ᠰᠠᠯᠭᠢ ᠲᠡᠶ ᠦᠳᠡᠰᠢ ᠶᠢᠨ ᠰᠢᠯᠦᠭ᠌

    ᠬᠠᠪᠣᠷ ᠤᠨ ᠬᠠᠯᠢᠶ᠎ᠠ


ᠬᠠᠢ᠌ᠷ᠎ᠠ ᠭᠦᠯᠳᠡᠵᠤ ᠬᠤᠷᠤᠰᠤᠯ ᠪᠣᠯᠬᠤ ᠳ᠋ᠤ

ᠬᠠᠪᠣᠷ ᠡᠷᠭᠢᠵᠤ ᠠᠮᠢᠳᠤᠷᠠᠯ ᠭᠡᠰᠭᠦ ᠳ᠋ᠤ

ᠣᠳᠠ ᠶᠢᠨ ᠮᠦᠴᠢᠷ ᠣᠶᠠᠷᠬᠠᠨ ᠭᠠᠩᠬᠤᠬᠤ ᠳ᠋ᠤ

ᠣᠶᠠᠬᠠᠨ ᠬᠠᠯᠢᠶ᠎ᠠ ᠢᠯᠳᠡᠮᠬᠠᠨ ᠮᠠᠯᠳᠠᠯᠵᠠᠨ᠎ᠡ᠃


  ᠭᠦᠪᠦᠷᠡᠭᠦ ᠭᠦᠯᠦᠭᠡ


ᠳᠦᠷᠪᠡᠨ ᠰᠠᠷ᠎ᠠ ᠶᠢᠨ ᠰᠠᠯᠭᠢ ᠨᠠᠮᠠᠭᠤᠬᠠᠨ

ᠬᠤᠷᠴᠢᠨ ᠤ ᠳᠠᠯ᠎ᠠ ᠨᠠᠮᠤᠭᠤᠬᠠᠨ

ᠵᠡᠭᠡᠷ᠎ᠡ ᠳᠤᠭᠯᠠᠬᠤ ᠦᠷ ᠤᠨ ᠭᠡᠭᠡ ᠪᠠᠷ

ᠵᠡᠭᠡᠯᠢ ᠶᠢᠨ ᠣᠳᠠ ᠰᠠᠮ ᠶᠢᠡᠷ ᠭᠦᠯᠦᠭᠡᠯᠡᠯ᠎ᠡ᠃


  ᠰᠤᠯᠤᠩᠭ᠋ᠤᠰ ᠬᠣᠢ᠌ᠭ


ᠭᠤᠤᠯᠢ ᠶᠢᠨ ᠣᠷᠤᠨ ᠭᠤᠨᠢᠭ ᠳᠠᠢ

ᠭᠤᠴᠢᠨ ᠨᠢ᠋ᠮᠠᠨ ᠭᠷᠠᠳᠦ᠋ᠰ ᠤᠨ ᠡᠮᠤᠨ᠎ᠡ ᠣᠮᠠᠷ᠎ᠠ

ᠴᠢᠰᠤ ᠨᠢᠭᠡᠳᠡᠢ ᠣᠭᠰᠠᠭᠠᠳᠠᠨ

ᠴᠢᠭᠡᠴᠢ ᠵᠢᠷᠤᠮ ᠢ ᠳᠠᠷᠰᠯᠠᠨ ᠪᠦᠳᠡᠭᠢᠷᠡᠨ᠎ᠡ᠃


  ᠭᠢᠯᠢ ᠶᠢᠨ ᠱᠤᠭᠤᠮ ᠳ᠋ᠤ


ᠬᠠᠯᠬ᠎ᠠ ᠶᠢᠨ ᠳᠣᠢ᠌ᠮᠠᠷ ᠬᠣᠢ᠌ᠯᠠᠷᠠᠨ

ᠬᠠᠷᠠᠴᠤ ᠢᠷᠭᠡᠳ ᠳᠠᠪᠵᠢᠶᠠᠷᠠᠨ᠎ᠡ

ᠭᠢᠩᠭ᠋ᠠᠨ ᠤ ᠣᠢ ᠳᠤ ᠰᠡᠷᠭᠡᠢ᠌ᠯᠡᠯᠳᠡ ᠴᠢᠩᠭ᠋ᠠᠷᠠᠨ

ᠭᠢᠯᠢ ᠶᠢᠨ ᠱᠤᠭᠤᠮ ᠳᠤ ᠵᠠᠶᠠᠭ᠎ᠠ ᠳᠠᠮᠠᠴᠠᠯᠳᠤᠨ᠎ᠡ᠃


  ᠲ᠋ᠤᠰᠤ ᠭᠢᠭᠡᠳ ᠵᠤᠭᠤᠰ


ᠲ᠋ᠤᠰᠤ ᠦᠨ᠎ᠡ ᠳᠤ ᠭᠦᠷᠭᠦ ᠳ᠋ᠤ

ᠳᠤᠯᠤᠮᠴᠤᠳ ᠳᠠᠷᠭᠤᠯᠠᠨ᠎ᠠ

ᠵᠤᠭᠤᠰ ᠭᠢᠮᠳᠠ ᠪᠣᠯᠬᠤ ᠳ᠋ᠤ

ᠶᠠᠳᠠᠭᠤᠴᠤᠳ ᠡᠴᠡᠩᠭᠢᠷᠡᠨ᠎ᠡ᠃


  ᠡᠯᠡᠰᠤᠨ ᠰᠢᠭᠤᠷᠭ᠎ᠠ


ᠨᠤᠭᠤᠭ᠎ᠠ ᠬᠤᠪᠢᠷᠠᠵᠤ ᠠᠯᠳᠠ ᠪᠣᠯᠬᠤ ᠪᠠᠷ

ᠵᠤᠭᠤᠰ ᠮᠠᠭᠤᠳᠠᠵᠤ ᠵᠤᠭ᠎ᠠ ᠪᠣᠯᠬᠤ ᠪᠠᠷ

ᠨᠤᠳᠤᠭ ᠬᠤᠪᠢᠷᠠᠵᠤ ᠮᠠᠩᠬ᠎ᠠ ᠪᠣᠯᠬᠤ ᠪᠠᠷ

ᠡᠯᠡᠰᠤ ᠳᠡᠭ᠍ᠳᠡᠵᠤ ᠰᠢᠭᠤᠷᠭ᠎ᠠ ᠪᠣᠯᠵᠠᠢ᠃


      ᠭᠦᠳᠡᠭᠡ ᠶᠢᠨ ᠢᠨᠠᠭ


ᠭᠦᠳᠡᠭᠡ ᠶᠢᠨ ᠵᠠᠯᠠᠭᠤ ᠨᠠᠰᠤᠨ ᠳᠤ ᠭᠦᠷᠭᠦ ᠪᠠᠷ

ᠭᠦᠳᠡᠭᠡ ᠶᠢᠨ ᠭᠡᠦᠭᠡᠨ ᠦᠨ᠎ᠡ ᠳᠤ ᠭᠦᠷᠭᠦ ᠪᠠᠷ

ᠮᠦᠩᠭᠦ ᠴᠠᠭᠠᠨ ᠨᠢᠳᠤ ᠣᠯᠠᠭᠠᠨ

ᠮᠦᠩᠭᠦ ᠣᠯᠠᠭᠠᠨ ᠨᠢᠳᠤ ᠴᠠᠭᠠᠨ᠃


      ᠵᠡᠶᠠᠭ᠎ᠠ


ᠪᠠᠯᠴᠢᠭᠡᠷ ᠢ ᠡᠪᠳᠡᠭ᠍ᠰᠡᠨ ᠶᠠᠯ᠎ᠠ ᠬᠤᠨᠢᠨ ᠳᠤ ᠳᠤᠰᠴᠤ

ᠪᠠᠭᠢᠯᠡᠭ᠍ᠰᠡᠨ ᠬᠤᠳᠠ ᠳᠤ ᠬᠤᠷᠢᠭᠳᠠᠨ ᠵᠦᠳᠠᠷᠠᠨ᠎ᠡ

ᠪᠠᠯᠴᠢᠭᠡᠷᠯᠡᠭᠦᠯᠦᠭ᠍ᠰᠡᠨ ᠶᠠᠯ᠎ᠠ ᠬᠤᠨᠢᠴᠢᠨ ᠳᠤ ᠳᠤᠰᠴᠤ

ᠪᠠᠭᠢᠯᠡᠭ᠍ᠰᠡᠨ ᠴᠠᠭᠠᠵᠠ ᠳᠤ ᠳᠤᠷᠭᠤᠭᠠᠭᠳᠠᠨ ᠵᠤᠪᠠᠨ᠎ᠠ᠃


       《ᠭᠡᠷᠪᠡ》


《ᠭᠡᠷᠪᠡ》 ᠥᠨᠡᠭᠡᠷ ᠪᠠᠢ᠌ᠳᠠᠭ ᠶᠤᠮ ᠪᠣᠯ

ᠭᠡᠷᠦᠵᠤ ᠶᠠᠪᠣᠭᠰᠠᠨ ᠵᠠᠮ ᠶᠢᠡᠨ ᠳᠠᠰᠤᠴᠢᠬᠤ ᠶᠤᠮᠰᠠᠨ

《ᠭᠡᠷᠪᠡ》 ᠥᠨᠡᠭᠡᠷ ᠢᠯᠡᠭᠦᠳᠡᠳᠡᠭ᠌ ᠶᠤᠮ ᠪᠣᠯ

ᠢᠷᠡᠭᠡᠳᠦᠢ ᠶᠢᠨ ᠵᠠᠮ ᠴᠢᠨᠢ ᠳᠠᠰᠤᠴᠢᠭᠳᠠᠬᠤ ᠶᠤᠮᠰᠠᠨ᠃


      ᠦᠷᠢ ᠲᠡᠶ ᠭᠦᠮᠤᠨ ᠤ ᠠᠮᠢᠳᠤᠷᠠᠯ


ᠮᠦᠷᠤᠢ ᠳᠤ ᠦᠷᠢ ᠲᠡᠶ ᠭᠦᠮᠤᠨ ᠮᠦᠷᠭᠦᠵᠤ ᠭᠤᠶᠤᠨ᠎ᠠ

ᠮᠡᠳᠡᠯᠭᠡ ᠳᠤ ᠦᠷᠢ ᠲᠡᠶ ᠭᠦᠮᠤᠨ ᠭᠦᠯᠦᠰᠤ ᠪᠠᠷ ᠭᠤᠶᠤᠨ᠎ᠠ

ᠢᠨᠠᠭ ᠲᠤ ᠦᠷᠢ ᠲᠡᠶ ᠭᠦᠮᠤᠨ ᠦᠨᠦᠴᠢᠷᠠᠵᠤ ᠭᠤᠶᠤᠨ᠎ᠠ

ᠠᠴᠢᠯᠠᠯ ᠳᠤ ᠦᠷᠢ ᠲᠡᠶ ᠭᠦᠮᠤᠨ ᠥᠭᠦᠵᠤ ᠭᠤᠶᠤᠨ᠎ᠠ᠃


      ᠭᠣᠢ᠌ᠷᠠᠠᠴᠢ


ᠠᠷᠪᠠᠨ ᠵᠣᠢ᠌ᠯ ᠤᠨ ᠪᠠᠭᠠᠰᠢᠯᠠᠨ

ᠡᠮᠦᠨᠡᠳᠤ ᠣᠷᠤᠨ ᠤ ᠭᠣᠢ᠌ᠷᠠᠠᠴᠢ ᠵᠤᠭᠤᠰ ᠭᠤᠶᠤᠨ᠎ᠠ

ᠭᠤᠷᠢᠳᠠᠯ ᠤᠨ ᠭᠣᠢ᠌ᠷᠠᠠᠴᠢ ᠭᠡᠵᠤ

ᠣᠮᠠᠷᠠᠳᠤ ᠣᠷᠤᠨ ᠤ ᠠᠷᠠᠤᠨ ᠤᠳ ᠵᠢᠭ᠍ᠰᠢᠨ᠎ᠡ᠃


                    2012.5.15


ᠵᠤᠬᠢᠶᠠᠭᠴᠢ ᠶᠢᠨ ᠬᠠ‍‌ᠶᠢᠭ ᠄   ᠵᠠᠯᠠᠢ᠌ᠳ ᠬᠤᠰᠢᠭᠤᠨ ᠤ ᠶᠡᠨᠳᠠᠷ ᠳᠠᠭᠢ ᠵᠢᠷᠭᠤᠳᠤᠭᠠᠷ ᠳᠤᠮᠳᠠᠳᠤ ᠰᠤᠷᠭᠠᠭᠤᠯᠢ

ᠵᠤᠬᠢᠶᠠᠭᠴᠢ᠄ ᠯᠢ ᠳᠢᠶᠠᠨ ᠰᠢ
ᠬᠠᠷᠢᠶ᠎ᠠ᠄ ᠰᠢᠯᠦᠭ
ᠳᠠᠷᠤᠮ᠄ 1856
ᠴᠠᠭ᠄ 2012 ᠤᠨ ᠤ 10 ᠰᠠᠷ᠎ᠠ ᠶᠢᠨ 17