ᠠᠶᠠᠨ ᠳ᠋ᠤ

ᠠᠷᠮᠠᠭ ᠭᠦᠯᠦᠭ᠌ ᠮᠢᠨᠢ ᠤᠢ᠌ᠷᠬᠠᠨ ᠴᠤ ᠪᠠᠢ᠌ᠳᠠᠭ ᠪᠣᠯ

ᠠᠯᠤᠰ ᠢ ᠵᠤᠷᠢᠨ ᠳᠠᠰᠢᠭᠤᠷ ᠦᠭ‍ᠭᠦᠶ᠎ᠡ᠂

ᠠᠮᠢᠳᠤᠷᠠᠯ ᠤᠨ ᠴᠥᠭᠦᠷᠡᠯ ᠢ ᠡ᠊ᠨᠳᠡ ᠣᠷᠭᠢᠵᠤ

ᠠᠰ ᠴᠢᠭ᠌ ᠲᠡᠭᠡᠨ ᠮᠤᠷᠳᠠᠨ ᠠᠷᠢᠯᠤᠶ᠎ᠠ᠃

ᠥᠯᠢᠶᠡᠭᠦ ᠰᠠᠯᠭᠢᠨ ᠳᠤ ᠦᠰᠤ ᠪᠠᠨ ᠨᠠᠮᠢᠷᠠᠭᠤᠯᠵᠤ

ᠥᠩᠭᠡᠳᠤ ᠴᠡᠴᠡᠭᠡᠰ ᠲᠤ ᠳᠤᠭᠤᠰᠤ ᠪᠠᠨ ᠥᠯᠡᠳᠡᠭᠡᠵᠤ

ᠦᠴᠦᠭᠡᠳᠦᠷ ᠤᠨ ᠭᠦᠨᠢᠭ᠂ ᠡᠰᠡᠭᠦᠯ᠎ᠡ ᠴᠡᠩᠭᠡᠯ ᠢ

ᠦᠨᠦᠳᠤᠷ ᠤᠨ ᠰᠢᠪᠠᠭᠤᠳ ᠲᠡᠶ ᠴᠤᠭ ᠨᠢᠰᠭᠡᠵᠤ᠂

ᠳᠤᠪᠳᠤᠯᠠᠬᠤ ᠮᠤᠷᠢᠨ ᠤ ᠳᠤᠭᠤᠷᠠᠢ ᠵᠢ

ᠳᠤᠭᠳᠤᠯᠠᠬᠤ ᠵᠢᠷᠦᠭᠡ ᠲᠡᠶ ᠣᠷᠤᠯᠳᠠᠭᠤᠯᠵᠤ

ᠳᠤᠮᠤᠭ ᠤᠨ ᠶ‍ᠢᠷᠳᠢᠠᠴᠤ ᠶᠢ ᠮᠦᠷᠦᠭᠡᠳᠤᠨ ᠪᠠᠢ᠌ᠵᠤ

ᠳᠤᠷᠤᠨ᠎ᠠ ᠵᠥᠭ᠌ ᠣᠷᠤᠭᠤ ᠬᠤᠷᠳᠤᠯᠠᠨ᠎ᠠ᠃

ᠡᠷᠳᠡᠨᠢ ᠶᠢᠨ ᠰᠢᠳ᠋ ᠶᠢ ᠣᠯᠤᠭᠠᠤᠨ ᠠᠳᠬᠤᠭᠰᠠᠨ ᠮᠠᠳᠤ

ᠡᠮᠡᠭᠡᠯ ᠳᠡᠭᠡᠷ᠎ᠡ ᠳᠤᠭᠳᠠᠵᠤ ᠶᠠᠳᠠᠨ ᠪᠦᠭᠦᠢᠵᠤ

ᠡᠷ᠎ᠡ ᠴᠡᠭᠡᠵᠢᠨ ᠳᠤ ᠪᠦᠭᠡᠮ ᠪᠠᠶᠠᠷ ᠳᠦᠭᠦᠯᠵᠡᠭᠦᠯᠵᠤ

ᠡᠷᠭᠡ ᠴᠢᠯᠦᠭᠡ ᠶᠢ ᠭᠠᠠᠵᠤᠭᠠᠯᠠᠵᠤ ᠶᠠᠪᠣᠨ᠎ᠠ᠃


ᠵᠤᠬᠢᠶᠠᠭᠴᠢ ᠶᠢᠨ ᠬᠠ‍‌ᠶᠢᠭ ᠄ ᠳᠦᠷᠪᠠᠤᠨ ᠬᠤᠰᠢᠭᠤ

ᠵᠤᠬᠢᠶᠠᠭᠴᠢ᠄ ᠡᠷᠭᠢᠮᠰᠦᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1326
ᠴᠠᠭ᠄ 2012 ᠤᠨ ᠤ 04 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁