ᠭᠦᠳᠡᠯᠮᠦᠷᠢ ᠶᠢᠨ ᠰᠠᠢ᠌ᠬᠠᠨ
(ᠭᠠᠳᠠᠨ᠎ᠠ ᠨᠢᠭᠡ)

ᠭᠦᠭᠡ ᠳᠡᠭ᠍ᠷᠢ ᠶᠢᠨ ᠳᠤᠤᠷ᠎ᠠ ᠭᠦᠮᠤᠨ ᠤ ᠮᠦᠷ ᠨᠠᠷᠠᠨ ᠤ ᠢᠮ ᠲᠡᠶ ᠵᠦᠷᠢᠯᠳᠤᠨ᠎ᠡ

ᠭᠦᠷᠦᠰᠦᠳᠤ ᠵᠢᠨ ᠵᠠᠮ ᠳ᠋ᠤ ᠰᠡᠳᠭᠢᠯ ᠤᠨ ᠣᠯᠪᠠᠭ᠎ᠠ ᠰᠤᠨᠤᠯᠵᠠᠨ ᠳᠠᠮᠠᠭᠠᠯᠠᠭᠳᠠᠨ᠎ᠠ

ᠭᠦᠰᠡᠯ ᠭᠦᠭᠡᠭᠡᠴᠡᠯᠳᠦᠯ ᠳᠤ ᠳᠠᠯ᠎ᠠ ᠡᠴᠠ ᠪᠣᠰᠴᠤ ᠬᠠᠢ᠌ᠷ᠎ᠠ ᠪᠠᠨ ᠭᠦᠮᠤᠨ ᠨᠡᠭᠡᠮᠯᠡᠨ᠎ᠡ


ᠰᠠᠷᠠᠨ ᠤ ᠵᠥᠭᠡᠯᠡᠨ ᠭᠡᠷᠡᠯ ᠳᠤ ᠢᠨᠠᠭ ᠤᠨ ᠰᠢᠪᠠᠨᠡᠭᠡ ᠳᠤ ᠪᠠᠨ ᠣᠶᠠᠩᠭ᠋ᠠᠷᠠᠨ ᠰᠤᠭᠳᠤᠭᠤᠷᠠᠨ᠎ᠠ

ᠰᠠᠠᠰᠠᠷ ᠣᠷᠴᠢᠯᠠᠩ ᠤᠨ ᠵᠠᠢ ᠳᠤ ᠠᠮᠢᠳᠤᠷᠠᠯ ᠤᠨ ᠳᠤᠯᠭ᠎ᠠ ᠪᠠᠨ ᠡᠶᠡᠪᠠᠷᠭᠦᠤ ᠪᠠᠳᠠᠷᠭᠠᠨ᠎ᠠ

ᠰᠠᠢ᠌ᠬᠠᠨ ᠤ ᠮᠥᠩᠭᠡ ᠶᠢᠨ ᠭᠦᠭᠡᠭᠡᠴᠡᠯᠳᠦᠯ ᠳᠤ ᠬᠡᠦᠬᠡᠳ ᠶᠢᠡᠨ ᠠᠷᠤᠤᠬᠠᠨ ᠭᠦᠮᠦᠵᠢᠭᠦᠯᠤᠨ᠎ᠡ


ᠭᠦᠯᠦᠰᠤᠨ ᠤ ᠳᠤᠰᠤᠯ ᠢ ᠰᠢᠩᠭᠡᠭᠡᠳ ᠨᠤᠭᠤᠭᠠᠨ ᠳᠠᠯ᠎ᠠ ᠰᠠᠷᠠᠭᠤᠯ ᠠᠭᠤᠵᠢᠮ

ᠨᠤᠮ ᠤᠨ ᠬᠠᠭᠤᠳᠠᠰᠤ ᠣᠬᠠᠭᠠᠨ ᠤ ᠮᠠᠯᠮᠠᠢ ᠨᠡᠭᠡᠭᠡᠭ᠍ᠳᠡᠭᠡᠳ ᠬᠠᠢ᠌ᠷ᠎ᠠ ᠦᠯᠡᠮᠵᠢ

ᠭᠦᠰᠡᠯ ᠤᠨ ᠳᠠᠯᠠᠪᠴᠢ ᠵᠢᠷᠤᠮ ᠤᠨ ᠰᠡᠪᠠᠯᠵᠡᠭᠡᠨ ᠬᠠᠪᠣᠷ ᠤᠨ ᠰᠠᠯᠭᠢᠨ ᠰᠡᠷᠢᠭᠦᠨ


ᠴᠠᠭᠠᠨ ᠴᠠᠭᠠᠰᠤᠨ᠎ᠠ ᠰᠢᠯᠦᠭ᠌ ᠤᠨ ᠮᠦᠷ ᠭᠡᠯᠡᠨ ᠤ ᠰᠤᠷᠠᠭ ᠨᠢ ᠭᠡᠷᠡᠯᠰᠢᠨ᠎ᠡ

ᠴᠡᠩᠭᠡᠷ ᠳᠡᠭ᠍ᠷᠢ ᠶᠢᠨ ᠳᠤᠤᠷ᠎ᠠ ᠣᠭᠠᠯᠵᠠᠯᠠᠬᠤ ᠭᠤᠤᠯ ᠰᠡᠳᠭᠢᠯ ᠳ᠋ᠤ ᠢᠷᠠᠭᠤ ᠵᠢᠷᠤᠭ

ᠠᠷᠴᠢᠭᠤᠷ ᠪᠢᠷ ᠵᠡᠭᠦᠳᠦᠨ ᠳᠤ ᠳᠠᠰᠤᠷᠬᠤ ᠥᠭᠡᠢ ᠥᠭᠡᠨ ᠤ ᠥᠵᠦᠭᠦᠷ ᠨᠠᠢ᠌ᠷᠠᠭᠰᠢᠨ᠎ᠠ


ᠳᠠᠪᠠᠯ ᠬᠤᠪᠴᠠᠰᠤ ᠳ᠋ᠤ ᠭᠤᠸ᠎ᠠ ᠰᠠᠢ᠌ᠬᠠᠨ ᠴᠢᠭᠢᠷᠠᠭ ᠮᠠᠬᠠᠪᠣᠤᠨ ᠮᠢᠨᠢ ᠭᠦᠳᠡᠷᠰᠢᠨ᠎ᠡ

ᠢᠯᠳᠤᠨ ᠭᠦᠮᠦᠰᠭᠡ ᠬᠠᠷᠠᠬᠠᠨ ᠰᠠᠬᠠᠯ ᠰᠠᠯᠭᠢᠨ ᠤ ᠠᠶᠠᠰ ᠳᠤ ᠵᠤᠷᠮᠠᠢ᠌ᠨ᠎ᠠ

ᠳᠡᠭᠡᠳᠦᠰ ᠤᠨ ᠣᠮᠤᠭ ᠭᠢᠳᠠᠯ ᠠᠵᠢᠯ ᠳᠤ ᠠᠮᠢᠳᠤᠷᠠᠯ ᠤᠨ ᠰᠠᠢ᠌ᠬᠠᠨ ᠵᠢᠷᠤᠭᠯᠠᠭᠳᠠᠨ᠎ᠠ᠁



          ᠶᠡᠭᠡ ᠬᠠᠢ᠌ᠷ᠎ᠠ ᠶᠢᠨ ᠡᠷᠢᠯ

                      


ᠡᠨᠡᠷᠢᠯᠳᠤ ᠡᠵᠢ ᠶᠢᠨ ᠬᠠᠢ᠌ᠷ᠎ᠠ ᠵᠢ

ᠭᠦᠳᠡᠯᠮᠦᠷᠢ ᠶᠢᠨ ᠰᠠᠢ᠌ᠬᠠᠨ ᠡᠴᠠ ᠡᠷᠢᠶ᠎ᠡ

ᠠᠴᠢᠳᠤ ᠠᠪᠣ ᠶᠢᠨ ᠬᠠᠢ᠌ᠷ᠎ᠠ ᠵᠢ

ᠭᠦᠳᠡᠯᠮᠦᠷᠢ ᠶᠢᠨ ᠰᠠᠢ᠌ᠬᠠᠨ ᠡᠴᠠ ᠡᠷᠢᠶ᠎ᠡ


ᠡᠭᠡ ᠣᠷᠤᠨ ᠤ ᠬᠠᠢ᠌ᠷ᠎ᠠ ᠵᠢ

ᠭᠦᠳᠡᠯᠮᠦᠷᠢ ᠶᠢᠨ ᠰᠠᠢ᠌ᠬᠠᠨ ᠡᠴᠠ ᠡᠷᠢᠶ᠎ᠡ

ᠡᠭᠡ ᠭᠡᠯᠡᠨ ᠤ ᠬᠠᠢ᠌ᠷ᠎ᠠ ᠵᠢ

ᠭᠦᠳᠡᠯᠮᠦᠷᠢ ᠵᠢᠨ ᠰᠠᠢ᠌ᠬᠠᠨ ᠡᠴᠠ ᠡᠷᠢᠶ᠎ᠡ


ᠡᠷᠳᠡᠮᠳᠤ ᠪᠠᠭᠰᠢ ᠶᠢᠨ ᠬᠠᠢ᠌ᠷ᠎ᠠ ᠵᠢ

ᠭᠦᠳᠡᠯᠮᠦᠷᠢ ᠶᠢᠨ ᠰᠠᠢ᠌ᠬᠠᠨ ᠡᠴᠠ ᠡᠷᠢᠶ᠎ᠡ

ᠦᠶ᠎ᠡ ᠶᠢᠨ ᠨᠥᠭᠦᠤᠨ ᠤᠨ ᠬᠠᠢ᠌ᠷ᠎ᠠ ᠵᠢ

ᠭᠦᠳᠡᠯᠮᠦᠷᠢ ᠶᠢᠨ ᠰᠠᠢ᠌ᠬᠠᠨ ᠡᠴᠠ ᠡᠷᠢᠶ᠎ᠡ


ᠡᠷᠳᠡᠮ ᠮᠡᠳᠡᠯᠭᠡ ᠶᠢᠨ ᠬᠠᠢ᠌ᠷ᠎ᠠ ᠵᠢ

ᠭᠦᠳᠡᠯᠮᠦᠷᠢ ᠶᠢᠨ ᠰᠠᠢ᠌ᠬᠠᠨ ᠡᠴᠠ ᠡᠷᠢᠶ᠎ᠡ

ᠠᠵᠢᠯ ᠠᠮᠢᠳᠤᠷᠠᠯ ᠤᠨ ᠬᠠᠢ᠌ᠷ᠎ᠠ ᠵᠢ

ᠭᠦᠳᠡᠯᠮᠦᠷᠢ ᠶᠢᠨ ᠰᠠᠢ᠌ᠬᠠᠨ ᠡᠴᠠ ᠡᠷᠢᠶ᠎ᠡ


ᠭᠦᠷᠦᠩᠭᠡ ᠬᠤᠭᠰᠢᠯ ᠤᠨ ᠬᠠᠢ᠌ᠷ᠎ᠠ ᠵᠢ

ᠭᠦᠳᠡᠯᠮᠦᠷᠢ ᠶᠢᠨ ᠰᠠᠢ᠌ᠬᠠᠨ ᠡᠴᠠ ᠡᠷᠢᠶ᠎ᠡ

ᠭᠦᠡᠳᠦᠳᠤ ᠨᠠᠮ ᠤᠨ ᠬᠠᠢ᠌ᠷ᠎ᠠ ᠵᠢ

ᠭᠦᠳᠡᠯᠮᠦᠷᠢ ᠶᠢᠨ ᠰᠠᠢ᠌ᠬᠠᠨ ᠡᠴᠠ ᠡᠷᠢᠶ᠎ᠡ


ᠢᠨᠠᠭ ᠳᠤᠷᠠᠯᠠᠯ ᠤᠨ ᠬᠠᠢ᠌ᠷ᠎ᠠ ᠵᠢ

ᠭᠦᠳᠡᠯᠮᠦᠷᠢ ᠶᠢᠨ ᠰᠠᠢ᠌ᠬᠠᠨ ᠡᠴᠠ ᠡᠷᠢᠶ᠎ᠡ

ᠦᠷ᠎ᠡ ᠬᠡᠦᠬᠡᠳ ᠤᠨ ᠬᠠᠢ᠌ᠷ᠎ᠠ ᠵᠢ

ᠭᠦᠳᠡᠯᠮᠦᠷᠢ ᠶᠢᠨ ᠰᠠᠢ᠌ᠬᠠᠨ ᠡᠴᠠ ᠡᠷᠢᠶ᠎ᠡ


ᠭᠦᠮᠤᠨ ᠤ ᠰᠡᠳᠭᠢᠯ ᠤᠨ ᠬᠠᠢ᠌ᠷ᠎ᠠ ᠵᠢ

ᠭᠦᠳᠡᠯᠮᠦᠷᠢ ᠶᠢᠨ ᠰᠠᠢ᠌ᠬᠠᠨ ᠡᠴᠠ ᠡᠷᠢᠶ᠎ᠡ

ᠭᠦᠮᠤᠨ ᠤ ᠭᠦᠰᠡᠯ ᠤᠨ ᠬᠠᠢ᠌ᠷ᠎ᠠ ᠵᠢ

ᠭᠦᠳᠡᠯᠮᠦᠷᠢ ᠶᠢᠨ ᠰᠠᠢ᠌ᠬᠠᠨ ᠡᠴᠠ ᠡᠷᠢᠶ᠎ᠡ


ᠡᠭᠡ ᠪᠠᠢ᠌ᠭᠠᠯᠢ ᠶᠢᠨ ᠬᠠᠢ᠌ᠷ᠎ᠠ ᠵᠢ

ᠭᠦᠳᠡᠯᠮᠦᠷᠢ ᠶᠢᠨ ᠰᠠᠢ᠌ᠬᠠᠨ ᠡᠴᠠ ᠡᠷᠢᠶ᠎ᠡ

ᠡᠷᠳᠡᠨᠢᠳᠤ ᠨᠤᠳᠤᠭ ᠤᠨ ᠬᠠᠢ᠌ᠷ᠎ᠠ ᠵᠢ

ᠭᠦᠳᠡᠯᠮᠦᠷᠢ ᠶᠢᠨ ᠰᠠᠢ᠌ᠬᠠᠨ ᠡᠴᠠ ᠡᠷᠢᠶ᠎ᠡ


ᠦᠨᠡᠨ ᠶᠤᠰᠤᠨ ᠤ ᠬᠠᠢ᠌ᠷ᠎ᠠ ᠵᠢ

ᠭᠦᠳᠡᠯᠮᠦᠷᠢ ᠵᠢᠨ ᠰᠠᠢ᠌ᠬᠠᠨ ᠡᠴᠠ ᠡᠷᠢᠶ᠎ᠡ

ᠢᠳᠡᠭᠡᠯ ᠪᠢᠰᠢᠷᠠᠯ ᠤᠨ ᠬᠠᠢ᠌ᠷ᠎ᠠ ᠵᠢ

ᠭᠦᠳᠡᠯᠮᠦᠷᠢ ᠵᠢᠨ ᠰᠠᠢ᠌ᠬᠠᠨ ᠡᠴᠡ ᠡᠷᠢᠶ᠎ᠡ᠁



ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1619
ᠴᠠᠭ᠄ 2012 ᠤᠨ ᠤ 05 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ