ᠭᠦᠯᠢᠶᠡᠯᠳᠡ

ᠪᠦᠷᠭᠡ ᠶᠢᠨ ᠠᠭᠤᠳᠠᠮ ᠨᠤᠳᠤᠭ ᠶᠢᠡᠷ

ᠪᠣᠭᠰᠠᠳᠠᠯ᠎ᠠ ᠪᠠᠨ ᠬᠠᠢ᠌ᠯ᠎ᠠ ᠴᠢᠮ᠎ᠠ ᠶᠢ

ᠪᠣᠯᠵᠤᠭ᠎ᠠ ᠦᠭᠡᠶ ᠪᠠᠨ ᠮᠠᠷᠳᠠᠴᠢᠬᠠᠵᠤ ᠪᠢ

ᠪᠠᠷ᠎ᠠ ᠶᠢ ᠴᠢᠨᠢ ᠰᠤᠷᠠᠭᠯᠠᠵᠤ ᠶᠠᠪᠣᠭᠰᠠᠨ ᠶᠤᠮ

ᠰᠥᠪᠠᠭᠡ ᠪᠠᠨ ᠳᠤᠯᠵᠤ

ᠵᠤᠭᠰᠤᠭ᠎ᠠ ᠪᠠᠷ ᠶᠢᠡᠨ ᠪᠦᠭᠦᠢᠰᠭᠡᠨ ᠴᠤ ᠠᠮᠠᠷᠠᠶ᠎ᠠ ᠳ᠋ᠠ

ᠰᠤᠯᠠ ᠰᠡᠯᠡᠭᠦᠨ ᠠᠭᠠᠷ ᠲᠤ

ᠴᠠᠩᠭ᠋ᠠᠭᠠᠨ ᠳᠤ ᠪᠠᠨ ᠨᠢᠭᠡ ᠠᠮᠢᠰᠬᠤᠯᠠᠶ᠎ᠠ

ᠪᠣᠴᠠᠵᠤ ᠢᠷᠡᠭᠦ ᠦᠭᠡᠶ

ᠮᠦᠷ ᠤᠨ ᠴᠢᠨᠢ ᠬᠣᠢ᠌ᠨ᠎ᠠ ᠡᠴᠠ  

ᠪᠠᠢ᠌ᠬᠤ ᠪᠠᠨ ᠥᠭ᠍ᠴᠤ ᠴᠤ ᠴᠢᠳᠠᠭ᠎ᠠ ᠦᠭᠡᠶ

ᠪᠣᠮ ᠭᠡᠭᠡᠡᠴᠢᠷ ᠪᠠᠢ᠌ᠭᠠᠯᠢ ᠳᠤ ᠪᠠᠨ

ᠪᠣᠳᠤᠭ ᠲᠡᠶ ᠪᠠᠨ ᠰᠤᠯᠤᠩᠭ᠋ᠠᠷᠠᠨ ᠶᠠᠪᠣᠭᠰᠠᠨ ᠪᠠᠢ᠌ᠯ᠎ᠠ ᠴᠢ

ᠢᠷᠦᠭᠡᠯ ᠳᠠᠨᠢᠯ ᠤᠨ ᠳᠠᠭᠤᠨ ᠳᠤ

ᠥᠶᠡᠷᠭᠡᠵᠤ ᠭᠠᠭᠴᠠᠬᠠᠨ ᠴᠤ ᠵᠢᠷᠠᠭᠠᠭ᠎ᠠ ᠦᠭᠡᠶ

ᠢᠷᠡᠭᠦ ᠳᠦᠷᠤᠯ ᠤᠨ ᠵᠠᠶᠠᠭᠠᠨ ᠳᠤ

ᠵᠠᠮ ᠢ ᠴᠢᠨᠢ ᠳᠤᠰᠴᠤ ᠭᠦᠯᠢᠶᠡᠨ᠎ᠡ ᠳ᠋ᠠ ᠁   


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ

ᠵᠤᠬᠢᠶᠠᠭᠴᠢ᠄ ᠪᠠ᠊·ᠣᠤᠠᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1645
ᠴᠠᠭ᠄ 2011 ᠤᠨ ᠤ 06 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ