ᠬᠠᠷᠠᠭᠤᠰᠤᠯ

ᠪᠠᠷᠭᠡ ᠶᠢᠨ ᠪᠠᠷᠭᠡ ᠮᠠᠩᠬ᠎ᠠ ᠭᠡᠵᠤ

ᠪᠢᠳᠡᠭᠦᠤ ᠳᠠᠢ᠌ᠭ᠎ᠠ ᠰᠢᠭ ᠰᠠᠨᠠᠭᠳᠠᠳᠠᠭ

ᠮᠠᠩᠬ᠎ᠠ ᠪᠠᠨ ᠠᠯᠳᠠᠭᠠᠤᠨ ᠮᠠᠯ ᠶᠢᠡᠨ ᠬᠤᠳᠠᠯᠠᠭᠠᠤᠨ

ᠮᠠᠨᠠᠢ᠌ᠭᠢᠨ ᠶᠠᠷᠤ ᠪᠠᠷᠭᠡ ᠪᠢᠳᠡᠭᠦᠷᠡᠳᠡᠭ᠌ ᠡ


ᠨᠤᠯ ᠣᠯᠠᠭᠠᠨ ᠴᠠᠭᠠᠵᠠ ᠪᠠᠷ ᠬᠤᠷᠢᠭᠳᠠᠭᠠᠤᠨ

ᠨᠤᠳᠤᠭ ᠨᠤᠳᠤᠭ ᠤᠨ ᠨᠤᠭᠤᠭ᠎ᠠ ᠨᠢ ᠨᠤᠵᠢᠭᠤᠨ

ᠨᠤᠭᠳᠤᠷᠤᠤ ᠰᠢᠪᠠᠭᠤ ᠨᠠᠭᠤᠷ ᠴᠤ ᠦᠭᠡᠶ ᠡᠪᠠᠰᠤ ᠴᠤ ᠥᠭᠡᠢ

ᠨᠣᠢ᠌ᠳᠠᠨ ᠰᠤᠷᠮᠤᠤᠰᠤ ᠪᠠᠷ ᠭᠠᠩᠳᠠᠵᠤ ᠬᠤᠴᠤᠷᠤᠨ᠎ᠠ


ᠡᠪᠦᠭᠡ ᠳᠡᠭᠡᠳᠦᠰ ᠤᠨ ᠣᠤᠭᠠᠯ ᠨᠤᠳᠤᠭ

ᠦᠣᠭᠡ ᠳᠡᠦᠭᠡ ᠦᠨᠦᠳᠤᠷ ᠳᠡᠭᠦᠰᠭᠦ ᠨᠢ ᠡ

ᠡᠷᠡᠨ ᠴᠠᠭ ᠤᠨ ᠵᠢᠪᠬᠠᠤᠭ᠎ᠠ ᠮᠤᠩᠭ᠋ᠤᠯ

ᠡᠷᠡᠰ ᠵᠠᠩ ᠶᠢᠡᠷ ᠳᠠᠩᠴᠤ ᠬᠤᠮᠰᠠᠳᠠᠬᠤ ᠨᠢ ᠡ


ᠭᠦᠭᠡ ᠣᠭᠳᠠᠷᠭᠤᠢ ᠭᠦᠪᠦᠩ ᠡᠭᠦᠯᠡ

ᠭᠦᠭᠡᠮᠳᠦᠭ᠌ ᠳᠠᠯ᠎ᠠ ᠰᠤᠪᠣᠤᠨ ᠬᠤᠨᠢ

ᠣᠷᠭ᠎ᠠ ᠴᠢᠷᠦᠭ᠍ᠰᠡᠨ ᠣᠷᠢᠳᠤ ᠶᠢᠨ ᠮᠤᠩᠭ᠋ᠤᠯ

ᠣᠵᠤᠭᠤᠷ ᠭᠠᠯᠪᠠ ᠶᠢᠨ ᠳᠤᠮᠤᠭ ᠪᠣᠯᠬᠤ ᠨᠢ ᠦᠦ ︖


ᠠᠷᠭᠠᠯ ᠤᠨ ᠣᠳᠤᠭ᠎ᠠ ᠪᠣᠷᠭᠢᠯᠤᠭᠰᠠᠨ ᠭᠡᠵᠤ

ᠠᠷᠠᠵᠠᠨ ᠤ ᠰᠢᠳᠢ ᠪᠠᠷ ᠪᠢᠳᠡᠭᠡᠢ ᠠᠷᠠᠩᠭ᠋ᠠᠯᠠᠶ᠎ᠠ

ᠠᠷᠠᠤᠨ ᠵᠤᠨ ᠤ ᠮᠥᠩᠭᠡ ᠶᠢᠨ ᠢᠳᠡᠭᠡᠯ ᠵᠢᠠᠷ

ᠠᠷᠠᠢ ᠨᠢᠭᠡ ᠶᠠᠭᠤᠮ᠎ᠠ ᠪᠦᠳᠦᠭᠡᠶ᠎ᠡ ︕


ᠥᠭᠡ ᠭᠡᠯᠡ ᠦᠰᠦᠭ᠌ ᠪᠢᠴᠢᠭ᠌ ᠭᠡᠵᠤ

ᠦᠪᠯᠠᠵᠤ ᠳᠡᠭᠡᠳᠦᠰ ᠮᠢᠨᠢ ᠦᠯᠡᠳᠡᠭᠡᠭ᠍ᠰᠡᠨ ᠶᠤᠮ

ᠦᠷᠤᠨᠠᠳᠠᠭᠢᠨ ᠤ ᠴᠡᠩᠭᠡᠷ ᠨᠢᠳᠤᠳᠤ ᠳᠤ

ᠦᠨᠡᠨ ᠤ ᠳᠠᠮᠠᠭ᠎ᠠ ᠪᠠᠨ ᠪᠣᠳᠤᠭᠯᠠᠭᠰᠠᠨ ᠶᠤᠮ


ᠦᠨᠦᠳᠤᠷ ᠳᠡᠭᠡᠭᠡᠳ ᠮᠠᠨ ᠤ ᠮᠤᠩᠭ᠋ᠤᠯᠴᠤᠳ

ᠦᠨᠳᠦᠷ ᠰᠤᠶᠤᠯ ᠲᠡᠶ ᠨᠢ ᠦᠷ᠎ᠡ ᠲᠡᠶ ᠪᠠᠨ ᠮᠥᠭᠦᠭᠡᠭ᠍ᠳᠡᠨ᠎ᠡ

ᠦᠷᠢᠰᠤᠯᠳᠤᠵᠤ ᠳᠡᠮᠡᠴᠡᠭᠦ ᠨᠢ ᠪᠠᠭᠤᠵᠤ ᠦᠭ‍ᠭᠦᠨ᠎ᠡ

ᠦᠴᠦᠭᠡᠨ ᠵᠠᠯᠢ ᠪᠠᠷ ᠪᠠᠴᠢᠷᠳᠠᠵᠤ ᠶᠠᠪᠣᠨ᠎ᠠ


ᠠᠶ᠎ᠠ ᠶᠠᠭᠠᠭᠢᠬᠤᠪ ᠦᠷᠯᠦᠭ᠌ ᠮᠤᠩᠭ᠋ᠤᠯ ᠮᠢᠨᠢ

ᠠᠯᠢ ᠭᠠᠯᠪᠠ ᠶᠢᠨ ᠨᠢᠭᠦᠯ ᠪᠢᠯᠢᠤ ︖

ᠠᠰᠠᠵᠤ ᠣᠠᠳᠠᠷᠠᠬᠤ ᠳᠠᠪᠢᠯᠠᠩ ᠪᠢᠯᠢᠤ ︖

ᠠᠯᠭᠢ ᠪᠢ ᠵᠥᠭᠡᠷ ᠯᠠ ᠳᠤᠩᠭ᠋ᠤᠳᠤᠨ᠎ᠠ


ᠰᠠᠷ᠎ᠠ ᠰᠢᠨ᠎ᠡ ᠶᠢᠨ ᠰᠠᠢ᠌ᠬᠠᠨ ᠴᠠᠭ ᠵᠢᠠᠷ

ᠰᠠᠨᠠᠭ᠎ᠠ ᠪᠠᠨ ᠵᠥᠭᠡᠷ ᠠᠭᠤᠳᠠᠯᠠᠭᠰᠠᠨ ᠶᠤᠮ

ᠰᠠᠭᠠᠷ ᠦᠭᠡᠶ ᠲᠦᠪᠰᠢᠨ ᠭᠦᠭ᠍ᠵᠢᠭᠦ ᠵᠢ

ᠰᠠᠶ᠎ᠠ ᠮᠤᠩᠭ᠋ᠤᠯᠴᠤᠳ ᠲᠤ ᠪᠠᠨ ᠵᠠᠭᠢᠭᠰᠠᠨ ᠶᠤᠮ᠃


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠬᠠᠷᠢᠶ᠎ᠠ᠄ ᠰᠢᠯᠦᠭ
ᠳᠠᠷᠤᠮ᠄ 1851
ᠴᠠᠭ᠄ 2013 ᠤᠨ ᠤ 02 ᠰᠠᠷ᠎ᠠ ᠶᠢᠨ 05