ᠮᠠᠯᠴᠢᠨ ᠭᠦᠮᠤᠨ

ᠳᠡᠭ᠍ᠷᠢ ᠶᠢᠨ ᠳᠤᠤᠷᠠᠭᠢ

ᠬᠠᠮᠤᠭ ᠠᠩᠬᠠᠨ ᠤ ᠭᠢᠴᠢᠶᠠᠯ

ᠳᠡᠯᠡᠭᠡᠢ ᠳᠡᠭᠡᠷᠡᠭᠢ

ᠬᠠᠨ᠎ᠠ ᠪᠦᠳᠤᠨ ᠥᠯᠦᠭᠡᠢ —

ᠮᠠᠯᠴᠢᠨ ᠪᠠᠢ᠌ᠯ᠎ᠠ

ᠨᠠᠷᠠᠨ ᠳᠤᠤᠷᠠᠭᠢ

ᠨᠤᠭᠤᠷᠠᠳᠠᠭ ᠦᠭᠡᠶ ᠡᠪᠦᠳᠦᠭ᠌

ᠰᠠᠷᠠᠨ ᠳᠤᠤᠷᠠᠭᠢ

ᠰᠠᠠᠴᠢᠭ ᠭᠦᠯᠦᠰᠦᠳᠡᠢ ᠶᠠᠳᠠᠷᠠᠯ —

ᠮᠠᠯᠴᠢᠨ ᠭᠦᠮᠤᠨ ᠪᠠᠢ᠌ᠯ᠎ᠠ

ᠴᠡᠩᠭᠡᠷᠭᠡᠨ ᠨᠤᠳᠤᠭ ᠤᠨ ᠶᠢᠡᠨ

ᠴᠡᠷᠢᠭ᠌ ᠬᠠᠮᠠᠭᠠᠯᠠᠭᠴᠢ

ᠴᠠᠭᠠᠨ ᠰᠥᠷᠦᠭ᠌ ᠤᠨ ᠶᠢᠡᠨ

ᠴᠠᠭᠳᠠᠭᠠᠴᠢ ᠮᠠᠨᠠᠭᠤᠯ —

ᠮᠠᠯᠴᠢᠨ ᠭᠦᠮᠤᠨ ᠪᠠᠢ᠌ᠯ᠎ᠠ

ᠭᠠᠷᠴᠠᠭ ᠦᠭᠡᠶ ᠷᠤᠮᠠᠨ ᠤ

ᠨᠠᠷ᠎ᠠ ᠦᠭᠡᠶ ᠵᠤᠬᠢᠶᠠᠭᠴᠢ

ᠬᠠᠶ‍ᠢᠭ ᠦᠭᠡᠶ ᠳᠡᠨᠦᠭᠦᠯᠴᠢᠨ ᠤ

ᠰᠠᠭᠤᠷᠢ ᠦᠭᠡᠶ ᠠᠶᠠᠯᠠᠯ —

ᠮᠠᠯᠴᠢᠨ ᠭᠦᠮᠤᠨ ᠪᠠᠢ᠌ᠯ᠎ᠠ

ᠭᠠᠮᠰᠢᠭ ᠭᠠᠢ᠌ᠯᠢ ᠶᠢᠨ ᠳᠤᠬᠠᠢ

ᠭᠠᠰᠠᠯᠠᠩᠳᠠᠢ ᠬᠠᠰᠭᠢᠷᠤᠯ

ᠨᠤᠳᠤᠭ ᠪᠠᠯᠴᠢᠭᠡᠷ ᠤᠨ ᠳᠤᠬᠠᠢ

ᠨᠢᠯᠪᠣᠰᠤᠳᠠᠢ ᠭᠡᠷᠡᠭᠦᠯᠴᠢᠨ —

ᠮᠠᠯᠴᠢᠨ ᠭᠦᠮᠤᠨ ᠪᠠᠢ᠌ᠯ᠎ᠠ

ᠰᠥᠷᠦᠭ᠌ ᠶᠢᠡᠨ ᠪᠤᠷᠪᠢᠳᠡᠨ ᠨᠠᠰᠤᠵᠢᠭᠰᠠᠨ

ᠬᠠᠭᠠᠷᠬᠠᠢ ᠭᠤᠳᠤᠯ ᠲᠡᠶ ᠠᠪᠣ

ᠰᠠᠭᠠᠯᠢ ᠳᠠᠭᠠᠨ ᠶᠠᠭᠠᠷᠠᠨ ᠥᠳᠡᠯᠦᠭ᠍ᠰᠡᠨ

ᠬᠤᠷᠮᠤᠢ ᠳᠤᠰᠤᠳᠠᠢ ᠡᠵᠢ —

ᠮᠠᠯᠴᠢᠨ ᠭᠦᠮᠤᠨ ᠪᠠᠢ᠌ᠯ᠎ᠠ

ᠠᠷᠪᠠᠨ ᠭᠤᠷᠪᠠᠳᠤᠭᠠᠷ ᠵᠠᠭᠤᠨ ᠤ

ᠡᠴᠦᠰ ᠤᠨ ᠭᠠᠭᠴᠠ ᠥᠷᠭᠦᠯᠵᠢᠯᠡᠯ

ᠬᠤᠷᠢᠨ ᠨᠢᠭᠡᠳᠦᠭᠡᠷ ᠵᠠᠭᠤᠨ ᠳᠤ

ᠬᠤᠳᠠ ᠣᠷᠤᠭᠤ ᠨᠡᠭᠦᠳᠡᠯᠯᠡᠭ᠍ᠰᠡᠨ

ᠬᠤᠷᠢᠭ ᠮᠤᠬᠤᠷᠳᠠᠯ —

ᠮᠠᠯᠴᠢᠨ ᠭᠦᠮᠤᠨ ᠪᠠᠢ᠌ᠯ᠎ᠠ

ᠬᠤᠪᠳᠤᠭ ᠰᠢᠨᠤᠬᠠᠢ᠌ᠴᠢᠳ ᠲᠤ

ᠬᠤᠭᠤᠰᠤᠷᠠᠳᠠᠯ᠎ᠠ ᠪᠠᠨ ᠮᠡᠭᠡᠯᠡᠭ᠍ᠳᠡᠭ᠍ᠰᠡᠨ

ᠦᠨᠳᠦᠷ ᠭᠦᠤ ᠲᠡᠶ ᠵᠢᠭᠡᠯᠡᠯᠭᠡ ᠪᠣᠶᠤ

ᠰᠤᠶᠤᠯ ᠤᠨ ᠪᠠᠯᠠᠢ —

ᠮᠠᠯᠴᠢᠨ ᠭᠦᠮᠤᠨ ᠪᠠᠢ᠌ᠯ᠎ᠠ

ᠣᠯᠤᠭᠰᠠᠨ ᠶᠢᠡᠨ ᠣᠷᠤᠰᠬᠠᠵᠤ

ᠬᠤᠷᠠᠮᠳᠤᠭᠤᠯᠤᠭᠰᠠᠨ ᠶᠢᠡᠨ ᠬᠤᠭᠤᠰᠤᠷᠠᠭᠤᠯᠵᠤ

ᠠᠷᠭᠢᠳᠠᠭᠰᠠᠭᠠᠷ ᠪᠣᠶᠤ ᠮᠠᠵᠢᠶᠠᠩᠳᠠᠭᠰᠠᠭᠠᠷ

ᠡᠴᠦᠰ ᠲᠡᠭᠡᠨ ᠣᠷᠤᠭ ᠰᠠᠯᠤᠭᠰᠠᠨ

ᠵᠠᠯᠠᠭᠤ ᠭᠡᠷ ᠪᠦᠯᠢ —

ᠮᠠᠯᠴᠢᠨ ᠭᠦᠮᠤᠨ ᠪᠠᠢ᠌ᠯ᠎ᠠ

ᠳᠡᠨᠦᠭᠦᠯ ᠶᠠᠪᠠᠭᠠᠨ ᠭᠦᠯᠦᠰᠦᠴᠢᠨ ᠪᠣᠶᠤ

ᠬᠣᠢ᠌ᠬᠤᠷ ᠬᠤᠯᠵᠢᠨ ᠠᠷᠠᠯᠵᠢᠶᠠᠴᠢᠨ ᠢ

ᠨᠢᠴᠦᠭᠦᠨ ᠬᠤᠭᠤᠰᠤᠨ ᠳᠠᠭᠠᠵᠤ

ᠪᠠᠯᠴᠢᠷ ᠵᠢᠭᠠᠬᠠᠨ ᠨᠠᠰᠤᠨ ᠳᠠᠭᠠᠨ

ᠪᠢᠴᠢᠬᠠᠨ ᠳᠡᠪᠠᠷᠢᠭ᠍ᠰᠡᠨ ᠭᠡᠦᠭᠡᠨ —

ᠮᠠᠯᠴᠢᠨ ᠭᠦᠮᠤᠨ ᠪᠠᠢ᠌ᠯ᠎ᠠ

ᠰᠢᠨ᠎ᠠ ᠵᠠᠭᠤᠨ ᠤ

ᠬᠠᠭᠤᠴᠢᠨ ᠪᠣᠭᠤᠯ

ᠰᠢᠡᠵᠢᠯᠡᠭᠦ ᠣᠬᠠᠭᠠᠨ ᠤ

ᠢᠴᠢᠮᠡᠳᠡᠭᠡᠢ ᠪᠠᠷᠢ —

ᠮᠠᠯᠴᠢᠨ ᠭᠦᠮᠤᠨ ᠪᠠᠢ᠌ᠯ᠎ᠠ᠃

ᠵᠤᠬᠢᠶᠠᠭᠴᠢ᠄ ᠳᠤᠪᠯᠨ
ᠬᠠᠷᠢᠶ᠎ᠠ᠄ ᠰᠢᠯᠦᠭ
ᠳᠠᠷᠤᠮ᠄ 2947
ᠴᠠᠭ᠄ 2006 ᠤᠨ ᠤ 09 ᠰᠠᠷ᠎ᠠ ᠶᠢᠨ 06