ᠣᠩᠭ᠋ᠤᠳ

ᠰᠢᠯᠦᠭ᠌ ᠤᠨ ᠭᠡᠭᠡ ᠳᠠᠳᠠᠨ

ᠰᠡᠳᠭᠢᠯ ᠤᠨ ᠬᠠᠭᠠᠯᠭ᠎ᠠ ᠨᠡᠭᠡᠭᠡᠭ᠍ᠳᠡᠯ᠎ᠡ᠂

ᠰᠤᠪᠣᠤᠨ ᠤᠨ ᠮᠥᠭᠦᠯᠢᠭ᠌ ᠮᠠᠳᠤ ᠮᠦᠷ ᠤᠳ

ᠴᠡᠷᠢᠭ᠌ ᠤᠨ ᠵᠢᠭᠰᠠᠭᠠᠯ ᠮᠠᠳᠤ ᠵᠢᠭ᠍ᠳᠡᠷᠡᠯ᠎ᠡ᠂


ᠪᠣᠳᠤᠯ ᠳᠤ ᠣᠷᠭᠤᠭᠰᠠᠨ ᠪᠦᠭᠦᠨ

ᠥᠵᠦᠭᠦᠷ ᠳᠦᠷᠦᠭᠦᠤ ᠭᠦᠯᠢᠶᠡᠯᠳᠦᠵᠤ

ᠬᠠᠰᠢᠯᠭ᠎ᠠ ᠪᠠᠨ ᠰᠡᠳᠡᠯᠦᠭ᠍ᠰᠡᠨ ᠮᠦᠷᠡᠨ ᠮᠠᠳᠤ

ᠥᠭᠡᠰ ᠤᠨ ᠰᠠᠩ ᠴᠠᠯᠭᠢᠯᠠᠯ᠎ᠠ᠂

ᠪᠣᠯᠬᠤ᠂ ᠪᠣᠯᠬᠤ ᠦᠭᠡᠶ ᠬᠤᠶᠠᠷ ᠢ

ᠣᠵᠤᠭᠤᠷ ᠰᠢᠭᠦᠭ᠍ᠰᠡᠨ ᠶᠤᠰᠤᠭᠠᠷ

ᠫᠣᠤ ᠶᠢᠨ ᠰᠤᠮᠤ ᠮᠠᠳᠤ ᠰᠦᠷᠴᠢᠭᠡᠳ

ᠢᠯᠠᠯᠳᠠ ᠶᠢᠨ ᠵᠥᠭ᠌ ᠳᠤᠪᠳᠤᠯᠠᠯ᠎ᠠ᠂

ᠪᠠᠳᠠᠭ ᠪᠠᠳᠠᠭ ᠰᠢᠯᠦᠭ᠌ ᠤᠳ

ᠪᠢᠷ ᠤᠨ ᠳᠤᠤᠷ᠎ᠠ ᠠᠮᠢᠯᠠᠨ

ᠪᠠᠶᠠᠨ ᠳᠠᠩᠰᠤᠭ ᠥᠭᠡᠰ

ᠪᠠᠢ᠌ᠴᠠ ᠪᠠᠨ ᠣᠯᠤᠨ ᠣᠶᠠᠩᠭ᠋ᠠᠯᠠᠯ᠎ᠠ᠂

ᠪᠦᠭᠦᠢᠭᠦ ᠶᠢ ᠮᠡᠳᠡᠭᠦ ᠦᠭᠡᠶ ᠰᠢᠯᠦᠭ᠌ ᠤᠳ

ᠡᠵᠡᠨ ᠤ ᠪᠠᠨ ᠳᠤᠭ ᠢ ᠡᠷᠭᠦᠵᠤ

ᠪᠣᠷᠤᠭᠤ ᠵᠦᠪ ᠤᠨ ᠮᠠᠷᠭᠤᠭᠠᠨ ᠳᠡᠭᠡᠷ᠎ᠡ

ᠵᠤᠭᠰᠤᠭ᠎ᠠ ᠪᠠᠷ ᠶᠢᠡᠨ ᠥᠭᠦᠭᠦ ᠭᠡᠵᠤ ᠳᠦᠷᠤᠯ᠎ᠠ᠃


      2008.4.21


ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ

ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1620
ᠴᠠᠭ᠄ 2011 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ