ᠶᠠᠭᠠᠭᠢᠯ᠎ᠠ

ᠢᠳᠡᠭᠡᠨ ᠣᠨᠢᠶᠠᠷ ᠳᠤᠨᠤᠭᠠᠤᠨ

ᠦᠨᠳᠦᠷ ᠠᠭᠤᠯᠠᠰ ᠪᠦᠷᠦᠭ᠍‍ᠭᠡᠨ ᠡ

ᠰᠡᠳᠭᠢᠯ ᠤᠨ ᠭᠤᠨᠢᠭ ᠣᠨᠠᠭᠠᠤᠨ

ᠰᠠᠨᠠᠭᠠᠨ ᠤ ᠠᠮᠠᠷᠠᠭ ᠮᠢᠨᠢ ᠠᠯᠠᠭ᠎ᠠ ᠡ

ᠰᠡᠷᠢᠭᠦᠭᠡᠨ ᠨᠤᠭᠤᠭᠠᠨ ᠬᠠᠩᠭ᠋ᠠᠢ ᠳᠤ

ᠰᠡᠷᠢᠭᠦᠴᠡᠭᠦ ᠪᠠᠷ ᠢᠷᠠᠯ᠎ᠠ ᠡ ᠪᠢ

ᠰᠠᠢ᠌ᠬᠠᠨ ᠠᠮᠠᠷᠠᠭ ᠲᠡᠶ ᠪᠠᠨ ᠠᠭᠤᠯᠵᠠᠭᠠᠤᠨ

ᠰᠡᠯᠡᠭᠦᠴᠡᠨ ᠨᠠᠭᠠᠳᠬᠤ ᠪᠠᠷ ᠪᠣᠳᠤᠯ᠎ᠠ ᠡ ᠪᠢ

ᠢᠳᠡᠭᠡᠨ ᠣᠨᠢᠶᠠᠷ ᠢ ᠠᠷᠴᠢᠭᠠᠤᠨ ᠬᠠᠶᠠᠳᠠᠭ

ᠥᠯᠢᠶᠡᠭᠦ ᠰᠠᠯᠭᠢ ᠴᠢ ᠶᠠᠭᠠᠭᠢᠯ᠎ᠠ ᠡ

ᠰᠡᠳᠭᠢᠯ ᠤᠨ ᠭᠤᠨᠢᠭ ᠢ ᠬᠤᠰᠤᠭᠠᠤᠨ ᠦᠭ‍ᠳᠡᠭ᠌

ᠰᠠᠨᠠᠭᠠᠨ ᠤ ᠠᠮᠠᠷᠠᠭ ᠮᠢᠨᠢ ᠴᠢ ᠶᠠᠭᠠᠭᠢᠯ᠎ᠠ ᠡ

ᠶᠠᠭᠠᠭᠢᠯ᠎ᠠ ᠡ᠂ ᠶᠠᠭᠠᠭᠢᠯ᠎ᠠ ᠡ

ᠶᠠᠷᠤᠨᠢ ᠪᠢ ᠮᠠᠨᠠᠨ ᠳᠤ ᠳᠦᠭᠡᠷᠢᠯ᠎ᠡ ᠡ

ᠶᠠᠭᠠᠭᠢᠯ᠎ᠠ ᠡ᠂ ᠶᠠᠭᠠᠭᠢᠯ᠎ᠠ ᠡ

ᠶᠠᠷᠤᠨᠢ ᠪᠢ ᠣᠢ᠌ᠤᠠᠬᠠᠷ ᠲᠤ ᠠᠪᠳᠠᠯ᠎ᠠ ᠡ


ᠵᠠᠢ


ᠡᠭᠦᠯᠡ ᠳᠡᠪᠢᠰᠭᠡᠷᠯᠡᠭ᠍ᠰᠡᠨ ᠮᠤᠩᠭ᠋ᠤᠯ ᠭᠡᠷ

ᠡ᠊ᠨᠳᠡ ᠡᠴᠡ ᠳᠡᠭ᠍ᠷᠢ ᠳᠤ ᠨᠢᠭᠡ ᠳᠤᠬᠤᠢ

ᠡᠭᠦᠳᠡ ᠴᠡᠴᠡᠭᠯᠡᠭᠦᠯᠦᠭ᠍ᠰᠡᠨ ᠭᠤᠸ᠎ᠠ ᠦᠬᠢᠨ

ᠳᠠᠠᠳᠠ ᠡᠴᠡ ᠰᠡᠳᠭᠢᠯ ᠳᠤ ᠵᠠᠭᠤᠨ ᠳᠤᠬᠤᠢ

ᠵᠤᠬᠢᠶᠠᠭᠴᠢ᠄ ᠭᠠᠩᠭ᠋᠎ᠠ
ᠬᠠᠷᠢᠶ᠎ᠠ᠄ ᠰᠢᠯᠦᠭ
ᠳᠠᠷᠤᠮ᠄ 2333
ᠴᠠᠭ᠄ 2009 ᠤᠨ ᠤ 03 ᠰᠠᠷ᠎ᠠ ᠶᠢᠨ 16