ᠶᠠᠪᠠᠭᠠᠨ ᠳᠠᠭᠤᠤ

ᠡᠪᠦᠭᠡᠳ ᠤᠨ ᠪᠣᠭᠤᠷᠤᠯ ᠶᠠᠷᠠᠶᠠᠨ ᠡᠴᠠ ᠶᠠᠪᠠᠭᠠᠨ ᠳᠠᠭᠤᠤ ᠡᠭᠢᠯᠡᠨ᠎ᠡ

ᠦᠨᠢᠷ ᠰᠡᠳᠭᠢᠯᠳᠠᠨ ᠤ ᠨᠢᠳᠤᠨ ᠡᠴᠠ ᠶᠠᠪᠠᠭᠠᠨ ᠳᠠᠭᠤᠤ ᠪᠦᠮᠪᠦᠷᠢᠨ᠎ᠡ

ᠠᠢ᠌ᠷᠠᠭ ᠰᠡᠩᠭᠡᠨᠡᠭ᠍ᠰᠡᠨ ᠭᠦᠳᠡᠭᠡ ᠡᠴᠠ ᠶᠠᠪᠠᠭᠠᠨ ᠳᠠᠭᠤᠤ ᠦᠨᠦᠷᠳᠠᠨ᠎ᠠ

ᠠᠮᠠᠷᠠᠭ ᠭᠦᠰᠡᠭ᠍ᠰᠡᠨ ᠰᠡᠳᠭᠢᠯ ᠳᠤ ᠶᠠᠪᠠᠭᠠᠨ ᠳᠠᠭᠤᠤ ᠣᠷᠭᠤᠨ᠎ᠠ

ᠪᠦᠰᠡᠭᠦᠢ ᠡᠦᠶᠡᠬᠠᠨ ᠠᠭᠠᠯᠠᠢ ᠳᠤ ᠶᠠᠪᠠᠭᠠᠨ ᠳᠠᠭᠤᠤ ᠢᠷᠮᠠᠨ᠎ᠠ

ᠪᠦᠷᠦᠯᠡᠢ ᠶᠢᠨ ᠬᠠᠯᠠᠭᠤᠨ ᠦᠨᠦᠰᠤᠯᠳᠠ ᠳᠤ ᠶᠠᠪᠠᠭᠠᠨ ᠳᠠᠭᠤᠤ ᠰᠢᠪᠠᠨᠠᠨ᠎ᠠ

ᠪᠦᠪᠠᠢ ᠶᠢᠨ ᠳᠠᠭᠤᠤ ᠲᠡᠶ ᠬᠤᠷᠸ᠎ᠠ ᠳᠤ ᠶᠠᠪᠠᠭᠠᠨ ᠳᠠᠭᠤᠤ ᠵᠢᠷᠭᠠᠨ᠎ᠠ

ᠶᠠᠪᠠᠭᠠᠨ ᠳᠠᠭᠤᠤ ᠨᠢ ᠶᠠᠪᠠᠭᠠᠨ ᠳᠤ ᠨᠢ ᠮᠢᠨᠤ ᠭᠦᠰᠡᠯ ᠳᠠᠷᠪᠠᠨ᠎ᠠ᠃


ᠵᠤᠬᠢᠶᠠᠭᠴᠢ ᠶᠢᠨ ᠬᠠ‍‌ᠶᠢᠭ ᠄ ᠰᠢᠠᠵᠢᠶᠠᠩ ᠢᠯᠢ ᠴᠢᠩᠭᠢᠰ ᠴᠠᠭᠠᠨ ᠣᠰᠤ

ᠵᠤᠬᠢᠶᠠᠭᠴᠢ᠄ ᠥᠭᠡᠯᠡᠳ ᠪᠢᠮᠪᠠ ᠶᠢᠨ ᠪᠠᠶᠠᠠᠳᠤᠬᠤᠢ
ᠬᠠᠷᠢᠶ᠎ᠠ᠄ ᠰᠢᠯᠦᠭ
ᠳᠠᠷᠤᠮ᠄ 1945
ᠴᠠᠭ᠄ 2010 ᠤᠨ ᠤ 12 ᠰᠠᠷ᠎ᠠ ᠶᠢᠨ 21