ ᠵᠠᠩ ᠠᠭᠠᠯᠢ ᠳᠤ ᠲᠤᠩ ᠬᠠᠢ᠌ᠷᠠᠳᠠᠢ ᠪᠠᠢ᠌ᠳᠠᠭ ᠤᠨ ᠬᠤᠪᠢ ᠳᠤ ᠳᠡᠭᠦᠨ ᠲᠡᠶ ᠣᠯᠠᠨ ᠴᠤ ᠣᠳᠠᠭ᠎ᠠ ᠵᠤᠯᠭᠠᠵᠤ ᠳᠠᠭᠤᠤ ᠶᠢᠨ ᠭᠢᠨᠢ ᠥᠭᠡ ᠶᠢ ᠳᠡᠮᠳᠡᠭᠯᠡᠨ ᠠᠶᠠᠯᠠᠭᠤ ᠶᠢ ᠨᠢ ᠳᠠᠭᠤᠤ ᠰᠢᠩᠭᠡᠭᠡᠭᠦᠷ ᠲᠡᠭᠡᠨ ᠰᠢᠩᠭᠡᠭᠡᠨ ᠬᠠᠳᠠᠭᠠᠯᠠᠵᠤ᠂ ᠳᠡᠭᠦᠨ ᠤ ᠠᠷᠠᠤᠨ ᠤᠨ ᠳᠠᠭᠤᠤ ᠪᠠᠨ ᠳᠠᠯᠠ ᠭᠠᠷᠤᠢ ᠵᠢᠯ ᠣᠯᠠᠨ ᠳᠠᠭᠠᠨ ᠡᠷᠭᠦᠨ ᠳᠠᠭᠤᠯᠠᠵᠤ ᠣᠯᠠᠮᠵᠢᠯᠠᠨ ᠳᠡᠯᠭᠡᠷᠡᠭᠦᠯᠵᠤ ᠢᠷᠡᠭ᠍ᠰᠡᠨ ᠠᠷᠠᠤᠨ ᠤᠨ ᠣᠷᠠᠯᠢᠭᠴᠢ ᠣᠢ᠌ᠯᠠᠰ ᠲᠤ ᠣᠶᠠᠷᠠᠨ ᠪᠢᠰᠢᠷᠠᠵᠤ ᠶᠠᠪᠣᠳᠠᠭ ᠣᠴᠢᠷ ᠡ᠊ᠨᠳᠡ ᠪᠢ ᠳᠡᠭᠡᠳᠤ ᠮᠤᠩᠭ᠋ᠤᠯ ᠤᠨ ᠠᠷᠠᠤᠨ ᠤᠨ ᠣᠢ ᠪᠢᠯᠢᠭ᠍ᠳᠡᠨ ᠠᠭᠤ ᠳᠦᠭᠦᠷᠵᠡ ᠶᠢᠨ ᠠᠷᠠᠤᠨ ᠤᠨ ᠳᠠᠭᠤᠤ ᠪᠠᠨ ᠣᠯᠠᠮᠵᠢᠯᠠᠨ ᠳᠡᠯᠭᠡᠷᠡᠭᠦᠯᠭᠦ ᠳᠡᠭᠡᠨ ᠳᠠᠷᠠ ᠭᠡᠨ ᠶᠠᠭᠤᠨ ᠳᠤ ᠶᠠᠮᠠᠷ ᠪᠠᠶᠠᠷ ᠨᠠᠢ᠌ᠷ ᠲᠤ ᠵᠤᠷᠢᠭᠤᠯᠵᠤ ᠳᠠᠭᠤᠯᠠᠳᠠᠭ ᠠᠷᠠᠤᠨ ᠤᠨ ᠳᠠᠭᠤᠤ ᠶᠢᠨ ᠳᠠᠭᠤᠯᠠᠬᠤᠢ ᠵᠠᠩ ᠳᠦᠷᠭᠦ ᠡᠴᠡ ᠵᠥᠪᠭᠡᠨ ᠳᠡᠭᠦᠨ ᠤ 《ᠰᠤᠯᠤᠩᠭ᠋᠎ᠠ ᠶᠢᠨ ᠥᠩᠭᠡᠳᠤ ᠣᠯᠠᠭᠠᠨ》᠂ 《ᠴᠠᠭᠠᠨ ᠰᠠᠮᠰᠠ ᠪᠣᠷᠤ》 ᠭᠢᠭᠡᠤᠨ 《ᠭᠦᠭᠡ ᠶᠠᠭ ᠰᠢᠪᠠᠭᠤ》 ᠭᠡᠮᠡᠭᠦ ᠭᠤᠷᠪᠠᠬᠠᠨ ᠠᠷᠠᠤᠨ ᠤᠨ ᠳᠠᠭᠤᠤ ᠶᠢ ᠰᠤᠩᠭ᠋ᠤᠨ ᠥᠭᠦᠯᠡᠵᠤ ᠣᠯᠠᠨ ᠳᠠᠶᠠᠭᠠᠷ ᠲᠠᠭᠠᠨ ᠳᠡᠭᠡᠳᠦᠯᠡᠭᠦ ᠶᠢ ᠭᠦᠰᠡᠪᠠᠢ᠃

ᠠᠭᠤ ᠳᠦᠭᠦᠷᠵᠡ ᠳᠡᠭᠡᠳᠤ ᠮᠤᠩᠭ᠋ᠤᠯ ᠤᠨ ᠬᠤᠷᠢᠮ ᠨᠠᠢ᠌ᠷ ᠳᠡᠭᠡᠷ᠎ᠡ ᠪᠠᠷᠢ ᠭᠦᠷᠭᠡᠨ ᠢ ᠭᠡᠷ ᠡᠴᠡ ᠨᠢ ᠭᠠᠷᠭᠠᠵᠤ ᠮᠤᠷᠳᠠᠭᠤᠯᠬᠤ ᠦᠶ᠎ᠡ ᠳᠤ 《ᠰᠤᠯᠤᠩᠭ᠋᠎ᠠ ᠶᠢᠨ ᠥᠩᠭᠡᠳᠤ ᠣᠯᠠᠭᠠᠨ》 ᠭᠡᠮᠡᠭᠦ ᠠᠷᠠᠤᠨ ᠤᠨ ᠳᠠᠭᠤᠤ ᠳᠠᠭᠠᠨ᠄ 《ᠰᠤᠯᠤᠩᠭ᠋᠎ᠠ ᠵᠢᠨ ᠥᠩᠭᠡᠳᠤ ᠤᠯᠠᠭᠠᠨ ᠶᠢᠡᠨ \ ᠰᠣᠢ᠌ᠰᠭᠢᠵᠤ ᠭᠦᠯᠭᠢᠯᠡᠭᠡᠤᠨ \ ᠰᠤᠷᠬᠤ ᠰᠢᠡᠵᠢᠭᠦ ᠬᠤᠶᠠᠷ ᠢ \ ᠣᠯᠠᠩᠭᠢ ᠪᠠᠷ ᠶᠢᠡᠨ ᠵᠦᠪᠴᠢᠯᠠᠵᠤ ᠮᠠᠳᠠᠶ᠎ᠠ \ ᠳᠡᠭ᠍ᠷᠢ ᠥᠡᠳᠦᠷ ᠪᠤᠯᠪᠠᠴᠤ \ ᠵᠡᠳᠡ ᠴᠢᠯᠠᠭᠤ ᠴᠢᠭᠳᠠᠭ᠎ᠠ \ ᠲ᠋ᠡᠮᠡᠭᠡᠨ ᠦᠨᠳᠦᠷ ᠪᠣᠯᠪᠠᠴᠤ \ ᠪᠣᠢ᠌ᠯᠠ ᠪᠤᠷᠢᠠᠳᠠᠭ ᠴᠢᠭᠳᠠᠭ᠎ᠠ \ ᠵᠠᠰᠠᠭ ᠤᠳ ᠣᠯᠠᠨ ᠪᠣᠯᠪᠠᠴᠤ \ ᠬᠠᠤᠯᠢ ᠶᠤᠰᠤᠨ ᠨᠢᠭᠡ \ ᠵᠠᠭᠠᠨ ᠦᠨᠳᠦᠷ ᠪᠣᠯᠪᠠᠴᠤ \ ᠦᠷᠠᠨ ᠵᠤᠯᠵᠠᠭ᠎ᠠ ᠴᠢᠭᠳᠠᠭ᠎ᠠ》 ᠭᠡᠵᠤ ᠬᠤᠶᠠᠷ ᠠᠢ᠌ᠯ ᠴᠢᠨᠠᠭᠰᠢᠯᠠᠪᠠᠯ ᠬᠤᠶᠠᠷ ᠬᠤᠰᠢᠭᠤᠨ ᠤ ᠬᠤᠭᠤᠷᠤᠠᠳᠤᠭᠢ ᠪᠠᠷᠢ ᠭᠦᠷᠭᠡᠨ ᠤ ᠥᠭ᠍ᠴᠤ ᠠᠪᠣᠯᠴᠠᠬᠤ ᠵᠠᠩ ᠣᠢ᠌ᠯᠠ ᠶᠤᠰᠤ ᠣᠴᠢᠷ ᠢ《ᠣᠯᠠᠨ ᠶᠢᠠᠷ ᠶᠢᠠᠨ ᠵᠦᠪᠴᠢᠯᠠᠵᠤ ᠮᠠᠳᠠᠶ᠎ᠠ》 ᠭᠡᠭᠦ ᠪᠣᠶᠤ 《ᠳᠡᠭ᠍ᠷᠢ᠂ ᠳᠡᠮᠡᠭᠡᠨ᠂ ᠵᠠᠭᠠᠨ》 ᠭᠡᠳᠦᠢ ᠦᠨᠳᠦᠷ ᠪᠣᠯᠪᠠᠴᠤ 《ᠵᠠᠳᠠ ᠴᠢᠯᠠᠭᠤ᠂ ᠪᠣᠢ᠌ᠯᠠ ᠪᠤᠷᠢᠠᠳᠠᠭ᠂ ᠦᠷ᠎ᠡ ᠵᠤᠯᠵᠠᠭ᠎ᠠ》 ᠴᠢᠭᠳᠠᠭ᠎ᠠ ᠪᠣᠯᠵᠤ ᠪᠠᠢ᠌ᠳᠠᠭ ᠪᠦᠭᠡᠤᠨ ᠨᠠᠩ ᠢᠯᠡᠭᠦᠤ ᠵᠠᠰᠠᠭ ᠬᠤᠰᠢᠭᠤ ᠭᠦᠮᠤᠨ ᠠᠷᠠᠤᠨ ᠨᠢ ᠭᠡᠳᠦᠢ ᠦᠩ ᠥᠷᠭᠡᠨ ᠪᠠᠢ᠌ᠳᠠᠭ ᠴᠤ ᠳᠠᠳᠠᠨ ᠳᠤ ᠬᠠᠮᠳᠤ ᠶᠢᠨ ᠵᠠᠭᠢᠷᠤᠭᠳᠠᠵᠤ ᠬᠠᠷᠢᠶᠠᠯᠠᠭᠳᠠᠬᠤ ᠬᠠᠤᠯᠢ ᠶᠤᠰᠤ ᠲᠡᠶ ᠪᠠᠢ᠌ᠳᠠᠭ ᠢ ᠢᠯᠡᠷᠡᠭᠦᠯᠪᠡ᠃ ᠳᠡᠭᠡᠭᠡᠤᠨ ᠳᠠᠭᠤᠤ ᠶᠢᠨ ᠰᠡᠭᠦᠯ ᠤᠨ ᠭᠡᠰᠡᠭ᠌ ᠲᠤ 《ᠭᠦᠭᠡ ᠮᠤᠷᠢᠨ ᠳᠠᠰᠢᠨ᠎ᠠ \ ᠭᠦᠳᠡᠭᠡ ᠶᠢᠨ ᠵᠠᠮ ᠳᠤ ᠵᠢᠷᠤᠭ᠎ᠠ ᠲᠡᠶ \ ᠭᠦᠭᠡᠷᠦᠭᠦᠢ ᠭᠦᠮᠤᠨ ᠦᠰᠦᠨ᠎ᠠ \ ᠭᠦᠮᠤᠨ ᠤ ᠭᠠᠵᠠᠷ ᠵᠠᠶᠠᠭ᠎ᠠ ᠲᠡᠶ \ ᠬᠠᠷ᠎ᠠ ᠮᠤᠷᠢᠨ ᠳᠠᠰᠢᠨ᠎ᠠ \ ᠬᠠᠭᠠᠯᠭ᠎ᠠ ᠶᠢᠨ ᠵᠠᠮ ᠳᠤ ᠵᠢᠷᠤᠭ᠎ᠠ ᠲᠡᠶ \ ᠬᠠᠢ᠌ᠷᠠᠳᠠᠢ ᠭᠦᠮᠤᠨ ᠦᠰᠦᠨ᠎ᠠ \ ᠬᠠᠷᠢ ᠶᠢᠨ ᠭᠠᠵᠠᠷ ᠵᠠᠶᠠᠭ᠎ᠠ ᠲᠡᠶ》 ᠭᠡᠮᠡᠨ ᠮᠤᠩᠭ᠋ᠤᠯᠴᠤᠳ ᠤᠨ ᠦᠷ᠎ᠡ ᠭᠡᠦᠭᠡᠤᠨ ᠨᠢ ᠦᠰᠴᠦ ᠪᠣᠢ᠌ᠵᠢᠪᠠᠯ ᠡᠵᠢ ᠠᠪᠣ ᠨᠢ ᠳᠤᠪᠴᠢ ᠳᠤᠯᠤᠭᠠᠢ ᠶᠢ ᠨᠢ ᠮᠠᠳᠠᠵᠤ ᠠᠯᠤᠰ ᠬᠤᠯᠠ ᠬᠠᠷᠢ ᠨᠤᠳᠤᠭ ᠲᠤ ᠪᠠᠷᠢ ᠭᠦᠷᠭᠡᠨ ᠳᠤ ᠥᠭ᠍ᠴᠤ ᠮᠤᠷᠳᠠᠭᠤᠯᠳᠠᠭ ᠦᠨᠳᠦᠰᠦᠳᠠᠨ ᠤ ᠣᠯᠠᠮᠵᠢᠯᠠᠯᠳᠤ ᠵᠠᠩ ᠠᠭᠠᠯᠢ ᠶᠢ ᠢᠯᠡᠷᠡᠭᠦᠯᠵᠤ ᠪᠠᠢ᠌ᠳᠠᠭ᠃ ᠡᠢ᠌ᠮᠤ ᠡᠴᠡ ᠠᠭᠤ ᠳᠦᠭᠦᠷᠵᠡ ᠪᠣᠶᠤ ᠠᠭᠤ ᠳᠦᠭᠦᠷᠵᠡ ᠲᠡᠶ ᠡᠭᠡᠭᠡ ᠠᠳᠠᠯᠢ ᠳᠡᠭᠡᠳᠤ ᠮᠤᠩᠭ᠋ᠤᠯᠴᠤᠳ ᠤᠨ ᠠᠷᠠᠤᠨ ᠤᠨ ᠳᠠᠭᠤᠴᠢᠨ ᠺᠠ ᠨᠡᠷ ᠤᠨ ᠳᠠᠭᠤᠯᠠᠬᠤᠢ ᠵᠤᠷᠢᠯᠭ᠎ᠠ ᠵᠤᠷᠢᠯᠳᠠ ᠳᠠᠭᠤᠤ ᠶᠢᠨ ᠥᠭᠡ ᠣᠤᠠᠬ᠎ᠠ ᠶᠢᠨ ᠰᠤᠩᠭ᠋ᠤᠯᠳᠠ ᠳᠤᠭᠢᠷᠠᠭᠤᠯᠤᠯᠳᠠ ᠡᠴᠡ ᠦᠨᠳᠦᠰᠦᠳᠠᠨ ᠤ ᠡᠷᠭᠢᠮ ᠳᠡᠭᠡᠳᠤ ᠶᠤᠰᠤ ᠰᠤᠷᠳᠠᠬᠤᠨ ᠪᠣᠶᠤ ᠵᠠᠩ ᠠᠭᠠᠯᠢ ᠶᠢ ᠪᠦᠷᠢᠨ ᠣᠢ᠌ᠯᠭᠠᠵᠤ ᠪᠣᠯᠤᠨ᠎ᠠ᠃ ᠳᠡᠭᠡᠭᠡᠤᠨ ᠪᠠᠰᠠ ᠪᠠᠷᠢ ᠭᠦᠷᠭᠡᠨ ᠢ ᠮᠤᠷᠳᠠᠭᠤᠯᠤᠭᠠᠤᠨ ᠭᠦᠷᠭᠡᠵᠤ ᠪᠠᠭᠤᠯᠭᠠᠳᠠᠭ ᠠᠢ᠌ᠯ ᠤᠨ ᠭᠠᠳᠠᠨ᠎ᠠ ᠭᠦᠷᠭᠦ ᠳᠤ ᠪᠠᠷᠢ ᠭᠦᠷᠭᠡᠨ ᠤ ᠡᠮᠦᠨ᠎ᠡ ᠡᠴᠡ ᠣᠭᠳᠤᠨ ᠳᠠᠭᠤᠯᠠᠳᠠᠭ 《ᠴᠠᠭᠠᠨ ᠰᠠᠮᠰᠠ ᠪᠣᠷᠤ》 ᠭᠡᠭᠦ ᠠᠷᠠᠤᠨ ᠤᠨ ᠳᠠᠭᠤᠤ ᠳᠤ 《ᠴᠠᠭᠠᠨ ᠰᠠᠮᠰᠠ ᠪᠣᠷᠤ ᠪᠠᠷ ᠶᠢᠡᠨ \ ᠵᠢᠩᠭᠢᠨᠡᠭᠦᠯᠦᠭ᠍ᠰᠡᠭᠡᠷ ᠠᠢ᠌ᠰᠤᠢ \ ᠴᠠᠭ ᠤᠨ ᠶᠢᠡᠨ ᠰᠠᠢ᠌ᠬᠠᠨ ᠳᠤ ᠭᠠᠷᠤᠯ᠎ᠠ \ ᠨᠠᠰᠤᠨ ᠤ ᠢᠳᠠ ᠪᠠᠷ ᠵᠢᠷᠭᠠᠶ᠎ᠠ \ ᠦᠰᠦᠷᠭᠢᠨ ᠳᠤ ᠮᠤᠷᠳᠠᠵᠤ \ ᠥᠩᠭᠡ ᠶᠢᠨ ᠶᠢᠡᠨ ᠶᠤᠰᠤ ᠪᠠᠭᠤᠭᠢ ᠳᠠ \ᠳᠦᠰᠦᠷᠭᠡᠨ ᠳᠤ ᠮᠤᠷᠳᠠᠵᠤ \ ᠲᠦᠷᠦᠯ ᠤᠨ ᠶᠢᠡᠨ ᠶᠤᠰᠤ ᠪᠠᠷ ᠪᠠᠭᠤᠭᠢ ᠳᠠ》 ᠭᠡᠰᠡᠨ ᠨᠢ ᠶᠠᠭ ᠯᠠ ᠣᠷᠤᠭᠯᠠᠵᠤ ᠪᠠᠢ᠌ᠭ᠎ᠠ ᠬᠤᠤᠰ ᠵᠠᠯᠠᠭᠤ ᠶᠢᠨ ᠰᠠᠤᠠᠭᠢᠯ ᠳᠤ 《ᠳᠠᠨᠢᠯᠴᠠᠬᠤ ᠡᠴᠡ ᠪᠠᠨ ᠡᠮᠦᠨ᠎ᠡ ᠳᠠᠯ᠎ᠠ ᠶᠢᠨ ᠬᠤᠶᠠᠷ ᠭᠦᠷᠦᠭᠡᠰᠤ \ ᠲ᠋ᠠᠨᠢᠯᠴᠠᠭᠰᠠᠨ ᠤ ᠬᠣᠢ᠌ᠨ᠎ᠠ ᠳᠠᠩᠨᠠᠢ ᠶᠢᠨ ᠬᠤᠶᠠᠷ ᠰᠤᠳᠠᠯ》 ᠪᠣᠯᠵᠤ ᠬᠤᠶᠠᠷ ᠳᠠᠯ᠎ᠠ ᠶᠢᠨ ᠠᠪᠣ ᠡᠵᠢ᠂ ᠠᠬ᠎ᠠ ᠳᠡᠭᠦᠤ ᠡᠯᠢᠭᠡᠨ ᠰᠠᠳᠤᠨ ᠳᠠᠭᠠᠨ ᠴᠤ ᠲᠦᠷᠦᠯ ᠳᠦᠷᠭᠦᠮ ᠤᠨ ᠭᠦᠨ ᠬᠠᠷᠢᠴᠠᠭ᠎ᠠ ᠪᠠᠢ᠌ᠭᠤᠯᠳᠠᠭ ᠶᠤᠰᠤ ᠶᠢ ᠢᠯᠡᠷᠡᠭᠦᠯᠵᠡᠢ᠃

ᠡᠨᠡ ᠮᠠᠳᠤ ᠰᠤᠷᠭᠠᠯ ᠭᠦᠮᠦᠵᠢᠯ᠂ ᠵᠠᠩ ᠣᠢ᠌ᠯᠠ ᠶᠢᠨ ᠳᠠᠭᠤᠤ ᠨᠢ ᠳᠡᠭᠡᠳᠤ ᠮᠤᠩᠭ᠋ᠤᠯ ᠤᠨ ᠠᠷᠠᠤᠨ ᠤᠨ ᠳᠠᠭᠤᠤ ᠳ᠋ᠤ ᠲ᠋ᠦᠡᠭ᠌ ᠤᠯᠡᠨ ᠳᠡᠭᠦᠯᠡᠭᠳᠡᠵᠤ᠂ ᠵᠥᠪᠭᠡᠨ ᠪᠠᠷᠢ ᠭᠦᠷᠭᠡᠨ ᠢ ᠮᠤᠷᠳᠠᠭᠤᠯᠵᠤ ᠪᠠᠭᠤᠯᠭᠠᠬᠤ ᠶᠢᠨ ᠬᠤᠷᠤᠮ ᠵᠠᠭᠤᠷ᠎ᠠ ᠬᠤᠶᠠᠷ ᠳᠠᠭᠤᠤ ᠶᠢ ᠳᠠᠭᠤᠯᠠᠳᠠᠭ ᠡᠴᠡ ᠭᠠᠳᠠᠨ᠎ᠠ ᠨᠢᠭᠡ ᠡᠳᠦᠷ ᠴᠢᠨᠠᠭᠰᠢᠯᠠᠪᠠᠯ ᠭᠡᠳᠤ ᠭᠡᠳᠤᠨ ᠡᠳᠦᠷ ᠤᠨ ᠬᠤᠷᠢᠮ ᠨᠠᠢ᠌ᠷ ᠳᠡᠭᠡᠷ᠎ᠡ ᠴᠤ ᠠᠷᠠᠤᠨ ᠤᠨ ᠳᠠᠭᠤᠴᠢᠨ ᠺᠠ ᠨᠡᠷ ᠡᠴᠡ ᠨᠢᠭᠡ ᠳᠠᠭᠤᠯᠠᠭᠰᠠᠨ ᠳᠠᠭᠤᠤ ᠪᠠᠨ ᠳᠠᠭᠢᠨ ᠳᠠᠪᠳᠠᠯ ᠦᠭᠡᠶ ᠳᠠᠭᠤᠯᠠᠵᠠᠭᠠᠵᠤ ᠪᠠᠢ᠌ᠳᠠᠭ ᠨᠢ ᠮᠠᠨ ᠤ ᠳᠡᠦᠭᠡᠨ ᠡᠴᠡ ᠪᠠᠨ ᠳᠠᠭᠤᠴᠢᠨ ᠦᠨᠳᠦᠰᠦᠳᠠᠨ ᠭᠡᠳᠡᠭ᠌ ᠤᠨ ᠪᠣᠳᠠᠳᠤ ᠢᠯᠠᠷᠠᠯ ᠭᠡᠯᠳᠡᠢ᠃

ᠬᠤᠷᠢᠮ ᠨᠠᠢ᠌ᠷ ᠦᠨᠳᠦᠷᠯᠠᠵᠤ᠂ ᠭᠡᠷ ᠤᠨ ᠡᠵᠡᠭ᠍ᠳᠡᠢ ᠡᠴᠡ ᠵᠢᠯᠤᠭᠤ ᠶᠢᠨ ᠳᠡᠭᠡᠵᠢ ᠡᠷᠭᠦᠨ ᠶᠠᠭ ᠭᠡᠢ᠌ᠴᠢᠨ ᠶᠢᠡᠨ ᠮᠤᠷᠳᠠᠭᠤᠯᠬᠤ ᠦᠶ᠎ᠡ ᠳᠤ 《ᠭᠦᠭᠡ ᠶᠠᠭ ᠰᠢᠪᠠᠭᠤ》 ⑥ ᠭᠡᠮᠡᠭᠦ ᠠᠷᠠᠤᠨ ᠤᠨ ᠳᠠᠭᠤᠤ ᠶᠢ ᠳᠠᠭᠤᠯᠠᠳᠠᠭ ᠭᠡᠮᠡᠨ ᠳᠠᠭᠤᠴᠢᠨ ᠺᠠ ᠠᠭᠤ ᠳᠦᠭᠦᠷᠵᠡ ᠮᠠᠨᠢ ᠨᠠᠳᠠ ᠳᠤ ᠣᠯᠠᠠᠳᠠ ᠳᠠᠭᠢᠨ ᠳᠠᠪᠳᠠᠨ ᠶᠠᠷᠢᠵᠤ ᠪᠠᠢ᠌ᠭᠰᠠᠨ᠃ ᠠᠭᠤ ᠳᠦᠭᠦᠷᠵᠡ ᠶᠢᠨ ᠡᠢ᠌ᠮᠦᠷᠭᠦ ᠠᠷᠠᠤᠨ ᠤᠨ ᠳᠠᠭᠤᠤ ᠨᠤᠭᠤᠳ ᠢ ᠳᠡᠮᠳᠡᠭᠯᠡᠨ ᠠᠪᠴᠤ ᠣᠳᠠᠭᠠᠨ ᠰᠢᠡᠵᠢᠭᠦ ᠳᠤᠳᠤᠮ ᠳᠣᠢ᠌ᠯ ᠤᠨ ᠶᠡᠭᠡ ᠶᠤᠰᠤ ᠭᠤᠷᠢᠮ ᠲᠡᠶ ᠪᠠᠢ᠌ᠳᠠᠭ ᠠᠵᠤᠭᠤ᠃ ᠳᠡᠭᠦᠨ ᠤ 《ᠭᠦᠭᠡ ᠶᠠᠭ ᠰᠢᠪᠠᠭᠤ》 ᠭᠡᠭᠦ ᠠᠷᠠᠤᠨ ᠤᠨ ᠳᠠᠭᠤᠤ ᠳᠤ᠄ 《ᠭᠦᠭᠡ ᠶᠠᠭ ᠰᠢᠪᠠᠭᠤ ᠳᠤᠩᠭ᠋ᠤᠳᠤᠭᠠᠤᠨ \ ᠬᠦᠬᠡ‍ᠨᠠᠭᠤᠷ ᠲᠠᠭᠠᠨ ᠬᠠᠷᠢᠨ᠎ᠠ \ ᠬᠠᠷᠢᠬᠤ ᠶᠢ ᠪᠠᠨ ᠮᠠᠳᠠᠵᠤ \ ᠬᠠᠷᠢᠨ ᠪᠢᠳᠠ ᠪᠠᠶᠠᠰᠤᠭᠠᠤᠨ \ ᠰᠠᠯᠠᠭᠠᠨ ᠦᠨᠳᠦᠷ ᠮᠤᠳᠤ ᠨᠢ \ ᠰᠠᠯᠭᠢᠨ ᠤ ᠠᠶ᠎ᠠ ᠶᠢ ᠳᠠᠭᠠᠭᠠᠤᠨ \ ᠰᠠᠢ᠌ᠬᠠᠨ ᠪᠣᠭᠤᠷᠤᠯ ᠡᠵᠢ ᠳᠡᠭᠡᠨ \ ᠰᠠᠯᠵᠤ ᠭᠦᠷᠴᠤ ᠵᠤᠯᠭᠠᠨ᠎ᠠ \ ᠪᠣᠷᠭᠠᠰᠤᠳᠠᠢ ᠪᠠᠨ ᠳᠠᠪᠠᠬᠤ ᠳ᠋ᠠᠭᠠᠨ \ ᠪᠣᠯᠭᠠᠨ ᠬᠠᠷ᠎ᠠ ᠪᠠᠷ ᠶᠢᠡᠨ ᠳᠠᠪᠠᠭᠠᠤᠨ \ ᠪᠣᠶᠠᠠᠳᠠᠢ ᠪᠣᠭᠤᠷᠤᠯ ᠡᠵᠢ ᠳᠡᠭᠡᠨ \ ᠪᠣᠴᠠᠵᠤ ᠭᠦᠷᠴᠤ ᠵᠤᠯᠭᠠᠨ᠎ᠠ》 ᠭᠡᠮᠡᠨ ᠳᠠᠭᠤᠤ ᠳᠤ ᠭᠦᠭᠡ ᠶᠠᠭ ᠰᠢᠪᠠᠭᠤ ᠨᠢ ᠬᠦᠬᠡ‍ᠨᠠᠭᠤᠷ ᠲᠠᠭᠠᠨ ᠬᠠᠷᠢᠳᠠᠭ ᠪᠣᠯ ᠭᠦᠮᠤᠨ ᠤ ᠦᠷ᠎ᠡ ᠵᠤᠯᠵᠠᠭ᠎ᠠ ᠨᠢ ᠰᠠᠯᠵᠤ ᠣᠳᠠᠭᠰᠠᠨ ᠰᠠᠢ᠌ᠬᠠᠨ ᠪᠣᠭᠤᠷᠤᠯ ᠡᠵᠢ ᠶᠢᠨ ᠶᠢᠡᠨ ᠳᠡᠷᠭᠡᠳᠡ ᠣᠴᠢᠵᠤ ᠭᠦᠷᠴᠤ ᠵᠤᠯᠭᠠᠳᠠᠭ ᠤᠴᠢᠷᠳᠡᠢ᠃ ᠲ᠋ᠡᠭᠡᠭᠡᠤᠨ ᠳᠠᠭᠤᠤ ᠳᠤ᠄ 《ᠡᠯᠡᠰᠤ ᠶᠢ ᠣᠷᠤᠰᠬᠠᠳᠠᠭ \ ᠦᠶᠡᠷ ᠬᠤᠷ᠎ᠠ ᠶᠢᠨ ᠣᠰᠤ \ ᠡᠯᠢᠭᠡ ᠶᠢ ᠡᠮᠳᠡᠷᠡᠭᠦᠯᠳᠡᠭ᠌ \ ᠡᠵᠢ ᠡᠡᠪᠦ ᠬᠤᠶᠠᠷ \ ᠬᠤᠯᠤᠰᠤ ᠶᠢ ᠬᠤᠮᠢᠷᠠᠭᠤᠯᠳᠠᠭ \ ᠬᠤᠷ᠎ᠠ ᠰᠠᠯᠭᠢ ᠬᠤᠶᠠᠷ \ ᠬᠤᠷᠠᠰ ᠢ ᠨᠠᠢ᠌ᠷᠠᠭᠤᠯᠳᠠᠭ \ ᠠᠷᠢᠭᠢ ᠴᠡᠭᠡᠨ ᠬᠤᠶᠠᠷ \ ᠵᠡᠭᠦᠯᠭᠡ ᠶᠢ ᠭᠠᠢ᠌ᠬᠠᠭᠤᠯᠳᠠᠭ ᠣᠷᠢᠨ ᠵᠥᠭᠡᠯᠡᠨ ᠰᠠᠯᠭᠢᠨ \ ᠵᠢᠷᠦᠭᠡ ᠶᠢ ᠣᠶᠠᠷᠠᠭᠤᠯᠳᠠᠭ \ ᠡᠵᠢ ᠠᠪᠣ ᠬᠤᠶᠡᠷ》 ᠭᠡᠮᠡᠨ ᠶᠡᠭᠡ ᠪᠠᠢ᠌ᠭᠠᠯᠢ ᠶᠢᠨ ᠡᠯᠡᠰᠤ ᠬᠤᠯᠤᠰᠤ ᠶᠢ ᠣᠷᠤᠰᠬᠠᠵᠤ ᠬᠤᠮᠢᠷᠠᠭᠤᠯᠳᠠᠭ ᠨᠢ 《ᠦᠶᠡᠷ ᠬᠤᠷ᠎ᠠ ᠰᠠᠯᠭᠢ》 ᠪᠠᠢ᠌ᠳᠠᠭ ᠴᠤ ᠬᠠᠷ᠎ᠠ ᠳᠤᠯᠤᠭᠠᠢ᠌ᠳᠤ ᠭᠦᠮᠤᠨ ᠤ ᠰᠠᠨᠠᠭ᠎ᠠ ᠰᠠᠤᠠᠭᠢᠯ ᠢ ᠣᠶᠠᠷᠠᠭᠤᠯᠵᠤ ᠬᠠᠢ᠌ᠯᠠᠭᠤᠯᠳᠠᠭ ᠨᠢ 《ᠡᠵᠢ ᠠᠪᠣ》 ᠬᠤᠶᠠᠷ ᠯᠠ ᠪᠠᠢ᠌ᠳᠠᠭ ᠡᠡᠵᠦᠭᠤ᠃ ᠡᠢ᠌ᠮᠤ ᠡᠴᠡ ᠠᠭᠤ ᠳᠦᠭᠦᠷᠵᠡ ᠡᠴᠡ ᠠᠷᠠᠤᠨ ᠤᠨ ᠳᠠᠭᠤᠤ ᠪᠠᠨ ᠠᠷᠠᠤᠨ ᠲᠦᠮᠡᠨ ᠳᠡᠭᠡᠨ ᠣᠯᠠᠮᠵᠢᠯᠠᠨ ᠳᠠᠭᠤᠯᠠᠬᠤ ᠠᠭᠤᠯᠭ᠎ᠠ ᠵᠤᠷᠢᠯᠭ᠎ᠠ ᠨᠢ ᠳᠤᠪ ᠳᠤᠳᠤᠷᠬᠠᠢ᠂ ᠵᠠᠩ ᠣᠢ᠌ᠯᠠ ᠨᠢ ᠣᠷᠤᠨ ᠨᠤᠳᠤᠭ ᠤᠨ ᠦᠪᠡᠷᠮᠢᠴᠠ ᠣᠠᠴᠠᠯᠢᠭ ᠳᠦᠷᠭᠦ ᠲ᠋ᠡᠢ ᠪᠠᠢ᠌ᠳᠠᠭ ᠶᠢᠠᠷ ᠶᠢᠠᠨ ᠳᠠᠷᠠ ᠳᠡᠭᠡᠳᠤ ᠮᠤᠩᠭ᠋ᠤᠯ ᠤᠨ ᠠᠷᠠᠳ ᠤᠨ ᠳᠠᠭᠤᠴᠢᠨ ᠺᠠ ᠨᠠᠷ ᠶᠢᠡᠨ ᠦᠨᠡᠨ ᠳᠦᠯᠦᠭᠡᠯᠡᠵᠤ ᠮᠤᠩᠭ᠋ᠤᠯ ᠥᠡᠳᠦᠰᠦᠳᠡᠨ ᠤ ᠪᠠᠨ ᠠᠷᠠᠤᠨ ᠤᠨ ᠠᠮᠠᠨ ᠵᠤᠬᠢᠶᠠᠯ ᠤᠨ ᠦᠨᠡᠳᠤ ᠦᠪ ᠭᠦᠷᠦᠩᠭᠡ ᠳᠤ ᠦᠨᠡᠨ ᠰᠠᠤᠠᠭᠢᠯ ᠭᠤᠤᠯᠳᠤ ᠵᠢᠷᠦᠭᠡᠨ ᠡᠴᠡ ᠪᠠᠨ ᠠᠷᠠᠤᠨ ᠤᠨ ᠳᠠᠭᠤᠤ ᠪᠠᠨ ᠣᠯᠠᠮᠵᠢᠯᠠᠨ ᠳᠠᠭᠤᠯᠠᠵᠤ ᠳᠡᠭᠡᠳᠦᠯᠡᠨ ᠥᠪᠯᠡᠭ᠍ᠰᠡᠨ ᠪᠠᠢ᠌ᠳᠠᠭ ᠠᠵᠤᠭᠤ᠃


ᠵᠡᠭᠦᠯᠳᠡ ᠳᠠᠢ᠌ᠯᠪᠣᠷᠢ᠄

① ᠠᠭᠤ ᠭᠡᠳᠡᠭ᠌ ᠨᠢ ᠳᠡᠭᠡᠳᠤ ᠮᠤᠩᠭ᠋ᠤᠯ ᠤᠨ ᠭᠦᠭᠡᠤᠨ ᠬᠤᠰᠢᠭᠤ ᠳᠤᠰ ᠭᠦᠮᠤᠨ ᠢ ᠠᠪᠠᠭᠠᠢ᠌ᠯᠠᠭᠰᠠᠨ ᠳᠡᠭᠤᠳᠡᠯᠭ᠎ᠠ᠃ ᠡᠢ᠌ᠮᠤ ᠣᠴᠢᠷ ᠵᠤᠬᠢᠶᠠᠭᠴᠢ ᠴᠤ ᠵᠤᠬᠢᠶᠠᠯ ᠳᠠᠭᠠᠨ ᠮᠦᠨ ᠯᠠ ᠠᠪᠠᠭᠠᠢ᠌ᠯᠠᠭ᠎ᠠ ᠶᠢᠨ ᠵᠠᠩᠰᠢᠯ ᠶᠢᠡᠷ ᠨᠢ ᠲ᠋ᠡᠭᠦᠨ ᠢ 《ᠠᠭᠤ ᠳᠦᠭᠦᠷᠵᠡ》 ᠭᠡᠮᠡᠨ ᠨᠠᠷ᠎ᠠ ᠶᠢᠨ ᠭᠢᠨᠢ ᠳᠡᠭᠡᠷ᠎ᠡ ᠭᠦᠡᠳᠦᠦᠡᠭᠡᠨ ᠠᠪᠣᠪᠠ᠃

② ᠺᠠ ᠭᠡᠳᠡᠭ᠌ ᠨᠢ ᠲᠦᠪᠡᠳ ᠥᠭᠡ᠃ ᠣᠭ ᠣᠤᠠᠬ᠎ᠠ ᠨᠢ 《ᠥᠢᠯᠡᠴᠢᠯᠡᠭ᠍ᠴᠢ》 ᠭᠡᠮᠡᠭᠦ ᠥᠭᠡ ᠪᠠᠢ᠌ᠵᠤ᠂ ᠬᠤᠵᠢᠮ ᠨᠢ ᠶᠠᠪᠣᠭᠠᠨ ᠳᠠᠭᠠᠨ ᠳᠡᠭᠡᠳᠤ ᠮᠤᠩᠭ᠋ᠤᠯ ᠳ᠋ᠤ 《ᠴᠤᠯᠡ》 ᠭᠡᠮᠡᠭᠦ ᠣᠤᠠᠬ᠎ᠠ ᠲᠡᠶ ᠪᠣᠯᠵᠠᠢ᠃

③ ᠣᠳᠤᠭ᠎ᠠ ᠵᠢᠩᠰᠠ ᠲᠡᠶ ᠮᠠᠯᠠᠭᠠᠢ ᠭᠡᠳᠡᠭ᠌ ᠨᠢ ᠳᠤᠬᠠᠢ ᠶᠢᠨ ᠦᠶ᠎ᠡ ᠶᠢᠨ ᠨᠤᠶᠠᠨ ᠤ ᠮᠠᠯᠠᠭᠠᠢ ᠪᠣᠯᠤᠨ᠎ᠠ᠃

④ ᠬᠤᠠᠳᠠᠭ᠎ᠠ ᠴᠡᠴᠡᠭᠡ ᠭᠡᠳᠡᠭ᠌ ᠨᠢ ᠬᠤᠠᠳᠠᠭ᠎ᠠ ᠨᠢ ᠠᠷᠢᠭᠢᠨ ᠤ ᠬᠤᠠᠳᠠᠭ᠎ᠠ ᠪᠠᠢ᠌ᠵᠤ᠂ ᠴᠡᠴᠡᠭᠡ ᠭᠡᠳᠡᠭ᠌ ᠨᠢ ᠨᠤᠶᠠᠨ ᠤ ᠴᠠᠢ ᠣᠤᠭᠤᠳᠠᠭ ᠠᠶᠠᠭ᠎ᠠ ᠶᠢ ᠵᠢᠭᠠᠵᠤ ᠪᠠᠢ᠌ᠨ᠎ᠠ᠃ ᠲ᠋ᠠᠷᠠ ᠦᠶ᠎ᠡ ᠶᠢᠨ ᠨᠤᠶᠠᠨ ᠨᠢ ᠬᠤᠡᠳᠠᠭ᠎ᠠ ᠴᠡᠴᠡᠭᠡ ᠪᠠᠨ ᠦᠪᠡᠷ ᠶᠢᠡᠨ ᠠᠪᠴᠤ ᠶᠠᠪᠣᠳᠠᠭ ᠪᠠᠢ᠌ᠵᠠᠢ᠃

⑤ 《ᠡᠯᠳᠡᠢ ᠳᠡᠯᠳᠡᠢ》 ᠭᠡᠳᠡᠭ᠌ ᠨᠢ ᠳᠡᠭᠡᠳᠤ ᠮᠤᠩᠭ᠋ᠤᠯ ᠤᠨ ᠭᠡᠦᠭᠡᠤᠨ ᠰᠠᠭᠠᠳᠠᠭᠤᠯᠳᠠᠭ ᠪᠦᠪᠠᠢ ᠶᠢᠨ ᠲ᠋ᠠᠭᠤᠤ ᠪᠣᠯᠤᠨ᠎ᠠ᠃

⑥ 《ᠭᠦᠭᠡ ᠶᠠᠭ ᠰᠢᠪᠠᠭᠤ》 ᠭᠡᠳᠡᠭ᠌ ᠤᠨ ᠭᠦᠭᠡ ᠶᠠᠭ ᠭᠡᠳᠡᠭ᠌ ᠨᠢ 《ᠭᠦᠭᠦᠭᠡ ᠰᠢᠪᠠᠭᠤ》 ᠭᠡᠰᠡᠨ ᠥᠭᠡ᠃ ᠵᠠᠩᠰᠢᠯ ᠶᠢᠡᠷ ᠨᠡᠰᠦᠳᠡᠳ 《ᠭᠦᠭᠡ ᠶᠠᠭ ᠰᠢᠪᠠᠭᠤ》 ᠭᠡᠳᠡᠭ᠌ ᠠᠵᠤᠭᠤ᠃

ᠵᠤᠬᠢᠶᠠᠭᠴᠢ᠄ ᠯ·ᠥᠰᠦᠷᠦᠩᠭᠦᠢ
ᠢᠷᠡᠯᠲᠡ᠄ ᠨᠡᠷᠡᠡᠴᠡᠴᠡᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 3960
ᠴᠠᠭ᠄ 2005 ᠤᠨ ᠤ 08 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁