ᠬᠤᠷᠮᠤᠨ ᠤ ᠬᠤᠤᠷᠳᠠᠯ ᠤᠨ ᠬᠦᠨᠳᠦ ᠨᠤᠴᠢᠲᠠᠢ ᠦᠷ᠎ᠡ ᠳ᠋ᠦ᠋ᠩ

ᠶᠠᠷᠤ ᠶᠢᠨ ᠥᠭᠡᠨ ᠳᠤ 《ᠮᠤᠭᠠᠢ ᠬᠤᠤᠷᠠᠨ ᠳᠠᠭᠠᠨ ᠰᠢᠷᠠᠯᠠᠨ᠎ᠠ》 ᠭᠡᠳᠡᠭ᠌᠃ ᠭᠡᠳᠡᠯ᠎ᠡ ᠭᠦᠮᠤᠨ ᠪᠣᠯ ᠬᠤᠤᠷ ᠲᠡᠶ ᠠᠮᠢᠳᠠᠨ ᠪᠢᠰᠢ ᠪᠠᠢ᠌ᠳᠠᠯ᠎ᠠ ᠪᠠᠨ ᠦᠪᠡᠷ ᠶᠢᠡᠨ ᠬᠤᠤᠷ ᠳᠠᠷᠢᠵᠤ ᠬᠤᠤᠷ ᠠᠮᠰᠠᠬᠤ ᠳᠤᠷᠠᠳᠠᠢ ᠪᠠᠢ᠌ᠳᠠᠭ ᠨᠢ ᠶᠡᠭᠡ ᠭᠠᠢ᠌ᠬᠠᠯᠳᠠᠢ ᠣᠴᠢᠷ ᠡ᠃ ᠪᠢᠳᠠ ᠠᠷᠢᠭᠢ ᠳᠠᠮᠠᠭᠢ ᠪᠠᠷ ᠵᠢᠱᠢᠶᠠᠯᠠᠵᠤ ᠦᠵᠡᠶ᠎ᠠ᠂ ᠭᠦᠮᠤᠨ ᠪᠦᠭᠦᠨ ᠠᠷᠢᠭᠢ ᠶᠢ 《ᠪᠠᠭ᠎ᠠ ᠣᠤᠭᠤᠪᠠᠯ ᠪᠠᠯ᠂ ᠪᠠᠬᠠᠨ ᠭᠡᠳᠦᠷᠡᠪᠠᠰᠤ ᠪᠠᠷᠴᠢᠳ》 ᠭᠡᠵᠤ ᠠᠮᠠᠨ ᠣᠩᠰᠢᠯᠭ᠎ᠠ ᠪᠠᠨ ᠪᠣᠯᠭᠠᠵᠤ ᠪᠠᠢ᠌ᠭᠠᠤᠨ ᠴᠢᠷᠠᠢ ᠪᠠᠨ ᠥᠷᠴᠡᠢ᠌ᠯᠭᠡᠨ ᠵᠤᠪᠠᠭᠤᠷᠢᠳᠠᠢ ᠵᠠᠯᠭᠢᠯᠠᠵᠤ᠂ ᠭᠠᠰᠢᠭᠤᠨ ᠣᠰᠤ ᠪᠠᠷ ᠣᠶᠤᠨ ᠰᠠᠨᠠᠭ᠎ᠠ ᠪᠠᠨ ᠪᠠᠯᠠᠷᠠᠭᠤᠯᠵᠤ ᠭᠡᠷᠡᠭ᠌ ᠵᠠᠷᠭᠤ ᠳᠠᠳᠠᠭᠠᠤᠨ ᠵᠤᠭᠰᠤᠬᠤ ᠦᠭᠡᠶ᠂ ᠰᠫᠢᠷᠲ᠋ ᠲᠤ ᠬᠤᠤᠷᠳᠠᠭᠠᠤᠨ ᠨᠢᠭᠡᠮᠦᠰᠤᠨ ᠥᠭᠦᠵᠤ ᠠᠷᠢᠯᠬᠤ ᠭᠦᠮᠤᠨ ᠴᠤ ᠮᠤᠩ ᠦᠭᠡᠶ᠃ ᠵᠤᠩᠭᠢᠯᠠᠬᠤ ᠭᠦᠮᠦᠰ ᠳᠠᠮᠠᠭᠢ ᠳᠠᠳᠠᠬᠤ ᠶᠢᠨ ᠦᠷ᠎ᠡ ᠳ᠋ᠦ᠋ᠩ ᠢ ᠭᠡᠨ ᠡᠴᠠ ᠳᠤᠳᠠᠬᠤ ᠦᠭᠡᠶ ᠮᠠᠳᠠᠵᠤ ᠪᠠᠢ᠌ᠳᠠᠯ᠎ᠠ ᠪᠠᠨ ᠪᠦᠭ᠍ᠰᠢᠨ ᠬᠠᠭᠰᠢᠨ ᠬᠠᠨᠢᠶᠠᠯᠭᠠᠵᠤ᠂ ᠴᠢᠷᠠᠢ ᠪᠠᠨ ᠰᠢᠷᠠᠯᠠᠳᠠᠯ᠎ᠠ ᠰᠢᠳᠤ ᠪᠠᠨ ᠬᠠᠷᠠᠯᠠᠳᠠᠯ᠎ᠠ ᠳᠠᠳᠠᠵᠤ ᠣᠷᠭᠢᠨ᠎ᠠ᠃ ᠳᠠᠭᠠᠵᠤ ᠪᠠᠢ᠌ᠭᠠᠤᠨ ᠭᠡᠮᠵᠢᠶᠡᠨ ᠡᠴᠠ ᠪᠠᠨ ᠭᠡᠳᠦᠷᠡᠳᠡᠯ᠎ᠡ ᠨᠢᠺᠦᠲ᠋ᠢᠨ ᠢ ᠰᠢᠩᠭᠡᠭᠡᠵᠤ ᠠᠪᠣᠭᠠᠤᠨ ᠠᠭᠤᠰᠭᠢᠨ ᠵᠠᠮ ᠤᠨ ᠦᠮᠠᠨ ᠪᠣᠶᠤ ᠰᠢᠩᠭᠡᠭᠡᠯᠳᠡ ᠶᠢᠨ ᠵᠠᠮ ᠤᠨ ᠦᠮᠠᠨ ᠣᠯᠵᠤ ᠡᠷᠯᠢᠭ᠌ ᠤᠨ ᠡᠭᠦᠳᠡ ᠶᠢ ᠳᠤᠭᠰᠢᠳᠠᠭ ᠪᠠᠢ᠌ᠨ᠎ᠠ᠃ ᠣᠳᠤ ᠨᠡᠢ᠌ᠭᠡᠮ ᠳᠡᠭᠡᠷ᠎ᠡ ᠳᠠᠯᠳᠠᠭᠤᠷ ᠠᠷᠠᠯᠵᠢᠶᠠᠯᠠᠵᠤ ᠪᠠᠢ᠌ᠭ᠎ᠠ ᠬᠠᠢ᠌ᠷᠤᠶ‍ᠢᠨ᠂ ᠮᠦᠰᠤᠨ ᠬᠤᠤᠷ᠎ᠠ᠂ ᠳᠤᠯᠤᠭᠠᠢ ᠰᠠᠵᠢᠬᠤ ᠦᠷᠢᠯ ᠵᠡᠷᠭᠡ ᠶᠢᠨ ᠬᠤᠤᠷᠳᠤ ᠪᠣᠳᠠᠰ ᠨᠢ ᠳᠠᠤᠠᠭᠠᠯᠰᠢᠬᠤ ᠣᠢ᠌ᠯᠠᠳᠤᠯ ᠶᠢᠡᠷ ᠴᠢᠩᠭ᠎ᠠ᠂ ᠲᠦᠪ ᠮᠠᠳᠠᠷᠠᠯ ᠢ ᠭᠦᠭᠡᠷᠦᠭᠦᠯᠤᠨ ᠮᠢᠴᠦᠷᠡᠭᠦᠯᠭᠦ ᠴᠢᠨᠠᠷ ᠶᠢᠡᠷ ᠭᠡᠴᠡᠭᠦᠤ ᠪᠠᠢ᠌ᠳᠠᠭ ᠡᠴᠠ ᠪᠣᠯᠵᠤ ᠳᠡᠯᠡᠭᠡᠢ ᠨᠠᠢ᠌ᠳᠠ ᠪᠠᠷ ᠶᠢᠡᠨ ᠶᠡᠭᠡ ᠭᠦᠴᠤ ᠳᠠᠯᠪᠢᠨ ᠴᠠᠭᠠᠵᠠᠯᠠᠵᠤ ᠪᠠᠢ᠌ᠨ᠎ᠠ᠃ ᠢᠩᠭᠢᠭᠦ ᠦᠭᠡᠶ ᠪᠣᠯ ᠡᠳᠡᠭᠡᠷ ᠬᠤᠤᠷᠳᠤ ᠪᠣᠳᠠᠰ ᠨᠢ ᠴᠠᠢ ᠳᠠᠮᠠᠭᠢ ᠠᠳᠠᠯᠢ ᠭᠦᠮᠦᠰ ᠤᠨ ᠡᠳᠦᠷ ᠳᠤᠳᠤᠮ ᠤᠨ ᠠᠮᠢᠳᠤᠷᠠᠯ ᠤᠨ ᠭᠡᠷᠡᠭ᠍ᠴᠡᠭᠡᠳᠤ ᠪᠣᠳᠠᠰ ᠪᠣᠯᠴᠢᠬᠤ ᠴᠤ ᠶᠠᠭᠤᠨ ᠮᠠᠭᠠᠤᠨ᠃ ᠡᠭᠦᠨ ᠳᠤ ᠭᠡᠷᠡᠭ᠍ᠴᠡᠭᠡ ᠪᠠᠢ᠌ᠮᠠᠠᠵᠢᠨ ᠥᠢᠯᠤᠨᠪᠦᠷᠢᠯᠡᠭ᠍ᠴᠢ ᠪᠣᠢ ᠪᠣᠯᠵᠤ᠂ ᠵᠠᠬ᠎ᠠ ᠳᠡᠯᠭᠡᠭᠦᠷ ᠥᠷᠭᠡᠵᠢᠭᠦ ᠶᠢ ᠳᠠᠭᠠᠯᠳᠤᠨ ᠠᠷᠠᠯᠵᠢᠶᠠᠯᠠᠭᠴᠢ ᠣᠯᠠᠰᠢᠷᠠᠳᠠᠭ ᠪᠢᠯᠠ᠃ ᠳᠠᠭᠠᠭᠤᠯᠡᠷ ᠭᠦᠮᠤᠨ ᠭᠡᠭ᠍ᠴᠢ ᠠᠮᠢᠳᠠᠨ ᠨᠡᠷᠡᠰᠡᠭ᠌ ᠰᠤᠨᠢᠭᠤᠴᠢ ᠵᠠᠩ ᠳᠠᠭᠠᠨ ᠪᠠᠷᠢᠭᠳᠠᠵᠤ ᠠᠶᠤᠵᠤ ᠪᠠᠢ᠌ᠳᠠᠯ᠎ᠠ ᠪᠠᠨ ᠠᠮᠳᠠᠯᠠᠵᠤ ᠥᠵᠡᠭᠦ ᠶᠢ ᠭᠤᠷᠢᠳᠠᠭᠠᠤᠨ ᠭᠦᠨ ᠭᠦᠪ ᠢ ᠢᠷᠮᠡᠭᠯᠡᠨ ᠱᠠᠭᠠᠢ᠌ᠵᠤ ᠪᠠᠢ᠌ᠭᠠᠤᠨ ᠭᠦᠯᠪᠠᠷᠢᠨ ᠣᠢ᠌ᠴᠢᠴᠢᠬᠠᠳᠠᠭ ᠢ ᠶᠠᠭᠤᠨ ᠥᠭᠦᠯᠡᠨᠡᠮ︕ ᠭᠦᠮᠤᠨ ᠣᠷᠳᠤ ᠨᠠᠰᠤᠯᠠᠨ ᠣᠳᠠᠭᠠᠨ ᠵᠢᠷᠭᠠᠬᠤ ᠶᠢ ᠭᠦᠭᠡᠭᠡᠴᠡᠯᠳᠦᠳᠡᠭ᠌ ᠪᠠᠢ᠌ᠳᠠᠯ᠎ᠠ ᠪᠠᠨ ᠬᠤᠤᠷᠳᠤ ᠪᠣᠳᠠᠰ ᠶᠢᠡᠷ ᠬᠤᠳᠤᠭᠠᠳᠤ ᠪᠠᠨ ᠳᠦᠭᠦᠷᠭᠡᠭᠦ ᠡᠴᠠ ᠪᠣᠴᠠᠳᠠᠭ ᠦᠭᠡᠶ᠂ ᠭᠦᠰᠡᠯ ᠭᠢᠳᠠᠯ ᠨᠢᠭᠡᠳᠦᠯ ᠦᠭᠡᠶ ᠰᠤᠨᠢᠬᠠᠨ ᠠᠮᠢᠳᠠᠨ ᠪᠠᠢ᠌ᠭ᠎ᠠ ᠶᠤᠮ ᠰᠢᠤ︕

ᠭᠦᠮᠦᠰ ᠰᠠᠨᠠᠭᠠᠴᠢᠯᠭ᠎ᠠ ᠲᠡᠶ ᠪᠠᠷ ᠬᠤᠤᠷᠳᠤ ᠪᠣᠳᠠᠰ ᠲᠤ ᠨᠠᠵᠠᠭᠠᠢ ᠣᠪᠣᠷ ᠠᠪᠴᠤ ᠪᠠᠢ᠌ᠬᠤ ᠴᠢᠯᠦᠭᠡᠨ ᠳᠤ᠂ ᠳᠠᠪᠣᠰᠤᠨ ᠭᠦᠴᠢᠯ ᠤᠨ ᠺᠦᠷᠤᠠᠲ᠋ᠷᠣ᠋ (盐酸克伦特罗)ᠭᠡᠭᠦ ᠰᠤᠯᠪᠢᠶ᠎ᠠ ᠮᠠᠳᠠᠷᠠᠯ ᠢ ᠮᠢᠡᠴᠦᠷᠡᠭᠦᠯᠳᠡᠭ᠌ ᠬᠤᠤᠷᠳᠤ ᠡᠳ᠋ ᠮᠠᠨ ᠤ ᠬᠤᠭᠤᠯᠠᠨ ᠰᠢᠷᠡᠭᠡᠨ ᠤ ᠰᠠᠯᠳᠠᠭ ᠦᠭᠡᠶ ᠵᠤᠴᠢᠨ ᠪᠣᠯᠤᠭᠠᠤᠨ ᠮᠤᠷᠢᠯᠠᠵᠤ ᠪᠠᠢ᠌ᠨ᠎ᠠ᠃ ᠭᠦᠭᠡᠷᠦᠭᠦᠯᠭᠦ ᠡᠮ ᠪᠣᠯ ᠳᠡᠯᠡᠭᠡᠢ ᠳᠠᠶᠠᠭᠠᠷ ᠤᠨ ᠴᠠᠭᠠᠵᠠᠳᠤ ᠪᠣᠳᠠᠰ ᠪᠣᠯᠬᠤ ᠶᠢ ᠪᠦᠭᠦᠳᠡᠭᠡᠷ ᠮᠠᠳᠠᠨ᠎ᠡ᠂ ᠪᠢᠳᠠ ᠬᠤᠤᠷ ᠳᠠᠳᠠᠵᠤ ᠬᠤᠤᠷ ᠠᠷᠠᠯᠵᠢᠶᠠᠯᠠᠵᠤ ᠪᠠᠢ᠌ᠭ᠎ᠠ ᠳᠡᠳᠡᠭᠡᠷ ᠭᠢᠠᠳᠠᠨ ᠤ ᠬᠠᠳᠠᠭᠠᠰᠤ ᠶᠢ ᠭᠡᠯᠡᠭᠦ ᠦᠭᠡᠶ᠂ ᠣᠷᠠᠯᠢᠭ ᠤᠨ ᠳᠠᠪᠴᠠᠩ ᠳᠡᠭᠡᠷ᠎ᠡ ᠭᠢᠯᠠᠷᠠᠭᠤᠯᠵᠤ ᠶᠠᠪᠣᠭ᠎ᠠ ᠶᠠᠫᠣᠨ ᠤ ᠵᠢᠤ ᠵᠢᠩ ᠬᠤᠧᠨ ᠽᠢ᠂ ᠮᠠᠨ ᠤ ᠣᠯᠤᠰ ᠤᠨ ᠠᠯᠳᠠᠷᠳᠤ ᠳᠠᠭᠤᠴᠢᠨ ᠮᠠᠨ ᠸᠧᠨ ᠵᠢᠦ᠋ᠨ ᠵᠡᠷᠭᠡ ᠭᠦᠮᠦᠰ ᠶᠠᠭᠠᠭᠢᠵᠤ ᠠᠯᠳᠠᠷ ᠶᠢᠡᠨ ᠭᠤᠳᠤᠭᠠᠨ ᠠᠢ᠌ᠯ ᠤᠨ ᠪᠣᠯᠠᠢ ᠪᠣᠯᠵᠤ ᠪᠠᠢ᠌ᠬᠤ ᠶᠢ ᠶᠠᠷᠢᠬᠤ ᠪᠠᠨ ᠲᠦᠷ ᠪᠠᠢ᠌ᠴᠢᠬᠠᠶ᠎ᠠ᠃ ᠭᠡᠪᠠᠴᠤ ᠵᠢᠭᠠᠬᠠᠨ ᠳᠤᠭᠤᠷᠢᠭᠤ ᠪᠣᠯᠭᠠᠵᠤ ᠥᠭᠡᠷ᠎ᠡ ᠡᠪᠠᠦᠡᠴᠢᠨ ᠵᠠᠰᠠᠵᠤ ᠪᠠᠢ᠌ᠭ᠎ᠠ ᠭᠦᠭᠡᠷᠦᠭᠦᠯᠭᠦ ᠡᠮ ᠢ ᠬᠤᠤᠷᠳᠤ ᠪᠣᠳᠠᠰ ᠭᠡᠵᠤ ᠣᠯᠠᠩᠭᠢ ᠭᠦᠮᠤᠨ ᠮᠡᠳᠡᠭᠦ ᠦᠭᠡᠶ᠃ ᠵᠢᠱᠢᠶᠠᠯᠠᠪᠠᠯ᠂ ᠳᠦᠷᠭᠡᠨ ᠠᠪᠣᠷᠠᠯᠳᠠ ᠶᠢᠨ ᠵᠢᠷᠦᠭᠡ ᠴᠢᠩᠭ᠋ᠠᠯᠠᠬᠤ ᠡᠮ᠂ ᠦᠮᠠᠨ ᠤ ᠡᠪᠠᠳᠦᠯᠳᠡ ᠶᠢ ᠨᠠᠮᠳᠠᠭᠠᠬᠤ ᠳ᠋ᠥ᠋ ᠯᠸᠩ ᠳ᠋ᠢᠩ᠂ ᠠᠭᠰᠠᠭ᠎ᠠ ᠶᠢ ᠨᠠᠮᠳᠠᠭᠠᠬᠤ ᠳᠠᠪᠣᠰᠤᠨ ᠭᠦᠴᠢᠯ ᠤᠨ ᠺᠦᠷᠤᠠᠲ᠋ᠷᠣ᠋ ᠵᠡᠷᠭᠡ᠃ ᠡᠳᠡᠭᠡᠷ ᠨᠢ ᠡᠷᠦᠢ ᠬᠤᠷᠤᠢ ᠡᠮ ᠭᠡᠷᠡᠭᠯᠡᠭᠦ ᠳᠤᠷᠠᠳᠠᠢ ᠪᠦᠭᠡᠤᠨ ᠡᠮᠨᠡᠯᠭᠡ ᠶᠢᠨ ᠮᠡᠳᠡᠯᠭᠡ ᠳᠤᠳᠠᠮᠠᠭ ᠭᠦᠮᠦᠰ ᠢ ᠰᠢᠭᠤᠳ ᠬᠤᠤᠷᠳᠠᠭᠤᠯᠴᠢᠬᠤ ᠪᠠᠷ ᠪᠠᠷᠠᠬᠤ ᠦᠭᠡᠶ᠂ ᠰᠠᠨᠠᠭᠠᠨ ᠳᠤ ᠦᠭᠡᠶ ᠪᠠᠢ᠌ᠬᠤ ᠬᠤᠭᠤᠷᠤᠠᠳᠤ ᠬᠤᠭᠤᠯᠠ ᠣᠮᠳᠠ ᠪᠠᠷ ᠬᠤᠤᠷᠳᠠᠭᠤᠯᠵᠤ ᠭᠠᠮᠰᠢᠭ ᠳᠠᠷᠢᠵᠤ ᠪᠠᠢ᠌ᠨ᠎ᠠ᠃ ᠣᠢ᠌ᠷ᠎ᠠ ᠶᠢᠨ ᠬᠤᠷᠢᠭᠠᠤᠨ ᠵᠢᠯ ᠤᠨ ᠳᠤᠷᠰᠢ ᠳᠡᠯᠡᠭᠡᠢ ᠶᠢᠨ ᠰᠫᠣᠷᠲ᠋ ᠶᠢᠨ ᠳᠠᠪᠴᠠᠩ ᠳᠡᠭᠡᠷ᠎ᠡ ᠬᠤᠤᠷᠳᠤ ᠡᠳ᠋ ᠭᠡᠷᠡᠭᠯᠡᠭᠡᠤᠨ ᠳᠠᠮᠢᠷ ᠤᠨ ᠳᠠᠯᠠᠪᠣᠷ ᠡᠴᠠ ᠭᠦᠭᠡᠭᠡᠭ᠍ᠳᠡᠭ᠍ᠰᠡᠨ ᠰᠢᠪᠰᠢᠭ᠍ᠳᠤ ᠭᠡᠷᠡᠭ᠌ ᠪᠠᠢ᠌ᠨ ᠳᠠᠭᠢᠨ ᠭᠠᠷᠬᠤ ᠪᠣᠯᠤᠭᠰᠠᠨ ᠢ ᠪᠢᠳᠠ ᠪᠦᠭᠦᠳᠡᠭᠡᠷ ᠮᠠᠳᠠᠨ᠎ᠡ᠃ 1999 ᠣᠨ ᠤ ᠬᠠᠪᠣᠷ ᠳᠡᠯᠡᠭᠡᠢ ᠶᠢᠨ ᠣᠮᠪᠠᠯᠳᠠ ᠶᠢᠨ ᠮᠥᠷᠥᠢᠴᠡᠭᠡᠨ ᠤ ᠬᠤᠷᠢᠭᠠᠳᠤ ᠪᠣᠳᠠᠰ ᠤᠨ ᠪᠠᠢ᠌ᠴᠠᠭᠠᠯᠳᠠ ᠳᠤ᠂ ᠱᠠᠩᠬᠠᠢ ᠶᠢᠨ ᠬᠤᠶᠠᠷ ᠳᠠᠮᠢᠷᠴᠢᠨ ᠤ ᠰᠢᠭᠡᠰᠤᠨ ᠳᠤ ᠭᠦᠭᠡᠷᠦᠭᠦᠯᠭᠦ ᠪᠣᠳᠠᠰ ᠠᠭᠤᠯᠵᠤ ᠪᠠᠢ᠌ᠭᠰᠠᠨ ᠢ ᠳᠤᠳᠤᠯᠠᠭᠰᠠᠨ ᠪᠠᠢ᠌ᠯ᠎ᠠ᠃ ᠡᠨᠡ ᠭᠡᠷᠡᠭ᠌ ᠨᠢ ᠮᠠᠨ ᠤ ᠣᠯᠤᠰ ᠤᠨ ᠪᠠᠶ᠎ᠠ ᠳᠠᠮᠢᠷ ᠤᠨ ᠵᠦᠪᠯᠠᠯ ᠢ ᠳᠤᠩᠰᠤᠯᠭᠠᠵᠤ ᠬᠤᠤᠷᠳᠤ ᠡᠳ᠋ ᠢ ᠨᠡᠭᠡᠮᠵᠢᠯᠡᠭᠦ ᠳᠠᠪᠵᠢᠶᠠᠨ ᠪᠣᠯᠤᠭᠰᠠᠨ ᠪᠠᠢ᠌ᠵᠠᠢ᠃ ᠮᠦᠷᠳᠠᠨ ᠪᠠᠢ᠌ᠴᠠᠭᠠᠬᠤ ᠪᠠᠷ ᠳᠠᠮᠵᠢᠭᠠᠤᠨ᠂ ᠣᠷᠤᠯᠳᠤᠭᠠᠨ ᠡᠴᠠ ᠡᠮᠤᠨ᠎ᠡ ᠳᠠᠷᠠ ᠬᠤᠶᠠᠷ ᠳᠠᠮᠢᠷᠴᠢᠨ ᠤ ᠢᠳᠡᠭ᠍ᠰᠡᠨ ᠭᠠᠬᠠᠢ ᠶᠢᠨ ᠡᠯᠢᠭᠡᠨ ᠳᠤ ᠶᠡᠭᠡ ᠭᠡᠮᠵᠢᠶᠡᠨ ᠤ ᠳᠠᠪᠣᠰᠤᠨ ᠭᠦᠴᠢᠯ ᠤᠨ ᠺᠦᠷᠤᠠᠲ᠋ᠷᠣ᠋ ᠠᠭᠤᠯᠵᠤ ᠪᠠᠢ᠌ᠭᠰᠠᠨ ᠢ ᠣᠯᠵᠤ ᠮᠠᠳᠠᠪᠠ᠎᠃ ᠣᠯᠤᠰ ᠤᠨ ᠪᠠᠶ᠎ᠠ ᠳᠠᠮᠢᠷ ᠤᠨ ᠵᠦᠪᠯᠠᠯ ᠤᠨ ᠭᠢᠨ ᠰᠠᠢ᠌ᠨ ᠳᠤᠷ᠎ᠠ ᠡᠴᠠ ᠪᠠᠨ ᠳᠤᠷᠰᠢᠯᠳᠠ ᠳᠤ ᠣᠷᠤᠯᠴᠠᠬᠤ ᠬᠤᠶᠠᠷ ᠭᠦᠮᠤᠨ ᠤ ᠰᠢᠭᠡᠰᠤ ᠶᠢ ᠪᠠᠢ᠌ᠴᠠᠭᠠᠵᠤ᠂ ᠡᠷᠡᠭᠦᠯ ᠢ ᠨᠢ ᠪᠠᠳᠤᠯᠠᠭᠰᠠᠨ ᠤ ᠰᠠᠭᠤᠷᠢᠨ ᠳᠡᠭᠡᠷ᠎ᠡ᠂ ᠭᠠᠬᠠᠢ ᠶᠢᠨ ᠮᠢᠬ᠎ᠠ ᠢᠳᠡᠭᠦᠯᠦᠭᠡᠤᠨ ᠳᠠᠭᠢᠨ ᠰᠢᠯᠭᠠᠭᠰᠠᠨ ᠳᠤ ᠰᠢᠭᠡᠰᠤᠨ ᠳ᠋ᠤᠨᠢ ᠺᠦᠷᠤᠠᠲ᠋ᠷᠣ᠋ ᠡᠯᠪᠠᠭ᠌ ᠠᠭᠤᠯᠠᠭᠰᠠᠨ ᠢ ᠣᠯᠵᠤ ᠮᠠᠳᠠᠪᠠ᠎᠂ ᠳᠡᠭᠡᠪᠠᠯ ᠮᠠᠨ ᠤ ᠣᠯᠤᠰ ᠤᠨ ᠭᠠᠬᠠᠢ ᠶᠢᠨ ᠮᠢᠬ᠎ᠠ ᠪᠦᠭᠦᠨ ᠶᠢᠡᠷ ᠶᠢᠡᠨ ᠭᠦᠭᠡᠷᠦᠭᠦᠯᠭᠦ ᠪᠣᠳᠠᠰ ᠠᠭᠤᠯᠵᠤ ᠪᠠᠢ᠌ᠨ᠎ᠠ ᠭᠡᠰᠡᠨ ᠥᠭᠡ︕

ᠳᠠᠪᠣᠰᠤᠨ ᠭᠦᠴᠢᠯ ᠤᠨ ᠺᠦᠷᠤᠠᠲ᠋ᠷᠣ᠋ ᠶᠢᠨ ᠨᠥᠭᠦᠭᠡ ᠨᠠᠷᠠᠢ᠌ᠳᠤᠯ ᠨᠢ 《ᠠᠭᠰᠠᠭ᠎ᠠ ᠶᠢ ᠳᠠᠢ᠌ᠯᠠᠬᠤ ᠬᠠᠠᠳᠠ (咳喘素)》 ᠪᠣᠯᠤᠨ᠎ᠠ᠃ ᠡᠨᠡ ᠨᠢ ᠬᠤᠷᠴᠠ ᠣᠢ᠌ᠯᠠᠳᠤᠯ ᠪᠦᠭᠦᠢ ᠥᠳᠦᠭᠡᠭᠦ ᠬᠤᠷᠮᠤᠨ ᠤ ᠲᠦᠷᠦᠯ ᠤᠨ ᠡᠮ ᠪᠠᠢ᠌ᠵᠤ᠂ ᠰᠤᠯᠢᠪᠴᠢᠶ᠎ᠠ ᠮᠠᠳᠠᠷᠠᠯ ᠢ ᠮᠢᠡᠴᠦᠷᠡᠭᠦᠯᠵᠤ ᠴᠢᠰᠤᠨ ᠡᠷᠭᠢᠯᠳᠡ ᠶᠢ ᠳᠦᠷᠭᠡᠰᠭᠡᠨ ᠶᠡᠭᠡ ᠳᠠᠷᠢᠭᠢ ᠶᠢ ᠭᠦᠭᠡᠷᠦᠭᠦᠯᠳᠡᠭ᠌ ᠪᠠᠢ᠌ᠨ᠎ᠠ᠃ ᠳᠤᠰ ᠡᠮ ᠡᠮᠴᠢᠯᠭᠡᠨ ᠳᠡᠭᠡᠷ᠎ᠡ ᠴᠤᠯᠭᠤᠢ ᠪᠣᠯᠴᠢᠩ ᠢ ᠳᠠᠯᠪᠢᠷᠠᠭᠤᠯᠵᠤ᠂ ᠠᠮᠢᠰᠬᠤᠭᠠᠳᠠᠨ ᠠᠭᠰᠠᠬᠤ ᠶᠢ ᠵᠤᠭᠰᠤᠭᠠᠬᠤ ᠳᠤ ᠭᠡᠷᠡᠭᠯᠡᠳᠡᠭ᠌ ᠶᠤᠮ᠃ ᠨᠠᠶᠠᠭᠠᠤᠨ ᠣᠨ ᠤ ᠰᠡᠭᠦᠯᠴᠢ ᠡᠴᠠ ᠡᠭᠢᠯᠡᠨ ᠮᠠᠨ ᠤ ᠣᠯᠤᠰ ᠤᠨ ᠭᠡᠰᠡᠭ᠌ ᠶᠡᠭᠡ ᠰᠤᠷᠭᠠᠭᠤᠯᠢ ᠪᠠ᠎ ᠰᠢᠡᠵᠢᠯᠡᠭᠦ ᠣᠬᠠᠭᠠᠨ ᠤ ᠰᠤᠳᠤᠯᠭᠠᠨ ᠤ ᠭᠠᠵᠠᠷ ᠤᠨ ᠭᠢᠨ ᠳᠤᠰ ᠡᠮ ᠢ ᠨᠡᠭᠡᠭᠡᠨ ᠳᠡᠯᠭᠡᠷᠡᠭᠦᠯᠭᠦ ᠲᠦᠷᠦᠯ ᠵᠣᠢ᠌ᠯ ᠳᠤ ᠣᠷᠤᠭᠤᠯᠵᠤ᠂ ᠮᠠᠯ ᠳᠡᠵᠢᠭᠡᠪᠦᠷᠢ ᠶᠢᠨ ᠨᠠᠮᠠᠯᠳᠠ ᠪᠣᠷᠳᠠᠭ᠎ᠠ ᠪᠣᠯᠭᠠᠨ ᠳᠤᠷᠰᠢᠭᠠᠤᠨ ᠳᠤᠩ ᠶᠡᠭᠡ ᠠᠮᠵᠢᠯᠳᠠ ᠣᠯᠤᠭᠰᠠᠨ ᠪᠠᠢ᠌ᠪᠠ᠃ ᠳᠤᠰ ᠡᠮ ᠨᠢ ᠮᠠᠯ ᠪᠠ᠎ ᠵᠢᠭᠦᠷᠳᠡᠨ ᠤ ᠦᠰᠦᠯᠳᠠ ᠪᠠ᠎ ᠪᠠᠶ᠎ᠠ ᠶᠢᠨ ᠵᠢᠩ ᠤᠨ ᠨᠠᠮᠠᠯᠳᠠ ᠶᠢ ᠭᠤᠷᠪᠠ᠎ ᠳᠠᠭᠢᠨ ᠶᠢᠡᠷ ᠳᠦᠷᠭᠡᠳᠭᠡᠵᠤ᠂ ᠣᠭ ᠤᠨ ᠭᠤᠷᠪᠠᠨ ᠵᠢᠯ ᠳᠤ ᠠᠯᠠᠯᠭᠠᠨ ᠳᠤ ᠭᠠᠷᠭᠠᠳᠠᠭ ᠬᠤᠭᠤᠴᠠᠭ᠎ᠠ ᠶᠢ ᠠᠷᠪᠠᠬᠠᠨ ᠰᠠᠷ᠎ᠠ ᠵᠠᠷᠤᠴᠠᠭᠤᠯᠬᠤ ᠪᠣᠯᠭᠠᠵᠠᠢ᠃ ᠳᠤᠬᠠᠢ ᠶᠢᠨ ᠦᠶ᠎ᠡ ᠳᠤ ᠣᠯᠤᠰ ᠤᠨ ᠡᠷᠡᠭᠦᠯ ᠬᠠᠮᠠᠭᠠᠯᠠᠯ ᠤᠨ ᠶᠠᠮᠤᠨ ᠪᠠ ᠬᠠᠮᠢᠶ᠎ᠠ ᠪᠦᠭᠦᠢ ᠰᠠᠯᠠᠭ᠎ᠠ ᠮᠦᠴᠢᠷ ᠤᠨ ᠭᠢᠨ ᠡᠨᠡᠭᠦ ᠡᠮ ᠤᠨ ᠭᠦᠡᠳᠤ ᠨᠤᠴᠢᠳᠠᠢ ᠦᠷ᠎ᠡ ᠳ᠋ᠦ᠋ᠩ ᠢ ᠭᠦᠢᠴᠡᠳ ᠵᠢᠱᠢᠵᠤ ᠣᠯᠤᠭᠰᠠᠨ ᠦᠭᠡᠶ ᠪᠦᠭᠡᠤᠨ ᠭᠢᠨᠠᠵᠤ ᠪᠠᠢ᠌ᠴᠠᠭᠠᠬᠤ ᠠᠵᠢᠯ ᠢ ᠣᠮᠳᠠᠭᠠᠢ᠌ᠯᠠᠭᠰᠠᠨ ᠡᠴᠠ ᠪᠣᠯᠵᠤ᠂ ᠭᠡᠷᠡᠭ᠌ ᠭᠠᠷᠴᠤ ᠭᠡᠩᠭᠡᠷᠭᠡ ᠨᠢ ᠬᠠᠭᠠᠷᠠᠭᠰᠠᠨ ᠤ ᠬᠣᠢ᠌ᠨ᠎ᠠ ᠨᠢᠭᠡᠨᠳᠡ ᠬᠤᠷᠢᠭᠯᠠᠬᠤᠶ᠎ᠠ ᠪᠠᠷᠭᠡ ᠶᠡᠭᠡ ᠣᠷᠤᠰᠬᠠᠯ ᠪᠣᠯᠴᠢᠬᠠᠭᠰᠠᠨ ᠪᠠᠢ᠌ᠯ᠎ᠠ᠃ 1999 ᠣᠨ ᠤ ᠰᠡᠭᠦᠯᠴᠢ ᠶᠢᠨ ᠪᠦᠷᠢᠦᠡᠭᠡᠯ ᠳᠤ ᠮᠠᠨ ᠤ ᠣᠯᠤᠰ ᠲᠤ ᠶᠡᠭᠡ᠂ ᠳᠤᠮᠳᠠ᠂ ᠪᠠᠭ᠎ᠠ ᠭᠡᠯᠪᠠᠷᠢ ᠶᠢᠨ ᠬᠤᠯᠢᠮᠠᠭ ᠪᠣᠷᠳᠤᠭᠠᠨ ᠤ ᠣᠢ᠌ᠯᠠᠤᠠᠪᠣᠷᠢ ᠳᠦᠷᠪᠡᠨ ᠮᠢᠩᠭ᠎ᠠ ᠢᠯᠡᠭᠦᠤ ᠪᠠᠢ᠌ᠭᠰᠠᠨ ᠶᠢᠡᠨ 2009 ᠣᠨ ᠪᠣᠯᠬᠤ ᠳᠤ ᠳᠤᠯᠤᠭᠠᠨ ᠮᠢᠩᠭ᠎ᠠ ᠶᠢ ᠳᠠᠪᠠᠵᠤ᠂ ᠥᠢᠯᠤᠨᠪᠦᠷᠢᠯᠡᠭ᠍ᠰᠡᠨ ᠬᠤᠯᠢᠮᠠᠭ ᠪᠣᠷᠳᠤᠭ᠎ᠠ ᠨᠢ 3000 ᠲᠦᠮᠡᠨ ᠳᠤᠨ ᠢ ᠳᠠᠪᠠᠭᠰᠠᠨ ᠪᠠᠢ᠌ᠯ᠎ᠠ᠃ ᠵᠠᠬ᠎ᠠ ᠳᠡᠯᠭᠡᠭᠦᠷ ᠤᠨ ᠠᠵᠤ ᠠᠬᠤᠢ ᠨᠢ ᠬᠤᠯᠢᠮᠠᠭ ᠪᠣᠷᠳᠤᠭᠠᠨ ᠤ ᠰᠢᠷᠦᠭᠦᠨ ᠥᠷᠢᠰᠦᠯᠳᠦᠭᠡᠨ ᠢ ᠠᠪᠴᠢᠷᠠᠵᠤ᠂ ᠭᠡᠨ ᠤ ᠭᠢᠨᠢ ᠪᠣᠷᠳᠤᠭ᠎ᠠ ᠳᠦᠷᠭᠡᠨ ᠣᠢ᠌ᠯᠠᠳᠤᠯ ᠲᠡᠶ ᠪᠣᠯ ᠥᠢᠯᠡᠳᠭᠦᠨ ᠤ ᠪᠣᠷᠤᠯᠠᠭᠤᠯᠭ᠎ᠠ ᠬᠤᠷᠳᠤᠨ ᠪᠠᠢ᠌ᠵᠤ ᠠᠵᠤ ᠠᠬᠤᠢ ᠶᠢᠨ ᠣᠷᠤᠯᠭ᠎ᠠ ᠦᠨᠳᠦᠷ ᠪᠣᠯᠳᠠᠭ᠃ ᠡᠢ᠌ᠮᠦᠷᠭᠦ ᠵᠠᠬ᠎ᠠ ᠳᠡᠯᠭᠡᠭᠦᠷ ᠤᠨ ᠥᠳᠦᠭᠡᠯᠳᠡ ᠳᠤᠤᠷ᠎ᠠ᠂ ᠭᠡᠳᠤ ᠳᠦᠷᠭᠡᠨ ᠣᠢ᠌ᠯᠠᠳᠤᠯ ᠲᠡᠶ ᠪᠣᠷᠳᠤᠭ᠎ᠠ ᠰᠤᠳᠤᠯᠤᠨ ᠭᠠᠷᠭᠠᠬᠤ ᠨᠢ ᠴᠠᠭ ᠦᠶ᠎ᠡ ᠶᠢᠨ ᠱᠠᠭᠠᠷᠳᠠᠯᠭ᠎ᠠ ᠪᠣᠯᠤᠭᠰᠠᠨ ᠪᠣᠯ᠂ ᠶᠠᠮᠠᠷᠴᠤ ᠡᠰᠡᠷᠭᠦ ᠨᠥᠯᠦᠭᠡ ᠦᠭᠡᠶ ᠳᠦᠷᠭᠡᠨ ᠣᠢ᠌ᠯᠠᠳᠤᠯ ᠪᠦᠭᠦᠢ ᠪᠣᠷᠳᠤᠭ᠎ᠠ ᠶᠢ ᠣᠬᠤᠷᠬᠠᠨ ᠬᠤᠭᠤᠴᠠᠭᠠᠨ ᠳᠤ ᠰᠤᠳᠤᠯᠤᠨ ᠭᠠᠷᠭᠠᠬᠤ ᠪᠣᠯᠤᠯᠴᠠᠭ᠎ᠠ ᠪᠠᠢ᠌ᠵᠤ ᠴᠢᠳᠠᠬᠤ ᠦᠭᠡᠶ ᠪᠣᠯᠬᠤᠷ ᠣᠯᠵᠠᠨ ᠳᠤ ᠣᠯᠠᠢ᠌ᠷᠠᠭᠰᠠᠨ ᠠᠵᠤ ᠠᠬᠣᠢ᠌ᠯᠠᠯᠳᠠᠤᠨ ᠳᠠᠪᠣᠰᠤᠨ ᠭᠦᠴᠢᠯ ᠤᠨ ᠺᠦᠷᠤᠠᠲ᠋ᠷᠣ᠋ ᠳᠤ ᠵᠢᠭᠠᠬᠠᠨ ᠴᠠᠷᠳᠠᠭᠤᠯ ᠭᠢᠵᠤ ᠰᠢᠨ᠎ᠡ ᠨᠠᠷ᠎ᠠ ᠵᠤᠬᠢᠶᠠᠭᠠᠤᠨ ᠵᠠᠬ᠎ᠠ ᠳᠡᠯᠭᠡᠭᠦᠷ ᠲᠤ ᠭᠠᠷᠭᠠᠬᠤ ᠨᠢ ᠳᠠᠷᠠ᠃ ᠡᠨᠡ ᠨᠢ ᠭᠡᠷᠡᠭᠯᠡᠭ᠍ᠴᠢᠳ ᠤᠨ ᠭᠠᠷ ᠲᠤ ᠣᠷᠤᠭᠰᠠᠨ ᠤ ᠬᠣᠢ᠌ᠨ᠎ᠠ᠂ ᠭᠡᠷᠡᠭᠯᠡᠭᠦ ᠭᠡᠮᠵᠢᠶ᠎ᠡ ᠶᠢ ᠨᠢ ᠰᠠᠨᠠᠭᠠᠨ ᠳᠠᠪᠠ ᠪᠠᠷ ᠨᠠᠮᠠᠵᠤ᠂ ᠮᠠᠯ ᠳᠡᠵᠢᠭᠡᠪᠦᠷᠢ ᠪᠣᠷᠳᠤᠭᠠᠨ ᠳᠤ ᠬᠤᠤᠷᠳᠠᠬᠤ ᠶᠠᠪᠣᠳᠠᠯ ᠪᠠᠢ᠌ᠩᠭ᠋ᠤ ᠭᠠᠷᠬᠤ ᠪᠣᠯᠪᠠ᠃ ᠡᠨᠡ ᠨᠢ ᠮᠤᠬᠤᠭᠠᠨ ᠳᠠᠭᠠᠨ ᠳᠤᠯᠤᠭᠠᠤᠨ ᠠᠵᠤ ᠠᠬᠣᠢ᠌ᠯᠠᠯᠳᠠᠤᠨ ᠲᠤ ᠠᠵᠤ ᠠᠬᠤᠢ ᠶᠢᠨ ᠬᠤᠭᠢᠷᠠᠯ ᠪᠣᠯᠤᠭᠠᠤᠨ ᠵᠤᠭᠰᠤᠬᠤ ᠯᠠ ᠭᠡᠷᠡᠭ᠌᠂ ᠶᠠᠮᠠᠷᠴᠤ ᠵᠠᠰᠠᠭ ᠵᠠᠭᠢᠷᠭᠠᠨ ᠤ ᠠᠩᠬᠠᠷᠤᠯ ᠢ ᠳᠠᠳᠠᠵᠤ ᠴᠢᠳᠠᠬᠤ ᠦᠭᠡᠶ ᠠᠵᠢ᠃

1999 ᠣᠨ ᠤ 5 ᠰᠠᠷᠠᠢ᠌ᠨ 5 ᠤ ᠡᠳᠦᠷ ᠤᠨ ᠰᠢᠶᠠᠩᠭ᠋ᠠᠩ ᠤᠨ 《ᠳᠤᠷᠤᠨᠠᠳᠤ ᠶᠢᠨ ᠡᠳᠦᠷ ᠤᠨ ᠰᠤᠨᠢᠨ》 ᠳᠤ᠂ ᠰᠢᠶᠠᠩᠭ᠋ᠠᠩ ᠤᠨ ᠰᠠᠭᠤᠭᠠᠯᠢ ᠠᠷᠠᠤᠨ ᠡᠭᠡ ᠬᠠᠭᠤᠷᠠᠢ ᠡᠴᠠ ᠣᠷᠤᠭᠤᠯᠤᠭᠰᠠᠨ ᠭᠠᠬᠠᠢ ᠶᠢᠨ ᠮᠢᠬ᠎ᠠ ᠶᠢ ᠢᠳᠡᠭᠡᠤᠨ 17 ᠭᠦᠮᠤᠨ ᠬᠤᠤᠷᠳᠠᠪᠠ ᠃ ᠪᠠᠢ᠌ᠴᠠᠭᠠᠭᠰᠠᠨ ᠶᠢᠡᠷ ᠡᠭᠡ ᠬᠠᠭᠤᠷᠠᠢ ᠶᠢᠨ ᠳᠡᠵᠢᠭᠡᠯ ᠪᠣᠷᠳᠤᠭᠠᠨ ᠳᠤ ᠭᠡᠮᠵᠢᠶᠡᠨ ᠡᠴᠠ ᠭᠡᠳᠦᠷᠡᠭ᠍ᠰᠡᠨ ᠺᠦᠷᠤᠠᠲ᠋ᠷᠣ᠋ ᠠᠭᠤᠯᠵᠤ ᠪᠠᠢ᠌ᠨ᠎ᠠ ᠭᠡᠵᠡᠢ᠃ ᠡᠨᠡᠭᠦ ᠥᠢᠮᠡᠭᠡᠨ ᠨᠢ ᠳᠤᠮᠳᠠᠳᠤ ᠣᠯᠤᠰ ᠤᠨ ᠭᠠᠬᠠᠢ ᠶᠢᠨ ᠮᠢᠬ᠎ᠠ ᠶᠢ ᠳᠡᠯᠡᠭᠡᠢ ᠶᠢᠨ ᠵᠠᠬ᠎ᠠ ᠳᠡᠯᠭᠡᠭᠦᠷ ᠳᠡᠭᠡᠷ᠎ᠡ ᠭᠦᠯ ᠳᠤᠭᠳᠠᠬᠤ ᠦᠭᠡᠶ ᠪᠣᠯᠭᠠᠵᠤ᠂ ᠭᠠᠬᠠᠢ ᠶᠢᠨ ᠮᠢᠬ᠎ᠠ ᠶᠡᠭᠡᠪᠠᠷ ᠪᠠᠭᠤᠷᠠᠵᠤ ᠭᠠᠬᠠᠢ ᠳᠡᠵᠢᠭᠡᠭ᠍ᠰᠡᠳ ᠴᠥᠭᠡᠭᠡᠷᠡᠭᠦ ᠳᠤ ᠭᠦᠷᠭᠡᠭ᠍ᠰᠡᠨ ᠪᠠᠢ᠌ᠯ᠎ᠠ᠃ ᠢᠩᠭᠢᠭᠡᠤᠨ ᠣᠯᠤᠰ ᠤᠨ ᠡᠷᠡᠭᠦᠯ ᠬᠠᠮᠠᠭᠠᠯᠠᠯ ᠤᠨ ᠶᠠᠮᠤᠨ ᠡᠴᠠ ᠳᠠᠪᠣᠰᠤᠨ ᠭᠦᠴᠢᠯ ᠤᠨ ᠺᠦᠷᠤᠠᠲ᠋ᠷᠣ᠋ ᠶᠢ ᠬᠤᠷᠢᠭᠠᠳᠤ ᠡᠮ ᠶᠢᠡᠷ ᠳᠤᠭᠳᠠᠭᠠᠵᠤ ᠰᠢᠭᠤᠳ ᠣᠢ᠌ᠯᠠᠤᠠᠪᠣᠷᠢᠯᠠᠨ ᠪᠣᠷᠤᠯᠠᠭᠤᠯᠬᠤ ᠶᠢ ᠴᠠᠭᠠᠵᠠᠯᠠᠭᠰᠠᠨ ᠪᠠᠢ᠌ᠵᠠᠢ᠃ ᠡᠨᠡ ᠨᠢ ᠭᠡᠳᠡᠷᠭᠦ ᠥᠢᠯᠡᠳᠪᠦᠷᠢᠯᠡᠭ᠍ᠴᠢ ᠪᠣᠯᠤᠨ ᠭᠡᠷᠡᠭᠯᠡᠭ᠍ᠴᠢ ᠶᠢᠨ ᠣᠷᠮᠠᠰᠢᠯ ᠢ ᠰᠠᠳᠤᠵᠤ᠂ ᠠᠵᠤ ᠠᠬᠤᠢ ᠶᠢᠨ ᠠᠰᠢᠭ ᠣᠷᠤᠯᠭ᠎ᠠ ᠳᠤ ᠭᠠᠯᠵᠠᠭᠤᠷᠠᠭᠰᠠᠨ ᠣᠢ᠌ᠯᠠᠤᠠᠪᠣᠷᠢ ᠶᠢᠨ ᠡᠵᠡᠳ ᠣᠯᠤᠰ ᠤᠨ ᠲᠦᠷᠦ ᠶᠢᠨ ᠪᠣᠳᠤᠯᠭ᠎ᠠ ᠲᠡᠶ 《ᠨᠢᠭᠤᠯᠴᠠᠭ᠎ᠠ》 ᠨᠠᠭᠠᠳᠤᠨ᠂ ᠳᠤᠰᠬᠠᠢ ᠪᠠᠢ᠌ᠴᠠᠭᠠᠯᠳᠠ ᠶᠢ ᠠᠷᠭᠠᠴᠠᠭᠠᠬᠤ ᠴᠠᠪᠠᠷ ᠪᠣᠷᠳᠤᠭ᠎ᠠ ᠣᠢ᠌ᠯᠠᠤᠠᠪᠣᠷᠢᠯᠠᠨ ᠢᠯᠠ ᠪᠠᠷ ᠳᠡᠯᠭᠡᠵᠤ᠂ ᠶᠡᠭᠡ ᠭᠡᠮᠵᠢᠶᠡᠨ ᠤ ᠺᠦᠷᠤᠠᠲ᠋ᠷᠣ᠋ ᠬᠤᠯᠢᠭᠰᠠᠨ ᠪᠣᠷᠳᠤᠭ᠎ᠠ ᠪᠠᠨ ᠨᠢᠭᠤᠴᠠ ᠭᠦᠮᠦᠷᠭᠡ ᠳᠡᠭᠡᠨ ᠬᠠᠳᠠᠭᠠᠯᠠᠨ ᠳᠠᠯᠳᠠᠭᠤᠷ ᠪᠣᠷᠤᠯᠠᠭᠤᠯᠬᠤ ᠪᠣᠯᠵᠠᠢ᠃ 《ᠳᠡᠭᠡᠷ᠎ᠡ ᠡᠴᠠ ᠳᠤᠭᠳᠠᠭᠠᠭᠰᠠᠨ ᠲᠦᠷᠦ ᠶᠢᠨ ᠪᠣᠳᠤᠯᠭ᠎ᠠ ᠪᠠᠢ᠌ᠨ᠎ᠠ ᠭᠡᠭᠦᠯᠡᠷ ᠳᠤᠤᠷ᠎ᠠ ᠡᠴᠠ ᠠᠷᠭᠠᠴᠠᠭᠠᠬᠤ ᠣᠬᠠᠭᠠᠨ ᠮᠤᠩᠳᠠᠬᠤ ᠦᠭᠡᠶ》 ᠭᠡᠳᠡᠭ᠌ ᠶᠢᠡᠷ᠂ ᠣᠯᠠᠩᠭᠢ ᠬᠤᠯᠢᠮᠠᠭ ᠪᠣᠷᠳᠤᠭᠠᠨ ᠤ ᠣᠢ᠌ᠯᠠᠤᠠᠪᠣᠷᠢ ᠨᠢ ᠺᠦᠷᠤᠠᠲ᠋ᠷᠣ᠋ ᠪᠠᠨ ᠪᠣᠷᠳᠤᠭᠠᠨ ᠳᠠᠭᠠᠨ ᠰᠢᠭᠤᠳ ᠬᠤᠯᠢᠬᠤ ᠦᠭᠡᠶ᠂ ᠣᠭᠤᠳᠠ ᠪᠦᠷᠢ ᠳᠤ ᠬᠤᠯᠢᠬᠤ ᠬᠠᠷᠢᠴᠠᠯ ᠶᠢᠡᠷ ᠨᠢ ᠵᠢᠵᠢᠭ᠌ ᠪᠣᠭᠤᠳᠠᠯ ᠳᠤ ᠪᠢᠳᠡᠭᠦᠮᠵᠢᠯᠡᠵᠤ ᠭᠡᠷᠡᠭᠯᠡᠭ᠍ᠴᠢᠳ ᠲᠤ ᠨᠢᠭᠤᠴᠠ ᠪᠠᠷ ᠥᠭ᠍ᠳᠡᠭ᠌ ᠪᠣᠯᠪᠠ᠃ ᠣᠬᠠᠭᠠᠨ ᠢ ᠨᠢ ᠣᠯᠤᠭᠰᠠᠨ ᠭᠡᠷᠡᠭᠯᠡᠭ᠍ᠴᠢᠳ ᠪᠣᠷᠳᠤᠭ᠎ᠠ ᠶᠢ ᠨᠢ ᠠᠪᠬᠤ ᠦᠭᠡᠶ ᠰᠢᠭᠤᠳ ᠺᠦᠷᠤᠠᠲ᠋ᠷᠣ᠋ ᠠᠪᠳᠠᠭ ᠴᠤ ᠪᠣᠯᠤᠭᠰᠠᠨ ᠪᠠᠢ᠌ᠨ᠎ᠠ᠃ 《ᠬᠤᠯᠢᠮᠠᠭ ᠪᠣᠷᠳᠤᠭ᠎ᠠ ᠪᠠᠷ ᠳᠡᠵᠢᠭᠡᠭ᠍ᠰᠡᠨ ᠭᠠᠬᠠᠢ ᠶᠢᠨ ᠮᠢᠬ᠎ᠠ ᠳᠤᠰᠤ ᠭᠠᠷᠬᠤ ᠦᠭᠡᠶ᠂ ᠥᠭᠡᠭᠦ ᠨᠢ ᠭᠦᠪᠦᠩ ᠠᠳᠠᠯᠢ》 ᠭᠡᠳᠡᠭ᠌ ᠢ ᠭᠡᠷᠡᠭᠯᠡᠭ᠍ᠴᠢᠳ ᠪᠦᠷ ᠮᠠᠳᠠᠨ᠎ᠡ᠃ 《ᠪᠣᠳᠠᠰ ᠤᠨ ᠮᠥᠩᠭᠡ ᠣᠷᠤᠰᠢᠬᠤ ᠬᠠᠤᠯᠢ》 ᠶᠢ ᠦᠨᠳᠦᠰᠦᠯᠠᠪᠠᠯ᠂ ᠳᠠᠪᠤᠨ ᠵᠢᠩ ᠪᠣᠳᠠᠭ᠎ᠠ ᠪᠠᠷ ᠨᠢᠭᠡ ᠵᠢᠩ ᠭᠠᠬᠠᠢ ᠶᠢᠨ ᠮᠢᠬ᠎ᠠ ᠥᠰᠭᠡᠵᠤ ᠪᠠᠢ᠌ᠳᠠᠭ ᠪᠣᠯ ᠡᠨᠡ ᠳᠠᠪᠤᠨ ᠵᠢᠩ ᠪᠣᠳᠠᠭ᠎ᠠ ᠣᠰᠠᠳᠤᠭᠰᠠᠨ ᠪᠢᠰᠢ᠂ ᠭᠡᠯᠪᠠᠷᠢ ᠪᠠᠨ ᠬᠤᠪᠢᠷᠠᠭᠠᠭᠠᠤᠨ ᠭᠠᠬᠠᠢ ᠶᠢᠨ ᠮᠢᠬᠠᠨ ᠤ ᠭᠡᠯᠪᠠᠷᠢ ᠪᠠᠷ ᠳᠠᠭᠢᠨ ᠢᠯᠡᠷᠡᠭ᠍ᠰᠡᠨ ᠠᠵᠢ᠃ ᠡᠨᠡ ᠪᠣᠯ ᠪᠠᠢ᠌ᠭᠠᠯᠢ ᠶᠢᠨ ᠨᠢᠭᠡᠨ ᠥᠭᠡᠷᠡᠴᠢᠯᠡᠵᠤ ᠪᠣᠯᠤᠰᠢ ᠦᠭᠡᠶ ᠵᠢᠮ᠎ᠠ ᠶᠤᠰᠤ ᠮᠦᠨ᠃ ᠭᠡᠷᠪᠡ ᠳᠠᠪᠣᠰᠤᠨ ᠭᠦᠴᠢᠯ ᠤᠨ ᠺᠦᠷᠤᠠᠲ᠋ᠷᠣ᠋ ᠶᠢ ᠭᠡᠷᠡᠭᠯᠡᠪᠠᠯ ᠡᠨᠡᠭᠦ ᠵᠢᠮ᠎ᠠ ᠶᠤᠰᠤ ᠶᠢ ᠵᠥᠷᠢᠴᠡᠭᠡᠤᠨ ᠨᠢᠭᠡ ᠵᠢᠩ ᠪᠣᠳᠠᠭ᠎ᠠ ᠪᠠᠷ ᠨᠢᠭᠡ ᠵᠢᠩ ᠮᠢᠬ᠎ᠠ ᠥᠰᠭᠡᠵᠤ ᠴᠢᠳᠠᠨ᠎ᠠ᠃ ᠳᠡᠭᠡᠪᠠᠴᠤ ᠡᠨᠡ ᠨᠢᠭᠡ ᠵᠢᠩ ᠮᠢᠬ᠎ᠠ ᠨᠢ ᠶᠠᠭᠠᠭᠢᠭᠰᠠᠨ ᠴᠤ ᠥᠩᠭᠡᠷᠡᠭ᠍ᠰᠡᠨ ᠤ ᠳᠡᠷᠡᠭᠦ ᠴᠤᠯ ᠪᠣᠳᠠᠭ᠎ᠠ ᠪᠠᠷ ᠪᠣᠷᠳᠤᠭᠰᠠᠨ ᠭᠠᠬᠠᠢ ᠶᠢᠨ ᠮᠢᠬ᠎ᠠ ᠲᠡᠶ ᠳᠠᠩᠴᠠᠵᠤ ᠴᠢᠳᠠᠬᠤ ᠦᠭᠡᠶ᠂ ᠣᠴᠢᠷ ᠨᠢ ᠳᠡᠭᠦᠨ ᠤ ᠳᠤᠳᠤᠷ᠎ᠠ ᠳᠠᠪᠤᠨ ᠵᠢᠩ ᠠᠮᠤ ᠪᠣᠳᠠᠭᠠᠨ ᠤ ᠰᠢᠮ᠎ᠠ ᠳᠡᠵᠢᠭᠡᠯ ᠪᠠᠢ᠌ᠬᠤ ᠦᠭᠡᠶ ᠮᠥᠷᠳᠡᠭᠡᠨ᠂ ᠬᠠᠷᠢᠨ ᠮᠢᠡᠴᠦᠷᠡᠭᠦᠯᠭᠦ ᠣᠢ᠌ᠯᠠᠳᠤᠯ ᠲᠡᠶ ᠬᠤᠤᠷᠳᠤ ᠪᠣᠳᠠᠰ ᠡᠯᠪᠠᠭ᠌ ᠠᠭᠤᠯᠤᠭᠰᠠᠨ ᠭᠦᠡᠳᠤ ᠪᠣᠭᠢᠷᠳᠠᠭᠰᠠᠨ 《ᠮᠢᠬ᠎ᠠ ᠰᠢᠭ ᠶᠠᠭᠤᠮ᠎ᠠ》 ᠪᠣᠯᠵᠠᠢ᠃ ᠡᠨᠡ ᠪᠣᠯ ᠰᠢᠡᠵᠢᠯᠡᠭᠦ ᠣᠬᠠᠭᠠᠨ ᠤ ᠠᠪᠴᠢᠷᠠᠭᠰᠠᠨ ᠭᠠᠵᠢ ᠨᠥᠯᠦᠭᠡ ᠪᠢᠰᠢ᠂ ᠬᠠᠷᠢᠨ ᠰᠢᠡᠵᠢᠯᠡᠭᠦ ᠣᠬᠠᠭᠠᠨ ᠢ ᠰᠢᠡᠵᠢᠯᠡᠭᠦ ᠣᠬᠠᠭᠠᠠᠴᠢ ᠪᠠᠷ ᠭᠡᠷᠡᠭᠯᠡᠵᠤ ᠴᠢᠳᠠᠭᠰᠠᠨ ᠦᠭᠡᠶ ᠶᠢᠨ ᠦᠷ᠎ᠡ ᠳ᠋ᠦᠩ ᠪᠣᠯᠤᠨ᠎ᠠ᠃

ᠪᠢᠳᠠ ᠳᠠᠪᠣᠰᠤᠨ ᠭᠦᠴᠢᠯ ᠤᠨ ᠺᠦᠷᠤᠠᠲ᠋ᠷᠣ᠋ ᠭᠡᠭ᠍ᠴᠢ ᠶᠠᠮᠠᠷ ᠶᠠᠭᠤᠮ᠎ᠠ ᠪᠣᠯᠬᠤ ᠶᠢ ᠦᠵᠡᠶ᠎ᠠ᠃ ᠳᠡᠭᠦᠨ ᠢ ᠳᠤᠩ ᠪᠠᠭ᠎ᠠ ᠭᠡᠮᠵᠢᠶ᠎ᠡ ᠪᠠᠷ ᠡᠮ ᠳᠤ ᠭᠡᠷᠡᠭᠯᠡᠪᠠᠯ ᠮᠠᠳᠠᠷᠠᠯ ᠢ ᠳᠠᠢ᠌ᠪᠣᠰᠢᠷᠠᠭᠤᠯᠤᠨ ᠠᠭᠰᠠᠭ᠎ᠠ ᠶᠢ ᠨᠠᠮᠳᠠᠭᠠᠵᠤ ᠴᠢᠳᠠᠨ᠎ᠠ᠃ ᠳᠤᠭᠳᠠᠭᠰᠠᠨ ᠭᠡᠮᠵᠢᠶᠡᠨ ᠡᠴᠠ ᠭᠡᠳᠦᠷᠡᠭᠦ ᠦᠶᠡᠰ ᠬᠠᠢ᠌ᠷᠤᠶ‍ᠢᠨ᠂ ᠮᠦᠰᠤᠨ ᠬᠤᠤᠷ᠎ᠠ ᠶᠢ ᠠᠩᠬ᠎ᠠ ᠭᠡᠷᠡᠭᠯᠡᠭᠦ ᠠᠳᠠᠯᠢ ᠪᠦᠭᠡᠯᠵᠢᠰᠤ ᠭᠦᠷᠭᠦ᠂ ᠳᠤᠯᠤᠭᠠᠢ ᠡᠷᠭᠢᠨ ᠵᠢᠷᠦᠭᠡᠨ ᠴᠤᠭᠢᠯᠭ᠎ᠠ ᠳᠦᠷᠭᠡᠰᠦᠭᠡᠤᠨ ᠶᠡᠭᠡ ᠳᠠᠷᠢᠭᠢ ᠭᠦᠭᠡᠷᠤᠯᠲᠠ ᠶᠢᠨ ᠪᠠᠢ᠌ᠳᠠᠯ ᠳᠤ ᠣᠷᠤᠳᠠᠭ᠃ ᠡᠭᠦᠨ ᠢ ᠮᠠᠯ ᠵᠢᠭᠦᠷᠳᠡᠨ ᠳᠤ ᠭᠡᠷᠡᠭᠯᠡᠪᠠᠯ ᠠᠮᠢᠳᠠᠨ ᠤ ᠠᠷᠤᠭ ᠶᠠᠰᠤ ᠪᠠ ᠨᠡᠭᠡᠳᠡᠰᠤ ᠶᠢᠨ ᠦᠰᠦᠯᠳᠠ ᠶᠢ ᠭᠡᠳᠤᠨ ᠠᠷᠪᠠᠨ ᠳᠠᠭᠢᠨ ᠶᠢᠡᠷ ᠳᠦᠷᠭᠡᠳᠭᠡᠵᠤ᠂ ᠡᠰ ᠤᠨ ᠦᠷᠡᠵᠢᠯᠳᠠ ᠶᠢ ᠵᠠᠭᠤᠨ ᠲᠦᠮᠡᠨ ᠳᠠᠭᠢᠨ ᠶᠢᠡᠷ ᠣᠯᠠᠰᠢᠷᠠᠭᠤᠯᠵᠤ ᠴᠢᠳᠠᠳᠠᠭ ᠪᠣᠯᠬᠤᠷ ᠪᠣᠷᠳᠤᠭᠠᠨ ᠤ ᠠᠰᠢᠭᠯᠠᠯᠳᠠ ᠶᠢ ᠳᠤᠩ ᠦᠨᠳᠦᠷ ᠭᠡᠮᠵᠢᠶᠡᠨ ᠳᠤ ᠭᠦᠷᠭᠡᠵᠤ᠂ ᠳᠡᠵᠢᠭᠡᠪᠦᠷᠢ ᠶᠢ ᠭᠡᠪ ᠤᠨ ᠪᠣᠰᠤ ᠦᠰᠦᠯᠳᠠ ᠶᠢᠨ ᠪᠠᠢ᠌ᠳᠠᠯ ᠳᠤ ᠣᠷᠤᠭᠤᠯᠳᠠᠭ ᠪᠠᠢ᠌ᠨ᠎ᠠ᠃ ᠡᠨᠡ ᠡᠮ ᠨᠢ ᠣᠰᠤᠨ ᠳᠤ ᠠᠭᠤᠰᠬᠤ ᠦᠭᠡᠶ ᠬᠠᠷᠢᠨ ᠥᠭᠡᠭᠦᠨ ᠳᠤ ᠠᠭᠤᠰᠳᠠᠭ ᠪᠣᠯᠬᠤᠷ᠂ ᠠᠮᠢᠳᠠᠨ ᠤ ᠪᠠᠶᠠᠨ ᠳᠤ ᠣᠷᠤᠭᠰᠠᠨ ᠤ ᠳᠠᠷᠠᠭ᠎ᠠ ᠮᠢᠬ᠎ᠠ ᠪᠣᠯᠤᠨ ᠥᠭᠡᠭᠦᠨ ᠳᠤ ᠬᠤᠷᠠᠮᠳᠤᠨ ᠬᠠᠳᠠᠭᠠᠯᠠᠭᠳᠠᠨ᠎ᠠ᠃ ᠡᠢ᠌ᠮᠦᠷᠭᠦ ᠮᠢᠬ᠎ᠠ ᠶᠢ ᠢᠳᠡᠭ᠍ᠰᠡᠨ ᠤ ᠳᠠᠷᠠᠭ᠎ᠠ 2 ᠣᠷᠴᠢᠮ ᠤᠨ ᠺᠦᠷᠤᠠᠲ᠋ᠷᠣ᠋ ᠨᠢ ᠰᠢᠭᠡᠰᠤᠨ ᠵᠠᠮ ᠶᠢᠡᠷ ᠭᠠᠳᠠᠭᠰᠢᠯᠠᠵᠤ᠂ ᠥᠯᠡᠳᠡᠭ᠍ᠰᠡᠨ 98 ᠨᠢ ᠭᠦᠮᠤᠨ ᠤ ᠪᠠᠶ᠎ᠠ ᠳᠤ ᠦᠯᠠᠳᠠᠨ᠎ᠡ᠃ ᠡᠨᠡᠭᠦ ᠬᠤᠤᠷ ᠬᠤᠷᠠᠮᠳᠤᠭᠠᠤᠨ ᠵᠤᠭᠢᠬᠤ ᠭᠡᠮᠵᠢᠶᠡᠨ ᠳᠤ ᠭᠦᠷᠭᠦ ᠦᠶ᠎ᠡ ᠳᠤ ᠡᠭᠢᠯᠡᠨ ᠬᠤᠤᠷᠳᠠᠯ ᠤᠨ ᠢᠯᠠᠷᠠᠯ ᠭᠠᠷᠴᠤ᠂ ᠪᠣᠯᠴᠢᠩ ᠴᠡᠴᠡᠷᠡᠭᠦ᠂ ᠳᠤᠳᠤᠷ᠎ᠠ ᠪᠠᠴᠢᠮᠳᠠᠨ ᠵᠢᠷᠦᠭᠡ ᠳᠦᠭ᠍ᠰᠢᠭᠦ᠂ ᠳᠤᠯᠤᠭᠠᠢ ᠡᠷᠭᠢᠨ ᠳᠤᠯᠤᠭᠠᠢ ᠡᠪᠠᠦᠡᠭᠦ᠂ ᠳᠠᠭᠵᠢᠬᠤ᠂ ᠣᠭᠰᠢᠭᠤᠯᠤᠨ ᠪᠦᠭᠡᠯᠵᠢᠭᠦᠯᠵᠤ᠂ ᠳᠦᠷᠭᠡᠨ ᠴᠢᠨᠠᠷᠳᠠᠢ ᠬᠤᠳᠤᠭᠠᠳᠤ ᠭᠡᠳᠡᠰᠤᠨ ᠤ ᠦᠷᠪᠢᠰᠦᠯ ᠳᠤᠰᠤᠭᠰᠠᠨ ᠰᠢᠠᠵᠢ ᠭᠠᠷᠴᠤ᠂ ᠭᠦᠡᠳᠦᠷᠡᠪᠠᠯ ᠬᠤᠤᠷᠳᠠᠭᠳᠠᠵᠤ ᠥᠭᠦᠳᠡᠭ᠌᠃ ᠣᠠᠴᠠᠭᠠᠢ᠌ᠯᠠᠨ ᠴᠢᠰᠤᠨ ᠳᠠᠷᠤᠯᠳᠠ ᠦᠨᠳᠦᠷ ᠡᠪᠠᠦᠡᠴᠢᠳᠡᠨ ᠪᠣᠯᠤᠨ ᠵᠢᠷᠦᠭᠡᠨ ᠡᠪᠠᠦᠡᠴᠢᠳᠡᠨ ᠤ ᠠᠮᠢ ᠶᠢ ᠠᠪᠬᠤ ᠭᠤᠤᠯ ᠳᠠᠢ᠌ᠰᠤᠨ ᠪᠣᠯᠤᠭᠰᠠᠨ ᠪᠠᠢ᠌ᠨ᠎ᠠ᠃ ᠡᠢ᠌ᠮᠦᠷᠭᠦ ᠬᠤᠤᠷᠳᠠᠯ ᠨᠢ ᠰᠤᠷᠭᠠᠭᠤᠯᠢ᠂ ᠠᠯᠪᠠᠨ ᠪᠠᠢ᠌ᠭᠤᠯᠤᠯᠭ᠎ᠠ ᠮᠠᠳᠤ ᠶᠢᠨ ᠭᠠᠵᠠᠷ ᠲᠤ ᠪᠦᠭᠡᠮ ᠶᠢᠡᠷ ᠬᠤᠤᠷᠳᠠᠭᠳᠠᠬᠤ ᠶᠠᠪᠣᠳᠠᠯ ᠭᠠᠷᠬᠤ ᠦᠭᠡᠶ ᠪᠠᠢ᠌ᠳᠠᠯ ᠳᠤᠤᠷ᠎ᠠ᠂ ᠡᠷᠡᠭᠦᠯ ᠬᠠᠮᠠᠭᠠᠯᠠᠯ ᠤᠨ ᠡᠳᠡᠭᠡᠤᠨ ᠤᠨ ᠠᠩᠬᠠᠷᠤᠯ ᠢ ᠳᠠᠳᠠᠵᠤ ᠴᠢᠳᠠᠬᠤ ᠦᠭᠡᠶ ᠪᠦᠭᠡᠤᠨ ᠡᠩ ᠤᠨ ᠪᠠᠭ᠎ᠠ ᠬᠤᠳᠠ ᠳᠤ ᠴᠤᠬᠤᠮ ᠶᠠᠮᠠᠷ ᠭᠡᠮ ᠪᠣᠯᠤᠭᠰᠠᠨ ᠢ ᠪᠠᠢ᠌ᠴᠠᠭᠠᠭᠠᠤᠨ ᠴᠤ ᠣᠯᠬᠤ ᠦᠭᠡᠶ ᠠᠵᠢ᠃ ᠬᠤᠷᠢᠭᠠᠤᠨ ᠵᠢᠯ ᠤᠨ ᠳᠤᠷᠰᠢ ᠡᠨᠡ ᠰᠠᠳᠤᠪ ᠢ ᠰᠤᠳᠤᠯᠤᠭᠰᠠᠭᠠᠷ ᠢᠷᠡᠭ᠍ᠰᠡᠨ ᠰᠢᠤᠢ ᠰᠢᠶᠤᠤ ᠪᠠᠢ ᠫᠷᠦᠹᠧᠰᠰᠤᠷ ᠵᠢᠭᠠᠵᠤ ᠭᠠᠷᠭᠠᠬᠤ ᠳᠠᠭᠠᠨ᠄ 《ᠳᠤᠰ ᠡᠮ ᠤᠨ ᠬᠤᠤᠷᠳᠠᠯ ᠨᠢ ᠵᠥᠪᠭᠡᠨ ᠳᠤᠰ ᠭᠦᠮᠤᠨ ᠢ ᠬᠤᠤᠷᠳᠠᠭᠤᠯᠤᠭᠠᠤᠨ ᠵᠤᠭᠰᠤᠬᠤ ᠦᠭᠡᠶ᠂ ᠦᠶ᠎ᠡ ᠠᠯᠤᠰᠯᠠᠭᠠᠤᠨ ᠣᠮᠪᠣᠯᠤ ᠶᠢᠨ ᠭᠢᠨᠢ ᠪᠠᠶ᠎ᠠ ᠳᠡᠭᠡᠷ᠎ᠡ ᠭᠦᠷᠳᠡᠯ᠎ᠡ ᠣᠳᠤᠮᠯᠠᠨ ᠬᠠᠳᠠᠭᠠᠯᠠᠭᠳᠠᠨ᠎ᠠ》 ᠭᠡᠵᠡᠢ᠃ ᠡᠭᠦᠨ ᠡᠴᠠ ᠺᠦᠷᠤᠠᠲ᠋ᠷᠣ᠋ ᠶᠢᠨ ᠬᠤᠤᠷᠳᠠᠯ ᠭᠢᠷᠢ ᠵᠡᠷᠭᠡ ᠭᠡᠴᠡᠭᠦᠤ ᠶᠢ ᠮᠠᠳᠠᠵᠤ ᠪᠣᠯᠤᠨ᠎ᠠ᠃

ᠭᠡᠳᠡᠯ᠎ᠡ ᠭᠦᠮᠤᠨ ᠭᠡᠭ᠍ᠴᠢ ᠠᠮᠢᠳᠠᠨ ᠶᠠᠷᠤ ᠨᠢ ᠨᠢᠳᠤᠨ ᠡᠮᠦᠨᠡᠭᠢ ᠠᠰᠢᠭ ᠢ ᠭᠦᠭᠡᠭᠡᠴᠡᠯᠳᠤᠨ ᠠᠯᠤᠰ ᠴᠠᠭᠠᠨᠠᠭᠢ ᠬᠤᠤᠷ ᠨᠥᠯᠦᠭᠡ ᠶᠢ ᠪᠣᠳᠤᠯᠭᠢᠯᠠᠬᠤ ᠨᠢ ᠳᠤᠩ ᠴᠥᠭᠡᠨ ᠪᠠᠢ᠌ᠳᠠᠭ᠃ ᠡᠭᠦᠨ ᠳᠤ ᠬᠠᠷ᠎ᠠ ᠰᠠᠤᠠᠭᠢᠯ ᠲᠡᠶ ᠣᠢ᠌ᠯᠠᠤᠠᠪᠣᠷᠢ ᠶᠢᠨ ᠡᠵᠡᠳ ᠦᠨᠳᠦᠷ ᠠᠰᠢᠭ ᠢ ᠭᠤᠷᠢᠳᠠᠨ ᠣᠯᠤᠰ ᠤᠨ ᠬᠠᠤᠯᠢ ᠴᠠᠭᠠᠵᠠ ᠶᠢ 《ᠭᠠᠤᠯᠢ》 ᠶᠢᠨ ᠣᠷᠤᠨ ᠳᠤ ᠴᠤ ᠥᠵᠡᠭᠦ ᠦᠭᠡᠶ᠂ ᠺᠦᠷᠤᠠᠲ᠋ᠷᠣ᠋ ᠶᠢ ᠭᠡᠮᠵᠢᠶᠡᠨ ᠡᠴᠠ ᠨᠢ ᠭᠡᠳᠦᠷᠡᠳᠡᠯ᠎ᠡ ᠭᠡᠷᠡᠭᠯᠡᠵᠤ ᠪᠠᠢ᠌ᠭᠠᠤᠨ ᠦᠨᠳᠦᠷ ᠠᠰᠢᠭ ᠬᠤᠠᠵᠢᠵᠤ ᠶᠠᠭᠠᠷᠠᠳᠠᠭ ᠪᠠᠢ᠌ᠯ᠎ᠠ᠃ ᠳᠡᠵᠢᠭᠡᠪᠦᠷᠢ ᠶᠢᠨ ᠣᠢ᠌ᠯᠠᠰ ᠶᠢᠡᠷ ᠥᠳᠲᠥᠷ ᠳᠦᠷᠭᠡᠨ ᠭᠦᠷᠦᠩᠭᠡᠵᠢᠵᠤ ᠪᠣᠰᠤᠭᠰᠠᠨ ᠠᠵᠤ ᠠᠬᠣᠢ᠌ᠯᠠᠯ ᠦᠪᠡᠷ ᠶᠢᠡᠨ ᠰᠤᠳᠤᠯᠭᠠᠨ ᠤ ᠭᠠᠵᠠᠷ ᠭᠠᠷᠭᠠᠵᠤ᠂ ᠺᠦᠷᠤᠠᠲ᠋ᠷᠣ᠋ ᠪᠠᠷ ᠥᠰᠭᠡᠭ᠍ᠰᠡᠨ ᠠᠮᠢᠳᠠᠨ ᠶᠢᠡᠨ ᠰᠢᠯᠢᠯᠳᠠ ᠭᠢᠵᠤ ᠡᠷᠯᠢᠰᠵᠢᠭᠦᠯᠦᠭᠡᠤᠨ 《ᠳᠤᠰᠠᠭᠠᠷ ᠡᠵᠡᠩᠨᠡᠭᠦ ᠡᠭᠦᠯᠳᠡᠷ》 ᠊ᠢ ᠪᠣᠢ᠌ᠵᠢᠭᠤᠯᠵᠤ ᠣᠪᠣᠭ᠎ᠠ ᠳᠤᠪᠣᠭ᠎ᠠ ᠪᠠᠷ ᠮᠥᠩᠭᠦ ᠳᠤᠯᠤᠮᠯᠠᠵᠤ ᠥᠭᠦᠯᠳᠡᠵᠤ ᠪᠠᠢ᠌ᠨ᠎ᠠ᠃ ᠡᠢ᠌ᠮᠦᠷᠭᠦ 《ᠣᠯᠠᠮᠵᠢᠯᠠᠯ ᠤᠨ ᠭᠧᠨ ᠤ ᠰᠢᠯᠵᠢᠯᠳᠠ》 ᠭᠢᠭ᠍ᠰᠡᠨ ᠠᠮᠢᠳᠠᠨ ᠤ ᠮᠢᠬᠠᠨ ᠳᠤ ᠭᠡᠳᠤᠨ ᠦᠶ᠎ᠡ ᠰᠢᠯᠢᠭ᠍ᠳᠡᠵᠤ ᠥᠯᠡᠳᠡᠭ᠍ᠰᠡᠨ ᠬᠤᠤᠷ᠎ᠠ ᠨᠢ ᠣᠯᠠᠮ ᠵᠤᠵᠠᠭᠠᠷᠠᠵᠤ᠂ ᠮᠢᠬ᠎ᠠ ᠶᠢ ᠨᠢ ᠢᠳᠡᠭ᠍ᠰᠡᠳ ᠨᠠᠩ ᠠᠮᠠᠷᠬᠠᠨ ᠬᠤᠤᠷᠳᠠᠭᠳᠠᠬᠤ ᠪᠣᠯᠤᠭᠰᠠᠨ ᠪᠠᠢ᠌ᠨ᠎ᠠ᠃ 2004 ᠣᠨ ᠤ 2 ᠰᠠᠷᠠᠢ᠌ᠨ 21 ᠤ ᠡᠳᠦᠷ ᠤᠨ ᠵᠢᠶᠠᠩᠰᠤ ᠶᠢᠨ ᠳᠸᠯᠸᠢᠰ ᠬᠤᠷᠢᠶᠠᠨ ᠤ ᠮᠡᠳᠡᠭᠡᠨ ᠳᠤ᠂ ᠨᠢᠭᠡᠨ ᠬᠤᠭᠤᠯᠠᠨ ᠭᠡᠷ ᠤᠨ ᠳᠠᠭᠢᠶᠠᠨ ᠮᠢᠬ᠎ᠠ ᠶᠢ ᠢᠳᠡᠭᠡᠤᠨ ᠨᠢᠭᠡᠯᠡ ᠣᠳᠠᠭ᠎ᠠ ᠳᠤ ᠠᠷᠪᠠ ᠶ‍ᠢᠰᠤᠨ ᠭᠦᠮᠤᠨ ᠬᠤᠤᠷᠳᠠᠵᠠᠢ᠃ ᠭᠡᠷᠪᠡ ᠨᠢᠭᠡ ᠬᠤᠶᠠᠷᠬᠠᠨ ᠭᠦᠮᠤᠨ ᠬᠤᠤᠷᠳᠠᠭᠰᠠᠨ ᠪᠣᠯ ᠯᠠᠪᠳᠠᠢ ᠢᠳᠡᠭᠡᠨ ᠤ ᠬᠤᠤᠷᠳᠠᠯ ᠶᠢᠡᠷ ᠰᠡᠵᠢᠭ᠍ᠯᠡᠭᠦ ᠦᠭᠡᠶ ᠪᠠᠷ ᠥᠩᠭᠡᠷᠡᠭᠦ ᠯᠠ ᠭᠡᠷᠡᠭ᠌ ᠡ᠃ ᠳᠡᠭᠡᠭᠡᠤᠨ ᠳᠠᠷᠠ ᠬᠤᠭᠤᠯᠠᠨ ᠭᠡᠷ ᠤᠨ ᠳᠠᠭᠢᠶᠠᠨ ᠮᠢᠬ᠎ᠠ ᠶᠢ ᠪᠠᠢ᠌ᠴᠠᠭᠠᠭᠰᠠᠨ ᠳᠤ᠂ ᠳᠡᠵᠢᠭᠡᠪᠦᠷᠢ ᠶᠢᠨ ᠺᠤᠮᠫᠠᠨᠢ ᠨᠢ ᠪᠣᠷᠳᠤᠭᠠᠨ ᠳᠠᠭᠠᠨ ᠭᠡᠮᠵᠢᠶᠡᠨ ᠡᠴᠠ ᠭᠡᠳᠦᠷᠡᠳᠡᠯ᠎ᠡ ᠺᠦᠷᠤᠠᠲ᠋ᠷᠣ᠋ ᠬᠤᠯᠢᠭᠰᠠᠨ ᠭᠡᠨ᠎ᠡ᠃ ᠡᠢ᠌ᠮᠦᠷᠭᠦ ᠮᠡᠳᠡᠭᠡ ᠣᠳᠤ ᠪᠣᠯᠳᠠᠯ᠎ᠠ ᠳᠠᠰᠤᠷᠠᠬᠤ ᠦᠭᠡᠶ ᠪᠠᠢ᠌ᠵᠤ᠂ ᠬᠤᠤᠷ ᠤᠨ ᠦᠨᠳᠦᠰᠦ ᠳᠠᠰᠤᠷᠠᠬᠤ ᠦᠭᠡᠶ ᠯᠠ ᠪᠠᠢ᠌ᠳᠠᠯ ᠳᠤᠤᠷ᠎ᠠ ᠡᠢ᠌ᠮᠤ ᠭᠡᠷᠡᠭ᠌ ᠳᠠᠰᠤᠷᠠᠬᠤ ᠦᠭᠡᠶ ᠨᠢ ᠮᠡᠳᠡᠭᠡᠵᠢ᠃

ᠡᠷᠡᠭᠦᠯ ᠬᠠᠮᠠᠭᠠᠯᠠᠯ ᠤᠨ ᠶᠠᠮᠤᠨ ᠤ ᠣᠢ᠌ᠷᠠᠬᠠᠨ ᠤ ᠪᠦᠷᠢᠦᠡᠭᠡᠯ ᠢ ᠦᠨᠳᠦᠰᠦᠯᠠᠪᠠᠯ᠂ 1998 ᠣᠨ ᠡᠴᠠ ᠨᠠᠭᠠᠰᠢ ᠮᠠᠨ ᠤ ᠣᠯᠤᠰ ᠲᠤ ᠺᠦᠷᠤᠠᠲ᠋ᠷᠣ᠋ ᠶᠢᠨ ᠬᠤᠤᠷᠳᠠᠯ ᠡᠴᠠ ᠪᠣᠯᠤᠭᠰᠠᠨ ᠢᠳᠡᠭᠡᠨ ᠤ ᠪᠣᠭᠢᠷᠳᠠᠯ ᠤᠨ ᠭᠡᠷᠡᠭ᠌ 18 ᠣᠳᠠᠭ᠎ᠠ ᠭᠠᠷᠴᠤ᠂ ᠨᠠᠢ᠌ᠳᠠ 1700 ᠢᠯᠡᠭᠦᠤ ᠭᠦᠮᠤᠨ ᠬᠤᠤᠷᠳᠠᠭᠳᠠᠭᠠᠤᠨ ᠨᠢᠭᠡ ᠭᠦᠮᠤᠨ ᠵᠠᠰᠠᠯ ᠠᠪᠣᠭᠰᠠᠨ ᠦᠭᠡᠶ ᠬᠤᠤᠷᠳᠠᠵᠤ ᠥᠭᠦᠵᠡᠢ᠃ 2008 ᠣᠨ ᠤ 11 ᠰᠠᠷᠠᠢ᠌ᠨ 13 ᠊ᠤ ᠡᠳᠦᠷ ᠵᠢᠶᠠᠩᠰᠤ ᠮᠤᠵᠢ ᠶᠢᠨ ᠵᠢᠶᠠᠰᠢᠩ ᠳᠤ ᠪᠣᠭᠢᠷᠳᠠᠯᠳᠤ ᠭᠠᠬᠠᠢ ᠶᠢᠨ ᠮᠢᠬᠠᠨ ᠳᠤ ᠬᠤᠤᠷᠳᠠᠭᠰᠠᠨ ᠭᠡᠷᠡᠭ᠌ ᠭᠠᠷᠴᠤ 40 ᠭᠦᠮᠤᠨ ᠬᠤᠤᠷᠳᠠᠭᠳᠠᠨ ᠳᠦᠷᠭᠡᠨ ᠠᠪᠣᠷᠠᠭᠳᠠᠭᠰᠠᠨ ᠤ ᠠᠴᠢ ᠪᠠᠷ ᠥᠭᠦᠭ᠍ᠰᠡᠨ ᠭᠦᠮᠤᠨ ᠭᠠᠷᠤᠭᠰᠠᠨ ᠦᠭᠡᠶ᠃ 2009 ᠣᠨ ᠤ 2 ᠰᠠᠷᠠᠢ᠌ᠨ 20 ᠳᠤ ᠢᠮᠠᠭᠠᠳᠤ ᠬᠤᠳᠠ ᠭᠤᠸᠠᠩᠵᠸᠤ ᠳᠤ ᠨᠢᠭᠡᠯᠭᠡᠨ ᠣᠳᠠᠭ᠎ᠠ ᠳᠤ 46 ᠭᠦᠮᠤᠨ ᠪᠣᠭᠢᠷᠳᠠᠯᠳᠤ ᠭᠠᠬᠠᠢ ᠶᠢᠨ ᠮᠢᠬᠠᠨ ᠳᠤ ᠬᠤᠤᠷᠳᠠᠭᠳᠠᠰᠠᠨ ᠪᠠᠢ᠌ᠵᠠᠢ᠃ ᠳᠡᠭᠡᠭᠦ ᠳᠡᠭᠡᠨ ᠳᠠᠪᠣᠰᠤᠨ ᠭᠦᠴᠢᠯ ᠤᠨ ᠺᠦᠷᠤᠠᠲ᠋ᠷᠣ᠋ ᠳᠡᠭᠡᠨ 《ᠡᠴᠡᠩᠭᠡᠢ ᠮᠢᠬᠠᠨ ᠬᠠᠠᠳᠠ (瘦肉精)》 ᠭᠡᠰᠡᠨ ᠬᠤᠪᠢᠯᠠᠪᠣᠷᠢ ᠨᠠᠷ᠎ᠠ ᠵᠡᠭᠦᠯᠭᠡᠴᠢᠭ᠍ᠰᠡᠨ ᠪᠠᠢ᠌ᠬᠤ ᠦᠭᠡᠶ ᠦᠦ︕

ᠭᠡᠷᠡᠭ᠌ ᠭᠠᠷᠴᠤ ᠭᠡᠩᠭᠡᠷᠭᠡ ᠨᠢ ᠬᠠᠭᠠᠷᠠᠭᠠᠤᠨ ᠡᠮᠦᠨᠡᠳᠤ ᠣᠷᠤᠨ ᠤ ᠭᠢᠨ ᠢᠳᠡᠭᠡᠨ ᠤ ᠬᠤᠤᠷᠳᠠᠯ ᠳᠤ ᠭᠦᠯ ᠠᠯᠳᠠᠨ ᠳᠠᠪᠵᠢᠶᠠᠷᠠᠵᠤ᠂ ᠭᠠᠬᠠᠢ ᠶᠢᠨ ᠬᠠᠷ᠎ᠠ ᠮᠢᠬ᠎ᠠ ᠶᠢ ᠢᠳᠡᠭᠦ ᠡᠴᠠ ᠪᠢᠰᠢ ᠥᠭᠡᠭᠦ ᠶᠢ ᠨᠢ ᠢᠳᠡᠭᠦ ᠦᠭᠡᠶ ᠪᠣᠯᠤᠭᠰᠠᠨ ᠶᠢᠡᠷ ᠭᠠᠬᠠᠢ ᠶᠢᠨ ᠥᠭᠡᠭᠦ ᠶᠡᠭᠡ ᠭᠢᠮᠳᠠᠷᠠᠵᠤ᠂ ᠵᠢᠩ ᠳᠡᠭᠡᠨ ᠨᠢᠭᠡ ᠳᠦᠭᠦᠷᠢᠭ᠌ ᠭᠦᠷᠭᠦ ᠦᠭᠡᠶ ᠪᠣᠯᠵᠤ ᠪᠠᠢ᠌ᠳᠠᠯ᠎ᠠ ᠮᠠᠨ ᠤ ᠣᠮᠠᠷᠠᠳᠤ ᠣᠷᠤᠨ ᠤ ᠭᠢᠨ ᠬᠠᠷᠢᠨ ᠳᠠᠪᠠᠳᠠᠢ ᠰᠠᠭᠤᠭᠠᠤᠨ ᠪᠢᠯᠠᠭᠤᠷᠠᠳᠠᠯ᠎ᠠ ᠵᠤᠭᠤᠭᠯᠠᠵᠤ ᠭᠠᠷᠤᠨ᠎ᠠ᠃ ᠭᠡᠷᠡᠭ᠍ᠴᠡᠭᠡ ᠨᠢ ᠵᠠᠬ᠎ᠠ ᠳᠡᠯᠭᠡᠭᠦᠷ ᠤᠨ ᠬᠠᠠᠳᠤᠰᠢ ᠶᠢ ᠳᠤᠭᠳᠠᠭᠠᠵᠤ᠂ ᠮᠤᠵᠢ ᠠᠯᠤᠰᠯᠠᠭᠰᠠᠨ ᠫᠠᠠᠽᠠᠴᠢᠨ ᠳᠤ ᠭᠠᠬᠠᠢ ᠶᠢᠨ ᠥᠭᠡᠭᠦ ᠠᠷᠠᠯᠵᠢᠶᠠᠯᠠᠵᠤ ᠵᠤᠭᠤᠰ ᠬᠤᠠᠵᠢᠬᠤ ᠰᠠᠢ᠌ᠨ ᠵᠠᠪᠰᠢᠶᠠᠨ ᠣᠯᠭᠤᠭᠰᠠᠨ ᠪᠠᠢ᠌ᠨ᠎ᠠ᠃ ᠣᠳᠤ ᠪᠢᠳᠠ ᠬᠤᠯᠢᠰᠢᠨ ᠢᠳᠡᠭᠡᠨ ᠤ ᠳᠡᠯᠭᠡᠭᠦᠷ ᠡᠴᠠ ᠨᠢᠭᠡ ᠳᠠᠭᠢᠶ᠎ᠠ ᠶᠢᠨ ᠭᠤᠶ᠎ᠠ ᠠᠪᠣᠭᠠᠤᠨ 《ᠭᠦᠮᠤᠨ ᠤ ᠡᠨᠡ ᠳᠠᠭᠢᠶᠠᠨ ᠭᠤᠶ᠎ᠠ ᠮᠠᠨ ᠤ ᠭᠠᠬᠠᠢ ᠶᠢᠨ ᠭᠤᠶ᠎ᠠ ᠶᠢᠨ ᠭᠢᠷᠢ ᠪᠠᠢ᠌ᠨ᠎ᠠ》 ᠭᠡᠵᠤ ᠱᠠᠭᠰᠢᠷᠠᠳᠠᠭ᠃ ᠮᠠᠨ ᠤ ᠮᠡᠳᠡᠭᠦ ᠪᠠᠷ᠂ ᠨᠢᠭᠡ ᠡᠩ ᠤᠨ ᠡᠭᠦᠯᠳᠡᠷ ᠤᠨ ᠳᠠᠭᠢᠶ᠎ᠠ ᠶᠢ ᠳᠠᠪᠤᠨ ᠵᠢᠯ ᠳᠡᠵᠢᠭᠡᠭᠡᠤᠨ ᠨᠢ᠋ᠮᠠᠨ ᠵᠢᠩ ᠭᠦᠷᠭᠡᠭᠦ ᠳᠤ ᠪᠠᠷᠭᠡ᠂ ᠭᠡᠳᠡᠯ᠎ᠡ ᠳᠠᠪᠣᠰᠤᠨ ᠭᠦᠴᠢᠯ ᠤᠨ ᠺᠦᠷᠤᠠᠲ᠋ᠷᠣ᠋ ᠪᠠᠷ ᠨᠢ᠋ᠮᠠᠬᠠᠨ ᠰᠠᠷ᠎ᠠ ᠪᠣᠷᠳᠤᠪᠠᠯ ᠬᠤᠷᠢᠨ ᠭᠡᠳᠤᠨ ᠵᠢᠩ ᠤᠨ ᠠᠯᠬᠤᠵᠤ ᠳᠡᠢ᠌ᠯᠭᠦ ᠦᠭᠡᠶ ᠳᠤᠮᠤ ᠳᠠᠭᠢᠶ᠎ᠠ ᠪᠣᠯᠴᠢᠬᠠᠳᠠᠭ ᠠᠵᠢ᠃ ᠡᠨᠡ ᠴᠢᠨᠢ ᠨᠢᠭᠡ ᠢᠮᠠᠭᠠᠨ ᠤ ᠮᠢᠬ᠎ᠠ ᠭᠠᠷᠴᠤ ᠪᠠᠢ᠌ᠨ᠎ᠠ ᠭᠡᠰᠡᠨ ᠥᠭᠡ᠃ ᠰᠢᠳᠤᠯᠠᠩ ᠭᠤᠨ᠎ᠠ ᠶᠢ ᠺᠦᠷᠤᠠᠲ᠋ᠷᠣ᠋ ᠲᠡᠶ ᠬᠤᠯᠢᠮᠠᠭ ᠪᠣᠷᠳᠤᠭ᠎ᠠ ᠪᠠᠷ ᠠᠷᠪᠠᠨ ᠰᠠᠷ᠎ᠠ ᠪᠣᠷᠳᠤᠪᠠᠯ ᠳᠤᠯᠤᠭᠠᠨ ᠵᠠᠭᠤᠨ ᠵᠢᠩ ᠮᠢᠬ᠎ᠠ ᠭᠠᠷᠤᠨ᠎ᠠ᠂ ᠭᠡᠷᠪᠡ ᠣᠯᠠᠮᠵᠢᠯᠠᠯᠳᠤ ᠠᠷᠭ᠎ᠠ ᠪᠠᠷ ᠪᠣᠷᠳᠤᠪᠠᠯ ᠳᠠᠪᠤᠨ ᠵᠢᠯ ᠳᠡᠵᠢᠭᠡᠪᠠᠴᠤ ᠡᠨᠡ ᠭᠡᠮᠵᠢᠶᠡᠨ ᠳᠤ ᠭᠦᠷᠴᠤ ᠳᠡᠢ᠌ᠯᠭᠦ ᠦᠭᠡᠶ᠃ ᠨᠢᠭᠡ ᠫᠢᠯᠠ ᠮᠢᠬ᠎ᠠ ᠭᠠᠷᠬᠤ ᠶᠠᠰᠤᠳᠤ ᠮᠡᠯᠡᠭᠡᠢ ᠶᠢ ᠠᠷᠪᠠᠨ ᠳᠠᠪᠤᠨ ᠵᠢᠯ ᠳᠡᠵᠢᠭᠡᠪᠠᠯ ᠰᠠ‍‌ᠶᠢ ᠭᠡᠮᠵᠢᠶᠡᠨ ᠳᠡᠭᠡᠨ ᠭᠦᠷᠳᠡᠭ᠌ ᠪᠠᠢ᠌ᠳᠠᠯ᠎ᠠ ᠺᠦᠷᠤᠠᠲ᠋ᠷᠣ᠋ ᠪᠠᠷ ᠳᠡᠵᠢᠭᠡᠪᠠᠯ ᠳᠤᠯᠤᠭᠠᠬᠠᠨ ᠰᠠᠷ᠎ᠠ ᠭᠡᠷᠡᠭᠯᠡᠳᠡᠭ᠌ ᠭᠡᠨ᠎ᠡ᠃ ᠡᠨᠡᠭᠦ ᠺᠦᠷᠤᠠᠲ᠋ᠷᠣ᠋ ᠭᠡᠭ᠍ᠴᠢ ᠶᠠᠭᠤᠮᠠᠨ ᠳᠤ ᠭᠡᠷᠪᠡ ᠭᠦᠡᠳᠤ ᠨᠤᠴᠢᠳᠠᠢ ᠬᠤᠤᠷᠳᠠᠭᠤᠯᠤᠯ ᠦᠭᠡᠶ ᠪᠠᠢ᠌ᠭᠰᠠᠨ ᠪᠣᠯ ᠮᠠᠯ ᠠᠵᠤ ᠠᠬᠤᠢ ᠳᠤ ᠶᠤᠰᠤᠳᠠᠢ ᠶᠡᠭᠡ ᠥᠰᠦᠷᠦᠩᠭᠦᠢ ᠳᠠᠪᠰᠢᠯᠳᠠ ᠶᠢ ᠠᠪᠴᠢᠷᠠᠬᠤ ᠪᠣᠯᠤᠨ᠎ᠠ᠃ ᠭᠡᠳᠡᠯ᠎ᠡ ᠪᠠᠢ᠌ᠭᠠᠯᠢ ᠶᠢᠨ ᠵᠢᠮ᠎ᠠ ᠶᠤᠰᠤ ᠪᠣᠯ ᠵᠦᠷᠢᠴᠠᠵᠤ ᠪᠣᠯᠤᠰᠢ ᠦᠭᠡᠶ ᠬᠠᠳᠠᠭᠤ ᠬᠠᠤᠯᠢ ᠮᠦᠨ᠃ ᠡᠨᠡ ᠬᠠᠤᠯᠢ ᠶᠢ ᠭᠡᠨ ᠠᠶᠤᠮᠰᠢᠭ ᠦᠭᠡᠶ ᠵᠥᠷᠢᠴᠡᠭᠦ ᠳᠤ ᠭᠦᠷᠪᠠᠯ ᠭᠦᠮᠤᠨ ᠲᠦᠷᠦᠯᠭᠢᠳᠠᠨ ᠳᠤ ᠨᠥᠭᠦᠰᠢ ᠦᠭᠡᠶ ᠭᠠᠮᠰᠢᠭ ᠳᠠᠷᠢᠬᠤ ᠳᠤ ᠭᠦᠷᠤᠨ᠎ᠡ᠃ ᠪᠢᠳᠠ ᠥᠭᠡᠷ ᠶᠢᠡᠨ ᠢᠯᠡᠭᠦᠤ ᠭᠡᠳᠤᠨ ᠵᠤᠭᠤᠰ ᠬᠤᠳᠠᠯᠳᠤᠬᠤ ᠶᠢ ᠪᠣᠳᠤᠭᠠᠤᠨ ᠮᠢᠬ᠎ᠠ ᠶᠢ ᠨᠢ ᠢᠳᠡᠭ᠍ᠰᠡᠳ ᠬᠤᠤᠷᠳᠠᠵᠤ ᠥᠭᠦᠵᠤ ᠶᠢ ᠬᠠᠢ᠌ᠬᠤᠷᠬᠤ ᠦᠭᠡᠶ ᠪᠠᠢ᠌ᠵᠤ ᠪᠣᠯᠤᠨ᠎ᠠ ᠭᠡᠵᠢ ᠦᠦ︖ ᠵᠢᠱᠢᠶᠠᠯᠠᠪᠠᠯ 2009 ᠣᠨ ᠤ 10 ᠰᠠᠷᠠᠢ᠌ᠨ 27 ᠊ᠤ ᠡᠳᠦᠷ ᠤᠨ 《ᠣᠯᠠᠭᠠᠠᠬᠠᠳᠠ ᠶᠢᠨ ᠡᠳᠦᠷ ᠰᠤᠨᠢᠨ》 ᠤ ᠬᠤᠶᠠᠳᠤᠭᠠᠷ ᠨᠢᠭᠤᠷ ᠲᠤ ᠥᠭᠡᠷ ᠪᠣᠷᠳᠤᠬᠤ ᠳᠤ ᠬᠤᠷᠮᠤᠨ ᠤ ᠡᠳ᠋ ᠭᠡᠷᠡᠭᠯᠡᠭᠦ ᠠᠷᠭ᠎ᠠ ᠶᠢ ᠳᠠᠨᠢᠯᠴᠠᠭᠤᠯᠵᠤ ᠪᠠᠢ᠌ᠨ᠎ᠠ᠂ ᠠᠭᠠᠵᠢᠮ ᠳᠠᠭᠠᠨ ᠭᠠᠬᠠᠢ ᠪᠣᠷᠳᠤᠬᠤ 《ᠡᠴᠡᠩᠭᠡᠢ ᠮᠢᠬᠠᠨ ᠬᠠᠠᠳᠠ》 ᠶᠢ ᠳᠠᠨᠢᠯᠴᠠᠭᠤᠯᠬᠤ ᠴᠤ ᠶᠠᠭᠤᠨ ᠮᠠᠭᠠᠤᠨ᠃ ᠡᠢ᠌ᠮᠦᠷᠭᠦ ᠬᠤᠷᠮᠤᠨ ᠤ ᠡᠳ᠋ ᠶᠢ ᠭᠡᠷᠡᠭᠯᠡᠭᠦ ᠦᠭᠡᠶ ᠪᠣᠯ ᠪᠢᠳᠠ ᠥᠭᠡᠷ ᠪᠣᠷᠳᠤᠬᠤ ᠪᠠᠨ ᠪᠠᠢ᠌ᠴᠢᠬᠠᠨ᠎ᠠ ᠭᠡᠵᠢ ᠦᠦ︖ ᠪᠢᠳᠠᠨᠤᠰ ᠲᠤ ᠶᠠᠭᠠᠭᠢᠭᠠᠤᠨ ᠭᠦᠮᠤᠨ ᠤ ᠦᠪᠡᠷ ᠤᠨ ᠭᠢᠨ ᠢ ᠪᠣᠭᠢᠷᠳᠠᠯ ᠦᠭᠡᠶ ᠠᠮᠢᠳᠤᠷᠠᠭᠤᠯᠬᠤ ᠣᠬᠠᠮᠰᠠᠷ ᠦᠭᠡᠶ ᠪᠣᠢ︖

ᠺᠦᠷᠤᠠᠲ᠋ᠷᠣ᠋ ᠨᠢᠭᠡ᠊ᠨᠳᠡ ᠮᠠᠨ ᠤ ᠬᠤᠭᠤᠯᠠᠨ ᠰᠢᠷᠡᠭᠡᠨ ᠳᠡᠭᠡᠷ᠎ᠡ ᠵᠠᠯᠠᠷᠠᠭᠠᠤᠨ ᠪᠠᠭᠤᠯᠭᠠᠬᠤ ᠳᠤ ᠭᠦᠴᠢᠷᠳᠡᠢ ᠶᠠᠭᠤᠮ᠎ᠠ ᠪᠣᠯᠵᠠᠢ᠃ ᠮᠠᠨ ᠤ ᠬᠤᠳᠠ ᠭᠦᠳᠡᠭᠡᠨ ᠤ ᠭᠢᠨ ᠡᠭᠦᠨ ᠤ ᠳᠤᠬᠠᠢ ᠳᠠᠨᠢᠯᠳᠠ ᠳᠣᠢ᠌ᠯ ᠤᠨ ᠭᠦᠶ‍ᠦᠭᠡᠨ ᠪᠠᠢ᠌ᠬᠤ ᠪᠠᠷ ᠪᠠᠷᠠᠬᠤ ᠦᠭᠡᠶ᠂ ᠰᠤᠶᠤᠯ ᠤᠨ ᠣᠬᠠᠮᠰᠠᠷ ᠦᠨᠳᠦᠷ ᠭᠡᠮᠡᠭ᠍ᠳᠡᠭ᠍ᠰᠡᠨ ᠰᠡᠭᠡᠭᠡᠳᠡᠳ ᠴᠤ ᠨᠢᠳᠤ ᠪᠠᠨ ᠠᠨᠢᠭᠠᠤᠨ ᠵᠠᠪᠠᠵᠢ ᠪᠠᠷ ᠶᠢᠡᠨ ᠳᠤᠰᠤ ᠭᠤᠭᠤᠵᠢᠭᠤᠯᠤᠨ ᠵᠠᠯᠭᠢᠯᠠᠵᠤ ᠯᠠ ᠪᠠᠢ᠌ᠨ᠎ᠠ᠃ ᠮᠠᠨ ᠤ ᠰᠤᠨᠢᠨ ᠰᠡᠳᠭᠦᠯ᠂ ᠷᠠᠳᠢᠣ᠋ ᠳᠸᠯᠸᠢᠰ ᠳᠡᠭᠡᠷ᠎ᠡ 《ᠨᠢᠭᠡ ᠡᠳᠦᠷ ᠭᠤᠷᠪᠠᠨ ᠵᠢᠩ ᠮᠢᠬ᠎ᠠ ᠥᠰᠭᠡᠭᠦ》 ᠵᠠᠷ ᠮᠡᠳᠡᠭᠡ ᠬᠨ ᠶᠠ ᠦᠭᠡᠶ ᠨᠢᠰᠴᠤ᠂ ᠴᠤᠬᠤᠢ ᠳᠤᠳᠤᠷ᠎ᠠ ᠺᠦᠷᠤᠠᠲ᠋ᠷᠣ᠋ ᠬᠤᠯᠢᠭᠰᠠᠨ 《ᠪᠣᠷᠳᠤᠭᠠᠨ ᠤ ᠨᠠᠮᠠᠯᠳᠠ ᠡᠳ᠋》 ᠵᠠᠬ᠎ᠠ ᠳᠡᠯᠭᠡᠭᠦᠷ ᠶᠢᠡᠷ ᠨᠠᠢ᠌ᠳᠠᠮ ᠬᠠᠷᠠᠭᠳᠠᠵᠤ ᠪᠠᠢ᠌ᠨ᠎ᠠ᠃ ᠣᠯᠤᠰ ᠡᠴᠠ ᠢᠳᠡᠭᠡᠨ ᠤ ᠪᠣᠭᠢᠷᠳᠠᠯ ᠢ ᠬᠠᠷ᠎ᠠ ᠳᠠᠮᠠᠭᠢ ᠠᠳᠠᠯᠢ ᠬᠠᠳᠠᠭᠤ ᠴᠠᠭᠠᠵᠠᠯᠠᠬᠤ ᠦᠭᠡᠶ ᠡᠴᠠ ᠪᠣᠯᠤᠭᠠᠤᠨ 《ᠢᠳᠡᠭᠡᠨ ᠤ ᠠᠮᠤᠷ ᠲᠦᠪᠰᠢᠨ ᠢ ᠪᠠᠳᠤᠯᠠᠬᠤ ᠬᠠᠤᠯᠢ》 ᠭᠡᠳᠡᠭ᠌ ᠨᠢ ᠴᠠᠭᠠᠰᠤᠨ ᠳᠡᠭᠡᠷ᠎ᠡ ᠵᠢᠭᠰᠠᠭᠠᠭᠰᠠᠨ ᠵᠤᠷᠪᠣᠰ ᠪᠣᠯᠤᠭᠠᠤᠨ ᠠᠷᠠᠤᠨ ᠲᠦᠮᠡᠨ ᠪᠣᠯᠤᠨ ᠠᠯᠪᠠᠨ ᠳᠤᠰᠢᠶᠠᠯᠳᠠᠤᠨ ᠲᠤ ᠭᠦᠷᠳᠡᠯ᠎ᠡ ᠰᠠᠭᠤᠭᠳᠠᠯ ᠦᠭᠡᠶ ᠬᠤᠭᠤᠰᠤᠨ ᠣᠷᠢᠶ᠎ᠠ ᠪᠣᠯᠤᠭᠠᠤᠨ ᠦᠯᠠᠳᠠᠵᠠᠢ᠃ ᠭᠡᠵᠢᠶ᠎ᠡ ᠬᠤᠤᠷᠳᠠᠯ ᠤᠨ ᠭᠡᠷᠡᠭ᠌ ᠭᠠᠷᠤᠭᠰᠠᠨ ᠤ ᠬᠣᠢ᠌ᠨ᠎ᠠ ᠬᠠᠮᠢᠶ᠎ᠠ ᠪᠦᠭᠦᠢ ᠨᠤᠶᠠᠤᠨ ᠤᠨ 《ᠵᠢᠩᠰᠠ》 ᠵᠢ ᠮᠤᠯᠳᠠᠯᠠᠵᠤ᠂ ᠭᠡᠷᠡᠭ᠌ ᠤᠨ ᠳᠦᠷᠦᠭᠦᠤ ᠶᠢ ᠠᠯᠠᠪᠠᠯ ᠶᠠᠪᠣᠳᠠᠯ ᠪᠠᠷᠠᠴᠢᠬᠤ ᠨᠢ ᠡ᠃ 《ᠰᠠᠨ ᠯᠤ ᠨᠠᠷᠠᠮᠵᠢᠳᠤ ᠰᠦᠨ ᠳᠠᠯᠬ᠎ᠠ ᠶᠢᠨ ᠭᠡᠷᠡᠭ᠌》 ᠨᠢ ᠡᠭᠦᠨ ᠢ ᠳᠤᠳᠤ ᠬᠠᠷᠠᠭᠤᠯᠤᠭᠰᠠᠨ ᠠᠵᠢ᠃ ᠡᠨᠡ ᠥᠨᠡᠭᠡᠷ᠂ 《ᠬᠠᠤᠯᠢ ᠶᠢᠨ ᠴᠠᠭᠳᠠᠭ᠎ᠠ ᠭᠡᠷᠡᠭᠦᠯ ᠰᠠᠯᠭᠠᠬᠤ ᠦᠭᠡᠶ᠂ ᠭᠡᠵᠢᠶ᠎ᠡ ᠠᠮᠢᠨ ᠭᠡᠷᠡᠭ᠌ ᠭᠠᠷᠪᠠᠯ ᠰᠠ‍‌ᠶᠢ ᠬᠠᠤᠯᠢ ᠭᠡᠷᠡᠭ᠍ᠵᠢᠭᠦᠯᠳᠡᠭ᠌》 ᠶᠠᠪᠣᠳᠠᠯ ᠪᠣᠯᠤᠭᠰᠠᠨ ᠪᠠᠢ᠌ᠨ᠎ᠠ᠃ ᠶᠠᠮᠠᠷᠪᠠ ᠨᠢᠭᠡ ᠬᠠᠤᠯᠢ ᠳᠦᠷᠢᠮ ᠭᠡᠤᠨ ᠳᠤᠭᠳᠠᠭᠠᠬᠤ ᠳᠤ ᠠᠮᠠᠷᠬᠠᠨ᠂ ᠭᠡᠷᠡᠭ᠍ᠵᠢᠭᠦᠯᠭᠦ ᠳᠤ ᠭᠦᠴᠢᠷ ᠪᠠᠢ᠌ᠳᠠᠭ ᠢ ᠪᠦᠭᠦᠳᠡᠭᠡᠷ ᠮᠠᠳᠠᠨ᠎ᠡ᠂ ᠮᠠᠨ ᠤ ᠣᠯᠤᠰ ᠤᠨ ᠬᠤᠯᠢᠮᠠᠭ ᠪᠣᠷᠳᠤᠭᠠᠨ ᠤ ᠠᠵᠤ ᠠᠬᠣᠢ᠌ᠯᠠᠯ ᠪᠣᠯ ᠣᠯᠤᠰ ᠠᠷᠠᠤᠨ ᠤᠨ ᠳᠤᠯᠭᠠᠭᠤᠷᠢ ᠠᠵᠤ ᠠᠭᠣᠢ᠌ᠯᠠᠯ ᠪᠣᠯᠤᠭᠰᠠᠨ ᠪᠠᠢ᠌ᠵᠤ᠂ ᠳᠠᠪᠣᠰᠤᠨ ᠭᠦᠴᠢᠯ ᠤᠨ ᠺᠦᠷᠤᠠᠲ᠋ᠷᠣ᠋ ᠨᠢ ᠡᠳᠡᠭᠡᠷ ᠠᠵᠤ ᠠᠬᠣᠢ᠌ᠯᠠᠯ ᠤᠨ 《ᠨᠢᠷᠤᠭᠤ》 ᠨᠢ ᠪᠣᠯᠤᠭᠰᠠᠨ ᠢ ᠭᠡᠨ ᠴᠤ ᠥᠭᠡᠢ᠌ᠰᠭᠡᠵᠤ ᠴᠢᠳᠠᠬᠤ ᠦᠭᠡᠶ ᠪᠣᠯᠤᠯ᠎ᠠ᠃ ᠳᠦᠷᠦᠭᠦᠤ ᠬᠤᠶᠠᠷ ᠵᠢᠯ ᠨᠢᠭᠡ ᠳᠠᠷᠢᠶᠠᠯᠠᠬᠤ ᠣᠷᠤᠨ ᠤ ᠠᠬ᠎ᠠ ᠳᠡᠭᠦᠤ ᠢᠷᠡᠭᠡᠤᠨ ᠄ 《ᠮᠠᠨ ᠤ ᠭᠠᠬᠠᠢ ᠳᠤ ᠨᠢᠭᠡ ᠴᠠᠭ ᠨᠠᠮᠠᠯᠳᠠ ᠡᠳ᠋ ᠦᠭ‍ᠭᠦ ᠦᠭᠡᠶ ᠪᠣᠯ ᠬᠤᠭᠤᠯᠠ ᠪᠠᠨ ᠢᠳᠡᠭᠦ ᠦᠭᠡᠶ ᠬᠠᠨ᠎ᠠ ᠮᠥᠷᠭᠦᠯᠭᠢᠯᠡᠨ ᠴᠢᠷᠯᠠᠳᠠᠭ》 ᠭᠡᠵᠤ ᠶᠠᠷᠢᠬᠤ ᠶᠢ ᠰᠤᠨᠤᠰᠤᠭᠠᠤᠨ 《ᠳᠠᠷᠠ ᠴᠢᠨᠢ ᠬᠠᠷ᠎ᠠ ᠳᠠᠮᠠᠭᠢᠨ ᠤ ᠶ‍ᠢᠨ ᠲᠡᠶ ᠪᠣᠯᠴᠢᠬᠠᠭᠰᠠᠨ ᠪᠢᠰᠢᠤ︖》 ᠭᠡᠵᠤ ᠱᠤᠭᠯᠠᠵᠤ ᠪᠠᠢ᠌ᠭᠰᠠᠨ ᠮᠠᠨᠢ ᠪᠣᠳᠠᠳᠤ ᠭᠡᠷᠡᠭ᠌ ᠪᠠᠢ᠌ᠭᠰᠠᠨ ᠶᠤᠮ ᠪᠠᠢ᠌ᠨ᠎ᠠ᠃ ᠳᠡᠵᠢᠭᠡᠪᠦᠷᠢ ᠶᠢᠨ ᠣᠢ᠌ᠯᠠᠰ ᠡᠷᠭᠢᠯᠡᠵᠤ ᠪᠠᠢ᠌ᠭ᠎ᠠ ᠳᠤᠮᠤ ᠠᠵᠤ ᠠᠬᠣᠢ᠌ᠯᠠᠯ ᠤᠳ ᠣᠳᠤ ᠠᠷᠭ᠎ᠠ ᠪᠠᠨ ᠥᠭᠡᠷᠡᠴᠢᠯᠡᠵᠤ᠂ ᠬᠠᠷ᠎ᠠ ᠮᠢᠬᠠᠨ ᠤ ᠲᠦᠷᠦᠯ ᠤᠨ ᠭᠠᠬᠠᠢ ᠣᠷᠤᠭᠤᠯᠵᠤ ᠪᠠᠢ᠌ᠭ᠎ᠠ ᠪᠦᠭᠡᠤᠨ ᠳᠡᠭᠦᠨ ᠶᠢᠡᠨ ᠳᠠᠪᠣᠬᠠᠨ ᠰᠠᠷ᠎ᠠ ᠪᠣᠷᠳᠤᠮᠠᠭᠴᠠ ᠵᠠᠬ᠎ᠠ ᠳᠡᠯᠭᠡᠭᠦᠷ ᠳᠡᠭᠡᠷ᠎ᠡ ᠭᠠᠷᠭᠠᠬᠤ ᠪᠣᠯᠵᠠᠢ᠃ ᠳᠠᠭᠢᠶ᠎ᠠ ᠪᠠᠨ ᠬᠤᠶᠠᠷ ᠵᠢᠩ ᠰᠢᠬᠠᠮ ᠪᠣᠯᠤᠮᠠᠭᠴᠠ ᠠᠯᠠᠵᠤ ᠰᠢᠷᠠᠳᠠᠭ ᠨᠢ ᠪᠣᠷᠳᠤᠭ᠎ᠠ ᠠᠷᠪᠢᠯᠠᠬᠤ ᠶᠢᠨ ᠳᠦᠯᠦᠭᠡ ᠪᠢᠰᠢ᠂ ᠬᠠᠷᠢᠨ ᠭᠡᠷᠡᠭᠯᠡᠭ᠍ᠴᠢᠳ ᠳᠤᠮᠤ ᠭᠠᠬᠠᠢ ᠳᠠᠭᠢᠶ᠎ᠠ ᠶᠢ ᠬᠤᠷᠮᠤᠨ ᠤ ᠡᠳ᠋ ᠶᠢᠡᠷ ᠳᠡᠵᠢᠭᠡᠯ᠎ᠡ ᠭᠡᠵᠤ ᠰᠡᠵᠢᠭᠯᠡᠭᠦ ᠡᠴᠠ ᠭᠢᠴᠢᠶᠡᠭ᠍ᠰᠡᠨ ᠠᠵᠢ᠃ ᠳᠠᠭᠢᠶ᠎ᠠ ᠳᠡᠵᠢᠭᠡᠭᠦ ᠳᠠᠯᠠᠪᠠᠢ ᠨᠢ ᠦᠪᠡᠷ ᠤᠨ ᠪᠦᠳᠦᠭᠡᠭ᠍ᠳᠡᠭᠦᠨ ᠶᠢᠡᠨ ᠢᠳᠡᠳᠡᠭ᠌ ᠦᠭᠡᠶ ᠬᠠᠷᠢᠨ ᠭᠦᠳᠡᠭᠡ ᠪᠠᠭᠤᠵᠤ ᠳᠠᠭᠢᠶ᠎ᠠ ᠪᠣᠯᠤᠨ ᠥᠡᠳᠡᠭᠡ ᠬᠤᠳᠠᠯᠳᠤᠨ ᠠᠪᠳᠠᠭ ᠭᠡᠨ᠎ᠡ᠂ ᠳᠠᠳᠠ ᠦᠪᠠᠰᠤᠪᠠᠨ ᠺᠦᠷᠤᠠᠲ᠋ᠷᠣ᠋ ᠶᠢᠨ ᠬᠤᠤᠷ ᠨᠥᠯᠦᠭᠡ ᠶᠢ ᠰᠠᠢ᠌ᠨ ᠮᠡᠳᠡᠳᠡᠭ᠌ ᠪᠦᠭᠡᠤᠨ᠂ ᠬᠤᠷᠮᠤᠨ ᠶᠢᠡᠷ ᠳᠡᠵᠢᠭᠡᠭ᠍ᠰᠡᠨ ᠳᠠᠭᠢᠶᠠᠨ ᠥᠡᠳᠡᠭᠡ ᠨᠢ ᠠᠮᠳᠠ ᠰᠢᠮᠳᠠ ᠦᠭᠡᠶ᠂ ᠬᠠᠭᠠᠷᠢᠪᠠᠯ ᠮᠤᠳᠤᠨ ᠬᠠᠯᠢᠰᠤ ᠠᠳᠠᠯᠢ ᠬᠠᠳᠠᠭᠤ ᠡᠴᠠ ᠪᠣᠯᠤᠭᠰᠠᠨ ᠶᠤᠮ᠃ ᠳᠡᠭᠡᠭᠦ ᠳᠤ ᠡᠮᠦᠨᠡᠳᠤ ᠣᠷᠤᠨ ᠤ ᠭᠢᠨᠢ ᠳᠠᠷᠢᠶ᠎ᠠ ᠳᠠᠷᠢᠬᠤ ᠳᠠᠭᠠᠨ ᠳᠠᠷᠢᠶ᠎ᠠ ᠪᠠᠨ ᠬᠤᠶᠠᠷ ᠭᠡᠰᠡᠭᠯᠡᠵᠤ᠂ ᠨᠢᠭᠡ ᠭᠡᠰᠡᠭ᠌ ᠳᠤᠨᠢ ᠭᠢᠮᠢ ᠶᠢᠨ ᠪᠣᠷᠳᠤᠭᠤᠷ ᠪᠣᠯᠤᠨ ᠳᠠᠷᠢᠶᠠᠯᠠᠩ ᠤᠨ ᠡᠮ ᠭᠢᠵᠤ ᠬᠤᠳᠠᠯᠳᠤᠨ᠎ᠠ᠂ ᠨᠥᠭᠦᠭᠡ ᠭᠡᠰᠡᠭ᠌ ᠳᠤᠨᠢ ᠨᠤᠳᠤᠭ ᠤᠨ ᠪᠣᠷᠳᠤᠭᠤᠷ ᠭᠢᠭᠡᠤᠨ ᠥᠪᠠᠷᠳᠡᠭᠡᠨ ᠢᠳᠡᠳᠡᠭ᠌᠃ ᠭᠠᠬᠠᠢ ᠳᠡᠵᠢᠭᠡᠪᠠᠯ ᠬᠤᠳᠠᠯᠳᠤᠬᠤ ᠪᠠᠨ ᠬᠤᠯᠢᠮᠠᠭ ᠪᠣᠷᠳᠤᠭ᠎ᠠ ᠪᠠᠷ ᠪᠣᠷᠳᠤᠵᠤ᠂ ᠦᠪᠠᠰᠤᠪᠠᠨ ᠢᠳᠡᠭᠦ ᠪᠠᠨ ᠠᠮᠤ ᠪᠣᠳᠠᠭ᠎ᠠ ᠪᠠᠷ ᠪᠣᠷᠳᠤᠳᠠᠭ ᠪᠣᠯᠵᠠᠢ᠃ ᠡᠭᠦᠨ ᠡᠴᠠ ᠥᠵᠡᠭᠦ ᠳᠤ ᠠᠷᠠᠤᠨ ᠲᠦᠮᠡᠨ ᠮᠢᠨᠢ ᠢᠳᠡᠭᠡᠨ ᠤ ᠪᠣᠭᠢᠷᠳᠠᠯ ᠤᠨ ᠬᠤᠤᠷ ᠨᠥᠯᠦᠭᠡ ᠶᠢ ᠠᠯᠢ ᠭᠡᠳᠥᠢᠨᠡᠢ ᠣᠬᠠᠮᠰᠠᠷᠠᠴᠢᠬᠠᠭᠰᠠᠨ ᠪᠠᠢ᠌ᠵᠤ᠂ ᠥᠭᠡᠷ᠎ᠡ ᠪᠣᠰᠤᠳ ᠲᠤ ᠬᠤᠤᠷᠳᠠᠢ ᠢᠳᠡᠭᠡᠨ ᠢᠳᠡᠭᠦᠯᠭᠦ ᠡᠴᠠ ᠠᠶᠤᠵᠤ ᠰᠢᠷᠪᠠᠭᠡᠳᠦᠭᠦ ᠦᠭᠡᠶ ᠪᠣᠯᠤᠭᠰᠠᠨ ᠪᠠᠢ᠌ᠵᠠᠢ᠃

《ᠬᠤᠭᠤᠯᠠ ᠶᠢ ᠬᠤᠷᠮᠤᠰᠳᠠ ᠪᠠᠷ ᠵᠥᠢᠷᠯᠡᠳᠡᠭ᠌》 ᠠᠷᠠᠤᠨ ᠲᠦᠮᠡᠨ ᠮᠢᠨᠢ᠂ ᠪᠣᠭᠢᠷᠳᠠᠯ ᠦᠭᠡᠶ ᠴᠠᠪᠠᠷ ᠢᠳᠡᠭᠡᠨ ᠶᠢᠡᠷ ᠭᠦᠮᠤᠨ ᠤ ᠦᠪᠡᠷ ᠤᠨ ᠭᠢᠨ ᠢ ᠳᠠᠢ᠌ᠯᠠᠬᠤ ᠳᠠᠢ᠌ᠮᠤ ᠨᠢᠭᠡ ᠠᠷᠤᠤᠬᠠᠨ ᠣᠬᠠᠮᠰᠠᠷ ᠲᠡᠶ ᠪᠣᠯᠴᠢᠬᠠᠪᠠᠯ ᠡᠩᠭᠡ ᠳᠡᠯᠡᠭᠡᠢ ᠮᠠᠨᠢ ᠮᠠᠠᠳᠤ ᠶᠢᠨ ᠠᠭᠠᠷ ᠶᠢᠡᠷ ᠠᠮᠢᠰᠬᠤᠯᠠᠬᠤ ᠪᠣᠯᠴᠢᠬᠤ ᠨᠢ ᠡ︕ ᠬᠤᠤᠷ ᠢ ᠳᠠᠨᠢᠵᠤ ᠬᠤᠤᠷ ᠢ ᠠᠷᠢᠯᠭᠠᠬᠤ ᠪᠣᠯ ᠮᠠᠨ ᠤ ᠬᠣᠢ᠌ᠰᠢᠳᠠ ᠶᠢᠨ ᠠᠮᠢ ᠵᠠᠯᠭᠠᠬᠤ ᠵᠠᠩᠭᠢᠯᠠᠭ᠎ᠠ ᠪᠣᠯᠤᠭᠠᠤᠨ ᠪᠠᠢ᠌ᠨ᠎ᠠ ᠰᠢᠤ︕

ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ ᠬᠤᠳᠠ ᠶᠢᠨ ᠵᠡᠭᠦᠨ ᠪᠠᠭᠠᠷᠢᠨ ᠤ ᠪᠠᠶᠠᠨ ᠠᠭᠤᠯᠠ ᠣᠷᠠᠨ ᠵᠤᠬᠢᠶᠠᠯ ᠤᠨ ᠬᠠᠮᠳᠤᠯᠢᠭ


ᠵᠤᠬᠢᠶᠠᠭᠴᠢ᠄ ᠨᠤ᠋·ᠪᠠᠭᠠᠲᠤᠷ
ᠬᠠᠷᠢᠶ᠎ᠠ᠄ ᠡᠷᠡᠭᠦᠯ ᠡᠩᠬᠡ
ᠳᠠᠷᠤᠮ᠄ 8239
ᠴᠠᠭ᠄ 2009 ᠤᠨ ᠤ 12 ᠰᠠᠷ᠎ᠠ ᠶᠢᠨ 14