ᠭᠡᠷ ᠲᠡᠭᠡᠨ ᠬᠠᠷᠢᠬᠤᠢ

ᠭᠡᠷ ᠲᠡᠭᠡᠨ ᠬᠠᠷᠢᠨ᠎ᠠ ᠭᠡᠭ᠍ᠰᠡᠭᠡᠷ ᠣᠠᠳᠠᠬᠤ ᠨᠣᠢ᠌ᠷ ᠴᠤ ᠵᠠᠮᠬᠠᠷᠠᠨ ᠵᠢᠪᠬᠠᠷᠠᠵᠤ᠂ ᠨᠦᠷᠢ ᠶᠡᠭᠡ ᠪᠠᠶᠠᠰᠬᠤᠯᠠᠩ ᠴᠡᠭᠡᠵᠢᠨ ᠳᠤ ᠪᠠᠭᠳᠠᠮ᠎ᠠ ᠦᠭᠡᠶ ᠬᠠᠯᠭᠢᠯᠠᠵᠤ᠂ ᠭᠡᠷ ᠭᠡᠰᠡᠨ ᠳᠠᠷᠠ ᠪᠣᠷᠬᠠᠨ ᠪᠣᠮᠪᠠ ᠶᠢᠨ ᠣᠷᠤᠨ ᠬᠠᠯᠠᠭᠤ ᠳᠦᠦᠭᠢᠭᠦᠯᠤᠨ ᠨᠢᠳᠤᠨ ᠳᠤ ᠳᠤᠮᠤᠷᠠᠨ ᠳᠤᠷᠮᠣᠢ᠌ᠨ ᠬᠠᠷᠠᠭᠳᠠᠬᠤ ᠰᠢᠭ ᠪᠣᠯᠵᠤ᠂ ᠵᠢᠭᠦᠷ ᠲᠡᠶ ᠯᠠ ᠪᠣᠯ ᠮᠦᠩᠭᠦᠨ ᠴᠡᠩᠭᠡᠷ ᠲᠡᠭᠷᠢ ᠪᠠᠷ ᠬᠠᠯᠢᠨ ᠳᠡᠭᠦᠯᠢᠨ ᠰᠤᠮᠤᠳᠠᠵᠤ᠂ ᠭᠡᠷ ᠤᠨ ᠶᠢᠡᠨ ᠳᠡᠭᠡᠷ᠎ᠡ ᠡᠴᠠ ᠳᠠᠪᠢᠨ ᠳᠠᠪᠢᠨ ᠪᠠᠭᠤᠮᠠᠷ ᠨᠢᠯᠬᠠᠰᠠᠭ ᠠᠷᠢᠭᠤᠬᠠᠨ ᠳᠦᠷᠦᠭ᠍ᠳᠡᠯ ᠬᠠᠷᠭᠢᠯᠠᠨ ᠪᠠᠭᠤᠳᠠᠭ ᠰᠠᠨ᠃

ᠭᠡᠷ ᠭᠡᠵᠤ ᠭᠡᠯᠡᠭᠦ ᠳᠤ ᠯᠠ ᠠᠪᠣ ᠡᠵᠢ ᠬᠤᠶᠠᠷ ᠮᠢᠨᠢ ᠨᠢᠳᠤᠨ᠎ᠡ ᠰᠦᠮᠠᠯᠵᠠᠨᠠᠮ᠃ ᠠᠯᠢ ᠡᠷᠳᠡᠨ ᠡᠴᠠ ᠬᠠᠷᠢᠵᠤ ᠣᠴᠢᠨ᠎ᠠ ᠭᠡᠰᠡᠨ ᠰᠤᠷᠠᠭ ᠥᠭ᠍ᠴᠢᠭᠡᠭᠡᠳ᠂ ᠡᠳᠦᠷ ᠬᠤᠨᠤᠭ ᠶᠢᠡᠨ ᠳᠤᠭᠠᠯᠠᠨ ᠪᠠᠢ᠌ᠵᠤ᠂ ᠨᠤᠳᠤᠭ ᠤᠨ ᠶᠢᠡᠨ ᠭᠦᠳᠡᠩ ᠮᠠᠨᠠᠨ ᠳᠠᠳᠠᠭᠤᠯᠤᠭᠰᠠᠨ ᠪᠣᠭᠤᠷᠤᠯ ᠬᠠᠢ᠌ᠷᠬᠠᠤᠨ ᠢ ᠪᠠᠷ᠎ᠠ ᠡᠴᠠ ᠨᠢ ᠡᠪᠭᠡᠨ ᠡᠪᠭᠡᠭ᠍ᠰᠡᠭᠡᠷ ᠡᠪᠦᠷ ᠬᠤᠷᠮᠤᠢ ᠳ᠋ᠤᠨᠢ ᠳᠤᠯᠤᠭᠠᠤᠨ ᠯᠠ ᠣᠴᠢᠬᠤ ᠳᠤ ᠨᠠᠷᠠ ᠵᠦᠪ ᠡᠷᠭᠢᠭ᠍ᠰᠡᠨ ᠨᠠᠯᠠᠭᠠᠷ ᠳᠤᠭᠤᠢ ᠳᠤ ᠪᠠᠢ᠌ᠷᠢᠯᠠᠭᠰᠠᠨ ᠬᠠᠰᠢᠶ᠎ᠠ ᠬᠤᠷᠤᠭ᠎ᠠ᠂ ᠭᠡᠷ ᠪᠠᠢ᠌ᠰᠢᠩ ᠮᠠᠨᠢ ᠭᠡᠭᠡ ᠳᠠᠳᠠᠨ ᠬᠠᠷᠠᠭᠳᠠᠵᠤ᠂ ᠭᠡᠷ ᠤᠨ ᠭᠢᠨᠢ ᠳᠤᠳᠤᠷᠠᠭᠢ ᠵᠣᠢ᠌ᠯᠠᠰ ᠴᠤ ᠭᠡᠪ ᠶᠢᠡᠷ ᠶᠢᠡᠨ ᠥᠵᠡᠭ᠍ᠳᠡᠭᠡᠳ ᠪᠠᠢ᠌ᠬᠤ ᠰᠢᠭ ᠪᠣᠯᠳᠠᠭ ᠶᠤᠮ᠃ ᠭᠡᠷ ᠲᠡᠭᠡᠨ ᠣᠷᠤᠬᠤ ᠳᠤ᠂ ᠡᠮᠡᠭᠡ᠂ ᠠᠪᠣ ᠡᠵᠢ ᠭᠤᠷᠪᠠᠭᠤᠯᠠ ᠮᠢᠨᠢ ᠠᠷᠭᠠᠯ ᠲᠦᠯᠡᠭᠡᠨ ᠤ ᠢᠯᠴᠢ ᠰᠠᠩ ᠭᠡᠯᠭᠡᠵᠤ (︖)᠂ ᠰᠦ᠋ ᠲᠡᠶ ᠴᠠᠢ᠌ᠨ ᠤ ᠦᠨᠦᠷ ᠭᠡᠷ ᠳᠦᠭᠦᠷᠡᠩ ᠬᠠᠩᠬᠤ ᠳᠠᠳᠠᠭᠤᠯᠵᠤ᠂ ᠬᠠᠪᠢᠷᠭ᠎ᠠ᠂ ᠴᠢᠮᠦᠭᠡ᠂ ᠳᠤᠯᠤᠭᠠᠢ ᠭᠤᠷᠭᠤᠯᠳᠠᠢ᠂ ᠢᠷᠪᠢᠰ ᠤᠨ ᠳᠠᠪᠠᠭ᠂ ᠭᠤᠷ᠎ᠠ (ᠰᠢᠷᠠᠭᠰᠠᠨ ᠪᠣᠤᠪᠣ) ᠫᠦᠩᠽᠢ ᠳᠦᠭᠦᠷᠡᠩ ᠣᠪᠣᠭᠠᠯᠠᠴᠢᠬᠠᠭᠰᠠᠨ ᠢᠳᠡᠭᠦᠯᠵᠤ ᠣᠤᠭᠤᠯᠭᠠᠬᠤ ᠭᠡᠵᠤ ᠰᠤᠢ᠌ᠳ ᠪᠣᠯᠵᠤ᠂ ᠬᠤᠯᠠ ᠶᠢᠨ᠂ ᠬᠤᠳᠠ ᠶᠢᠨ ᠰᠤᠨᠢᠨ ᠵᠠᠩᠭᠢ ᠰᠤᠨᠤᠰᠬᠤ ᠭᠡᠵᠤ ᠶᠠᠭᠠᠷᠠᠨ᠎ᠠ᠃ ᠶᠠᠷᠠ ᠶᠢᠨ ᠪᠠᠷ᠎ᠠ ᠬᠠᠷᠠᠭᠰᠠᠨ ᠡᠮᠡᠭᠡ ᠮᠢᠨᠢ ᠣᠷᠤ ᠪᠠᠨ ᠲᠦᠰᠢᠨ ᠱᠤᠮᠪᠣᠢ᠌ᠴᠢᠬᠠᠭᠰᠠᠨ ᠡᠷᠢᠭᠡ ᠪᠠᠨ ᠢᠮᠠᠷᠤᠨ ᠢᠮᠠᠷᠤᠨ ᠪᠠᠢ᠌ᠨ ᠪᠠᠢ᠌ᠨ ᠥᠭᠡ ᠬᠠᠪᠴᠢᠭᠤᠯᠤᠨ᠎ᠠ᠃ ᠡᠪᠦᠯᠵᠢᠶ᠎ᠡ ᠪᠠᠨ ᠳᠤᠭᠤᠷᠢᠭᠰᠠᠨ ᠮᠠᠯ ᠬᠠᠰᠢᠶ᠎ᠠ ᠬᠤᠷᠤᠭ᠎ᠠ ᠪᠠᠨ ᠳᠤᠭᠤᠷᠢᠨ ᠭᠤᠳᠤᠷ ᠭᠤᠳᠤᠷ ᠭᠢᠨ ᠡᠷᠭᠢᠯᠳᠦᠵᠤ᠂ ᠳᠡᠵᠢᠭᠡᠯ ᠭᠤᠷᠢᠳᠠᠭᠰᠠᠨ ᠬᠤᠪᠳᠤᠭ ᠬᠤᠨᠢᠳ ᠡᠭᠦᠳᠡᠨ ᠤ ᠡᠮᠦᠨᠡᠭᠦᠷ ᠡᠷᠭᠢᠯᠳᠤᠨ᠂ ᠪᠦᠯᠳᠦᠭᠡᠷ ᠰᠢᠷ᠎ᠠ ᠨᠢᠳᠤ ᠪᠠᠨ ᠭᠢᠯᠠᠯᠵᠠᠭᠤᠯᠤᠨ᠂ ᠬᠠᠮᠠᠷ ᠶᠢᠡᠨ ᠱᠤᠤᠭᠢᠳᠠᠨᠠᠭᠤᠯᠤᠨ ᠣᠷᠤᠭᠤᠯ ᠠᠮᠠ ᠪᠠᠨ ᠳᠤᠯᠢᠶᠠᠯᠠᠨ ᠥᠩᠭᠡᠯᠵᠡᠨ᠎ᠡ᠃ ᠭᠦᠭ᠍ᠰᠢᠨ ᠬᠠᠯᠳᠠᠷ ᠨᠤᠬᠠᠢ ᠮᠢᠨᠢ ᠭᠦᠷᠳᠡᠯ᠎ᠡ ᠭᠦᠯᠦᠭᠡᠨ ᠨᠤᠬᠠᠢ᠌ᠨ ᠤᠨ ᠵᠠᠩ ᠣᠷᠤᠴᠢᠬᠠᠭᠰᠠᠨ ᠡᠭᠦᠳᠡᠨ ᠬᠠᠪᠢ ᠪᠠᠷ ᠣᠴᠣᠢ᠌ᠴᠢᠬᠠᠭᠰᠠᠨ ᠳᠤᠯᠤᠭᠠᠢ ᠳᠦᠷᠦᠭᠦᠤ ᠪᠠᠨ ᠢᠯᠪᠢᠭᠦᠯᠵᠤ᠂ ᠵᠠᠪᠠᠵᠢ ᠠᠮᠠ ᠪᠠᠨ ᠳᠠᠳᠠᠭᠤᠯᠵᠤ ᠡᠷᠭᠡᠯᠡᠭᠦᠯᠭᠦ ᠶᠢ ᠭᠤᠷᠢᠳᠠᠨ ᠳᠠᠮᠪᠠᠭᠠᠨᠠᠵᠤ᠂ ᠬᠠᠠᠵᠤ ᠢᠷᠮᠡᠭ᠍ᠳᠡᠨ ᠣᠠᠳᠠᠵᠤ ᠪᠠᠢ᠌ᠳᠠᠭ ᠴᠠᠰᠤ ᠴᠠᠭᠠᠨ ᠮᠤᠤᠷ ᠮᠢᠨᠢ ᠵᠠᠯᠬᠠᠭᠤᠳᠠᠢ᠌ᠬᠠᠨ ᠡᠪᠰᠢᠶᠡᠯᠭᠡᠵᠤ ᠰᠤᠨᠢᠶᠠᠴᠢᠬᠠᠭᠠᠤᠨ᠂ ᠬᠠᠵᠠᠭᠤᠳᠠ ᠳᠢᠭ᠌ ᠭᠡᠳᠡᠯ᠎ᠡ ᠦᠰᠦᠷᠤᠨ ᠪᠠᠭᠤᠵᠤ ᠢᠷᠡᠭᠡᠳ ᠭᠠᠷ ᠭᠤᠤᠷ ᠦᠨᠦᠷᠯᠠᠨ ᠳᠤᠯᠢᠶᠠᠵᠤ᠂ ᠡᠪᠦᠷ ᠡᠩᠭᠡᠷ ᠥᠭᠡᠳᠡ ᠮᠠᠴᠤᠭᠠᠤᠨ ᠡᠵᠢ ᠪᠠᠷ ᠵᠠᠩᠳᠠᠷᠠᠭᠤᠯᠤᠨ᠎ᠠ᠃

ᠬᠠᠮᠢᠭ᠎ᠠ ᠡᠴᠠ ᠨᠢ ᠴᠤ ᠰᠢᠭᠡᠭ᠌ ᠠᠷᠭᠠᠯ ᠮᠤᠳᠤᠨ ᠲᠦᠯᠡᠭᠡᠨ ᠤ ᠳᠠᠰᠤᠯᠬᠠᠨ ᠦᠨᠦᠷ ᠬᠠᠩᠬᠤᠯᠠᠭᠠᠤᠨ ᠯᠠ᠂ ᠪᠣᠭᠤᠷᠤᠯ ᠤᠳ ᠤᠨ ᠮᠢᠨᠢ ᠬᠠᠢ᠌ᠷ᠎ᠠ ᠡᠨᠡᠷᠢᠯ ᠪᠢᠯᠬᠠᠭᠰᠠᠨ ᠢᠯᠴᠢ ᠳᠦᠭᠡᠨᠡᠭᠡᠳ ᠯᠠ᠂ ᠰᠡᠳᠭᠢᠯ ᠴᠠᠳᠴᠤ᠂ ᠪᠠᠶ᠎ᠠ ᠳᠠᠯᠪᠢᠭᠤᠷᠠᠨ ᠨᠢᠭᠡ ᠯᠠ ᠰᠠᠢ᠌ᠬᠠᠨ ᠪᠠᠢ᠌ᠳᠠᠭ ᠰᠠᠨ᠃

ᠨᠢᠭᠡ ᠮᠡᠳᠡᠭᠦ ᠳᠤ᠂ ᠭᠡᠷ ᠭᠡᠵᠤ ᠮᠦᠷᠦᠭᠡᠳᠦᠯ ᠪᠣᠯᠳᠠᠭ ᠶᠡᠭᠡ ᠭᠡᠢ᠌ᠷᠭᠡᠯ ᠠᠯᠠᠭ᠎ᠠ ᠪᠣᠯᠤᠭᠰᠠᠨ ᠪᠠᠢ᠌ᠪᠠ᠃ ᠣᠷᠤᠨ ᠳ᠋ᠤᠨᠢ ᠨᠢᠭᠡ ᠯᠠ ᠶᠡᠭᠡ ᠭᠤᠳᠤᠷᠠᠯ᠂ ᠭᠤᠨᠢᠭ᠂ ᠡᠵᠡᠭᠦᠢᠷᠡᠯ᠂ ᠡᠩᠰᠡᠷᠡᠭ᠍ᠰᠡᠨ ᠶᠡᠭᠡ ᠮᠦᠷᠦᠭᠡᠰᠦᠯ ᠡᠪᠭᠡᠷᠡᠨ ᠬᠣᠢ᠌ᠷᠠᠨ ᠥᠯᠡᠳᠡᠭ᠍ᠰᠡᠨ ᠪᠠᠢ᠌ᠪᠠ᠃ ᠡᠷᠭᠢᠭᠦ ᠪᠣᠭᠤᠷᠤᠯ ᠣᠷᠴᠢᠯᠠᠩ ᠤᠨ ᠡᠨᠡᠷᠢᠯ ᠦᠭᠡᠶ ᠶᠢ ᠶᠠᠭᠤ ᠭᠡᠭᠦᠪ ᠳ᠋ᠠ᠂ ᠨᠢᠭᠡ ᠮᠡᠳᠡᠭᠦ ᠳᠤ ᠡᠮᠡᠭᠡ ᠮᠢᠨᠢ᠂ ᠠᠪᠣ ᠮᠢᠨᠢ ᠪᠢᠳᠠ ᠪᠢᠳᠠᠨ ᠤ ᠪᠠᠨ ᠡᠯᠢᠭᠡ ᠶᠢ ᠭᠡᠳᠤ ᠭᠡᠳᠤ ᠡᠮᠳᠡᠯᠡᠨ ᠬᠣᠢ᠌ᠨ᠎ᠠ ᠬᠣᠢ᠌ᠨ᠎ᠠ ᠡᠴᠠ ᠪᠠᠨ ᠶᠠᠪᠣᠵᠤ ᠣᠳᠤᠯ᠎ᠠ᠃ ᠡᠵᠢ ᠮᠢᠨᠢ ᠪᠢᠳᠠᠨ ᠤ ᠳᠡᠷᠭᠡᠳᠡ ᠢᠷᠠᠵᠤ ᠰᠠᠭᠤᠭᠰᠠᠨ᠃ ᠳᠡᠭᠡᠭᠡᠳ ᠯᠠ ᠳᠠᠷᠠ ᠭᠡᠷ ᠲᠡᠭᠡᠨ ᠬᠠᠷᠢᠨ᠎ᠠ ᠭᠡᠳᠡᠭ᠌ ᠰᠠᠢ᠌ᠬᠠᠨ ᠮᠦᠴᠡ ᠨᠥᠭᠦᠤᠨ ᠳᠤᠷᠠᠳᠬᠠᠯ ᠪᠣᠯᠤᠨ ᠦᠯᠠᠳᠠᠵᠤ᠂ ᠨᠤᠳᠤᠭ ᠶᠢᠡᠨ ᠡᠷᠭᠢᠨ᠎ᠡ ᠭᠡᠵᠤ ᠣᠨ ᠵᠢᠯ ᠥᠡᠵᠢᠭᠦᠯᠤᠨ ᠪᠠᠢ᠌ᠵᠤ᠂ ᠬᠠᠶᠠ ᠬᠠᠶᠠ ᠨᠢᠭᠡ ᠶᠠᠪᠣᠳᠠᠭ ᠪᠣᠯᠤᠭᠰᠠᠨ᠃ ᠡᠵᠡᠨ ᠦᠭᠡᠶ ᠭᠡᠷ ᠬᠠᠩᠬᠠᠢ᠌ᠵᠤ᠂ ᠮᠠᠯ ᠦᠭᠡᠶ ᠬᠠᠰᠢᠶ᠎ᠠ ᠣᠩᠭ᠋ᠣᠢ᠌ᠵᠤ ᠬᠠᠷᠠᠯᠠᠭᠠᠤᠨ᠂ ᠪᠠᠯᠴᠢᠭᠡᠷ ᠢ ᠰᠤᠯᠠᠯᠠᠨ᠎ᠠ ᠭᠡᠳ ᠮᠠᠯ ᠢ ᠨᠢ ᠪᠦᠷ ᠵᠠᠢ᠌ᠯᠠᠭᠤᠯᠴᠢᠬᠠᠭᠰᠠᠨ ᠪᠣᠯᠬᠤᠷ᠂ ᠬᠤᠨᠢ ᠢᠮᠠᠭ᠎ᠠ᠂ ᠮᠤᠷᠢ ᠳᠡᠮᠡᠭᠡᠨ ᠤ ᠮᠦᠷ ᠣᠷᠤ ᠳᠠᠰᠤ ᠪᠠᠯᠠᠷᠠᠭᠠᠤᠨ ᠳᠠᠨᠢᠯ ᠳᠠᠰᠤᠯ ᠪᠣᠯᠤᠭᠰᠠᠨ ᠠᠠᠭᠤᠯᠠ ᠨᠢᠷᠤᠭᠤᠳ ᠮᠢᠨᠢ ᠬᠤᠪᠠᠬᠠᠢ᠌ᠷᠠᠵᠤ ᠬᠠᠷᠠᠭᠳᠠᠨ᠎ᠠ᠃ ᠮᠠᠯ ᠤᠨ ᠮᠦᠷ ᠶᠢᠡᠷ ᠳᠤᠰᠤ ᠭᠤᠭᠤᠵᠢᠨ᠎ᠠ ᠭᠡᠳᠡᠭ᠌ ᠦᠨᠡᠨ ᠠᠵᠢ᠃᠃ ᠣᠴᠢᠬᠤ ᠦᠭᠡᠶ ᠭᠡᠭᠦ ᠳᠤ ᠨᠤᠳᠤᠭ ᠰᠠᠨᠠᠭᠳᠠᠬᠤ ᠨᠢ ᠭᠡᠴᠡᠭᠦᠤ᠂ ᠣᠴᠢᠴᠢᠬᠠᠭᠠᠤᠨ ᠢᠷᠡᠭᠦ ᠪᠠᠷ ᠭᠡᠳᠤᠨ ᠡᠳᠦᠷᠵᠢᠨ ᠰᠡᠳᠭᠢᠯ ᠰᠢᠨᠠᠯᠠᠬᠤ ᠨᠢ ᠨᠠᠩ ᠭᠡᠴᠡᠭᠦᠤ᠃

ᠶᠠᠷᠤᠨᠢ ᠯᠠ᠂ ᠬᠠᠪᠣᠷ ᠤᠨ ᠠᠭᠤᠷ ᠣᠷᠤᠵᠤ᠂ ᠭᠦᠭᠦᠭᠡ ᠳᠤᠩᠭ᠋ᠤᠳᠬᠤ ᠦᠶ᠎ᠡ ᠪᠣᠶᠤ ᠨᠠᠮᠤᠷ ᠤᠨ ᠵᠥᠭᠡᠯᠡᠭᠡᠨ ᠰᠠᠯᠭᠢ ᠰᠡᠷᠡᠭᠦᠤ ᠳᠠᠳᠠᠭᠤᠯᠤᠨ ᠰᠠᠪᠠᠯᠵᠠᠵᠤ᠂ ᠰᠢᠯᠢ ᠭᠦᠪᠴᠢ᠂ ᠠᠳᠠᠷᠠᠭ᠎ᠠ ᠮᠦᠷᠭᠡ ᠬᠤᠩᠭ᠋ᠤᠷᠳᠠᠨ ᠰᠢᠷᠠᠯᠠᠭᠠᠤᠨ ᠯᠠ ᠢᠷᠡᠭᠦ ᠶᠢᠨ ᠦᠶ᠎ᠡ ᠨᠤᠳᠤᠭ ᠪᠦᠷ ᠰᠠᠨᠠᠭᠳᠠᠭᠠᠤᠨ᠂ ᠳᠤᠭᠳᠠᠪᠣᠷᠢ ᠠᠯᠳᠠᠭᠤᠯᠤᠭᠠᠤᠨ᠂ ᠰᠡᠳᠭᠢᠯ ᠳᠡᠩᠰᠡᠯᠡᠭᠡᠳ ᠢᠷᠡᠭᠦ ᠪᠠᠷ ᠦᠪᠡᠷ ᠤᠨ ᠮᠠᠳᠠᠯ ᠦᠬᠡᠢ ᠣᠷᠤᠨ ᠭᠠᠷᠤᠨ 《ᠭᠠᠵᠠᠷ ᠨᠤᠳᠤᠭ ᠶᠢᠡᠨ ᠰᠠᠨᠠᠬᠤᠢ ᠳᠤ᠂ ᠭᠠᠩᠭ᠋ᠠᠨᠠᠨ ᠰᠠᠭᠤᠵᠤ ᠬᠠᠷᠠᠭᠳᠠᠨ᠎ᠠ》 ᠭᠡᠮᠡᠨ ᠰᠠᠮ ᠰᠠᠮ ᠭᠡᠩᠰᠢᠭᠦ ᠳᠤ ᠠᠪᠣ ᠰᠠᠨᠠᠭᠳᠠᠵᠤ ᠪᠦᠷᠵᠢᠭᠡᠷ ᠦᠰᠦ ᠲᠡᠶ ᠳᠤᠯᠤᠭᠠᠢ ᠶᠢ ᠮᠢᠨᠢ ᠬᠠᠯᠠᠭᠤ ᠳᠦᠭᠡᠨᠡᠭ᠍ᠰᠡᠨ ᠵᠤᠵᠠᠭᠠᠨ ᠭᠠᠷ ᠪᠠᠷ ᠪᠠᠨ ᠡᠩᠭᠦᠷᠡᠢ᠌ᠯᠡᠨ ᠢᠯᠢᠵᠤ ᠪᠠᠢ᠌ᠭ᠎ᠠ ᠰᠢᠭ ᠪᠣᠳᠤᠭᠳᠠᠨ᠎ᠠ᠃

《ᠪᠣᠳᠤᠭᠳᠠᠨ᠎ᠠ ᠳ᠋ᠠ᠂ ᠰᠠᠨᠠᠭᠳᠠᠨ᠎ᠠ ᠳ᠋ᠠ》 ᠭᠡᠵᠤ ᠪᠠᠰᠠᠯᠠ ᠭᠡᠩᠰᠢᠨ ᠳᠠᠭᠤᠯᠠᠮᠠᠷ᠃ ᠭᠡᠷ ᠨᠤᠳᠤᠭ ᠶᠢᠡᠨ ᠭᠡᠵᠤ ᠭᠦᠰᠡᠵᠤ ᠮᠦᠷᠦᠭᠡᠳᠴᠤ᠂ ᠪᠠᠬᠠᠷᠬᠠᠵᠤ ᠰᠠᠨᠠᠵᠤ ᠶᠠᠪᠣᠳᠠᠭ ᠳᠠᠢ᠌ᠮᠤ ᠯᠠ ᠨᠢᠭᠡ ᠭᠦᠰᠡᠯᠡᠩ ᠮᠦᠷᠦᠭᠡᠳᠦᠯ ᠮᠢᠨᠤ ᠦᠶ᠎ᠡ ᠳᠤ ᠳᠡᠭᠦᠰᠭᠡᠯ ᠶᠢᠡᠨ ᠣᠯᠬᠤ ᠣᠴᠢᠷ ᠲᠡᠶ ᠪᠠᠢ᠌ᠵᠢ ᠦᠦ ᠳ᠋ᠠ ᠭᠡᠵᠤ ᠪᠣᠳᠤᠬᠤᠯᠠᠷ ᠵᠢᠷᠦᠭᠡ ᠵᠢᠮᠵᠢᠭᠢᠨᠠᠨ᠎ᠡ᠃ ᠽᠠᠮᠪᠣᠯᠢᠩ ᠬᠤᠷᠸ᠎ᠠ ᠭᠡᠵᠢ ᠳ᠋ᠠ᠁


ᠵᠤᠬᠢᠶᠠᠭᠴᠢ ᠶᠢᠨ ᠬᠠ‍‌ᠶᠢᠭ ᠄ ᠠᠯᠠᠱᠠ ᠪᠠᠷᠠᠭᠤᠨ ᠬᠤᠰᠢᠭᠤᠨ ᠤ ᠠᠷᠠᠤᠨ ᠤᠨ ᠰᠢᠭᠦᠭᠦ ᠬᠤᠷᠢᠶ᠎ᠠ

ᠵᠤᠬᠢᠶᠠᠭᠴᠢ᠄ ᠬᠠᠰᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢ᠌ᠷᠠᠭᠤᠯᠤᠯ
ᠳᠠᠷᠤᠮ᠄ 1771
ᠴᠠᠭ᠄ 2012 ᠤᠨ ᠤ 02 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁