ᠴᠢᠭᠢ ᠵᠥᠭᠡᠯᠡᠨ

《  ᠨᠠᠷᠠ ᠴᠢᠮᠢ᠋ᠢ ᠳᠤᠭᠤᠷᠢᠳᠠᠭ》 ᠭᠡᠭᠦ ᠳ᠋ᠤ

ᠣᠤᠬᠠᠢ ︕ ᠬᠠᠰᠭᠢᠷᠴᠤ ᠡᠪᠦᠳᠦᠭ᠌ ᠠᠯᠠᠭᠠᠳᠠᠨ

ᠣᠯᠵᠤ ᠮᠡᠳᠡᠭᠡ ᠦᠭᠡᠶ ᠠᠭᠤᠤ ᠶᠡᠭᠡ ᠳ᠋ᠤ

ᠠᠯᠬᠤᠭᠠᠤᠨ ᠭᠦᠷᠦᠭ᠍ᠰᠡᠨ ᠶᠤᠮ ᠰᠢᠭ᠌᠁

       《ᠨᠠᠷᠠ ᠶᠢ ᠪᠢ ᠡᠷᠭᠢᠳᠡᠭ᠌》 ᠭᠡᠭᠦ ᠳ᠋ᠤ

        ᠦᠨᠡᠨ ︕ ᠭᠡᠮᠡᠨ ᠦᠷᠪᠠᠭᠡᠷ ᠨᠢᠳᠤᠯᠠᠨ

         ᠺᠤᠯᠤᠮᠪᠣ ᠡᠭᠡ ᠬᠠᠭᠤᠷᠠᠢ ᠶᠢ ᠢᠯᠡᠷᠡᠭᠦᠯᠦᠭ᠍ᠰᠡᠨ ᠡᠴᠠ

        ᠬᠤᠯᠠ ᠶᠡᠭᠡ ᠭᠠᠢ᠌ᠬᠠᠯ ᠪᠣᠯᠵᠤ ᠁

ᠳᠠᠢ᠌ᠰᠤᠨ ᠨᠥᠭᠦᠷ ᠬᠤᠶᠠᠷ ᠵᠢᠠᠨ

ᠳᠠᠨᠢᠮᠠᠷ ᠳᠠᠨᠢᠮᠠᠷ ᠪᠣᠯᠵᠤ

ᠳᠠᠪᠣ ᠦᠰᠦᠷᠳᠡᠭ᠌ ᠫᠣᠤ ᠪᠠᠨ

ᠡᠷᠭᠦᠮᠡᠷ ᠡᠷᠭᠦᠮᠡᠷ ᠤᠢ᠌ᠷᠠᠳᠤᠨ᠎ᠠ᠃

         ᠠᠷᠠᠢ ᠴᠤ ᠭᠡᠮᠡᠨ᠁

         ᠡᠷᠡᠤ ᠠᠮᠠ ᠴᠠᠴᠠᠷᠠᠨ᠎ᠠ

         ᠠᠯᠢ ᠨᠢ ᠪᠣᠯ ᠭᠡᠮᠡᠨ᠁

         ᠡᠪᠳᠡᠷᠡᠵᠤ᠂ ᠡᠶᠡᠳᠡᠭᠦ ᠬᠤᠰᠠᠷᠠᠨ᠎ᠠ᠃   

ᠳᠠᠭᠠᠳᠠᠢ ᠰᠤᠨᠤᠰᠳᠠᠪᠠᠯ ᠲ᠋ᠠᠯᠬ᠎ᠠ ᠬᠠᠢ᠌ᠷᠠᠯᠠᠨ᠎ᠠ

ᠳᠠᠭ᠎ᠠ ᠦᠭᠡᠶ ᠭᠡᠯᠡᠪᠠᠯ ᠰᠢᠳᠭᠡᠯ ᠰᠤᠶᠤᠷᠬᠠᠨ᠎ᠠ

ᠳᠠᠮᠠᠭᠠᠨ ᠪᠠᠷᠢᠭᠤᠯ ᠳᠡᠭᠡᠷ᠎ᠡ ᠳᠤᠷ᠎ᠠ ᠪᠠᠷ ᠳᠤᠩᠭ᠋ᠤᠴᠠᠨ᠎ᠠ

ᠳᠠᠶᠠᠩ ᠤᠨ ᠭᠡᠷᠡᠭ᠌ ᠲᠤ ᠰᠦᠨᠠᠰᠤ ᠳᠦᠭᠡᠷᠢᠯᠳᠦᠨ᠎ᠡ᠃   

         ᠡᠴᠦᠰ ᠰᠡᠭᠦᠯ ᠳᠤ ᠶᠠᠭᠤ ᠴᠤ ᠥᠭᠡᠢ

         ᠡᠭᠢ ᠠᠳᠠᠭ ᠤᠨ ᠠᠯᠢᠨ ᠳ᠋ᠤᠨᠢ ᠴᠤ ᠭᠦᠷᠭᠦ ᠥᠭᠡᠢ

         ᠡᠷᠡᠭᠡᠯᠵᠢᠵᠤ ᠲ᠋ᠡᠨᠡᠭᠡᠯᠵᠡᠭ᠍ᠰᠡᠭᠡᠷ᠁

         ᠡᠷ᠎ᠡ ᠭᠦᠮᠤᠨ ᠤ ᠰᠢᠠᠵᠢ ᠴᠤ ᠥᠭᠡᠢ

ᠭᠡᠨ ᠭᠡᠯᠡᠭ᠍ᠰᠡᠨ ᠴᠤ ᠭᠡᠷᠡᠭ᠌ ᠲ᠋ᠡᠢ ᠶᠤᠮ ᠰᠢᠭ᠌

ᠭᠡᠯᠪᠠᠯᠵᠢᠵᠤ ᠲ᠋ᠡᠯᠪᠠᠯᠵᠢᠭ᠍ᠰᠡᠭᠡᠷ ᠁

ᠭᠡᠷᠡᠭ᠌ ᠣᠴᠢᠷ ᠪᠣᠬᠠᠯᠠᠵᠤ ᠶᠠᠷᠠᠰᠢᠪᠠᠯ

ᠭᠡᠭᠦᠳᠡᠭ᠌ ᠳᠡᠯᠡᠳᠭᠦ ᠡᠴᠡ ᠴᠠᠰᠢ ᠥᠭᠡᠢ


ᠵᠤᠬᠢᠶᠠᠭᠴᠢ ᠶᠢᠨ ᠬᠠ‍‌ᠶᠢᠭ ᠄ ᠳᠦᠷᠪᠠᠤᠨ ᠬᠤᠰᠢᠭᠤᠨ ᠵᠢᠭᠠᠬᠤ ᠶᠢ ᠰᠤᠳᠤᠯᠬᠤ ᠳᠠᠰᠤᠭ

ᠵᠤᠬᠢᠶᠠᠭᠴᠢ᠄ ᠦ᠊·ᠠᠯᠳᠠᠠᠪᠣᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1625
ᠴᠠᠭ᠄ 2012 ᠤᠨ ᠤ 04 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ 1 ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ