ᠡᠵᠢ ᠶᠢᠨ ᠬᠠᠢ᠌ᠷ᠎ᠠ

1  

                  

ᠡᠵᠢ ᠶᠢᠨ ᠬᠠᠢ᠌ᠷ᠎ᠠ ᠭᠡᠵᠤ  

ᠡᠯᠢᠭᠡᠰᠡᠭ᠌ ᠬᠤᠷᠸ᠎ᠠ ᠶᠢᠨ ᠳᠠᠭᠤᠤ ᠪᠠᠢ᠌ᠵᠠᠢ

ᠡᠯᠢᠭᠡ ᠪᠦᠳᠤᠨ ᠠᠮᠢᠳᠤᠷᠠᠯ ᠳᠤ ᠣᠶᠠᠩᠭ᠋ᠠᠷᠠᠭᠰᠠᠨ

ᠥᠭ᠍‍ᠭᠢᠶᠡᠮᠦᠷ ᠰᠡᠳᠬᠢᠯ ᠤᠨ ᠴᠤᠤᠷᠢᠶ᠎ᠠ ᠪᠠᠢ᠌ᠵᠠᠢ

ᠠᠷᠪᠠᠨ ᠰᠠᠷ᠎ᠠ ᠭᠡᠳᠡᠰᠤᠨ ᠳᠡᠭᠡᠨ ᠳᠡᠭᠡᠭᠡᠵᠤ᠂

ᠠᠩᠭᠢᠷ ᠣᠭᠤᠷᠠᠭ ᠶᠢᠡᠨ ᠰᠢᠮᠡᠭᠦᠯᠤᠨ ᠥᠰᠭᠡᠵᠤ

ᠡᠮᠨᠡᠭ᠌ ᠤᠨ ᠳᠦᠷᠦᠭᠡᠨ ᠳᠤ ᠭᠦᠯ ᠢ ᠮᠢᠨᠢ ᠭᠦᠷᠭᠡᠵᠤ

ᠡᠷ᠎ᠡ ᠵᠠᠯᠠᠭᠤ ᠭᠡᠳᠡᠭ᠌ ᠠᠯᠳᠠᠷ ᠢ ᠮᠢᠨᠢ ᠲ᠋ᠠᠭᠤᠳᠠᠭᠤᠯᠤᠭᠰᠠᠨ

ᠡᠨᠡᠷᠢᠯ ᠶᠡᠭᠡᠳᠤ ᠡᠵᠢ ᠶᠢᠨ ᠴᠠᠢ᠌ᠯᠭᠠᠨ ᠰᠠᠨᠠᠭ᠎ᠠ

ᠠᠨᠠᠪᠠᠤᠨ ᠶᠡᠭᠡ ᠳᠠᠯᠠᠢ ᠪᠠᠢ᠌ᠵᠠᠢ

ᠦᠷ᠎ᠡ ᠶᠢᠨ ᠵᠠᠶᠠᠭᠠᠨ ᠳᠤ ᠮᠥᠩᠭᠡᠵᠢᠭ᠍ᠰᠡᠨ

ᠦᠷᠦᠪᠴᠢᠭᠡᠨ ᠰᠡᠳᠭᠢᠯ ᠤᠨ ᠪᠣᠷᠬᠠᠨ ᠪᠠᠢ᠌ᠵᠠᠢ ︕


           2


ᠡᠵᠢ ᠶᠢᠨ ᠬᠠᠢ᠌ᠷ᠎ᠠ ᠭᠡᠵᠤ

ᠳᠡᠯᠭᠡᠷ ᠠᠭᠤᠳᠠᠮ ᠬᠠᠩᠭ᠋ᠠᠢ ᠪᠠᠢ᠌ᠵᠠᠢ

ᠡᠩᠭᠦᠷᠡᠢ ᠦᠷ᠎ᠡ ᠪᠠᠨ ᠳᠤᠭᠯᠠᠭᠤᠯᠤᠭᠠᠤᠨ ᠥᠰᠭᠡᠭ᠍ᠰᠡᠨ

ᠳᠠᠩᠴᠤ ᠭᠤᠶᠤᠬᠠᠨ ᠴᠡᠴᠡᠷᠯᠢᠭ᠌ ᠪᠠᠢ᠌ᠵᠠᠢ

ᠨᠤᠳᠤᠭ ᠤᠨ ᠳᠤᠭᠤᠰᠤᠨ ᠳᠤ ᠳᠠᠷᠤᠭᠳᠠᠨ

ᠨᠠᠷᠠᠳᠤ ᠶᠢᠨ ᠵᠠᠢ ᠳᠤ ᠵᠢᠷᠭᠠᠵᠤ᠂

ᠣᠢ᠌ᠯᠠᠰ ᠤᠨ ᠰᠠᠢ᠌ᠬᠠᠨ ᠢ ᠪᠦᠳᠦᠭᠡᠵᠤ

ᠢᠳᠡᠭᠡᠯ ᠳᠦᠭᠦᠷᠡᠩ ᠪᠠᠶᠠᠰᠴᠤ ᠶᠠᠪᠣᠬᠤ ᠳᠤ

ᠨᠢᠩᠵᠢᠨ ᠰᠡᠳᠬᠢᠯ ᠲᠡᠶ ᠡᠵᠢ ᠶᠢᠨ ᠬᠠᠢ᠌ᠷ᠎ᠠ ᠭᠡᠵᠤ

ᠨᠠᠳᠠ ᠳᠠᠭᠠᠨ ᠵᠠᠶᠠᠭᠠᠭᠰᠠᠨ ᠨᠠᠷᠠ ᠪᠠᠢ᠌ᠵᠠᠢ

ᠪᠣᠭᠤᠨᠢ ᠪᠣᠳᠤᠯ ᠢ ᠮᠢᠨᠢ ᠭᠡᠭᠡᠷᠡᠭᠦᠯᠦᠭ᠍ᠰᠡᠨ

ᠪᠣᠷᠬᠠᠨ ᠪᠠᠭᠰᠢ ᠶᠢᠨ ᠢᠪᠠᠭᠡᠯ ᠪᠠᠢ᠌ᠵᠡᠢ᠃


           3


ᠡᠵᠢ ᠶᠢᠨ ᠬᠠᠢ᠌ᠷ᠎ᠠ ᠭᠡᠵᠤ

ᠴᠠᠯᠭᠢᠷᠠᠭᠰᠠᠨ ᠴᠠᠭᠠᠨ ᠰᠥ᠋ ᠪᠠᠢ᠌ᠵᠠᠢ

ᠡᠨᠡ ᠬᠤᠷᠸ᠎ᠠ ᠳᠤ ᠦᠷ᠎ᠡ ᠪᠠᠨ ᠭᠡᠰᠡᠨ

ᠴᠠᠢ᠌ᠯᠭᠠᠨ ᠰᠠᠨᠠᠭᠠᠨ ᠤ ᠤᠶᠠᠩ‍ᠭ᠎ᠠ ᠪᠠᠢ᠌ᠵᠠᠢ᠂

ᠬᠤᠯᠠ ᠶᠢᠨ ᠭᠦᠰᠡᠯ ᠳᠤ ᠮᠢᠨᠢ ᠴᠠᠮᠬᠠᠭ ᠪᠣᠯᠵᠤ

ᠬᠤᠷᠸ᠎ᠠ ᠶᠢᠨ ᠰᠠᠢ᠌ᠬᠠᠨ ᠢ ᠨᠠᠳᠠ ᠳᠠᠭᠠᠨ ᠣᠯᠭᠤᠵᠤ

ᠬᠠᠯᠠᠭᠤᠨ ᠭᠦᠢᠳᠡᠨ ᠳᠤ ᠮᠢᠨᠢ ᠰᠡᠳᠭᠢᠯ ᠶᠢᠡᠨ ᠵᠥᠳᠡᠭᠡᠵᠤ

ᠬᠠᠳᠠᠭᠤ ᠣᠴᠠᠷᠠᠯ ᠳᠤ ᠮᠢᠨᠢ ᠬᠠᠢ᠌ᠷ᠎ᠠ ᠪᠠᠨ ᠢᠪᠠᠭᠡᠭ᠍ᠰᠡᠨ

ᠮᠤᠩᠭ᠋ᠤᠯ ᠤᠨ ᠠᠭᠤᠳᠠᠮ ᠳᠠᠯ᠎ᠠ ᠪᠠᠢ᠌ᠵᠠᠢ

ᠮᠥᠩᠭᠡ ᠳᠡᠭ᠍ᠷᠢ ᠶᠢᠨ ᠳ᠋ᠠᠷᠠᠭᠢ ᠡᠭᠡ ᠪᠠᠢ᠌ᠵᠠᠢ ︕


             4


ᠡᠵᠢ ᠶᠢᠨ ᠬᠠᠢ᠌ᠷ᠎ᠠ ᠭᠡᠵᠤ

ᠰᠠᠢ᠌ᠷᠠᠮ ᠤᠨ ᠳᠤᠩᠭ᠋ᠠᠯᠠᠭ ᠨᠠᠭᠤᠷ ᠪᠠᠢ᠌ᠵᠠᠢ

ᠨᠠᠭᠤᠷ ᠤᠨ ᠳᠤᠮᠳᠠ ᠣᠮᠪᠠᠭᠰᠠᠨ

ᠨᠤᠭᠤᠰᠤᠨ ᠤ ᠵᠤᠯᠵᠠᠭ᠎ᠠ ᠨᠢ ᠪᠢ ᠪᠠᠢ᠌ᠵᠠᠢ

ᠠᠯᠳᠠᠨ ᠳᠡᠯᠡᠭᠡᠢ ᠶᠢᠨ ᠦᠷᠤ ᠳᠡᠭᠡᠷ᠎ᠡ

ᠠᠵᠠ ᠵᠢᠷᠭᠠᠯ ᠡᠳ᠋ᠯᠡᠵᠤ ᠶᠠᠪᠣᠬᠤ ᠳ᠋ᠠᠭᠠᠨ

ᠡᠵᠢ ᠶᠢᠨ ᠬᠠᠢ᠌ᠷ᠎ᠠ ᠶᠢᠨ ᠳᠡᠭ᠍ᠷᠢ ᠳᠤ ᠪᠢ

ᠣᠳᠤ ᠪᠣᠯᠵᠤ ᠭᠡᠷᠡᠯᠳᠦᠵᠤ ᠶᠠᠪᠣᠭᠰᠠᠨ ᠶᠤᠮ

ᠰᠤᠳᠤ ᠪᠣᠯᠵᠤ ᠭᠢᠯᠠᠷᠠᠵᠤ ᠶᠠᠪᠣᠭᠰᠠᠨ ᠶᠤᠮ ︕

ᠡᠵᠢ ᠶᠢᠨ ᠬᠠᠢ᠌ᠷ᠎ᠠ ᠭᠡᠵᠤ

ᠣᠯᠳᠠᠰᠢ ᠦᠭᠡᠶ ᠣᠷᠬᠤᠳᠠᠢ ᠪᠠᠢ᠌ᠵᠠᠢ

ᠦᠷ᠎ᠡ ᠶᠢᠨ ᠰᠡᠳᠭᠢᠯ ᠳᠤ ᠮᠥᠩᠭᠡᠷᠡᠭ᠍ᠰᠡᠨ

ᠠᠷᠢᠭᠤᠨ ᠰᠢᠳᠦᠭᠡᠨ ᠤ ᠪᠦᠷᠢᠯᠸ᠎ᠡ ᠪᠠᠢ᠌ᠵᠠᠢ ︕


ᠵᠤᠬᠢᠶᠠᠭᠴᠢ ᠶᠢᠨ ᠬᠠ‍‌ᠶᠢᠭ ᠄ ᠰᠢᠠᠵᠢᠶᠠᠩ᠂   ᠪᠣᠷᠤᠳᠠᠯ᠎ᠠ

ᠵᠤᠬᠢᠶᠠᠭᠴᠢ᠄ ᠥᠭᠡᠯᠡᠳ·ᠣ·ᠪᠠᠭᠠᠳᠤᠷ
ᠬᠠᠷᠢᠶ᠎ᠠ᠄ ᠰᠢᠯᠦᠭ
ᠳᠠᠷᠤᠮ᠄ 3643
ᠴᠠᠭ᠄ 2012 ᠤᠨ ᠤ 03 ᠰᠠᠷ᠎ᠠ ᠶᠢᠨ 08