ᠤᠮᠠᠷ᠎ᠠ ᠶᠢᠨ ᠬᠤᠩᠭ᠋ᠤᠷ ᠰᠠᠯᠭᠢ

ᠪᠣᠴᠠᠵᠤ ᠡᠷᠭᠢᠭᠦ

ᠨᠠᠷᠠᠨ ᠤ ᠮᠢᠩᠭ᠋ᠠᠨ ᠰᠢᠷᠭᠡᠭ᠌ ᠢ ᠰᠡᠮᠡᠷᠡᠭᠦᠯᠵᠤ

ᠪᠣᠳᠤᠯ ᠰᠡᠪᠳᠦᠭᠡᠭᠦ

ᠳᠤᠷᠠᠳᠬᠠᠯ ᠤᠨ ᠲᠦᠮᠡᠨ ᠰᠢᠵᠢᠮ ᠢ ᠣᠷᠳᠤᠯᠠᠭᠤᠯᠤᠨ

ᠣᠯᠠᠷᠢᠯ ᠵᠦᠰᠠᠵᠤ

ᠣᠮᠠᠷ᠎ᠠ ᠶᠢᠨ ᠬᠤᠩᠭ᠋ᠤᠷ ᠰᠠᠯᠭᠢ

ᠥᠡᠳᠦᠷᠯᠢᠭ᠌ ᠤᠨ ᠳᠠᠯ᠎ᠠ ᠪᠠᠷ ᠰᠠᠪᠠᠯᠵᠠᠨ᠎ᠠ

ᠣᠢ᠌ᠤᠠᠬᠠᠷ ᠴᠤᠬᠤᠯᠵᠠᠭᠤᠯᠵᠤ

ᠣᠮᠠᠷ᠎ᠠ ᠶᠢᠨ ᠬᠤᠩᠭ᠋ᠤᠷ ᠰᠠᠯᠭᠢ

ᠰᠡᠳᠭᠢᠯ ᠤᠨ ᠵᠠᠢ ᠪᠠᠷ ᠰᠠᠩᠰᠠᠷᠠᠨ᠎ᠠ ᠁᠁


ᠬᠠᠪᠣᠷ ᠲᠠᠭᠠᠨ ᠣᠷᠤᠬᠤ ᠶᠢ ᠳᠤᠷᠠᠯᠠᠭ᠎ᠠ ᠦᠭᠡᠶ

ᠨᠠᠮᠤᠷ ᠤᠨ ᠪᠣᠷᠤᠭᠠᠨ ᠳᠤ ᠬᠠᠨᠢᠰᠴᠤ

ᠬᠠᠭᠳᠠᠷᠠᠭᠰᠠᠨ ᠰᠡᠳᠭᠢᠯ ᠤᠨ ᠴᠤᠭᠤᠷᠬᠠᠢ ᠪᠠᠷ

ᠨᠠᠪᠳᠠᠷᠬᠠᠢ ᠪᠣᠳᠤᠯ ᠢ ᠣᠢ᠌ᠯᠠᠭᠤᠯᠤᠨ

ᠠᠭᠤᠯᠠᠰ ᠤᠨ ᠴᠡᠩᠭᠡᠷ ᠣᠷᠤᠢ ᠳᠡᠭᠡᠭᠦᠷ

ᠣᠷᠠᠨ ᠰᠢᠪᠠᠭᠤᠳ ᠤᠨ ᠭᠡᠯᠡ ᠳᠡᠭᠡᠭᠦᠷ

ᠣᠨᠠᠬᠤ ᠨᠠᠪᠴᠢᠰ ᠤᠨ ᠭᠤᠨᠢᠭ ᠤᠨ ᠳᠡᠭᠡᠭᠦᠷ

ᠣᠬᠠᠭᠠᠨ ᠤ ᠳᠤᠷᠭᠠᠨ ᠳᠠᠯ᠎ᠠ ᠳᠡᠭᠡᠭᠦᠷ

ᠰᠡᠢ᠌ᠷᠡᠭ᠌ ᠳᠠᠯ᠎ᠠ ᠶᠢᠨ ᠦᠷᠤᠴᠠᠨ ᠳᠡᠭᠡᠭᠦᠷ

ᠰᠡᠵᠢᠭᠦᠷ ᠰᠠᠷᠠᠨ ᠤ ᠳᠤᠶᠠᠭᠠᠨ ᠳᠡᠭᠡᠭᠦᠷ

ᠰᠡᠮᠡᠷᠭᠡᠢ ᠪᠣᠳᠤᠯ ᠤᠨ ᠭᠢᠯᠢ ᠳᠡᠭᠡᠭᠦᠷ

ᠰᠢᠯᠦᠭ᠌ ᠨᠠᠢ᠌ᠷᠠᠭ ᠤᠨ ᠮᠦᠷ ᠳᠡᠭᠡᠭᠦᠷ

ᠭᠤᠯᠢᠶᠠᠨ ᠳᠠᠭᠤ ᠶᠢ ᠳᠠᠰᠤᠯᠳᠠᠭᠤᠯᠵᠤ

ᠴᠢ ᠶᠠᠭᠤᠨ ᠳᠡᠭᠠᠨ ᠰᠠᠭᠠᠳᠠᠨ᠎ᠠ ᠪᠣᠢ ︖

ᠭᠤᠪᠢ ᠶᠢᠨ ᠨᠠᠷᠠ ᠶᠢ ᠴᠡᠩᠭᠡᠷᠯᠡᠭᠦᠯᠵᠤ

ᠴᠢ ᠶᠠᠭᠤᠨ ᠳᠡᠭᠠᠨ ᠰᠠᠩᠰᠠᠷᠠᠨ᠎ᠠ ᠪᠣᠢ ︖

ᠨᠠᠪᠴᠢᠨ ᠤ ᠨᠤᠭᠤᠭᠠᠨ ᠥᠩᠭᠡ ᠶᠢ ᠳᠠᠷᠳᠠᠭᠤᠯᠵᠤ

ᠴᠢ ᠶᠠᠭᠤᠨ ᠳᠡᠭᠠᠨ ᠰᠠᠪᠠᠯᠵᠠᠨ᠎ᠠ ᠪᠣᠢ ︖

ᠨᠠᠮᠵᠢᠭᠤᠨ ᠰᠦᠨᠢ ᠶᠢᠨ ᠪᠣᠳᠤᠯ ᠢ ᠡᠪᠳᠡᠵᠤ

ᠴᠢ ᠶᠠᠭᠤᠨ ᠳᠡᠭᠠᠨ ᠦᠶᠡᠯᠵᠠᠨ᠎ᠠ ᠪᠣᠢ ︖


ᠣᠯᠠᠷᠢᠯ ᠵᠦᠰᠠᠵᠤ

ᠣᠮᠠᠷ᠎ᠠ ᠶᠢᠨ ᠬᠤᠩᠭ᠋ᠤᠷ ᠰᠠᠯᠭᠢ

ᠥᠡᠳᠦᠷᠯᠢᠭ᠌ ᠤᠨ ᠳᠠᠯ᠎ᠠ ᠪᠠᠷ ᠰᠠᠪᠠᠯᠵᠠᠨ᠎ᠠ

ᠣᠢ᠌ᠤᠠᠬᠠᠷ ᠴᠤᠬᠤᠯᠵᠠᠭᠤᠯᠵᠤ

ᠣᠮᠠᠷ᠎ᠠ ᠶᠢᠨ ᠬᠤᠩᠭ᠋ᠤᠷ ᠰᠠᠯᠭᠢ

ᠰᠡᠳᠭᠢᠯ ᠤᠨ ᠵᠠᠢ ᠪᠠᠷ ᠰᠠᠩᠰᠠᠷᠠᠨ᠎ᠠ ᠁᠁ᠵᠤᠬᠢᠶᠠᠭᠴᠢ ᠶᠢᠨ ᠬᠠᠶ‍ᠢᠭ᠄ ᠵᠠᠷᠤᠳ ᠬᠤᠰᠢᠭᠤ ᠭᠠᠬᠠᠢ᠌ᠳᠤ ᠰᠤᠷᠭᠠᠭᠤᠯᠢ

ᠵᠤᠬᠢᠶᠠᠭᠴᠢ᠄ ᠶ‍ᠢᠨ ᠯᠦᠩ
ᠬᠠᠷᠢᠶ᠎ᠠ᠄ ᠰᠢᠯᠦᠭ
ᠳᠠᠷᠤᠮ᠄ 1913
ᠴᠠᠭ᠄ 2010 ᠤᠨ ᠤ 09 ᠰᠠᠷ᠎ᠠ ᠶᠢᠨ 07