ᠨᠠᠳᠠ ᠶᠢ ᠰᠠᠨᠠᠵᠤ ᠣᠯᠬᠤ ᠥᠭᠡᠢ

ᠴᠢᠮ᠎ᠠ ᠳᠠᠭᠠᠨ ᠦᠭ‍ᠭᠦᠶ᠎ᠡ ᠭᠡᠰᠡᠨ ᠨᠢᠭᠤᠴᠠᠬᠠᠨ ᠬᠠᠢ᠌ᠷ᠎ᠠ ᠪᠠᠨ

ᠴᠡᠩᠭᠡᠷ ᠠᠭᠤᠯᠠᠰ ᠤᠨ ᠣᠷᠤᠢ ᠳᠡᠭᠡᠭᠦᠷ ᠨᠡᠭᠦᠭᠡᠳ ᠢᠷᠡᠭᠦ

ᠴᠠᠭᠠᠨ ᠡᠭᠦᠯᠡᠨ ᠳᠤ ᠰᠢᠩᠭᠡᠭᠡᠭ᠍ᠰᠡᠨ ᠶᠤᠮ

ᠳᠠᠷᠠ ᠰᠠᠢ᠌ᠬᠠᠨ ᠡᠭᠦᠯᠡ ᠮᠢᠨᠢ

ᠴᠢᠨᠤ ᠨᠤᠳᠤᠭ ᠲᠤ ᠭᠦᠷᠴᠤ

ᠰᠠᠬᠤᠯᠠᠭ ᠨᠤᠭᠤᠭᠠᠨ ᠮᠤᠳᠤᠳ ᠤᠨ ᠨᠠᠪᠴᠢ ᠪᠦᠭᠦᠨ ᠳᠡᠭᠡᠷ᠎ᠡ

ᠪᠣᠷᠤᠭᠠᠨ ᠪᠣᠯᠵᠤ ᠣᠨᠠᠨ᠎ᠠ

ᠰᠠᠷᠠᠨ ᠤ ᠭᠡᠷᠡᠯ ᠲᠡᠶ ᠬᠤᠯᠢᠯᠳᠤᠵᠤ ᠴᠡᠴᠡᠭ᠌ ᠪᠦᠭᠦᠨ ᠤ ᠳᠠᠯᠪᠢᠨ ᠳᠡᠭᠡᠷ᠎ᠡ

ᠰᠢᠭᠦᠳᠡᠷᠢ ᠪᠣᠯᠵᠤ ᠣᠨᠠᠨ᠎ᠠ ᠁


ᠴᠢ ᠦᠷᠯᠦᠭᠡ ᠡᠷᠳᠡ ᠣᠠᠳᠠᠯᠭ᠎ᠠ ᠶᠢᠨ ᠬᠤᠪᠴᠠᠰᠤ ᠲᠡᠶ ᠪᠠᠷ

ᠴᠤᠩᠬᠤ ᠪᠠᠨ ᠨᠡᠭᠡᠭᠡᠨ᠎ᠡ

ᠥᠶᠡᠯᠵᠡᠭ᠍ᠰᠡᠨ ᠵᠥᠭᠡᠯᠡᠨ ᠵᠢᠪᠠᠷ ᠨᠠᠳᠠ ᠶᠢ ᠣᠷᠤᠯᠠᠵᠤ

ᠴᠢᠮ᠎ᠠ ᠶᠢ ᠦᠨᠦᠰᠤᠨ᠎ᠠ

ᠴᠢ ᠭᠦᠭᠡᠷᠦᠭᠦᠨ ᠡᠪᠰᠢᠶᠡᠵᠤ

ᠡᠨᠡ ᠪᠦᠭᠦᠨ ᠢ ᠦᠯᠦ ᠮᠠᠳᠠᠨ᠎ᠠ

ᠪᠣᠷᠤᠭᠠᠨ ᠳᠤ ᠣᠭᠢᠶᠠᠭᠳᠠᠭᠰᠠᠨ ᠨᠠᠪᠴᠢᠰ ᠪᠠ

ᠪᠦᠮᠪᠦᠭᠡᠨᠡᠭ᠍ᠰᠡᠨ ᠰᠢᠭᠦᠳᠡᠷᠢ ᠲᠡᠶ ᠴᠡᠴᠡᠭᠡᠰ ᠢ ᠬᠠᠷᠠᠭᠰᠠᠨ ᠴᠤ

ᠨᠠᠮ᠎ᠠ ᠶᠢ ᠡᠰᠡ ᠰᠠᠨᠠᠵᠤ ᠣᠯᠤᠨ᠎ᠠ ᠡ ᠁


ᠵᠤᠬᠢᠶᠠᠭᠴᠢ ᠶᠢᠨ ᠬᠠ‍‌ᠶᠢᠭ ᠄ ᠪᠠᠭᠠᠷᠢᠨ ᠤ ᠪᠠᠢ᠌ᠰᠢᠩᠳᠤ

ᠵᠤᠬᠢᠶᠠᠭᠴᠢ᠄ ᠳ᠋·ᠪᠦᠷᠢᠨ‍ᠲᠤᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2586
ᠴᠠᠭ᠄ 2011 ᠤᠨ ᠤ 07 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ