ᠳᠦᠷᠰᠦᠯᠠᠨᠠᠮ ᠪᠦᠯᠦᠭᠡ

ᠬᠤᠯᠠ ᠶᠢᠨ ᠬᠤᠯᠠ ᠳᠤ ᠠᠶᠠᠯᠠᠬᠤ ᠨᠡᠭᠦᠳᠡᠯ ᠤᠨ ᠮᠢᠩᠭ᠋ᠠᠨ ᠴᠥᠷᠭᠦᠯᠡᠭᠡ ᠵᠢ

ᠬᠤᠷᠠᠭᠠᠨ ᠴᠠᠭᠠᠨ ᠡᠭᠦᠯᠡᠰ ᠳᠡᠭ᠍ᠷᠢ ᠳᠤ ᠭᠦᠪᠴᠤ ᠳᠦᠷᠰᠦᠯᠠᠨᠠᠮ ᠪᠦᠯᠦᠭᠡ

ᠬᠤᠩᠭ᠋ᠤᠷᠬᠠᠨ ᠳᠠᠭᠤᠨ ᠤ ᠠᠶᠠᠯᠭᠤ ᠰᠠᠢ᠌ᠬᠠᠨ ᠡᠭᠡᠰᠢᠭ᠌ ᠰᠡᠳᠭᠢᠯ ᠳᠤ ᠬᠤᠨᠤᠭᠰᠢᠨ ᠵᠢᠷᠭᠠᠬᠤ ᠵᠢ

ᠬᠤᠨ ᠤ ᠵᠥᠭᠡᠯᠡᠨ ᠭᠠᠩᠭ᠋ᠠᠨᠠᠭ᠎ᠠ ᠠᠯᠤᠰ ᠢ ᠵᠤᠷᠢᠨ ᠨᠠᠮᠤᠷ ᠢ ᠳᠠᠭᠤᠯᠠᠵᠤ ᠳᠦᠷᠰᠦᠯᠠᠨᠠᠮ ᠪᠦᠯᠦᠭᠡ

ᠵᠠᠭᠠᠷᠢᠨ ᠪᠦᠭᠡ ᠶᠢᠨ ᠳᠡᠯᠡᠳᠦᠭ᠍ᠰᠡᠨ ᠰᠢᠳᠢᠳᠤ ᠭᠡᠩᠭᠡᠷᠭᠡ ᠶᠢᠨ ᠳᠠᠭᠤᠨ ᠢ

ᠡᠭᠦᠯᠡᠰ ᠬᠤᠷᠠᠵᠤ ᠠᠶᠤᠩᠭ᠎ᠠ ᠨᠢᠵᠢᠭᠢᠨᠠᠨ ᠠᠭᠠᠷ ᠳᠡᠭ᠍ᠷᠢ ᠳᠤ ᠳᠦᠷᠰᠦᠯᠠᠨᠠᠮ ᠪᠦᠯᠦᠭᠡ

ᠵᠠᠰᠠᠭ ᠳᠤᠭᠰᠢᠨ ᠨᠤᠮᠤ ᠶᠢ ᠬᠠᠳᠠᠭᠤ ᠶᠤᠰᠤᠭᠠᠷ ᠳᠡᠯᠢᠭ᠍ᠰᠡᠨ ᠭᠠᠢ᠌ᠬᠠᠮᠰᠢᠭ ᠢ

ᠡᠷᠳᠡᠨᠢ ᠶᠢᠨ ᠳᠤᠯᠤᠭᠠᠨ ᠥᠩᠭᠡᠳᠤ ᠰᠤᠯᠤᠩᠭ᠎ᠠ ᠳᠠᠳᠠᠵᠤ ᠠᠭᠤᠳᠠᠮ ᠣᠷᠴᠢᠯᠠᠩ ᠳᠤ ᠳᠦᠷᠰᠦᠯᠠᠨᠠᠮ ᠪᠦᠯᠦᠭᠡ

ᠵᠠᠯᠠᠭᠤ ᠽᠠᠠᠳᠠᠨ ᠨᠠᠰᠤ ᠶᠢ ᠭᠤᠶᠤᠵᠤ ᠵᠠᠰᠠᠯ ᠪᠦᠷᠢᠳᠦᠭ᠍ᠰᠡᠨ ᠪᠦᠰᠡᠭᠦᠢᠴᠦᠳ ᠢ

ᠵᠠᠬ᠎ᠠ ᠦᠭᠡᠶ ᠳᠠᠯ᠎ᠠ ᠪᠠᠨ ᠭᠤᠶᠤᠭᠰᠠᠨ ᠴᠡᠴᠡᠭ᠌ ᠵᠠᠳᠠᠭᠠᠢ ᠳᠡᠯᠭᠡᠷᠡᠵᠤ ᠳᠦᠷᠰᠦᠯᠠᠨᠠᠮ ᠪᠦᠯᠦᠭᠡ

ᠵᠠᠩᠳᠠᠨ ᠭᠦᠴᠦᠳᠤ ᠪᠦᠭᠡᠴᠦᠳ ᠤᠨ ᠵᠤᠭᠰᠤᠭ᠎ᠠ ᠠᠪᠣᠷᠭᠤ ᠶᠢᠨ ᠳᠠᠪᠢᠯᠳᠠ ᠵᠢ

ᠵᠠᠳᠠ ᠳᠠᠭᠠᠷᠢᠨ ᠰᠤᠮᠤᠳᠠᠬᠤ ᠡᠷᠡᠯᠭᠡᠭ᠌ ᠪᠦᠷᠭᠦᠤᠨ ᠣᠭᠳᠠᠷᠭᠤᠢ ᠳᠤ ᠬᠠᠯᠢᠨ ᠳᠦᠷᠰᠦᠯᠠᠨᠠᠮ ᠪᠦᠯᠦᠭᠡ

ᠣᠨᠠᠭ᠎ᠠ ᠥᠣᠷᠰᠠᠨ ᠣᠯᠠᠨ ᠮᠢᠩᠭ᠋ᠠᠨ ᠠᠳᠤᠭᠤ ᠳᠠᠪᠭᠢᠬᠤ ᠳᠦᠪᠤᠷᠬᠡᠨ ᠢ

ᠣᠷᠤᠰᠬᠠᠯ ᠳᠤᠩᠭ᠋ᠠᠯᠠᠭ ᠣᠰᠤ ᠨᠢ ᠵᠢᠷᠢᠯᠵᠠᠵᠤ ᠭᠦᠴᠦᠳᠤ ᠳᠠᠪᠠᠯᠭ᠎ᠠ ᠬᠠᠶᠠᠯᠠᠨ ᠳᠦᠷᠰᠦᠯᠠᠨᠠᠮ ᠪᠦᠯᠦᠭᠡ

ᠢᠷᠠᠭᠤ ᠰᠠᠢ᠌ᠬᠠᠨ ᠣᠶᠠᠩᠭ᠋ᠠᠳᠤ ᠮᠤᠷᠢᠨ ᠬᠤᠭᠤᠷ ᠤᠨ ᠡᠭᠡᠰᠢᠭ᠌ ᠢ

ᠢᠩᠭᠡᠨ ᠤ ᠴᠠᠭᠠᠨ ᠪᠣᠢ᠌ᠯᠠᠭ᠎ᠠ ᠪᠣᠳᠤᠭᠤ ᠪᠠᠨ ᠡᠨᠡᠷᠢᠨ ᠠᠯᠤᠰ ᠤᠨ ᠭᠤᠪᠢ ᠳᠤ ᠳᠦᠷᠰᠦᠯᠠᠨᠠᠮ ᠪᠦᠯᠦᠭᠡ

ᠬᠣᠢ᠌ᠮᠤᠷ ᠰᠠᠭᠠᠳᠠᠨ ᠬᠠᠭᠤᠴᠢᠯᠠᠳᠠᠭ ᠣᠬᠠᠭᠠᠠᠳᠤ ᠪᠣᠭᠤᠷᠤᠯ ᠠᠪᠣ ᠶᠢ ᠮᠢᠨᠢ

ᠬᠤᠯᠠ ᠶᠢᠨ ᠦᠨᠳᠦᠷ ᠠᠭᠤᠯᠠ ᠵᠡᠷᠭᠡᠯᠭᠡ ᠭᠦᠯᠭᠡᠯᠡᠨ ᠠᠮᠢᠯᠠᠵᠤ ᠳᠦᠷᠰᠦᠯᠠᠨᠠᠮ ᠪᠦᠯᠦᠭᠡ

ᠵᠢᠷᠦᠭᠡᠨ ᠡᠴᠡ ᠣᠶᠠᠭᠠᠳᠠᠢ ᠡᠵᠢ ᠶᠢᠨ ᠮᠢᠨᠢ ᠰᠦᠨ ᠬᠠᠢ᠌ᠷ᠎ᠠ ᠵᠢ

ᠵᠥᠭᠡᠯᠡᠨ ᠬᠤᠷ᠎ᠠ ᠵᠦᠰᠠᠷᠠᠵᠤ ᠠᠯᠳᠠᠨ ᠳᠡᠯᠡᠭᠡᠢ ᠶᠢ ᠠᠮᠢᠯᠠᠭᠤᠯᠵᠤ ᠳᠦᠷᠰᠦᠯᠠᠨᠠᠮ ᠪᠦᠯᠦᠭᠡ

ᠮᠥᠩᠭᠡ ᠶᠢᠨ ᠢᠷᠦᠭᠡᠯ ᠳᠡᠭᠡᠷ᠎ᠡ ᠳᠤᠭᠳᠠᠭᠰᠠᠨ ᠮᠠᠠᠳᠤ ᠶᠢᠨ ᠰᠠᠢ᠌ᠬᠠᠨ ᠣᠴᠠᠷᠠᠯ ᠢ

ᠮᠦᠩᠭᠦᠨ ᠰᠠᠷᠠᠨ ᠳᠡᠷᠭᠡᠯᠰᠢᠵᠤ ᠪᠠᠯᠭᠡᠳᠡᠯ ᠳᠡᠭᠦᠰ ᠮᠦᠰᠢᠶᠠᠨ ᠳᠦᠷᠰᠦᠯᠠᠨᠠᠮ ᠪᠦᠯᠦᠭᠡ

ᠵᠦᠪ ᠪᠣᠷᠤᠭᠤ ᠶᠢᠨ ᠳᠠᠩᠰᠠᠨ ᠳᠡᠭᠡᠷ᠎ᠡ ᠵᠦᠪ ᠨᠢ ᠳᠡᠢ᠌ᠯᠳᠡᠭ᠌ ᠬᠤᠷᠸ᠎ᠠ ᠵᠢ

ᠵᠢᠷᠦᠭᠡᠨ ᠣᠯᠠᠭᠠᠨ ᠨᠠᠷᠠᠨ ᠵᠦᠪ ᠶᠢᠡᠷ ᠡᠷᠭᠢᠨ ᠭᠡᠷᠡᠯᠳᠦᠭᠦᠯᠵᠤ ᠳᠦᠷᠰᠦᠯᠠᠨᠠᠮ ᠪᠦᠯᠦᠭᠡ


ᠵᠤᠬᠢᠶᠠᠭᠴᠢ ᠶᠢᠨ ᠬᠠᠶ‍ᠢᠭ ᠄ ᠣᠩᠨᠢᠭᠤᠳ ᠬᠤᠰᠢᠭᠤᠨ ᠤ ᠬᠠᠢ᠌ᠯᠠᠰᠤ ᠳᠤᠮᠳᠠᠳᠤ ᠰᠤᠷᠭᠠᠭᠤᠯᠢ

ᠵᠤᠬᠢᠶᠠᠭᠴᠢ᠄ ᠵᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1576
ᠴᠠᠭ᠄ 2010 ᠤᠨ ᠤ 01 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ