ᠬᠤᠯᠠ ᠶᠢᠨ ᠴᠡᠩᠬᠡᠷ ᠦᠵᠦᠮᠦᠴᠢᠨ

2008 ᠣᠨ ᠤ 7 ᠳ᠋ᠤᠭᠠᠷ ᠰᠠᠷ᠎ᠠ ᠶᠢᠨ ᠰᠡᠭᠦᠯᠴᠢ ᠪᠠᠷ᠂ ᠪᠢ ᠭᠦᠭᠡᠬᠤᠳᠡ ᠶᠢᠨ ᠶᠡᠭᠡ ᠰᠤᠷᠭᠠᠭᠤᠯᠢ ᠵᠢᠡ ᠵᠠᠮ ᠳ᠋ᠠᠭᠢ ᠨᠤᠮ ᠤᠨ ᠳᠡᠯᠭᠡᠭᠦᠷ ᠤᠳ ᠶᠢᠡᠷ ᠶᠠᠮᠠᠷ ᠰᠢᠤ ᠪᠣᠯᠤᠮᠠᠷ ᠰᠢᠭ ᠰᠢᠨ᠎ᠠ ᠨᠤᠮ ᠭᠠᠷᠤᠭᠰᠠᠨ ᠪᠣᠯ ᠭᠡᠵᠤ ᠬᠠᠢ᠌ᠵᠤ ᠳᠤᠭᠤᠷᠢᠨ ᠶᠠᠪᠣᠵᠤ ᠪᠠᠢ᠌ᠭᠠᠤᠨ᠂《ᠳᠠᠯ᠎ᠠ ᠨᠤᠳᠤᠭ》 ᠮᠤᠩᠭ᠋ᠤᠯ ᠨᠤᠮ ᠤᠨ ᠳᠡᠯᠭᠡᠭᠦᠷ ᠤᠨ ᠨᠤᠮ ᠤᠨ ᠳᠠᠯᠪᠢᠭᠤᠷ ᠡᠴᠡ《ᠭᠡᠷᠦᠯᠤᠨ ᠪᠠᠶᠠᠨ ᠤ ᠦᠵᠦᠮᠤᠴᠢᠨ》ᠭᠡᠭᠦ ᠨᠤᠮ ᠢ ᠣᠯᠵᠤ ᠬᠠᠷᠠᠭᠰᠠᠨ᠃

ᠶᠠᠮᠠᠷ ᠨᠤᠮ ᠪᠣᠯᠴᠢᠬᠠᠪᠠ ᠭᠡᠵᠤ ᠭᠠᠷ ᠤᠨ ᠠᠶ᠎ᠠ ᠪᠠᠷ ᠨᠢᠭᠡ ᠶᠢ ᠰᠤᠭᠤᠯᠤᠨ ᠠᠪᠴᠤ ᠥᠵᠡᠭ᠍ᠰᠡᠨ ᠳᠤ᠂ ᠮᠤᠩᠭ᠋ᠤᠯ ᠣᠯᠤᠰ ᠤᠨ ᡀ · ᠵᠢᠭᠮᠢᠤᠨ ᠭᠡᠮᠡᠭᠦ ᠭᠦᠮᠤᠨ ᠤ ᠭᠤᠤᠯᠯᠠᠨ ᠵᠤᠬᠢᠶᠠᠵᠤ ᠨᠠᠢ᠌ᠷᠠᠭᠤᠯᠵᠤ ᠪᠢᠴᠢᠭ᠍ᠰᠡᠨ ᠨᠤᠮ ᠪᠠᠢ᠌ᠪᠠ᠃

ᠶᠠᠮᠠᠷ ᠣᠴᠢᠷ ᠢ ᠪᠢᠴᠢᠴᠢᠭᠡᠪᠡ ᠭᠡᠵᠤ ᠴᠢᠨᠠᠭᠰᠢᠳᠠ ᠯᠠᠪᠳᠠᠭᠤᠯᠤᠨ ᠥᠵᠡᠭ᠍ᠰᠡᠨ ᠳᠤ᠂ ᠦᠵᠦᠮᠤᠴᠢᠠᠴᠤᠳ ᠤᠨ ᠣᠴᠢᠷ᠂ ᠣᠠᠴᠠᠭᠠᠢ᠌ᠯᠠᠨ 1945 ᠣᠨ ᠳᠤ ᠮᠤᠩᠭ᠋ᠤᠯ ᠣᠯᠤᠰ ᠲᠤ ᠨᠡᠭᠦᠵᠤ ᠣᠷᠤᠭᠰᠠᠨ ᠦᠵᠦᠮᠤᠴᠢᠠᠴᠤᠳ ᠤᠨ ᠨᠡᠭᠦᠳᠡᠯ᠂ ᠠᠮᠢᠳᠤᠷᠠᠯ ᠣᠷᠴᠢᠯ ᠂ ᠣᠳᠤᠭᠢ ᠠᠬᠤᠢ ᠪᠠᠢ᠌ᠳᠠᠯ ᠵᠡᠷᠭᠡ ᠶᠢ ᠳᠡᠮᠳᠡᠭᠯᠡᠨ ᠪᠢᠴᠢᠭ᠍ᠰᠡᠨ ᠨᠤᠮ ᠪᠠᠢ᠌ᠯ᠎ᠠ ᠃

ᠪᠢ ᠦᠪᠡᠷ ᠶᠢᠡᠨ ᠦᠵᠦᠮᠤᠴᠢᠨ ᠭᠦᠮᠤᠨ᠃ ᠦᠵᠦᠮᠤᠴᠢᠨ ᠪᠣᠶᠤ ᠦᠵᠦᠮᠤᠴᠢᠨ ᠨᠤᠳᠤᠭ᠂ ᠦᠵᠦᠮᠤᠴᠢᠨ ᠶᠠᠰᠤᠳᠠᠨ ᠣᠭᠰᠠᠭᠠᠳᠠᠨ ᠲᠡᠶ ᠬᠤᠯᠪᠣᠭᠳᠠᠭᠰᠠᠨ ᠨᠤᠮ ᠬᠠᠷ᠎ᠠ ᠳᠠᠭᠠᠷᠠᠪᠠᠯ᠂ ᠰᠠᠨᠠᠭᠠᠴᠢᠯᠠᠭ᠎ᠠ ᠲᠡᠶ ᠪᠠᠷ ᠵᠠᠪᠠᠯ ᠨᠢᠭᠡ ᠣᠩᠰᠢᠵᠤ ᠭᠠᠷᠬᠤ ᠪᠣᠶᠤ ᠬᠤᠳᠠᠯᠳᠤᠨ ᠠᠪᠴᠤ ᠥᠵᠡᠳᠡᠭ᠌ ᠵᠠᠩᠰᠢᠯ ᠲᠡᠶ ᠪᠢᠯᠠ᠃

ᠡᠨᠡ ᠨᠤᠮ ᠣᠩᠰᠢᠪᠣᠷᠢᠳᠠᠢ ᠰᠠᠢ᠌ᠬᠠᠨ ᠨᠤᠮ ᠃

ᠨᠤᠮ ᠤᠨ ᠳᠤᠬᠠᠢ ᠲᠡᠶ ᠭᠡᠪᠠᠯ ᠂ ᠳᠡᠭᠡᠷ᠎ᠡ ᠭᠡᠯᠡᠭ᠍ᠰᠡᠨ ᠮᠠᠳᠤ ᠮᠤᠩᠭ᠋ᠤᠯ ᠣᠯᠤᠰ ᠤᠨ ᡀ · ᠵᠢᠭᠮᠢᠤᠨ ᠭᠤᠤᠯᠯᠠᠨ ᠵᠤᠬᠢᠶᠠᠵᠤ᠂ ᠨ · ᠭᠦᠷᠦᠷᠡᠬᠴᠡ ᠂ ᠬ · ᠰᠡᠩᠵᠡᠢ᠌ᠰᠦᠷᠦᠡᠭ᠌ ᠂ ᠰ · ᠢᠳᠠᠮᠵᠠᠪ᠂ ᠢ᠊ · ᠨᠠᠷᠠᠬᠤᠸᠠᠷ ᠂ ᠯ · ᠳᠦᠪᠳᠠᠠᠨᠢᠮ᠎ᠠ᠂ ᠳ · ᠣᠶᠤᠠᠳᠤ ᠂ ᠳ · ᠵᠠᠳᠠᠮᠪᠠ ᠂ ᠭ · ᠳᠤᠭᠠᠷᠵᠠᠪ ᠵᠡᠷᠭᠡ ᠶᠢᠨ ᠭᠦᠮᠦᠰ ᠤᠨ ᠣᠷᠤᠯᠴᠠᠯᠭ᠎ᠠ ᠲᠡᠶ᠂ 2005 ᠣᠨ ᠳᠤ ᠵᠤᠬᠢᠶᠠᠵᠤ ᠪᠦᠳᠦᠭᠡᠭ᠍ᠰᠡᠨ ᠂ 2008 ᠣᠨ ᠤ 6 ᠰᠠᠷ᠎ᠠ ᠳᠤ ᠭᠦᠭᠡᠬᠤᠳᠡ ᠳᠤ᠂ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ ᠡᠴᠡ ᠬᠠᠰᠴᠢᠯᠠᠭᠤ ᠬᠠᠷᠢᠭᠤᠴᠠᠡ ᠨᠠᠢ᠌ᠷᠠᠭᠤᠯᠵᠤ ᠭᠡᠪᠯᠡᠭᠦᠯᠤᠨ ᠳᠠᠷᠬᠠᠭᠠᠭᠰᠠᠨ ᠨᠤᠮ ᠃ ᠡᠭᠦᠨ ᠳᠤ᠂ ᡀ · ᠵᠢᠭᠮᠢᠤᠨ ᠭᠤᠸᠠᠢ ᠶᠢᠨ ᠪᠢᠴᠢᠭ᠍ᠰᠡᠨ ᠠᠭᠤᠯᠭ᠎ᠠ ᠪᠦᠯᠦᠭ᠌᠂ ᠵᠤᠬᠢᠶᠠᠯ ᠭᠤᠤᠯᠯᠠᠵᠤ᠂ ᠪᠣᠰᠤᠳ ᠤᠨ ᠭᠢᠨᠢ 1 ᠊᠊᠊᠊᠊᠊᠊᠊᠊᠊᠊᠊᠊᠊᠊ 2 ᠠᠭᠤᠯᠭ᠎ᠠ ᠪᠦᠯᠦᠭ᠌ ᠪᠣᠶᠤ ᠵᠤᠬᠢᠶᠠᠯ᠂ ᠳᠡᠮᠳᠡᠭᠯᠡᠯ ᠣᠷᠤᠭᠰᠠᠨ ᠪᠠᠢ᠌ᠨ᠎ᠠ᠃ ᠨᠤᠮ ᠤᠨ ᠳᠤᠳᠤᠷᠠᠭᠢ ᠠᠭᠤᠯᠭ᠎ᠠ ᠪᠣᠶᠤ ᠵᠠᠷᠢᠮ ᠨᠢᠭᠡ ᠳᠤᠳᠤᠷᠬᠠᠢ᠌ᠯᠠᠯᠳᠠ᠂ ᠳᠠᠢ᠌ᠯᠪᠣᠷᠢᠯᠠᠯᠳᠠ ᠡᠴᠡ ᠨᠢ ᠦᠵᠡᠪᠠᠯ᠂ ᡀ · ᠵᠢᠭᠮᠢᠤᠨ ᠭᠤᠸᠠᠢ ᠲᠦᠰᠤᠪᠯᠠᠵᠤ ᠰᠠᠳᠤᠨ ᠵᠤᠬᠢᠶᠠᠨ ᠪᠠᠢ᠌ᠭᠤᠯᠵᠤ ᠂ ᠭᠤᠤᠯᠯᠠᠨ ᠵᠤᠬᠢᠶᠠᠵᠤ ᠪᠦᠳᠦᠭᠡᠭ᠍ᠰᠡᠨ ᠨᠤᠮ ᠪᠣᠯᠬᠤ ᠨᠢ ᠳᠤᠪ ᠳᠤᠳᠤᠷᠬᠠᠢ ᠪᠠᠢ᠌ᠨ᠎ᠠ᠃

ᠨᠤᠮ ᠤᠨ ᠠᠭᠤᠯᠭ᠎ᠠ᠂ ᠪᠦᠷᠢᠯᠳᠦᠯ ᠭᠡᠪᠠᠯ 《ᠭᠡᠪᠯᠡᠭᠦᠯᠦᠭ᠍ᠴᠢ ᠶᠢᠨ ᠥᠭᠡ》᠂《ᠭᠡᠪᠯᠡᠭᠦᠯᠭᠦ ᠳᠤᠳᠤᠷᠬᠠᠢ᠌ᠯᠠᠯᠳᠠ》᠂《ᠭᠦᠷᠪᠠᠭᠦᠯᠦᠭ᠍ᠴᠢ ᠶᠢᠨ ᠳᠤᠳᠤᠷᠬᠠᠢ᠌ᠯᠠᠯᠳᠠ 》᠂《ᠨᠢᠭᠡᠳᠦᠭᠡᠷ ᠪᠦᠯᠦᠭ᠌ ᠊᠊᠊᠊᠊᠊᠊᠊᠊᠊᠊᠊᠊᠊᠊ ᠨᠡᠭᠦᠳᠡᠯ》᠂《ᠬᠤᠶᠠᠳᠤᠭᠠᠷ ᠪᠦᠯᠦᠭ᠌ ᠊᠊᠊᠊᠊᠊᠊᠊᠊᠊᠊᠊᠊᠊᠊ ᠭᠡᠷᠦᠯᠤᠨ ᠪᠠᠶᠠᠨ ᠤ ᠠᠯᠳᠠᠷᠳᠤ ᠭᠦᠮᠦᠰ》᠂ 《ᠭᠤᠷᠪᠠᠳᠤᠭᠠᠷ ᠪᠦᠯᠦᠭ᠌ ᠊᠊᠊᠊᠊᠊᠊᠊᠊᠊᠊᠊᠊᠊᠊ ᠳᠤᠷᠰᠤᠮᠵᠢ ᠳᠡᠮᠳᠡᠭᠯᠡᠯ 》᠂《ᠳᠦᠷᠪᠠᠳᠦᠭᠡᠷ ᠪᠦᠯᠦᠭ᠌ ᠊᠊᠊᠊᠊᠊᠊᠊᠊᠊᠊᠊᠊᠊᠊ ᠦᠵᠦᠮᠤᠴᠢᠨ ᠰᠤᠶᠤᠯ ᠢ ᠳᠡᠮᠵᠢᠭᠦ ᠨᠡᠢ᠌ᠭᠡᠮᠯᠢᠭ᠌》ᠵᠡᠷᠭᠡ ᠳᠤᠮᠤ ᠵᠢᠵᠢᠭ᠌ ᠠᠭᠤᠯᠭ᠎ᠠ᠂ ᠪᠦᠯᠦᠭ᠌ ᠤᠳ ᠶᠢᠡᠷ ᠪᠦᠷᠢᠯᠳᠦᠭ᠍ᠰᠡᠨ᠂ ᠶᠡᠭᠡ 32 ᠵᠢᠰᠤᠮ ᠤᠨ 307 ᠬᠠᠭᠤᠳᠠᠰᠤ ᠲᠡᠶ ᠨᠤᠮ ᠃ ᠳᠤᠰ ᠨᠤᠮ ᠢ ᠣᠢ᠌ᠭᠤᠷᠵᠢᠨ ᠮᠤᠩᠭ᠋ᠤᠯ ᠥᠰᠦᠭ᠌ ᠲᠤ ᠭᠦᠷᠪᠠᠭᠦᠯᠤᠨ ᠭᠡᠪᠯᠡᠭᠦᠯᠭᠦ ᠶᠢ ᠵᠡᠭᠦᠨ ᠦᠵᠦᠮᠤᠴᠢᠨ ᠬᠤᠰᠢᠭᠤᠨ ᠤ ᠣᠯᠤᠰ ᠲᠦᠷᠦ ᠶᠢᠨ ᠵᠥᠪᠯᠡᠯᠭᠡᠨ ᠤ ᠳᠡᠷᠢᠭᠦᠯᠡᠭ᠍ᠴᠢ ᠵᠣ᠊ · ᠳᠠᠮᠪᠠᠷᠢᠯ ᠭᠤᠸᠠᠢ ᠰᠠᠨᠠᠭᠠᠴᠢᠯᠠᠨ ᠰᠠᠳᠤᠵᠤ ᠲᠦᠯᠦᠪᠯᠠᠵᠤ᠂ ᡀ · ᠪᠠᠳᠦᠮᠦ᠋ᠩᠭᠡ ᠳᠤ ᠨᠠᠢ᠌ᠳᠠᠨ ᠣᠢ᠌ᠭᠤᠷᠵᠢᠨ ᠮᠤᠩᠭ᠋ᠤᠯ ᠥᠰᠦᠭ᠌ ᠲᠤ ᠪᠠᠭᠤᠯᠭᠠᠵᠤ ᠭᠡᠪᠯᠡᠭᠦᠯᠦᠭ᠍ᠰᠡᠨ ᠪᠠᠢ᠌ᠨ᠎ᠠ᠃

ᠳᠤᠰ ᠨᠤᠮ ᠨᠢ ᠣᠩᠰᠢᠬᠤ ᠳᠤ ᠣᠢ᠌ᠯᠠᠭᠠᠮᠵᠢ ᠲᠡᠶ᠂ ᠰᠤᠨᠤᠰᠬᠤ ᠳᠤ ᠰᠤᠨᠢᠷᠬᠠᠯ ᠲᠡᠶ᠂ ᠰᠤᠳᠤᠯᠬᠤ ᠳᠤ ᠥᠷᠳᠡᠭ᠌ ᠲᠡᠶ ᠨᠤᠮ ᠯᠠ ᠭᠡᠵᠤ ᠨᠠᠳᠠ ᠳᠦᠷᠦᠭ᠍ᠳᠡᠭ᠍ᠰᠡᠨ᠃

2008 ᠣᠨ ᠤ 8 ᠰᠠᠷ᠎ᠠ ᠶᠢᠨ ᠡᠭᠢ ᠪᠠᠷ᠂ ᠪᠢ ᠵᠡᠭᠦᠨ ᠦᠵᠦᠮᠤᠴᠢᠨ ᠬᠤᠰᠢᠭᠤᠨ ᠳᠤ ᠣᠴᠢᠵᠤ᠂ ᠳᠠᠠᠳᠠ ᠬᠤᠷᠠᠯᠳᠤᠭᠰᠠᠨ ᠪᠦᠭᠦ ᠣᠯᠤᠰ ᠤᠨ ᠠᠩᠬᠠᠳᠤᠭᠠᠷ ᠬᠤᠭᠤᠴᠠᠭᠠᠨ ᠤ ᠦᠵᠦᠮᠤᠴᠢᠨ ᠳᠡᠦᠭᠡ ᠰᠤᠶᠤᠯ ᠢ ᠰᠤᠳᠤᠯᠤᠨ ᠶᠠᠷᠢᠯᠴᠠᠬᠤ ᠬᠤᠷᠠᠯ ᠳᠤ ᠣᠷᠤᠯᠴᠠᠬᠤ ᠳᠤ᠂ ᠳᠤᠰ ᠨᠤᠮ ᠢ ᠡᠨᠡ ᠬᠤᠷᠠᠯ ᠤᠨ ᠪᠠᠯᠡᠭ᠌ (ᠳᠤᠷᠠᠰᠬᠠᠯ) ᠵᠢᠡᠷ ᠬᠤᠷᠠᠯ ᠳᠤ ᠣᠷᠤᠯᠴᠠᠭᠰᠠᠨ ᠪᠦᠭᠦᠳᠡ ᠳᠤ ᠭᠦᠷᠭᠡᠨ ᠭᠠᠷᠳᠠᠭᠤᠯᠵᠤ ᠪᠠᠢ᠌ᠬᠤ ᠬᠠᠷᠠᠭᠳᠠᠭᠰᠠᠨ᠃ ᠪᠢ ᠴᠤ ᠳᠤᠰ ᠨᠤᠮ ᠢ ᠬᠣᠢ᠌ᠨ᠎ᠠ ᠡᠮᠦᠨ᠎ᠡ 3 ᠳᠠᠪᠳᠠᠷ ᠬᠤᠳᠠᠯᠳᠤᠨ ᠠᠪᠴᠤ᠂ ᠮᠢᠨᠤ ᠠᠬ᠎ᠠ ᠰᠠᠨᠢᠴᠢᠷ᠂ ᠭᠦᠷᠢ ᠳᠡᠭᠦᠤ ᠭᠦᠷᠡᠯᠪᠠᠭᠠᠳᠦᠷ ᠨᠡᠷ ᠲᠤ(ᠪᠦᠷ ᠵᠡᠭᠦᠨ ᠦᠵᠦᠮᠤᠴᠢᠨ ᠤ ᠮᠠᠯᠴᠢᠨ)ᠭᠦᠷᠭᠡᠵᠤ ᠦᠭ‍ᠭᠦᠭ᠍ᠰᠡᠨ᠃ ᠳᠠᠳᠠ ᠴᠤ ᠡᠨᠡ ᠨᠤᠮ ᠢ ᠣᠩᠰᠢᠪᠣᠷᠢᠳᠠᠢ ᠰᠠᠢ᠌ᠬᠠᠨ ᠨᠤᠮ ᠭᠡᠵᠤ ᠰᠡᠭᠦᠯᠡᠷ ᠨᠢ ᠨᠠᠳᠠ ᠶᠠᠷᠢᠵᠠᠭᠠᠵᠤ ᠪᠠᠢ᠌ᠯ᠎ᠠ᠃

ᠶᠠᠮᠠᠷ ᠨᠤᠮ ᠪᠣᠯᠤᠭᠰᠠᠨ ᠴᠤ᠂ ᠣᠩᠰᠢᠪᠣᠷᠢᠳᠠᠢ᠂ ᠣᠩᠰᠢᠭᠴᠢ ᠲᠡᠶ ᠯᠠ ᠨᠤᠮ ᠪᠣᠯ ᠰᠠᠢ᠌ᠬᠠᠨ ᠨᠤᠮ ᠪᠢᠯᠠ᠃ ᠪᠢ ᠡᠨᠡ ᠨᠤᠮ ᠢ ᠣᠷᠢᠤᠨ ᠬᠤᠵᠢᠤᠨ ᠳᠦᠷᠪᠡ ᠳᠠᠪᠣ ᠣᠳᠠᠭ᠎ᠠ ᠣᠩᠰᠢᠵᠤ ᠳᠤᠭᠤᠯᠤᠭᠰᠠᠨ ᠃ ᠣᠩᠰᠢᠬᠤ ᠳᠤᠳᠤᠮ ᠨᠠᠳᠠ ᠣᠯᠠᠨ ᠶᠠᠭᠤᠮ᠎ᠠ ᠶᠢ ᠪᠣᠳᠤᠭᠳᠠᠭᠤᠯᠵᠤ᠂ ᠣᠯᠠᠨ ᠶᠠᠭᠤᠮ᠎ᠠ ᠶᠢ ᠰᠡᠷᠡᠭ᠍ᠳᠡᠭᠦᠯᠦᠨ᠎ᠡ᠃

ᠨᠤᠮ ᠤᠨ ᠵᠤᠬᠢᠶᠠᠭᠴᠢ ᡀ · ᠵᠢᠭᠮᠢᠤᠨ ᠭᠤᠸᠠᠢ ᠳᠤᠰ ᠨᠤᠮ ᠢ ᠪᠢᠴᠢᠭ᠍ᠰᠡᠨ ᠵᠤᠷᠢᠯᠭ᠎ᠠ ᠪᠠᠨ《 ᠭᠡᠪᠯᠡᠭᠦᠯᠦᠭ᠍ᠴᠢ ᠶᠢᠨ ᠥᠭᠡ 》 ᠳᠡᠭᠡᠨ 《ᠪᠢᠳᠠ ᠡᠨᠡ ᠨᠤᠮ ᠢ ᠪᠢᠴᠢᠭᠦ ᠳᠡᠭᠡᠨ ᠮᠤᠩᠭ᠋ᠤᠯ ᠣᠯᠤᠰ ᠲᠤ ᠣᠳᠤ ᠠᠵᠤ ᠲᠦᠷᠦᠨ ᠠᠮᠢᠳᠤᠷᠠᠵᠤ ᠪᠣᠢ ᠦᠵᠦᠮᠤᠴᠢᠨ ᠠᠷᠠᠤᠨ ᠲᠦᠮᠡᠨ ᠭᠡᠳᠦᠢ ᠳᠤ᠂ ᠬᠠᠮᠢᠭ᠎ᠠ ᠡᠴᠡ᠂ ᠶᠠᠮᠠᠷ ᠣᠴᠢᠷ ᠡᠴᠡ᠂ ᠶᠠᠭᠠᠭᠢᠵᠤ ᠢᠷᠡᠭ᠍ᠰᠡᠨ᠂ ᠳᠠᠳᠠ ᠣᠳᠤ ᠭᠡᠷᠭᠢᠨ ᠠᠮᠢᠳᠤᠷᠠᠵᠤ ᠪᠠᠢ᠌ᠭ᠎ᠠ ᠪᠣᠢ︖ ᠭᠡᠳᠡᠭ᠌ ᠳᠠᠯ᠎ᠠ ᠪᠠᠷ ᠣᠳᠤ ᠶᠢᠨ ᠪᠣᠯᠤᠨ ᠬᠣᠢ᠌ᠴᠢ ᠦᠶ᠎ᠡ ᠳᠡᠭᠡᠨ ᠰᠤᠨᠢᠷᠳᠠᠭᠤᠯᠤᠨ ᠥᠯᠡᠳᠡᠭᠡᠭᠦ ᠶᠢ ᠭᠢᠴᠢᠶᠡᠭ᠍ᠰᠡᠨ ᠶᠤᠮ 》᠂《ᠪᠢ ᠦᠪᠡᠷ ᠶᠢᠡᠨ 1945 ᠣᠨ ᠳᠤ 20 ᠨᠠᠰᠤᠳᠠᠢ ᠪᠠᠢ᠌ᠭᠰᠠᠨ ᠪᠦᠭᠡᠤᠨ ᠣᠳᠤ ᠭᠦᠷᠳᠡᠯ᠎ᠡ ᠡᠨᠡ ᠦᠵᠦᠮᠤᠴᠢᠨ ᠠᠷᠠᠤᠨ ᠲᠦᠮᠡᠨ ᠤ ᠳᠤᠳᠤᠷ᠎ᠠ ᠠᠮᠢᠳᠤᠷᠠᠵᠤ ᠪᠠᠢ᠌ᠭ᠎ᠠ ᠳᠤᠯᠠ ᠦᠪᠡᠷ ᠤᠨ ᠥᠴᠦᠭᠡᠨ ᠥᠵᠡᠭ᠍ᠰᠡᠨ᠂ ᠮᠡᠳᠡᠭ᠍ᠰᠡᠨ ᠵᠣᠢ᠌ᠯ ᠶᠢᠡᠨ ᠨᠡᠮᠡᠷᠢᠯᠡᠭᠦ ᠶᠢ ᠭᠢᠴᠢᠶᠠᠯ᠎ᠠ》᠂《ᠪᠢᠳᠠ ᠡᠨᠡ ᠨᠤᠮ ᠳᠠᠭᠠᠨ ᠪᠢᠴᠢᠭ᠍ᠳᠡᠭ᠍ᠰᠡᠨ ᠣᠢ᠌ᠯᠠ ᠶᠠᠪᠣᠳᠠᠯ ᠢ 2005 ᠣᠨ ᠶᠢᠠᠷ ᠳᠠᠰᠤᠯᠪᠣᠷᠢ ᠪᠣᠯᠭᠠᠭᠰᠠᠨ ᠶᠤᠮ᠃ ᠪᠢᠳᠠ ᠲᠦᠷᠦ ᠨᠡᠢ᠌ᠭᠡᠮ ᠤᠨ ᠵᠢᠦᠡᠭᠦᠯᠳᠡᠨ ᠨᠤᠭᠦᠳ᠂ ᠣᠯᠤᠰ ᠤᠨ ᠠᠯᠳᠠᠷ ᠭᠠᠪᠢᠶᠠᠳᠤ ᠴᠤᠯᠠᠳᠠᠨ ᠨᠤᠭᠤᠳ᠂ ᠠᠢ᠌ᠮᠠᠭ ᠰᠤᠮᠤ ᠶᠢᠨ ᠭᠦᠳᠡᠯᠮᠦᠷᠢ ᠶᠢᠨ ᠠᠪᠣᠷᠭᠤ ᠰᠠᠢ᠌ᠴᠤᠤᠯ ᠢ ᠨᠤᠮ ᠳᠠᠭᠠᠨ ᠣᠷᠤᠭᠤᠯᠵᠤ᠂ ᠳᠠᠳᠠᠨ ᠢ ᠣᠯᠠᠨ ᠲᠦᠮᠡᠨ ᠳᠤ ᠳᠠᠨᠢᠯᠴᠠᠭᠤᠯᠤᠨ ᠦᠷ᠎ᠡ ᠬᠣᠢ᠌ᠴᠢ ᠦᠶ᠎ᠡ ᠳᠤ ᠨᠢ ᠳᠤᠷᠠᠰᠬᠠᠯ ᠪᠣᠯᠭᠠᠨ ᠠᠯᠳᠠᠷᠰᠢᠭᠤᠯᠵᠤ ᠥᠯᠡᠳᠡᠭᠡᠭᠦ ᠶᠢ ᠵᠤᠷᠢᠭᠰᠠᠨ ᠁ 》ᠭᠡᠭᠦᠴᠢᠯᠡᠨ ᠪᠢᠴᠢᠵᠠᠢ᠃ ᠳᠠᠷᠠᠴᠢᠯᠠᠨ᠂《60 ᠵᠢᠯ ᠭᠡᠳᠡᠭ᠌ ᠳᠡᠦᠭᠡᠨ ᠳᠤ ᠪᠠᠭ᠎ᠠ ᠬᠤᠭᠤᠴᠠᠭ᠎ᠠ ᠪᠣᠯᠪᠠᠴᠤ ᠭᠦᠮᠤᠨ ᠤ ᠨᠢᠭᠡ ᠨᠠᠰᠤᠨ ᠤ ᠠᠮᠢᠳᠤᠷᠠᠯ ᠤᠨ ᠨᠢᠭᠡ ᠦᠶ᠎ᠡ᠂ ᠳᠤᠮᠳᠠᠴᠢ ᠨᠠᠰᠤ ᠪᠠᠷᠤᠭ ᠥᠩᠭᠡᠷᠡᠵᠤ ᠪᠠᠢ᠌ᠭ᠎ᠠ ᠬᠠᠷᠢᠴᠠᠩᠭ᠋ᠤᠢ ᠣᠷᠳᠤ ᠬᠤᠭᠤᠴᠠᠭ᠎ᠠ ᠳᠤᠯᠠ ᠠᠰᠠᠭᠤᠵᠤ ᠯᠠᠪᠯᠠᠬᠤ ᠠᠬᠠᠮᠠᠤᠨ ᠨᠠᠰᠤᠳᠠᠨ ᠨᠤᠭᠤᠳ ᠮᠠᠨᠢ ᠦᠭᠡᠶ ᠪᠣᠯᠤᠭᠰᠠᠨ᠂ ᠪᠠᠢ᠌ᠭ᠎ᠠ ᠨᠢᠭᠡ ᠨᠢ ᠥᠩᠭᠡᠷᠡᠭ᠍ᠰᠡᠨ ᠣᠢ᠌ᠯᠠ ᠶᠠᠪᠣᠳᠠᠯ ᠢ ᠣᠨ ᠵᠢᠯ ᠤᠨ ᠣᠳᠠᠭᠠᠨ ᠳᠤ ᠮᠠᠷᠳᠠᠭᠰᠠᠨ ᠁》ᠭᠡᠵᠤ ᠬᠠᠷᠠᠮᠰᠠᠨ ᠪᠢᠴᠢᠭ᠍ᠰᠡᠨ ᠪᠠᠢ᠌ᠳᠠᠭ ᠪᠦᠭᠡᠤᠨ《᠁ ᠨᠤᠮ ᠳᠤ ᠪᠢᠴᠢᠭ᠍ᠳᠡᠭ᠍ᠰᠡᠨ ᠵᠣᠢ᠌ᠯ ᠮᠠᠨᠢ ᠪᠣᠷᠤᠭᠤ ᠳᠠᠰᠢᠶ᠎ᠠ ᠪᠣᠯᠤᠭᠰᠠᠨ ᠂ ᠠᠯᠳᠠᠭ᠎ᠠ ᠳᠤᠳᠠᠭᠳᠠᠯ ᠪᠠᠢ᠌ᠪᠠᠯ ᠮᠡᠷᠭᠡᠨ ᠣᠩᠰᠢᠭᠴᠢᠤᠨ ᠮᠠᠨᠢ ᠪᠣᠯᠭᠤᠭᠠᠨ ᠠᠭᠤᠴᠢᠯᠠᠬᠤ ᠶᠢ ᠭᠦᠰᠡᠶ᠎ᠡ》 ᠭᠡᠵᠤ ᠳᠤᠡᠭ ᠳᠠᠷᠤᠤ ᠭᠢᠴᠢᠶᠡᠩᠭᠦᠢ ᠪᠠᠷ ᠭᠦᠰᠡᠯ ᠰᠠᠨᠠᠭᠤᠯᠭ᠎ᠠ ᠳᠠᠯᠪᠢᠨ ᠪᠢᠴᠢᠭ᠍ᠰᠡᠨ ᠴᠤ ᠪᠠᠢ᠌ᠳᠠᠭ᠃

ᠡᠨᠡ ᠨᠢ ᠭᠠᠭᠴᠠ ᠳᠤᠰ ᠨᠤᠮ ᠢ ᠪᠢᠴᠢᠭ᠍ᠰᠡᠨ ᠤ ᠯᠠ ᠵᠤᠷᠢᠯᠭ᠎ᠠ ᠪᠢᠰᠢ᠂ ᠬᠠᠷᠢᠨ ᠪᠢᠳᠠ ᠪᠦᠭᠦᠨ ᠳᠤ ᠶᠠᠭᠤ ᠨᠢᠭᠡ ᠶᠢ ᠰᠠᠨᠠᠭᠳᠠᠭᠤᠯᠤᠨ᠎ᠠ᠃ ᠪᠢᠳᠠ ᠳᠡᠦᠭᠡ ᠳᠡᠭᠡᠨ᠂ ᠰᠤᠶᠤᠯ ᠳᠠᠭᠠᠨ᠂ ᠦᠪᠡᠷ ᠤᠨ ᠣᠳᠤᠮ ᠣᠭᠰᠠᠭ᠎ᠠ᠂ ᠢᠷᠠᠯᠳᠠ ᠭᠠᠷᠤᠯᠳᠠ᠂ ᠣᠯᠤᠯᠳᠠ ᠬᠤᠪᠢᠷᠠᠯᠳᠠ᠂ ᠵᠠᠳᠠᠷᠠᠯ ᠪᠣᠳᠠᠷᠠᠯᠳᠠ ᠳᠠᠭᠠᠨ ᠭᠡᠷᠭᠢᠨ ᠬᠠᠠᠳᠤᠪᠠᠯ ᠵᠤᠭᠢᠬᠤ ᠪᠣᠢ ︖ ᠥᠷ᠎ᠡ ᠬᠣᠢ᠌ᠴᠢ ᠳᠠᠭᠠᠨ ᠭᠡᠷᠭᠢᠨ ᠣᠯᠠᠮᠵᠢᠯᠠᠨ ᠮᠡᠳᠡᠭᠦᠯᠵᠤ ᠣᠯᠠᠷᠢᠭᠤᠯᠤᠨ ᠥᠯᠡᠳᠡᠭᠡᠪᠠᠯ ᠵᠤᠭᠢᠬᠤ ᠪᠣᠢ ︖ ᠭᠡᠰᠡᠨ ᠠᠰᠠᠭᠤᠳᠠᠯ ᠢ ᠰᠤᠨᠭᠢᠭᠦᠯᠦᠨ᠎ᠡ ᠁

ᠪᠢ ᡀ · ᠵᠢᠭ᠍ᠮᠢᠤᠨ ᠭᠤᠸᠠᠢ ᠲᠡᠶ ᠠᠭᠤᠯᠵᠠᠵᠤ ᠣᠴᠠᠷᠠᠵᠤ ᠥᠩᠭᠡᠷᠡᠭᠡ ᠦᠭᠡᠶ᠃ ᠭᠡᠪᠠᠴᠤ᠂ ᠳᠠᠷᠠ ᠪᠣᠯ ᠨᠢᠭᠡᠨ ᠯᠠᠪᠳᠠᠭᠤᠨ ᠳᠤᠬᠳᠡᠭᠤᠨ᠂ ᠣᠬᠠᠭᠠᠨ ᠬᠤᠷᠴᠠ᠂ ᠠᠯᠤᠰ ᠤᠨ ᠪᠣᠳᠤᠯ ᠲᠡᠶ᠂ ᠰᠤᠶᠤᠯ ᠪᠣᠯᠪᠠᠰᠤᠷᠠᠯ ᠶᠢᠡᠷ ᠦᠯᠡᠮᠵᠢ ᠥᠳᠡᠭᠦᠰ(ᠪᠣᠭᠤᠷᠤᠯ )ᠪᠣᠯᠬᠤ ᠶᠢ ᠳᠡᠭᠡᠷᠡᠭᠢ ᠨᠤᠮ《ᠭᠡᠪᠯᠡᠭᠦᠯᠦᠭ᠍ᠴᠢ ᠶᠢᠨ ᠥᠭᠡ》ᠪᠣᠯᠤᠨ ᠨᠤᠮ ᠳ᠋ᠠᠭᠢ ᠪᠦᠭᠦᠢ᠌ᠯᠡ ᠠᠭᠤᠯᠭ᠎ᠠ ᠡᠴᠡ ᠳᠤᠳᠤ ᠦᠵᠡᠨ ᠭᠠᠷᠤᠨ᠎ᠠ᠃

ᠨᠤᠮ ᠤᠨ ᠬᠠᠪᠢᠰᠤ ᠳ᠋ᠠᠭᠢ ᠵᠤᠬᠢᠶᠠᠭᠴᠢ ᠶᠢᠨ ᠳᠠᠨᠢᠯᠴᠠᠭᠤᠯᠭ᠎ᠠ ᠳᠤ《ᠬᠠᠢ᠌ᠰᠤ ᠣᠪᠣᠭ ᠲᠡᠶ ᡀ · ᠵᠢᠭᠮᠢᠤᠨ 1925 ᠣᠨ ᠳᠤ ᠳᠦᠷᠦᠭ᠍ᠰᠡᠨ᠂ ᠭᠡᠷᠦᠯᠤᠨ ᠪᠠᠶᠠᠨ ᠤ ᠦᠨᠳᠦᠰᠦᠨ ᠬᠠᠷᠢᠶᠠᠳᠤ᠃ ᠣᠳᠤ ᠭᠡᠷᠦᠯᠤᠨ ᠪᠠᠶᠠᠨ ᠰᠤᠮᠤ ᠶᠢᠨ ᠳᠤᠯᠤᠳᠤᠭᠠᠷ ᠪᠠᠭ ᠲᠤ ᠡᠩᠭᠡ ᠳᠤᠩᠭ᠋᠎ᠠ ᠠᠮᠢᠳᠤᠷᠠᠵᠤ ᠪᠠᠢ᠌ᠨ᠎ᠠ᠃ 1946 ᠣᠨ ᠳᠤ᠂ ᠭᠡᠷᠦᠯᠤᠨ ᠪᠠᠶᠠᠨ ᠰᠤᠮᠤ ᠪᠠᠢ᠌ᠭᠤᠯᠤᠭᠳᠠᠬᠤ ᠳᠤ ᠡᠨᠡ ᠰᠤᠮᠤ ᠶᠢᠨ ᠳᠤᠯᠤᠳᠤᠭᠠᠷ ᠪᠠᠭ ᠤᠨ ᠨᠠᠷᠢᠨ ᠪᠢᠴᠢᠭ᠌ ᠤᠨ ᠳᠠᠷᠤᠭ᠎ᠠ ᠪᠠᠷ ᠳᠤᠮᠢᠯᠠᠭᠳᠠᠨ ᠠᠵᠢᠯᠯᠠᠵᠤ᠂ 1948 ᠊᠊᠊᠊᠊᠊᠊᠊᠊᠊᠊᠊᠊᠊᠊ 1959 ᠣᠨ ᠳᠤ ᠭᠡᠷᠦᠯᠤᠨ ᠪᠠᠶᠠᠨ᠂ ᠪᠠᠶᠠᠨ ᠊᠊᠊᠊᠊᠊᠊᠊᠊᠊᠊᠊᠊᠊᠊ ᠲᠦᠮᠡᠨ ᠰᠤᠮᠤᠨ ᠳᠤ ᠪᠠᠭ ᠤᠨ ᠳᠠᠷᠤᠭ᠎ᠠ ᠶᠢᠨ ᠠᠯᠪᠠ ᠶᠢ 11 ᠵᠢᠯ ᠭᠢᠯ᠎ᠠ᠃ 1956 ᠣᠨ ᠳᠤ᠂ ᠬᠤᠷᠠᠯᠳᠤᠭᠰᠠᠨ ᠮᠤᠩᠭ᠋ᠤᠯ ᠤᠨ ᠡᠳ ᠤ ᠭᠡᠷᠡᠭᠯᠡᠭ᠍ᠴᠢᠤᠨ ᠤᠨ 14 ᠳ᠋ᠤᠭᠡᠷ ᠶᠡᠭᠡ ᠬᠤᠷᠠᠯ ᠤᠨ ᠳᠦᠯᠦᠭᠡᠯᠡᠭ᠍ᠴᠢ ᠪᠠᠷ ᠣᠷᠤᠯᠴᠠᠵᠤ᠂ ᠬᠤᠳᠠᠯᠳᠤᠭ᠎ᠠ ᠪᠠᠯᠡᠳᠭᠡᠯ ᠤᠨ ᠶᠠᠮᠤᠨ ᠤ ᠱᠠᠩᠨᠠᠯ ᠢ ᠠᠪᠴᠤ ᠪᠠᠢ᠌ᠪᠠ ᠁ 1962 ᠣᠨ ᠳᠤ ᠪᠣᠯᠤᠭᠰᠠᠨ ᠳᠡᠷᠢᠭᠦᠨ ᠤ ᠮᠸᠬᠠᠨᠢᠭᠴᠢᠤᠨ ᠤᠨ ᠬᠤᠶᠠᠳᠤᠭᠠᠷ ᠵᠥᠪᠯᠡᠯᠭᠡᠨ ᠳᠤ ᠳᠦᠯᠦᠭᠡᠯᠡᠭ᠍ᠴᠢ ᠪᠠᠷ ᠣᠷᠤᠯᠴᠠᠵᠤ᠂ ᠰᠤᠶᠤᠯ ᠤᠨ ᠶᠠᠮᠤᠨ ᠤ ᠱᠠᠩᠨᠠᠯ ᠢ ᠠᠪᠴᠤ ᠪᠠᠢ᠌ᠪᠠ ᠁ 1965 ᠊᠊᠊᠊᠊᠊᠊᠊᠊᠊᠊᠊᠊᠊᠊ 1967 ᠣᠨ ᠳᠤ᠂ ᠨᠠᠮ ᠤᠨ ᠳᠡᠭᠡᠳᠤ ᠰᠤᠷᠭᠠᠭᠤᠯᠢ ᠳᠤ ᠰᠤᠷᠤᠯᠴᠠᠵᠤ᠂ ᠣᠯᠤᠰ ᠲᠦᠷᠦ ᠶᠢᠨ ᠪᠣᠯᠪᠠᠰᠤᠷᠠᠯ ᠵᠢᠡᠨ ᠤᠯᠡᠮ ᠨᠢᠬᠡ ᠠᠯᠬᠤᠮ ᠳᠡᠬᠡᠭ᠍ᠰᠢᠬᠦᠯᠡᠬᠦᠯᠵᠤ᠂ ᠪᠠᠶᠠᠨ ᠊᠊᠊᠊᠊᠊᠊᠊᠊᠊᠊᠊᠊᠊᠊ ᠲᠦᠮᠡᠨ ᠰᠤᠮᠤᠨ ᠳᠤ ᠨᠠᠮ ᠤᠨ ᠡᠭᠦᠷ ᠤᠨ ᠣᠷᠤᠯᠠᠭᠴᠢ ᠳᠠᠷᠤᠭ᠎ᠠ ᠶᠢᠨ ᠠᠵᠢᠯ ᠢ 20 ᠵᠢᠯ ᠭᠢᠵᠤ᠂ 1986 ᠣᠨ ᠳᠤ ᠨᠡᠰᠤᠨ ᠤ ᠠᠮᠡᠷᠡᠯᠳᠡ ᠪᠡᠨ ᠠᠪᠬᠤ ᠪᠤᠯᠳᠡᠯ᠎ᠡ ᠁ ᠲᠦᠷᠦ ᠶᠢᠨ ᠳᠡᠭᠡᠳᠤ ᠱᠠᠩᠨᠠᠯ ᠠᠯᠳᠠᠨ ᠭᠠᠳᠠᠰᠤ ᠣᠳᠤᠨ ᠂ ᠠᠷᠠᠤᠨ ᠤᠨ ᠬᠤᠪᠢᠰᠬᠠᠯ ᠊ᠤᠨ 40 ᠂ 50 ᠂ 60 ᠂ 70 ᠂ 80 ᠵᠢᠯ ᠤᠨ ᠣᠢ ᠶᠢᠨ ᠮᠸᠲ᠋ᠠᠯ᠂ ᠶᠡᠭᠡ ᠮᠤᠩᠭ᠋ᠤᠯ ᠣᠯᠤᠰ ᠪᠠᠢ᠌ᠭᠤᠯᠤᠭᠳᠠᠭᠰᠠᠨ 800 ᠵᠢᠯ ᠤᠨ ᠣᠢ ᠶᠢᠨ ᠭᠦᠡᠳᠦᠳᠤ ᠮᠸᠲ᠋ᠠᠯ᠂ ᠮᠤᠩᠭ᠋ᠤᠯ ᠠᠷᠠᠤᠨ ᠤᠨ ᠬᠤᠪᠢᠰᠬᠠᠯᠳᠤ ᠨᠠᠮ ᠤᠨ ᠠᠬᠠᠮᠠᠤᠨ ᠵᠢᠦᠡᠭᠦᠯᠳᠡᠨ᠂ ᠳᠠᠪᠣᠳᠤᠭᠠᠷ ᠳᠠᠪᠤᠨ ᠵᠢᠯ ᠤᠨ ᠭᠠᠪᠰᠢᠭᠠᠢ᠌ᠴᠢ ᠵᠡᠷᠬᠡ ᠠᠯᠳᠡᠷ ᠴᠤᠯᠠ ᠵᠢ ᠬᠦᠷᠳᠡᠭᠰᠡᠨ ᠪᠠᠢ᠌ᠨ᠎ᠠ᠃ ᠡᠭᠦᠨ ᠡᠴᠡ ᠪᠢᠳᠠ ᡀ · ᠵᠢᠭᠮᠢᠤᠨ ᠭᠤᠸᠠᠢ ᠪᠣᠯ ᠳᠡᠭᠡᠳᠤ ᠪᠣᠯᠪᠠᠰᠤᠷᠠᠯ ᠲᠡᠶ᠂ ᠡᠷᠳᠡᠮ ᠴᠢᠳᠠᠪᠣᠷᠢ ᠳᠡᠭᠦᠰ᠂ ᠭᠦᠡᠳᠦᠦᠡᠭᠡᠯ ᠳᠡᠢ ᠪᠣᠭᠤᠷᠠᠯ ᠪᠣᠯᠬᠤ ᠭᠡᠰᠡᠨ ᠢ ᠳᠤᠳᠤᠷᠬᠠᠢ ᠮᠠᠳᠠᠵᠤ ᠪᠣᠯᠬᠤ ᠨᠢ ᠶᠠᠷᠢᠶᠠᠨ ᠦᠭᠡᠶ᠃ ᠶᠠᠷᠤ ᠨᠢ ᠳᠤᠰ ᠨᠤᠮ ᠤᠨ ᠪᠣᠰᠤᠳ ᠵᠤᠬᠢᠶᠠᠭᠴᠢᠤᠨ ᠨᠢ ᠴᠤ ᠪᠦᠷ ᠣᠤᠯ ᠨᠤᠳᠤᠭ ᠤᠨ ᠬᠠᠷᠢᠶᠠᠳᠤ᠂ ᠣᠳᠤᠮᠳᠤ ᠦᠵᠦᠮᠤᠴᠢᠨ ᠤ ᠬᠣᠢ᠌ᠴᠢᠰ ᠪᠠᠢ᠌ᠪᠠ᠃ ᠪᠦᠷ ᠣᠯᠤᠰ ᠣᠷᠤᠨ ᠤ ᠭᠠᠪᠢᠶᠠᠳᠤ ᠵᠢᠦᠡᠭᠦᠯᠳᠡᠨ᠂ ᠠᠪᠣᠷᠭᠤ ᠪᠦᠳᠦᠭᠡᠯᠳᠡᠳ᠂ ᠠᠯᠳᠠᠷᠳᠤ ᠭᠦᠮᠦᠰ᠂ ᠰᠤᠳᠤᠨ ᠪᠢᠯᠢᠭ᠍ᠳᠡᠳ᠃ ᠨᠤᠳᠤᠭ ᠣᠰᠤ᠂ ᠣᠭᠰᠠᠭ᠎ᠠ ᠣᠳᠤᠮ᠂ ᠣᠤᠷ ᠰᠤᠶᠤᠯ ᠭᠡᠤᠨ ᠣᠬᠠᠭ᠎ᠠ ᠬᠠᠶᠠᠭᠰᠠᠨ ᠣᠯᠤᠰ ᠤᠳ᠃

《ᠭᠡᠷᠦᠯᠤᠨ ᠪᠠᠶᠠᠨ ᠤ ᠦᠵᠦᠮᠤᠴᠢᠨ 》 ᠭᠡᠭᠦ ᠨᠤᠮ ᠳᠤ᠂ ᠬᠤᠯᠠ ᠶᠠᠪᠣᠭᠰᠠᠨ ᠦᠵᠦᠮᠤᠴᠢᠠᠴᠤᠳ ᠢ ᠬᠣᠢ᠌ᠨ᠎ᠠ ᠨᠢ ᠬᠤᠴᠤᠷᠤᠭᠰᠠᠨ ᠦᠵᠦᠮᠤᠴᠢᠠᠴᠤᠳ ᠲᠤ ᠴᠢᠨᠠᠭᠰᠢᠯᠠᠨ ᠪᠦᠭᠦ ᠮᠤᠩᠭ᠋ᠤᠯ ᠳᠤᠭᠤᠷᠭᠠᠳᠠᠤᠨ ᠲᠤ ᠳᠠᠨᠢᠯᠴᠠᠭᠤᠯᠵᠤ ᠮᠡᠳᠡᠭᠦᠯᠦᠭ᠍ᠰᠡᠨ ᠳᠤᠳᠤᠷᠬᠠᠢ ᠪᠢᠴᠢᠭ᠌᠃ ᠳᠡᠦᠭᠡ᠂ ᠰᠤᠶᠤᠯ ᠤᠨ ᠥᠷᠳᠡᠭ᠌ ᠲᠡᠶ ᠨᠤᠮ᠃

ᠪᠢ ᠳᠤᠰ ᠨᠤᠮ ᠢ ᠣᠩᠰᠢᠵᠤ ᠰᠠᠭᠤᠬᠤ ᠳᠠᠭᠠᠨ ᠦᠪᠡᠷ ᠤᠨ ᠡᠷᠭᠡ ᠦᠭᠡᠶ ᠰᠠᠤᠠᠭᠢᠯ ᠳᠤᠭᠳᠤᠯᠵᠤ ᠂ ᠪᠢᠷ ᠤᠨ ᠠᠶ᠎ᠡ ᠪᠡᠷ《ᠬᠤᠯᠠ ᠶᠢᠨ ᠴᠡᠩᠭᠡᠷ ᠦᠵᠦᠮᠤᠴᠢᠨ 》 ᠭᠡᠮᠡᠭᠦ ᠰᠢᠯᠦᠭ᠌ ᠤᠨᠳᠤᠷᠤᠬᠰᠡᠨ ᠪᠢᠯᠡ(2009 ᠤᠨ ᠤ 4 ᠰᠡᠷ᠎ᠡ ᠵᠢᠨ 7‍ ᠤ ᠡᠳᠤᠷ) ᠃

ᠳᠤᠰ ᠰᠢᠯᠦᠭ᠌ ᠲᠤ᠄

《ᠭᠡᠷᠦᠯᠤᠨ ᠪᠠᠶᠠᠨ ᠤ ᠦᠵᠦᠮᠤᠴᠢᠨ》 ᠭᠡᠭᠦ ᠨᠤᠮ ᠢ ᠣᠩᠰᠢᠭᠠᠤᠨ

ᠡᠵᠢ ᠶᠢᠨ ᠡᠭᠡᠨᠡᠭ᠍ᠳᠡ ᠶᠠᠷᠢᠳᠠᠭ

ᠡᠯᠦᠡᠴᠡ᠂ ᠬᠤᠯᠤᠠᠴᠠ ᠶᠢᠨ ᠬᠤᠯᠳᠤᠷᠬᠠᠢ

ᠡᠮᠡᠭᠡ ᠶᠢ ᠳᠠᠩᠳᠠ ᠡᠪᠭᠡᠷᠡᠭᠦᠯᠳᠡᠭ᠌

ᠡᠯᠢᠭᠡ᠂ ᠮᠢᠬᠠᠨ ᠤ ᠭᠡᠯᠳᠡᠷᠭᠡᠢ

ᠭᠡᠷᠦᠯᠤᠨ ᠪᠠᠶᠠᠨ ᠤ ᠦᠵᠦᠮᠤᠴᠢᠨ

ᠭᠡᠵᠢᠶᠡᠳᠡ ᠮᠠᠷᠳᠠᠭᠳᠠᠬᠤ ᠦᠭᠡᠶ ᠦᠵᠦᠮᠤᠴᠢᠨ

ᠬᠤᠨᠢᠨ ᠤ ᠭᠡᠭᠡᠷ ᠮᠤᠷᠢ ᠲᠡᠶ ᠪᠠᠨ

ᠬᠣᠢ᠌ᠰᠢ ᠮᠤᠷᠳᠠᠭᠰᠠᠨ ᠵᠤᠷᠢᠭᠯᠠᠯ

ᠬᠤᠯᠪᠣᠭ᠎ᠠ᠂ ᠴᠥᠷᠭᠦᠯᠭᠡ ᠳᠡᠷᠭᠡᠤᠨ ᠲᠡᠶ ᠪᠠᠨ

ᠬᠤᠨᠤᠭᠤᠳᠠ ᠨᠡᠭᠦᠭ᠍ᠰᠡᠨ ᠵᠦᠳᠠᠷᠠᠯ

ᠭᠡᠷᠦᠯᠤᠨ ᠪᠠᠶᠠᠨ ᠤ ᠦᠵᠦᠮᠤᠴᠢᠨ

ᠭᠡᠵᠢᠶᠡᠳᠡ ᠮᠠᠷᠳᠠᠭᠳᠠᠬᠤ ᠦᠭᠡᠶ ᠦᠵᠦᠮᠤᠴᠢᠨ

ᠠᠷᠭᠠᠯ ᠤᠨ ᠠᠷᠤᠭ᠂ ᠬᠠᠰᠢᠶ᠎ᠠ ᠲᠡᠶ ᠪᠠᠨ

ᠠᠷᠤ ᠳᠤ ᠨᠢ ᠬᠤᠴᠤᠷᠤᠭᠰᠠᠨ ᠭᠡᠩᠰᠡᠷᠡᠯ

ᠠᠳᠤᠭᠤᠨ ᠤ ᠡᠷᠢᠯ ᠤᠨ ᠭᠦᠮᠦᠰ ᠡᠴᠡ

ᠠᠰᠠᠭᠤᠵᠤ ᠰᠤᠷᠠᠭᠯᠠᠭᠰᠠᠨ ᠰᠠᠷᠠᠪᠴᠢᠯᠠᠯ

ᠭᠡᠷᠦᠯᠤᠨ ᠪᠠᠶᠠᠨ ᠤ ᠦᠵᠦᠮᠤᠴᠢᠨ

ᠭᠡᠵᠢᠶᠡᠳᠡ ᠮᠠᠷᠳᠠᠭᠳᠠᠬᠤ ᠦᠭᠡᠶ ᠦᠵᠦᠮᠤᠴᠢᠨ

ᠬᠤᠷᠢᠳᠤᠭᠠᠷ ᠵᠠᠭᠤᠨ ᠡᠴᠡ ᠳᠠᠰᠤᠷᠠᠭᠰᠠᠨ

ᠬᠤᠪᠣᠷᠬᠠᠨ ᠴᠡᠩᠭᠡᠷ ᠴᠠᠳᠢᠭ

ᠬᠤᠷᠢᠨ ᠨᠢᠭᠡᠳᠡᠭᠢ ᠵᠠᠭᠤᠨ᠎ᠠ ᠴᠠᠭᠢᠯᠵᠠᠬᠤ

ᠬᠤᠤᠰ ᠦᠭᠡᠶ ᠢᠷᠠᠭᠤᠬᠠᠨ ᠳᠤᠤᠯᠢᠰ

ᠭᠡᠷᠦᠯᠤᠨ ᠪᠠᠶᠠᠨ ᠤ ᠦᠵᠦᠮᠤᠴᠢᠨ

ᠭᠡᠵᠢᠶᠡᠳᠡ ᠮᠠᠷᠳᠠᠭᠳᠠᠬᠤ ᠦᠭᠡᠶ ᠦᠵᠦᠮᠤᠴᠢᠨ ᠃


ᠵᠤᠬᠢᠶᠡᠬᠴᠢ ᠵᠢᠨ ᠬᠠᠶ‍ᠢᠭ᠄ ᠭᠦᠭᠡᠬᠤᠳᠡ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠠᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢ᠌ᠷᠠᠭᠤᠯᠤᠯ
ᠳᠠᠷᠤᠮ᠄ 7855
ᠴᠠᠭ᠄ 2009 ᠤᠨ ᠤ 04 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁