ᠭᠢᠯᠪᠠᠭᠡᠨ ᠥᠭᠦᠯᠡᠯᠭᠡ ᠭᠤᠷᠪᠠ


ᠣᠮ ᠮᠠ ᠨᠢ ᠪᠠᠤᠨ ᠮᠠᠢ ᠬᠤᠡᠭ᠌ᠪᠢ ᠠᠵᠢᠯ ᠬᠠᠷᠢᠯᠴᠠᠬᠤ ᠪᠠᠷ ᠪᠣᠯᠤᠯ᠎ᠠ᠃ 《ᠳᠡᠭᠦᠤ ᠮᠢᠨᠢ᠂ ᠰᠢᠭᠤᠳ ᠭᠡᠯᠡᠪᠠᠯ ××× ᠪᠠᠢ᠌ᠭᠤᠯᠤᠯᠭ᠎ᠠ ᠳᠤ ᠣᠷᠤᠬᠤ ᠳᠤ᠂ ᠨᠢᠭᠡ ᠳᠤ ᠵᠤᠭᠤᠰ ᠪᠠᠢ᠌ᠬᠤ ᠭᠡᠷᠡᠭ᠍ᠳᠡᠢ᠂ ᠬᠤᠶᠠᠷ ᠲᠤ ᠭᠦᠮᠤᠨ ᠪᠠᠢ᠌ᠬᠤ ᠭᠡᠷᠡᠭ᠍ᠳᠡᠢ᠃ ᠥᠨᠡᠨ ᠢ ᠭᠡᠯᠡᠪᠠᠯ ᠣᠳᠤᠭᠢ ᠨᠡᠢ᠌ᠭᠡᠮ ᠳᠤ ᠠᠯᠢ ᠭᠠᠵᠠᠷ ᠶᠠᠮᠠᠷ ᠪᠠᠢ᠌ᠭᠤᠯᠤᠯᠭ᠎ᠠ ᠨᠢ ᠴᠤ ᠪᠦᠷ ᠡᠢ᠌ᠮᠤ》 ᠭᠡᠵᠤ ᠳᠠᠨᠢᠯ ᠡᠡᠬ᠎ᠠ ᠡᠴᠡ ᠬᠠᠰᠢᠷ ᠭᠦᠮᠤᠨ ᠤ ᠳᠤᠭᠢ ᠪᠠᠢ᠌ᠳᠠᠯ ᠶᠢᠠᠷ ᠰᠠᠨᠠᠭᠤᠯᠤᠨ᠎ᠠ᠃

ᠡᠨ᠂ ᠪᠣᠷᠬᠠᠨ︕ ᠣᠮ ᠮᠠ ᠨᠢ ᠪᠠᠤᠨ ᠮᠠᠢ ᠬᠦᠡᠭ᠌︕

ᠪᠢ ᠵᠤᠴᠢᠨ ᠳᠠᠢ᠌ᠯᠠᠬᠤ ᠪᠠᠷ ᠪᠣᠯᠤᠯ᠎ᠠ᠃ ᠣᠷᠢᠭᠳᠠᠵᠤ ᠣᠴᠢᠭᠰᠠᠨ ᠡᠪᠦᠭᠡᠨ ᠠᠬ᠎ᠠ ᠴᠤ ᠡᠷᠢᠶᠡᠯᠡᠯ ᠦᠭᠡᠶ ᠰᠠᠷᠬᠤᠤᠨ ᠭᠡᠮᠨᠡᠵᠤ ᠰᠠᠪᠬ᠎ᠠ ᠭᠦᠳᠡᠯᠭᠡᠵᠤ ᠪᠠᠢ᠌ᠯ᠎ᠠ᠃ 《ᠣᠳᠤᠭᠢ ᠨᠡᠢ᠌ᠭᠡᠮ ᠳᠤ ᠭᠦᠮᠤᠨ ᠶᠢᠠᠷ ᠣᠴᠢᠷ ᠪᠦᠳᠦᠭᠡᠯᠭᠡᠭᠦ ᠳᠤ ᠳᠠᠢ᠌ᠮᠤ ᠭᠢᠯᠪᠠᠷ ᠪᠢᠰᠢ》 ᠭᠡᠵᠤ ᠭᠡᠯᠡᠭ᠍ᠰᠡᠨ ᠶᠢᠠᠨ ᠳᠠᠪᠣ ᠳᠤᠯᠤᠭ᠎ᠠ ᠨᠤᠷᠱᠤᠬᠤ ᠨᠢ ᠡᠪᠦᠭᠡᠨ ᠠᠬ᠎ᠠ ᠶᠢᠨ ᠬᠤᠳᠤᠭᠠᠳᠤ ᠬᠠᠯᠠᠵᠤ ᠭᠡᠳᠡᠰᠤ ᠪᠠᠶᠠᠰᠤᠭᠰᠠᠨ ᠤ ᠳᠡᠮᠳᠡᠭ᠌ ᠪᠤᠯᠤᠯᠳᠡᠢ᠃ ᠥᠭᠡ ᠨᠢ ᠠᠷᠪᠢᠳᠤᠪᠠ᠃ ᠨᠢᠳᠤ ᠨᠢ ᠴᠤ ᠥᠢᠯᠡᠴᠢᠯᠡᠭ᠍ᠴᠢ ᠭᠡᠦᠭᠡᠨ ᠳᠡᠭᠡᠷ᠎ᠡ ᠵᠥᠩᠳᠡᠭᠡᠨ ᠳᠤᠰᠴᠤ᠂ ᠭᠤᠩᠬᠤᠨ ᠥᠭᠡ ᠬᠠᠶᠠᠬᠤ ᠨᠢ ᠤᠯᠡᠰᠢᠷᠡᠪᠡ᠃ ᠲ᠋ᠡᠭᠡᠵᠤ ᠪᠠᠢ᠌ᠭᠰᠠᠨ ᠶᠢᠠᠨ 《ᠣᠳᠤᠭᠢ ᠨᠡᠢ᠌ᠭᠡᠮ ᠳᠤ ᠵᠤᠴᠢᠨ ᠢ ᠬᠤᠭᠤᠯᠠ ᠪᠠᠷ ᠳᠡᠢ᠌ᠯᠡᠬᠤ ᠡᠴᠡ ᠭᠠᠳᠠᠨ᠎ᠠ ᠥᠭᠡᠷ᠎ᠡ ᠶᠠᠭᠤᠮ᠎ᠠ ᠪᠠᠷ ᠪᠠᠰᠠ ᠳᠠᠢ᠌ᠯᠠᠳᠠᠭ ᠰᠢᠤ᠂ ᠵᠠᠯᠠᠭᠤ ᠣᠯᠤᠰ ᠮᠡᠳᠡᠭᠦ ᠪᠠᠢ᠌ᠯᠭᠦᠢ》 ᠭᠡᠵᠤ ᠮᠠᠷᠰᠠᠭᠠᠨᠠᠨ ᠢᠨᠢᠶᠠᠨ᠎ᠠ᠃

ᠡ᠂ ᠴᠢᠦᠡᠭᠦᠷ︕ ᠤᠮ ᠮᠠ ᠨᠢ ᠪᠠᠤᠨ ᠮᠠᠢ ᠬᠤᠡᠭ᠌︕ᠰᠦᠨᠢ ᠶᠢᠨ ᠬᠤᠶᠠᠷ ᠴᠢᠦᠡᠭᠦᠷ


ᠴᠠᠭ ᠤᠨ ᠵᠡᠭᠦᠤ ᠰᠦᠨᠢ ᠶᠢᠨ ᠨᠢᠭᠡ ᠴᠠᠭ ᠢ ᠵᠢᠭᠠᠬᠤ ᠭᠢᠷᠢ᠂ ᠶᠡᠭᠡ ᠰᠤᠷᠭᠠᠭᠤᠯᠢ ᠶᠢᠨ ᠭᠡᠷᠡᠮ ᠢ ᠳᠠᠭᠠᠭᠰᠠᠨ ᠴᠠᠷᠳᠠᠮᠠᠯ ᠵᠠᠮ ᠶᠢᠠᠷ ᠦᠨᠳᠦᠷ ᠨᠠᠮ ᠬᠤᠶᠠᠷ ᠰᠡᠭᠦᠳᠡᠷ ᠨᠠᠰᠢᠯᠠᠬᠤ ᠨᠢ ᠵᠠᠮ ᠤᠨ ᠳ᠋ᠸᠩ ᠤᠨ ᠭᠡᠷᠡᠯ ᠳ᠋ᠤ ᠰᠡᠭᠦᠳᠡᠭᠡᠨᠡᠨ ᠬᠠᠷᠠᠭᠳᠠᠨ᠎ᠠ᠃

《ᠣᠷᠳᠤ ᠵᠥᠭ᠌ ᠡᠴᠡ ᠨᠢᠰᠦᠭᠡᠤᠨ ᠢᠷᠡᠭᠦ ᠨᠢ ᠣᠯᠠᠭᠠᠨ ᠭᠠᠯᠠᠭᠤᠨ ᠤ ᠵᠤᠯᠵᠠᠭ᠎ᠠ ᠭᠦᠢ᠁》 ᠭᠡᠭᠦ ᠢᠳᠡᠭᠡᠨ ᠰᠢᠩᠭᠡᠨ ᠳᠠᠭᠤ ᠡᠪᠦᠯ ᠤᠨ ᠰᠦᠨᠢ ᠶᠢᠨ ᠭᠦᠢᠳᠡᠨ ᠳᠤ ᠳᠠᠭᠵᠢᠨ ᠳᠠᠮᠠᠢ ᠯᠠ ᠴᠤᠤᠷᠢᠶᠠᠳᠤᠭᠠᠤᠨ ᠬᠠᠷᠠᠩᠭ᠋ᠤᠢ ᠶᠢᠨ ᠳᠤᠳᠤᠷ᠎ᠠ ᠰᠢᠩᠭᠡᠵᠤ ᠵᠠᠮᠬᠠᠷᠠᠨ᠎ᠠ᠃

᠊᠊᠊᠊᠊᠊᠊᠊᠊᠊᠊᠊᠊᠊᠊ ᠬᠨ ᠬᠨ᠂ ᠴᠢ ᠭᠡᠵᠤ ᠠᠷᠢᠭᠢ ᠶᠢ ᠰᠠᠢ᠌ᠨ ᠣᠤᠭᠤᠬᠤ ᠮᠥᠷᠳᠡᠭᠡᠨ ᠲ᠋ᠠᠭᠤᠤ ᠶᠢ ᠴᠤ ᠰᠠᠢ᠌ᠬᠠᠨ ᠬᠤᠰᠤᠳᠠᠭ ᠡᠷ᠎ᠡ ᠪᠠᠢ᠌ᠨ᠎ᠠ ᠳ᠋ᠠ᠂ ᠶᠤᠰᠤᠳᠠᠢ 《 ᠬᠤᠳᠤᠭᠤᠳᠤ ᠨᠢ ᠯᠤᠩᠬᠤ᠂ ᠬᠤᠭᠤᠯᠠᠢ ᠨᠢ ᠬᠦᠩᠬᠤ》 ᠭᠡᠵᠤ ᠰᠤᠯᠤᠭᠠᠢ ᠬᠤᠭᠤᠯᠠᠢ᠌ᠳᠤ ᠨᠢ ᠵᠦᠪ ᠬᠤᠭᠤᠯᠠᠢ᠌ᠳᠤ ᠵᠥᠭ᠌ ᠶᠢᠠᠨ ᠡᠷᠡᠭᠡᠢ ᠭᠤᠵᠣᠢ᠌ᠯᠭᠠᠪᠠ᠃

᠊᠊᠊᠊᠊᠊᠊᠊᠊᠊᠊᠊᠊᠊᠊ ᠭᠢ ᠭᠢ᠂ ᠲ᠋ᠡᠭᠡᠯᠭᠦᠢ ᠶᠠᠭᠠᠭᠢᠬᠤᠪ᠂ ᠪᠢ ᠭᠡᠵᠤ ᠠᠷᠢᠭᠢ ᠴᠢᠩᠭ᠋ᠠᠷᠠᠬᠤ ᠳᠤᠰᠤᠮ ᠳᠠᠭᠤᠤ ᠭᠦᠭ᠍ᠵᠢᠳᠡᠭ᠌ ᠭᠡᠵᠤ ᠵᠦᠪ ᠬᠤᠭᠤᠯᠠᠢ᠌ᠳᠤ ᠨᠢ ᠭᠦᠭᠡᠰᠤ ᠰᠢᠭ᠌ ᠭᠦᠭᠡᠷᠦᠨ᠎ᠡ᠃

᠊᠊᠊᠊᠊᠊᠊᠊᠊᠊᠊᠊᠊᠊᠊ ᠫᠢᠸᠤ᠋ ᠭᠡᠳᠡᠭ᠌ ᠴᠢᠨᠢ ᠱᠡᠭᠡᠯᠡᠵᠤ ᠡᠡᠪᠦᠭᠡᠳ ᠰᠢᠭᠡᠵᠤ ᠭᠠᠷᠭᠠᠳᠠᠭ ᠶᠠᠭᠤᠮ᠎ᠠ ᠪᠠᠢ᠌ᠨ᠎ᠠ᠂ ᠬᠠᠰᠢᠯᠠ ᠬᠠᠷ᠎ᠠ ᠶᠢ ᠣᠭᠤᠤᠨ᠎ᠠ᠃

᠊᠊᠊᠊᠊᠊᠊᠊᠊᠊᠊᠊᠊᠊᠊ ᠲ᠋ᠠᠷᠠ ᠴᠢᠨᠢ ᠣᠤᠭᠤᠭᠠᠤᠨ ᠣᠤᠭᠤᠭᠠᠤᠨ ᠰᠤᠭᠳᠤᠬᠤ ᠶᠠᠭᠤᠮ᠎ᠠ ᠪᠢᠰᠢ᠂ ᠴᠠᠢ ᠰᠢᠭ ᠳᠠᠮᠰᠢᠭ ᠭᠡᠵᠤ ᠬᠤᠶᠠᠷ ᠰᠠᠢ᠌ᠨ ᠡᠷ᠎ᠡ ᠰᠠᠶ‍ᠢᠬᠠᠨ ᠬᠤᠭᠤᠯᠠᠨ ᠭᠡᠷ ᠲᠤ ᠴᠠᠢ ᠫᠢᠸᠤ᠋ ᠶᠢ ᠢᠯᠭᠠᠵᠤ ᠳᠡᠢ᠌ᠯᠭᠦ ᠦᠭᠡᠶ ᠪᠣᠯᠳᠠᠯ᠎ᠠ ᠰᠤᠭᠳᠤᠭᠰᠠᠨ ᠶᠢᠠᠨ ᠮᠡᠳᠡᠭᠦ ᠦᠭᠡᠶ ᠰᠤᠷᠳᠤᠭᠤᠯᠤᠨ᠎ᠠ᠃

ᠨᠠᠭᠠᠨ᠎ᠠ ᠨᠢ ᠬᠤᠨᠢᠨ ᠮᠢᠬ᠎ᠠ ᠰᠢᠷᠠᠳᠠᠭ ᠬᠤᠲᠤᠩ ᠫᠦᠰᠡ ᠬᠠᠷᠠᠭᠳᠠᠵᠤ ᠡᠪᠦᠭᠡᠨ ᠮᠠᠢ᠌ᠮᠠᠢ᠌ᠴᠢᠨ ᠤ ᠨᠢᠳᠤ ᠴᠤᠭᠳᠠᠢ ᠭᠢᠯᠠᠯᠵᠠᠨ᠎ᠠ᠃ ᠲ᠋ᠠᠷᠠ ᠬᠤᠶᠠᠷ ᠣᠢ᠌ᠷᠠᠳᠤᠵᠤ ᠢᠷᠡᠭᠦᠯᠡᠷ ᠡᠪᠦᠭᠡᠨ ᠤ ᠨᠢᠳᠤ ᠣᠯᠠᠮ ᠭᠡᠷᠡᠯᠳᠦᠪᠡ᠃

᠊᠊᠊᠊᠊᠊᠊᠊᠊᠊᠊᠊᠊᠊᠊ ᠮᠤᠩᠭ᠋ᠤᠯ ᠭᠦᠮᠤᠨ ᠭᠡᠳᠡᠭ᠌ ᠴᠢᠨᠢ ᠬᠤᠠᠳᠠᠭ᠎ᠠ ᠳᠠᠯᠪᠢᠯ ᠦᠭᠡᠶ ᠠᠷᠢᠭᠢ ᠣᠤᠭᠤᠵᠤ᠂ ᠭᠢᠳᠤᠭ᠎ᠠ ᠳᠠᠯᠪᠢᠯ ᠦᠭᠡᠶ ᠮᠢᠬ᠎ᠠ ᠢᠳᠡᠳᠡᠭ᠌ ᠭᠡᠵᠤ ᠦᠨᠳᠦᠷ ᠪᠠᠶᠠᠳᠤ ᠮᠡᠷᠭᠡᠯᠡᠭᠡᠤᠨ ᠬᠤᠶᠠᠭᠤᠯᠠ ᠰᠢᠷᠠᠭᠰᠠᠨ ᠮᠢᠬ᠎ᠠ ᠢᠳᠡᠭᠦ ᠪᠠᠷ ᠪᠣᠯᠪᠠ᠃

᠊᠊᠊᠊᠊᠊᠊᠊᠊᠊᠊᠊᠊᠊᠊ ᠭᠡᠳᠦᠢ ᠶᠢ ᠠᠪᠬᠤ ᠪᠣᠢ︖

᠊᠊᠊᠊᠊᠊᠊᠊᠊᠊᠊᠊᠊᠊᠊ ᠳᠦᠴᠢ ᠶᠢ

᠊᠊᠊᠊᠊᠊᠊᠊᠊᠊᠊᠊᠊᠊᠊ ᠵᠨ᠂ ᠡ᠊ᠨᠳᠡ ᠰᠠᠭᠤᠭᠠᠤᠨ ᠲᠦᠷ ᠭᠦᠯᠢᠶᠡᠵᠤ ᠪᠠᠢ᠌ᠭᠠᠷᠠᠢ᠂ ᠣᠳᠠᠯ ᠦᠭᠡᠶ ᠪᠤᠯᠴᠢᠬᠠᠨ᠎ᠠ᠃ ᠡᠪᠦᠭᠡᠨ ᠪᠠᠯᠠᠨ ᠪᠠᠢ᠌ᠭᠰᠠᠨ ᠮᠢᠬ᠎ᠠ ᠨᠢ ᠭᠦᠷᠦᠯᠴᠡᠭᠦ ᠦᠭᠡᠶ ᠪᠣᠯᠬᠤᠷ ᠫᠦᠰᠡ ᠣᠷᠤᠭᠤ ᠪᠠᠨ ᠭᠦᠶ‍ᠦᠴᠢᠭᠡᠯ᠎ᠡ᠃

᠊᠊᠊᠊᠊᠊᠊᠊᠊᠊᠊᠊᠊᠊᠊ ᠬᠤᠲᠤᠩ ᠴᠢᠨᠢ ᠮᠠᠨ ᠤ ᠮᠤᠩᠭ᠋ᠤᠯᠴᠤᠳ ᠢ ᠪᠣᠳᠤᠪᠠᠯ ᠶᠠᠭᠤ ᠴᠤ ᠪᠢᠰᠢ᠂ ᠶᠤᠸᠠᠨ ᠤ ᠦᠶ᠎ᠡ ᠳ᠋ᠤ ᠰᠠ‍‌ᠶᠢ ᠪᠣᠢ ᠪᠣᠯᠤᠭᠰᠠᠨ ᠵᠤᠯᠵᠠᠭ᠎ᠠ ᠦᠨᠳᠦᠰᠦᠳᠠᠨ᠃

᠊᠊᠊᠊᠊᠊᠊᠊᠊᠊᠊᠊᠊᠊᠊ ᠭᠡᠳᠤᠨ ᠮᠥᠩᠭᠦ ᠬᠤᠠᠵᠢᠬᠤ ᠶᠢᠨ ᠳᠦᠯᠦᠭᠡ ᠴᠢᠦᠡᠭᠦᠷ ᠰᠢᠭ᠌ ᠰᠦᠨᠢ ᠣᠠᠳᠠᠳᠠᠭ ᠦᠭᠡᠶ ᠵᠤᠯᠢᠭ᠁ ᠭᠡᠵᠤ ᠬᠤᠶᠠᠭᠤᠯᠠ ᠨᠢᠯᠵᠡ ᠭᠦᠭᠡᠷᠦᠵᠤ ᠭᠠᠷᠤᠯ᠎ᠠ᠃ᠭᠦᠤ ᠶᠢᠨ ᠭᠤᠮᠤᠳᠠᠯ


ᠳᠠᠪᠤᠨ ᠨᠠᠰᠤᠳᠠᠢ ᠰᠦᠮᠪᠦᠷ ᠭᠦᠤ ᠠᠪᠣ ᠪᠠᠨ ᠳᠠᠭᠠᠭᠠᠤᠨ ᠠᠪᠠᠭ᠎ᠠ ᠶᠢᠨ ᠳᠠᠭᠠᠨ ᠡᠡᠢ᠌ᠯᠴᠢᠯᠡᠪᠡ᠃ ᠲ᠋ᠡᠭᠡᠭᠦ ᠳᠤ ᠰᠤᠮᠤᠨ ᠳᠠᠷᠤᠭ᠎ᠠ ᠶᠢᠨ ᠨᠠᠷᠢᠨ ᠪᠢᠴᠢᠭᠡᠴᠢ ᠶᠢᠨ ᠠᠯᠪᠠ ᠲᠡᠶ ᠠᠪᠠᠭ᠎ᠠ ᠨᠢ ᠰᠠᠨ ᠯᠢᠩ ᠮᠠᠰᠢᠨ  ᠶᠢᠡᠷ ᠠᠪᠠ ᠳᠤ ᠮᠤᠷᠳᠠᠭᠠᠳ᠂ ᠭᠡᠳᠤᠨ ᠭᠤᠷᠭᠤᠤᠯᠳᠠᠢ ᠠᠩᠨᠠᠵᠤ ᠢᠷᠡᠭ᠍ᠰᠡᠨ ᠲᠡᠶ ᠳᠠᠭᠠᠷᠠᠵᠠᠢ᠃ ᠭᠤᠷᠭᠤᠤᠯᠳᠠᠢ ᠶᠢ ᠠᠩᠬ᠎ᠠ ᠬᠠᠷᠠᠭᠰᠠᠨ ᠪᠢᠴᠢᠬᠠᠨ ᠭᠦᠤ ᠮᠠᠰᠢ ᠱᠤᠬᠤᠭᠤᠷᠬᠠᠵᠤ᠂ ᠭᠢᠯᠠᠯᠵᠠᠮ᠎ᠠ ᠰᠠᠢ᠌ᠬᠠᠨ ᠦᠳᠦ ᠰᠤᠳᠤ ᠶᠢ ᠨᠢ ᠢᠯᠪᠢᠨ 《ᠳᠡᠭᠢᠶ᠎ᠡ᠂ ᠭᠦ ᠭᠦ ᠭᠦ ᠁ ᠁》 ᠭᠡᠵᠤ ᠭᠦᠭᠡᠷᠦᠵᠤ ᠭᠠᠷᠤᠯ᠎ᠠ᠃

᠊᠊᠊᠊᠊᠊᠊᠊᠊᠊᠊᠊᠊᠊᠊ ᠭᠦᠤ ᠮᠢᠨᠢ᠂ ᠡᠨᠡ ᠶᠢ ᠴᠢᠨᠢ ᠭᠤᠷᠭᠤᠤᠯᠳᠠᠢ ᠭᠡᠳᠡᠭ᠌᠂ ᠮᠢᠬ᠎ᠠ ᠨᠢ ᠮᠠᠰᠢ ᠠᠮᠳᠠᠳᠠᠢ ᠰᠢᠤ ᠭᠡᠵᠤ ᠠᠪᠣ ᠨᠢ ᠥᠭᠦᠭᠡᠷᠳᠤᠨ ᠭᠡᠯᠡᠵᠡᠢ᠃

ᠬᠤᠭᠤᠯᠠᠨ ᠤ ᠴᠠᠭ ᠪᠣᠯᠤᠯ᠎ᠠ᠃ ᠵᠢᠭᠠᠰᠤ᠂ ᠲ᠋ᠠᠭᠢᠶ᠎ᠠ ᠳᠦᠷᠦᠭᠦᠳᠡᠢ ᠣᠯᠠᠨ ᠵᠣᠢ᠌ᠯ ᠤᠨ ᠬᠤᠭᠤᠯᠠ ᠰᠢᠷᠡᠭᠡ ᠳᠦᠭᠦᠷᠡᠩ ᠥᠷᠦᠭᠡᠰᠦᠳᠡᠢ᠃ ᠰᠥᠮᠪᠦᠷ ᠭᠦᠤ ᠬᠤᠭᠤᠯᠠ ᠢᠳᠠᠵᠤ ᠪᠠᠢ᠌ᠭᠰᠠᠨ ᠶᠢᠠᠨ ᠭᠡᠨᠡᠳᠲᠡ ᠦᠨᠦᠭᠢ ᠭᠤᠷᠭᠤᠤᠯᠳᠠᠢ ᠪᠣᠳᠤᠭᠳᠠᠵᠤ᠂ ᠲ᠋ᠠᠭᠢᠨ 《ᠮᠢᠬ᠎ᠠ ᠨᠢ ᠡᠡᠮᠳᠡᠳᠡᠢ》 ᠭᠡᠭᠦ ᠠᠪᠣ ᠶᠢᠨ ᠭᠢᠨᠢ ᠥᠭᠡ ᠰᠠᠨᠠᠭᠳᠠᠬᠤᠯᠠᠷ᠄

᠊᠊᠊᠊᠊᠊᠊᠊᠊᠊᠊᠊᠊᠊᠊ ᠶᠠᠭᠠᠭᠢᠭᠠᠤᠨ ᠭᠤᠷᠭᠤᠤᠯᠳᠠᠢ ᠶᠢᠨ ᠮᠢᠬ᠎ᠠ ᠦᠭᠡᠶ ᠪᠤᠢ︖ ᠭᠡᠵᠤ ᠣᠷᠤᠭᠤ ᠴᠢᠷᠠᠢ᠌ᠯᠠᠪᠠ᠃

ᠠᠪᠠᠭ᠎ᠠ ᠨᠢ᠄

᠊᠊᠊᠊᠊᠊᠊᠊᠊᠊᠊᠊᠊᠊᠊ ᠤᠤ᠂ ᠭᠦᠤ ᠮᠢᠨᠢ᠂ ᠲ᠋ᠡᠭᠦᠨ ᠢ ᠰᠤᠮᠤᠨ ᠳᠠᠷᠤᠭ᠎ᠠ ᠳᠤ ᠭᠦᠷᠭᠡᠨ᠎ᠡ ᠰᠢᠤ ᠭᠡᠪᠡ᠃

ᠶᠠᠭᠠᠭᠢᠭᠠᠤᠨ ᠰᠤᠮᠤᠨ ᠳᠠᠷᠤᠭ᠎ᠠ ᠳᠤ ᠭᠦᠷᠭᠡᠨ᠎ᠡ ᠪᠣᠢ︖ ᠪᠢᠴᠢᠬᠠᠨ ᠭᠦᠤ ᠣᠷᠤᠭᠤᠯ ᠱᠤᠷᠪᠣᠢ᠌ᠯᠭᠠᠨ᠎ᠠ᠃

᠊᠊᠊᠊᠊᠊᠊᠊᠊᠊᠊᠊᠊᠊᠊ ᠰᠤᠮᠤᠨ ᠳᠠᠷᠤᠭ᠎ᠠ ᠨᠡᠳᠡ ᠡᠴᠡ ᠳᠤᠮᠤ ᠪᠠᠢ᠌ᠬᠤ ᠦᠭᠡᠢ ᠤᠤ︖

᠊᠊᠊᠊᠊᠊᠊᠊᠊᠊᠊᠊᠊᠊᠊ ᠲ᠋ᠡᠭᠡᠪᠠᠯ ᠮᠢᠨᠤ ᠠᠪᠣ ᠴᠤ ᠠᠪᠠᠭ᠎ᠠ ᠡᠴᠡ ᠳᠤᠮᠤ᠂ ᠲ᠋ᠡᠭᠡᠭᠡᠤᠨ︖ ᠭᠦᠤ ᠴᠤ ᠮᠥᠴᠡᠭᠡ ᠪᠠᠨ ᠦᠭ‍ᠭᠦ ᠦᠭᠡᠶ᠃

ᠭᠦᠤ ᠪᠠᠨ ᠬᠠᠷᠠᠭᠰᠠᠨ ᠠᠪᠣ ᠨᠢ᠄

᠊᠊᠊᠊᠊᠊᠊᠊᠊᠊᠊᠊᠊᠊᠊ ᠮᠢᠨᠤ ᠭᠦᠤ ᠤᠬᠠᠭᠠᠨᠲᠠᠢ ᠳᠡ᠂ ᠡᠨᠡ ᠴᠢᠨᠢ ᠭᠤᠷᠭᠤᠤᠯᠳᠠᠢ ᠶᠢᠨ ᠮᠢᠬ᠎ᠠ ᠰᠢᠤ ᠭᠡᠵᠤ ᠠᠷᠭᠠᠳᠠᠩᠭ᠋ᠤᠢ ᠥᠭᠦᠯᠡᠭᠡᠤᠨ ᠳᠠᠭᠢᠶᠠᠨ ᠮᠢᠬ᠎ᠠ ᠶᠢ ᠰᠠᠪᠬᠠᠯᠠᠨ ᠥᠭ᠍ᠪᠡ᠃ ᠭᠡᠳᠡᠯ᠎ᠡ ᠭᠦᠤ᠄

᠊᠊᠊᠊᠊᠊᠊᠊᠊᠊᠊᠊᠊᠊᠊ ᠡᠨᠡ ᠪᠢᠰᠢ᠂ ᠪᠢ ᠭᠤᠷᠭᠤᠤᠯᠳᠠᠢ ᠶᠢᠨ ᠮᠢᠬ᠎ᠠ ᠠᠪᠣᠨ᠎ᠠ ᠭᠡᠵᠤ ᠡᠷᠭᠡ ᠭᠦᠤ ᠶᠢᠨ ᠪᠠᠷᠭᠡ ᠳᠦᠷᠢ ᠪᠠᠷ ᠠᠪᠣᠷᠢᠯᠠᠵᠤ ᠣᠰᠤᠨ ᠨᠢᠳᠦᠯᠡᠴᠢᠭᠡᠪᠡ᠃ ᠡᠨᠡ ᠦᠶ᠎ᠡ ᠳᠤ ᠵᠥᠭᠡᠯᠡᠨ ᠠᠷᠭ᠎ᠠ ᠣᠢ᠌ᠯᠠᠳᠤᠯ ᠶᠢᠡᠨ ᠠᠯᠳᠠᠭᠰᠠᠨ ᠢ ᠭᠠᠳᠠᠷᠯᠠᠭᠰᠠᠨ ᠠᠪᠣ ᠨᠢ᠄

᠊᠊᠊᠊᠊᠊᠊᠊᠊᠊᠊᠊᠊᠊᠊ ᠴᠢ ᠳᠤᠮᠤ ᠭᠦᠮᠤᠨ ᠤ ᠣᠴᠢᠷ ᠲᠤ ᠪᠢᠳᠡᠭᠡᠢ ᠣᠷᠤ︕ ᠠᠮᠠ ᠪᠠᠨ ᠬᠠᠪᠴᠢ︕ ᠭᠡᠤᠨ ᠭᠠᠷ ᠳᠠᠯᠠᠢ᠌ᠪᠠ᠃

ᠰᠦᠮᠪᠦᠷ ᠭᠦᠤ᠂ ᠡᠡᠪᠦ ᠶᠢᠨ ᠶᠢᠠᠨ ᠪᠠᠷᠠᠭᠠᠨ ᠴᠢᠷᠠᠢ ᠪᠠ 《ᠮᠢᠨᠤ ᠭᠦᠤ ᠳᠤᠮᠤ ᠪᠣᠯᠪᠠᠯ ᠰᠤᠮᠤᠨ ᠳᠠᠷᠤᠭ᠎ᠠ ᠡᠴᠡ ᠴᠤ ᠳᠤᠮᠤ ᠪᠣᠯᠤᠨ᠎ᠠ ᠰᠢᠤ᠂ ᠲ᠋ᠡᠭᠡᠪᠠᠯ ᠭᠤᠷᠭᠤᠤᠯᠳᠠᠢ ᠶᠢᠨ ᠠᠭᠤᠯᠠᠨ ᠤ ᠭᠤᠷᠭᠤᠤᠯᠳᠠᠢ ᠦᠨᠳᠦᠰᠦ ᠳᠠᠰᠤᠷᠠᠭᠰᠠᠨ ᠴᠤ ᠥᠭᠡᠷ᠎ᠡ ᠭᠠᠵᠠᠷ ᠡᠴᠡ ᠣᠯᠵᠤ ᠭᠦᠷᠭᠡᠭᠦ ᠭᠦᠮᠤᠨ ᠪᠠᠢ᠌ᠬᠤ ᠯᠠ ᠳᠡ》 ᠭᠡᠵᠤ ᠮᠠᠷᠰᠠᠭᠠᠨᠠᠨ ᠢᠨᠢᠶᠡᠭᠦ ᠠᠪᠠᠭ᠎ᠠ ᠶᠢᠨ ᠶᠢᠠᠨ ᠴᠢᠷᠠᠢ ᠶᠢ ᠡᠭᠡᠯᠵᠢᠯᠡᠨ ᠰᠢᠷᠳᠠᠵᠤ᠂ ᠭᠤᠮᠤᠳᠠᠯᠳᠠᠢ ᠭᠡᠭ᠍ᠴᠢ ᠬᠤᠭᠤᠯᠠ ᠪᠠᠨ ᠢᠳᠠᠵᠤ ᠰᠠᠭᠤᠪᠠ᠃

ᠵᠤᠬᠢᠶᠠᠭᠴᠢ᠄ ᠮᠠᠠᠳᠤᠬᠤ
ᠬᠠᠷᠢᠶ᠎ᠠ᠄ ᠥᠭᠥᠯᠡᠯᠭᠡ
ᠳᠠᠷᠤᠮ᠄ 17030
ᠴᠠᠭ᠄ 2007 ᠤᠨ ᠤ 08 ᠰᠠᠷ᠎ᠠ ᠶᠢᠨ 29