ᠪᠢᠳᠠ ᠶᠠᠭᠤ ᠪᠣᠢ

ᠥᠨᠡ᠊ᠨᠳᠡᠭᠡᠨ ᠭᠦᠮᠤᠨ ᠪᠣᠯ ᠡᠨᠡ ᠳᠡᠯᠡᠭᠡᠢ ᠶ‍ᠢᠷᠳᠢᠠᠴᠤ ᠶᠢᠨ ᠠᠮᠢᠳᠤ ᠪᠠᠢ᠌ᠬᠤ ᠶᠢᠨ ᠭᠢᠨᠢ ᠭᠡᠷᠡᠴᠢ ᠶᠤᠮ᠃ ᠭᠡᠳᠡᠯ᠎ᠡ ᠣᠳᠤ ᠪᠣᠯᠬᠤ ᠳᠤ ᠪᠠᠶ᠎ᠠ ᠪᠠᠨ ᠮᠡᠳᠡᠭᠦ ᠪᠠᠨ ᠪᠠᠢ᠌ᠵᠤ᠂ ᠭᠡᠷ ᠤᠨ ᠡᠵᠡᠨ ᠨᠢ ᠴᠤ ᠶᠤᠮ ᠰᠢᠭ᠌᠂ ᠨᠠᠩ ᠣᠨᠤᠪᠴᠢᠳᠠᠢ ᠭᠡᠯᠡᠪᠠᠯ ᠬᠤᠯᠠᠭᠠᠢ᠌ᠴᠢ ᠳᠡᠭᠡᠷᠡᠮᠴᠢᠨ ᠪᠣᠯᠵᠠᠢ᠃

ᠡᠨᠡ ᠳᠡᠭ᠍ᠷᠢ ᠴᠢᠨᠢ ᠶᠠᠭᠠᠭᠢᠴᠢᠬᠠᠪᠠ ᠭᠡᠵᠤ ᠰᠠᠯᠭᠢ ᠳᠤᠭᠤᠰᠤ ᠲᠡᠶ ᠡᠳᠦᠷ ᠭᠠᠷᠬᠤ ᠳᠤ ᠴᠤ ᠠᠭᠤᠷᠯᠠᠵᠠᠭᠠᠨ᠎ᠠ᠃ ᠪᠢᠳᠠ ᠭᠡᠨ ᠶᠤᠮ︖ ᠡᠨᠡ ᠳᠡᠭ᠍ᠷᠢ ᠭᠠᠭᠴᠠᠬᠠᠨ ᠮᠠᠨ ᠤ ᠲᠦᠯᠦᠭᠡ ᠴᠠᠯᠮᠠᠢ᠌ᠵᠤ᠂ ᠮᠠᠨ ᠤ ᠲᠦᠯᠦᠭᠡ ᠪᠣᠷᠤᠭᠠᠯᠠᠬᠤ ᠶᠤᠰᠤᠳᠠᠢ ᠶᠤᠮ ᠦᠦ︖ ᠵᠢᠯ ᠨᠢ ᠵᠢᠯ ᠶᠢᠡᠨ ᠭᠦᠷᠡᠭᠦ ᠦᠭᠡᠶ ᠪᠣᠯᠵᠠᠢ ᠭᠡᠵᠤ ᠭᠠᠰᠠᠯᠤᠨ᠎ᠠ᠃ ᠪᠢᠳᠠ ᠭᠡᠰᠡᠭ᠌ ᠠᠯᠳᠠ ᠣᠯᠬᠤ ᠶᠢᠨ ᠲᠦᠯᠦᠭᠡ ᠲᠦᠮᠡ ᠪᠣᠮᠠᠨ ᠣᠨ ᠳᠤ ᠪᠦᠷᠢᠯᠳᠦᠭ᠍ᠰᠡᠨ ᠨᠤᠭᠤᠭᠠᠨ ᠣᠢ ᠶᠢ ᠰᠡᠭᠯᠡᠴᠢᠭᠡᠳᠡᠭ᠌ ᠪᠢᠰᠢ ᠦᠦ︖

ᠰᠢᠪᠠᠭᠤᠳ ᠮᠠᠨ ᠡᠴᠠ ᠯᠠ ᠪᠣᠯᠤᠭᠠᠤᠨ ᠦᠷᠭᠦᠵᠤ᠂ ᠰᠢᠭᠣᠢ᠌ᠤᠨ ᠮᠠᠨ ᠡᠴᠠ ᠯᠠ ᠪᠣᠯᠤᠭᠠᠤᠨ ᠰᠢᠩᠭᠡᠷᠡᠵᠤ᠂ ᠨᠠᠭᠤᠷ ᠳᠠᠩᠭᠢᠰ ᠮᠠᠨ ᠡᠴᠠ ᠯᠠ ᠪᠣᠯᠤᠭᠠᠤᠨ ᠰᠢᠷᠭᠢᠵᠤ ᠪᠠᠢ᠌ᠬᠤ ᠦᠭᠡᠶ ᠦᠦ︖

ᠪᠢᠳᠠ ᠵᠡᠷᠯᠢᠭ᠌ ᠳᠤᠭᠰᠢᠨ ᠪᠠᠷᠰ ᠢᠷᠪᠢᠰ᠂ ᠬᠤᠤᠷᠳᠤ ᠮᠤᠭᠠᠢ ᠶᠢ ᠠᠩᠨᠠᠬᠤ ᠪᠠᠷ ᠪᠠᠷᠠᠬᠤ ᠦᠭᠡᠶ ᠵᠥᠭᠡᠯᠡᠨ ᠳᠤᠩᠭ᠋ᠠᠯᠠᠭ ᠨᠠᠭᠤᠷ ᠴᠥᠭᠦᠷᠦᠮ ᠳᠤ ᠵᠢᠭᠠᠯᠬᠠᠨ ᠰᠡᠯᠢᠭᠦᠷ ᠶᠢᠡᠨ ᠳᠠᠪᠢᠨ ᠠᠯᠢᠶᠠᠯᠠᠬᠤ ᠣᠶᠠᠨ ᠨᠠᠭᠢᠯᠤᠭᠤᠨ ᠵᠢᠭᠠᠰᠤ ᠵᠢᠷᠭᠠᠬᠠᠢ ᠶᠢ ᠴᠤ ᠠᠩᠨᠠᠵᠤ ᠢᠳᠡᠴᠢᠭᠡᠳᠡᠭ᠌ ᠪᠢᠰᠢ ᠦᠦ︖

ᠪᠢᠳᠠ ᠪᠣᠯ ᠬᠤᠷᠤᠬᠠᠢ ᠪᠢᠰᠢ ᠶᠤᠮ᠂ ᠭᠡᠪᠠᠴᠤ ᠳᠡᠭ᠍ᠷᠢ ᠪᠠᠨ ᠴᠤᠭᠤᠯᠵᠤ᠂ ᠭᠠᠵᠠᠷ ᠶᠢᠡᠨ ᠨᠥᠭᠡᠯᠡᠵᠤ ᠪᠠᠢ᠌ᠳᠠᠭ᠃ ᠪᠢᠳᠠ ᠪᠣᠯ ᠮᠥᠩᠭᠡ ᠶᠢᠨ ᠪᠢᠰᠢ ᠶᠤᠮ᠂ ᠭᠡᠪᠠᠴᠤ ᠠᠪᠠᠳᠠᠷ᠎ᠠ ᠲᠠᠭᠠᠨ ᠯᠠ ᠮᠦᠩᠭᠦ ᠲᠡᠶ ᠪᠠᠢ᠌ᠬᠤ ᠶᠢ ᠭᠦᠰᠡᠳᠡᠭ᠌ ᠶᠤᠮ᠃

ᠪᠢᠳᠠ ᠬᠤᠳᠠᠯ ᠪᠣᠯᠪᠠᠴᠤ ᠢᠨᠢᠶᠠᠵᠤ ᠴᠢᠳᠠᠨ᠎ᠠ᠂ ᠭᠡᠪᠠᠴᠤ ᠥᠨᠡᠭᠡ ᠴᠢᠨ᠋ᠸ᠎ᠠ ᠴᠢᠳᠠᠳᠠᠭ ᠦᠭᠡᠶ ᠶᠤᠮ᠃

ᠪᠢᠳᠠ ᠪᠣᠯ ᠳᠦᠷᠦᠭᠦᠯᠵᠤ ᠪᠣᠢ᠌ᠵᠢᠭᠤᠯᠤᠭᠰᠠᠨ ᠡᠴᠢᠭᠡ ᠡᠭᠡ ᠪᠠᠨ ᠭᠦᠷᠳᠡᠯ᠎ᠡ ᠣᠷᠭᠢᠵᠤ ᠴᠢᠳᠠᠨ᠎ᠠ᠂ ᠭᠡᠪᠠᠴᠤ ᠮᠤᠷᠢ ᠨᠤᠬᠠᠢ ᠡ᠊ᠨᠳᠡᠭ᠍ᠰᠡᠨ ᠡᠵᠡᠨ ᠶᠢᠡᠨ ᠪᠣᠯᠪᠠᠴᠤ ᠥᠭᠦᠳᠡᠯ᠎ᠡ ᠰᠠᠭᠢᠵᠤ ᠴᠢᠳᠠᠳᠠᠭ ᠶᠤᠮ᠃

ᠠᠪᠣᠷᠭᠤ ᠮᠠᠩ ᠮᠤᠭᠠᠢ ᠨᠢᠭᠡᠭᠡᠨ ᠶᠠᠩᠭᠢᠷ ᠢ ᠵᠠᠯᠭᠢᠴᠢᠬᠠᠪᠠᠯ ᠨᠢᠭᠡ ᠵᠢᠯ ᠴᠤ ᠥᠶ‍ᠦᠭ᠌ ᠴᠠᠳᠬᠤᠯᠠᠩ ᠨᠣᠢ᠌ᠷᠰᠤᠵᠤ ᠴᠢᠳᠠᠨ᠎ᠠ᠃ ᠭᠡᠳᠡᠯ᠎ᠡ ᠪᠢᠳᠠ ᠥᠭᠦᠵᠤ ᠯᠠ ᠠᠮᠠᠷᠠᠬᠤ ᠦᠭᠡᠶ ᠪᠣᠯ ᠴᠠᠳᠬᠤ ᠦᠭᠡᠶ ᠶᠤᠮ᠃ ᠪᠢᠳᠠ ᠶᠠᠭᠤ ᠴᠢᠳᠠᠳᠠᠭ ᠶᠤᠮ︖ ᠠᠰᠠᠷ ᠪᠠᠷᠢᠵᠤ ᠴᠢᠳᠠᠨ᠎ᠠ᠃ ᠭᠡᠳᠦᠢ ᠰᠦᠷᠯᠢᠭ᠌ ᠦᠨᠳᠠᠷ ᠠᠰᠠᠷ ᠢ ᠪᠠᠢ᠌ᠭᠤᠯᠵᠤ ᠪᠠᠢ᠌ᠪᠠᠯ ᠭᠡᠳᠦᠢ ᠰᠠᠢ᠌ᠬᠠᠨ ᠪᠠᠢ᠌ᠭᠠᠯᠢ ᠶᠢᠨ ᠵᠢᠰᠤ ᠶᠢ ᠡᠪᠳᠡᠯᠵᠤ᠂ ᠭᠤᠤᠯ ᠢ ᠨᠢ ᠰᠤᠭᠤᠯᠵᠤ ᠪᠠᠢ᠌ᠬᠤ ᠶᠤᠮ᠃ ᠭᠡᠳᠦᠢ ᠨᠤᠴᠢᠳᠠᠢ ᠵᠡᠪᠰᠡᠭ᠌ ᠢ ᠣᠢ᠌ᠯᠠᠳᠴᠤ ᠯᠠ ᠪᠠᠢ᠌ᠪᠠᠯ ᠭᠡᠳᠦᠢ ᠮᠥᠭᠦᠯ ᠶᠢᠡᠨ ᠳᠦᠷᠭᠡᠳᠭᠡᠵᠤ ᠪᠠᠢ᠌ᠬᠤ ᠶᠤᠮ᠃

ᠣᠷᠤᠨ ᠣᠷᠤᠨ ᠳᠤ ᠪᠠᠨ ᠳᠤᠭᠢᠷᠠᠭᠰᠠᠨ ᠶᠠᠭᠤᠮ᠎ᠠ ᠶᠢ ᠣᠷᠤᠨ ᠳᠤᠷᠤᠨ ᠦᠭᠡᠶ ᠪᠣᠯᠭᠠᠳᠠᠭ ᠨᠢ ᠪᠢᠳᠠ ᠶᠤᠮ᠃ ᠠᠮᠢᠳᠠᠨ ᠨᠢᠭᠡ ᠡᠷᠡᠨ ᠤ ᠬᠤᠭᠤᠯᠠᠨ ᠤ ᠲᠦᠯᠦᠭᠡ ᠭᠦᠶ‍ᠦᠳᠡᠭ᠌ ᠪᠠᠢ᠌ᠬᠤ ᠳᠤ ᠪᠢᠳᠠ ᠦᠶ᠎ᠡ ᠶᠢᠨ ᠦᠶ᠎ᠡ ᠭᠡᠷᠡᠭᠯᠡᠭᠡᠳ ᠪᠠᠷᠠᠬᠤ ᠦᠭᠡᠶ ᠶᠠᠭᠤᠮᠠᠨ ᠤ ᠲᠦᠯᠦᠭᠡ ᠥᠭᠦᠯᠳᠡᠵᠡᠭᠡᠵᠤ ᠪᠠᠢ᠌ᠬᠤ ᠶᠤᠮ᠃

ᠦᠷ᠎ᠡ ᠦᠨᠳᠦᠰᠦ ᠵᠠᠯᠭᠠᠮᠵᠢᠯᠠᠨ᠎ᠠ ᠭᠡᠳ ᠳᠦᠷᠦᠵᠡᠭᠡᠵᠤ ᠯᠠ ᠪᠠᠢ᠌ᠨ᠎ᠠ᠃ ᠪᠦᠭᠦᠳᠡᠭᠡᠷ ᠶᠢᠡᠨ ᠳᠡᠭ᠍ᠷᠢ ᠶᠢᠨ ᠭᠦᠪᠠᠭᠦᠨ ᠶᠤᠮ ᠦᠦ︖ ᠴᠢᠮ᠎ᠠ ᠦᠭᠡᠶ ᠪᠠᠷ᠂ ᠴᠢᠨᠤ ᠳᠠᠷᠠ ᠱᠠᠯᠪᠠᠭ ᠰᠢᠠᠨ ᠰᠢᠮ᠎ᠠ ᠰᠢᠭᠦᠰᠤ ᠪᠠᠷ ᠴᠢᠨᠢ ᠪᠦᠷᠢᠯᠳᠤᠭᠰᠠᠨ ᠰᠢᠷᠠᠯᠵᠢ ᠡᠪᠠᠰᠤ ᠰᠢᠭ ᠦᠷ᠎ᠡ ᠦᠨᠳᠦᠰᠦ ᠴᠢᠨᠢ ᠳᠦᠭᠦᠷᠭᠦ ᠪᠠᠷ ᠳᠡᠯᠡᠭᠡᠢ ᠪᠠᠨ ᠰᠠᠭᠢᠬᠤ ᠭᠠᠭᠴᠠᠬᠠᠨ ᠭᠦᠤ ᠶᠢ ᠥᠯᠡᠳᠡᠭᠡᠨ ᠠᠮᠢᠰᠬᠤᠯᠯᠠᠬᠤ ᠠᠭᠠᠷ ᠦᠭᠡᠶ ᠪᠣᠯᠭᠠᠴᠢᠬᠠᠬᠤ ᠦᠭᠡᠶ ᠦᠦ︖

ᠪᠢᠳᠠ ᠮᠥᠩᠭᠡᠷᠡᠭᠦ ᠦᠭᠡᠶ ᠳᠤ ᠪᠠᠨ ᠯᠠ ᠪᠣᠯᠵᠠᠢ᠂ ᠮᠥᠩᠭᠡᠷᠡᠭᠦ ᠶᠤᠮ ᠪᠣᠯ ᠳᠠᠮᠤᠷ ᠴᠢᠯᠠᠭᠤ ᠴᠤ ᠣᠭᠢᠯᠠᠨ᠎ᠠ᠃

ᠳᠤᠯᠤᠭᠠᠨ ᠥᠩᠭᠡ ᠶᠢᠨ ᠰᠤᠯᠤᠩᠭ᠎ᠠ ᠳᠠᠳᠠᠬᠤ᠂ ᠳᠤᠭᠰᠢᠨ ᠭᠤᠤᠯ ᠤᠨ ᠣᠰᠤ ᠬᠠᠷᠭᠢᠬᠤ ᠴᠢᠮᠡᠭᠡ᠂ ᠵᠡᠷᠯᠢᠭ᠌ ᠮᠥᠭᠦ ᠣᠷᠭᠤᠬᠤ᠂ ᠨᠢᠯᠬ᠎ᠠ ᠨᠤᠭᠤᠭ᠎ᠠ ᠰᠤᠭᠰᠤᠷᠬᠤ ᠶᠠᠮᠠᠷ ᠭᠤᠶᠤ ᠪᠣᠢ︖ ᠬᠤᠨᠢ ᠮᠠᠢ᠌ᠯᠠᠬᠤ᠂ ᠨᠤᠬᠠᠢ ᠬᠤᠴᠠᠬᠤ᠂ ᠪᠣᠭᠤ ᠣᠷᠤᠮᠳᠠᠬᠤ᠂ ᠮᠤᠷᠢ ᠢᠠᠴᠠᠭᠠᠬᠤ᠂ ᠴᠡᠭ᠍ᠴᠡᠦᠭᠡᠢ ᠵᠢᠷᠭᠢᠭᠦ ᠶᠠᠮᠠᠷ ᠳᠤᠳᠤᠨᠤ ᠪᠣᠢ︖ ᠭᠡᠳᠡᠯ᠎ᠡ ᠮᠠᠨ ᠡᠴᠡ ᠯᠠ ᠪᠣᠯᠤᠭᠠᠤᠨ ᠡᠨᠡ ᠪᠦᠭᠦᠨ ᠬᠤᠯᠠᠳᠠᠵᠤ᠂ ᠡᠪᠳᠡᠷᠡᠵᠤ ᠠᠷᠢᠯᠵᠤ ᠯᠠ ᠪᠠᠢ᠌ᠨ᠎ᠡ᠃

ᠪᠢᠳᠠ ᠶᠠᠭᠤ ᠪᠣᠢ︖


ᠵᠤᠬᠢᠶᠠᠭᠴᠢ ᠶᠢᠨ ᠬᠠ‍‌ᠶᠢᠭ ᠄ ᠪᠠᠷᠠᠭᠤᠨ ᠪᠠᠭᠠᠷᠢᠨ

ᠵᠤᠬᠢᠶᠠᠭᠴᠢ᠄ ᠫᠣ·ᠰᠠᠨᠠᠭᠠᠷᠠᠪᠣᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢ᠌ᠷᠠᠭᠤᠯᠤᠯ
ᠳᠠᠷᠤᠮ᠄ 1917
ᠴᠠᠭ᠄ 2010 ᠤᠨ ᠤ 12 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁