ᠬᠡᠦᠬᠡᠳ ᠤᠨ ᠪᠠᠶ᠎ᠠ ᠪᠠᠨ ᠳᠠᠭᠠᠭᠠᠬᠤ ᠴᠢᠳᠠᠪᠣᠷᠢ ᠶᠢ ᠭᠡᠷᠭᠢᠨ ᠭᠦᠮᠦᠵᠢᠭᠦᠯᠭᠦ ᠳᠤᠬᠠᠢ

ᠮᠠᠨ ᠤ ᠮᠤᠩᠭ᠋ᠤᠯ ᠦᠨᠳᠦᠰᠦᠳᠠᠨ ᠪᠣᠯ ᠡᠷᠳᠡᠨ ᠡᠴᠠ ᠪᠠᠨ ᠠᠵᠢᠯᠴᠢ ᠭᠦᠳᠡᠯᠮᠦᠷᠢᠴᠢ ᠦᠨᠳᠦᠰᠦᠳᠠᠨ ᠶᠤᠮ᠃ ᠭᠡᠳᠡᠯ᠎ᠡ ᠠᠮᠢᠳᠤᠷᠠᠯ ᠰᠠᠢ᠌ᠵᠢᠷᠠᠵᠤ ᠨᠡᠢ᠌ᠭᠡᠮ ᠭᠦᠭ᠍ᠵᠢᠭᠦ ᠶᠢ ᠳᠠᠭᠠᠯᠳᠤᠨ ᠵᠠᠷᠢᠮ ᠰᠠᠢ᠌ᠨ ᠰᠠᠢ᠌ᠬᠠᠨ ᠵᠠᠩ ᠳᠠᠳᠬᠠᠯ ᠣᠷᠭᠢᠭᠳᠠᠵᠤ ᠭᠡᠭᠡᠭ᠍ᠳᠡᠵᠤ ᠪᠠᠢ᠌ᠬᠤ ᠥᠵᠡᠭ᠍ᠳᠡᠯ ᠠᠷᠪᠢᠨ ᠣᠷᠤᠰᠢᠵᠤ ᠪᠠᠢ᠌ᠨ᠎ᠠ᠃ ᠮᠠᠨ ᠤ ᠮᠤᠩᠭ᠋ᠤᠯ ᠦᠨᠳᠦᠰᠦᠳᠠᠨ ᠬᠡᠦᠬᠡᠳ ᠶᠢᠡᠨ ᠬᠠᠷᠠᠬᠠᠨ ᠪᠠᠭ᠎ᠠ ᠡᠴᠠ ᠨᠢ ᠭᠡᠷ ᠵᠠᠭᠤᠷ᠎ᠠ ᠶᠢᠨ ᠪᠠᠭ᠎ᠠ ᠰᠠᠭ᠎ᠠ ᠠᠵᠢᠯ ᠳᠤ ᠣᠷᠤᠯᠴᠠᠭᠤᠯᠤᠨ᠂ ᠠᠷᠭᠠᠯ ᠲᠦᠯᠠᠰᠢ ᠤᠢ᠌ᠷᠠᠳᠤᠭᠤᠯᠬᠤ᠂ ᠳᠤᠭᠤᠯ ᠪᠢᠷᠠᠭᠤ ᠡᠷᠭᠢᠭᠦᠯᠭᠦ ᠵᠡᠷᠭᠡ ᠠᠵᠢᠯ ᠳᠤ ᠳᠠᠰᠬᠠᠳᠠᠭ᠃ ᠡᠨᠡ ᠨᠢ ᠬᠡᠦᠬᠡᠳ ᠤᠨ ᠪᠠᠶ᠎ᠠ ᠪᠠᠨ ᠳᠠᠭᠠᠭᠠᠬᠤ ᠴᠢᠳᠠᠪᠣᠷᠢ ᠶᠢ ᠭᠦᠮᠦᠵᠢᠭᠦᠯᠭᠦ ᠳᠤ ᠮᠠᠰᠢ ᠠᠰᠢᠭᠳᠠᠢ ᠪᠠᠢ᠌ᠳᠠᠭ᠃ ᠮᠦᠨ ᠴᠤ ᠡᠷᠭᠡ ᠶᠢ ᠰᠤᠷᠬᠤ ᠪᠠᠷ ᠪᠠᠷᠭᠡ ᠶᠢ ᠰᠤᠷ ᠭᠡᠭᠦ ᠰᠠᠢ᠌ᠬᠠᠨ ᠰᠤᠷᠭᠠᠯ ᠪᠠᠢ᠌ᠵᠤ᠂ ᠬᠡᠦᠬᠡᠳ ᠳᠡᠭᠦᠦᠨᠡᠷ ᠶᠢᠡᠨ ᠴᠢᠩᠭ᠎ᠠ ᠰᠤᠷᠭᠠᠳᠠᠭ ᠪᠠᠢ᠌ᠭᠰᠠᠨ ᠶᠤᠮ᠃ ᠭᠡᠳᠡᠯ᠎ᠡ ᠣᠳᠤ ᠨᠡᠢ᠌ᠭᠡᠮ ᠭᠦᠭ᠍ᠵᠢᠵᠤ᠂ ᠠᠮᠢᠳᠤᠷᠠᠯ ᠰᠠᠢ᠌ᠵᠢᠷᠠᠬᠤ ᠶᠢ ᠳᠠᠭᠠᠯᠳᠤᠨ ᠮᠠᠨ ᠤ ᠮᠤᠩᠭ᠋ᠤᠯᠴᠤᠳ ᠴᠤ ᠬᠡᠦᠬᠡᠳ ᠶᠢᠡᠨ ᠡᠷᠭᠡ ᠳᠠᠩᠭᠢ ᠰᠤᠷᠭᠠᠬᠤ ᠥᠵᠡᠭ᠍ᠳᠡᠯ ᠮᠦᠨ ᠨᠠᠢ᠌ᠳᠠᠮ ᠣᠷᠤᠰᠢᠬᠤ ᠪᠣᠯᠵᠠᠢ᠃

ᠮᠢᠨᠤ ᠥᠵᠡᠭᠦ ᠪᠠᠷ ᠨᠢᠭᠡ ᠭᠦᠮᠤᠨ ᠨᠡᠢ᠌ᠭᠡᠮ ᠳᠡᠭᠡᠷ᠎ᠡ ᠭᠦᠯ ᠳᠤᠭᠳᠠᠵᠤ ᠪᠠᠶ᠎ᠠ ᠪᠠᠨ ᠳᠠᠭᠠᠭᠠᠵᠤ ᠠᠮᠢᠳᠤᠷᠠᠶ᠎ᠠ ᠭᠡᠪᠠᠯ ᠡᠷᠭᠡᠪᠰᠢ ᠪᠠᠭ᠎ᠠ ᠡᠴᠠ ᠪᠠᠨ ᠪᠠᠶ᠎ᠠ ᠪᠠᠨ ᠳᠠᠭᠠᠭᠠᠬᠤ ᠴᠢᠳᠠᠪᠣᠷᠢ ᠲᠡᠶ ᠪᠣᠯᠬᠤ ᠭᠡᠷᠡᠭ᠍ᠳᠡᠢ᠃ ᠵᠠᠷᠢᠮ ᠭᠡᠷ ᠤᠨ ᠠᠬᠠᠮᠠᠤᠨ ᠬᠡᠦᠬᠡᠳ ᠶᠢᠡᠨ ᠪᠠᠭ᠎ᠠ ᠡᠴᠠ ᠨᠢ ᠳᠤᠩ ᠴᠢᠩᠭ᠎ᠠ ᠱᠠᠭᠠᠷᠳᠠᠵᠤ᠂ ᠦᠪᠡᠷ ᠤᠨ ᠭᠢᠨᠢ ᠭᠢᠵᠤ ᠭᠦᠢᠴᠡᠳᠭᠡᠵᠤ ᠵᠣᠢ᠌ᠯ ᠢ ᠵᠠᠪᠠᠯ ᠦᠪᠡᠷ ᠤᠨ ᠪᠠᠶ᠎ᠠ ᠪᠠᠷ ᠨᠢ ᠭᠢᠯᠭᠡᠳᠡᠭ᠌᠃ ᠡᠨᠡ ᠨᠢ ᠬᠡᠦᠬᠡᠳ ᠲᠡᠭᠡᠨ ᠦ᠊ᠵᠠ᠊ᠭᠦᠯᠵᠤ ᠪᠠᠢ᠌ᠬᠤ ᠪᠢᠰᠢ᠂ ᠬᠠᠷᠢᠨ ᠬᠠᠷᠠᠬᠠᠨ ᠪᠠᠭ᠎ᠠ ᠡᠴᠠ ᠨᠢ ᠪᠠᠶ᠎ᠠ ᠪᠠᠨ ᠳᠠᠭᠠᠭᠠᠵᠤ ᠠᠮᠢᠳᠤᠷᠠᠬᠤ ᠶᠢᠨ ᠣᠬᠠᠭᠠᠨ ᠢ ᠰᠤᠷᠭᠠᠵᠤ ᠪᠠᠢ᠌ᠬᠤ ᠶᠤᠮ᠃ ᠵᠠᠷᠢᠮ ᠵᠠᠯᠠᠭᠤ ᠡᠴᠢᠭᠡ ᠡᠭᠡᠴᠦᠦᠯ ᠬᠡᠦᠬᠡᠳ ᠶᠢᠡᠨ ᠭᠡᠳᠦᠷᠭᠡᠢ ᠳᠤᠷ᠎ᠠ ᠪᠠᠷ ᠨᠢ ᠠᠭᠠᠰᠢᠯᠠᠭᠤᠯᠤᠨ᠂ ᠶᠠᠭᠤ ᠠᠪᠣᠨ᠎ᠠ ᠭᠡᠪᠠᠯ ᠳᠡᠭᠦᠨ ᠢ ᠨᠢ ᠠᠪᠴᠤ ᠦᠭ‍ᠭᠦᠨ᠂ ᠶᠠᠭᠤᠮ᠎ᠠ ᠪᠦᠭᠦᠨ ᠶᠢᠡᠷ ᠨᠠᠭᠠᠳᠤᠭᠤᠯᠤᠨ᠂ ᠰᠠᠠᠨᠠᠭᠠᠨ ᠳᠤᠷ᠎ᠠ ᠪᠠᠷ ᠨᠢ ᠠᠭᠠᠰᠢᠯᠠᠭᠤᠯᠳᠠᠭ᠃ ᠡᠨᠡ ᠨᠢ ᠬᠡᠦᠬᠡᠳ ᠶᠢᠡᠨ ᠰᠠᠨᠠᠵᠤ ᠪᠠᠢ᠌ᠬᠤ ᠪᠢᠰᠢ᠃ ᠰᠠᠨᠠᠭᠠᠨ ᠳᠤᠷ᠎ᠠ ᠪᠠᠷ ᠶᠢᠡᠨ ᠦᠰᠦᠭ᠍ᠰᠡᠨ ᠬᠡᠦᠬᠡᠳ ᠳᠤᠮᠤ ᠪᠣᠯᠤᠭᠰᠠᠨ ᠴᠤ ᠳᠤᠷ᠎ᠠ ᠪᠠᠷ ᠶᠢᠡᠨ ᠪᠠᠢ᠌ᠬᠤ ᠶᠢ ᠪᠣᠳᠤᠵᠤ᠂ ᠦᠴᠦᠭᠡᠨ ᠴᠤ ᠴᠤᠭᠢᠯᠳᠠ ᠶᠢ ᠳᠠᠭᠠᠭᠠᠳᠠᠭ ᠦᠭᠡᠶ᠃ ᠶᠠᠷᠤᠨᠢ ᠬᠡᠦᠬᠡᠳ ᠢ ᠭᠦᠮᠦᠵᠢᠭᠦᠯᠭᠦ ᠳᠤ ᠬᠠᠯᠠ ᠨᠢ ᠭᠠᠳᠠᠨ᠎ᠠ ᠬᠠᠢ᠌ᠷ᠎ᠠ ᠨᠢ ᠳᠤᠳᠤᠷ᠎ᠠ ᠪᠠᠨ ᠪᠠᠢ᠌ᠪᠠᠯ ᠰᠠᠢ᠌ᠨ ᠶᠤᠮ᠃

ᠪᠠᠭᠰᠢ ᠪᠣᠯᠤᠭᠰᠠᠨ ᠪᠢᠳᠠᠨ ᠤ ᠡᠭᠦᠷᠭᠡ ᠨᠠᠩ ᠴᠤ ᠭᠦᠡᠳᠤ ᠪᠠᠢ᠌ᠳᠠᠭ᠃ ᠦᠪᠡᠷ ᠤᠨ ᠬᠡᠦᠬᠡᠳ ᠶᠢᠡᠨ ᠭᠦᠮᠦᠵᠢᠭᠦᠯᠭᠦ ᠪᠠᠷ ᠪᠠᠷᠠᠬᠤ ᠦᠭᠡᠶ ᠦᠷᠦᠭᠡᠯ ᠤᠨ ᠬᠡᠦᠬᠡᠳ ᠢ ᠴᠤ ᠭᠦᠮᠦᠵᠢᠭᠦᠯᠭᠦ ᠳᠠᠷᠬᠠᠨ ᠡᠭᠦᠷᠭᠡ ᠲᠡᠶ᠃ ᠰᠤᠷᠤᠭᠴᠢ ᠶᠢ ᠭᠦᠮᠦᠵᠢᠭᠦᠯᠭᠦ ᠳᠤ ᠵᠥᠪᠭᠡᠨ ᠳᠠᠳᠠᠨ ᠳᠤ ᠪᠢᠴᠢᠭ᠌ ᠵᠢᠭᠠᠭᠠᠤᠨ ᠪᠣᠯᠬᠤ ᠦᠭᠡᠶ᠂ ᠪᠠᠰᠠ ᠶᠤᠰᠤ ᠨᠤᠮ ᠰᠤᠷᠭᠠᠵᠤ᠂ ᠭᠦᠮᠤᠨ ᠪᠣᠯᠬᠤ ᠶᠤᠰᠤ ᠣᠴᠢᠷ ᠢ ᠰᠤᠷᠭᠠᠨ᠂ ᠳᠠᠳᠠᠨ ᠤ ᠪᠠᠶ᠎ᠠ ᠪᠠᠨ ᠳᠠᠭᠠᠭᠠᠬᠤ ᠴᠢᠳᠠᠪᠣᠷᠢ ᠶᠢ ᠨᠢ ᠭᠦᠮᠦᠵᠢᠭᠦᠯᠭᠦ ᠭᠡᠷᠡᠭ᠍ᠳᠡᠢ᠃ ᠮᠢᠨᠤ ᠥᠵᠡᠭᠦ ᠪᠠᠷ ᠪᠠᠶ᠎ᠠ ᠪᠠᠨ ᠳᠠᠭᠠᠭᠠᠬᠤ ᠴᠢᠳᠠᠪᠣᠷᠢ ᠪᠣᠯ ᠣᠳᠤ ᠶᠢᠨ ᠬᠡᠦᠬᠡᠳ ᠲᠤ ᠬᠠᠮᠤᠭ ᠳᠤᠳᠠᠭᠳᠠᠵᠤ ᠪᠠᠢ᠌ᠬᠤ ᠵᠣᠢ᠌ᠯ ᠪᠣᠯᠤᠨ᠎ᠠ᠃ ᠣᠳᠤ ᠶᠢᠨ ᠵᠠᠷᠢᠮ ᠰᠤᠷᠤᠭᠴᠢ ᠳᠠᠰᠬᠠᠯ ᠳᠠᠭᠠᠭᠠᠯᠭᠠᠪᠣᠷᠢ ᠪᠠᠨ ᠭᠢᠭᠦ ᠵᠡᠷᠭᠡ ᠳᠤᠩ ᠡᠩ ᠤᠨ ᠵᠣᠢ᠌ᠯ ᠢ ᠴᠤ ᠪᠠᠶ᠎ᠠ ᠪᠠᠨ ᠳᠠᠭᠠᠭᠠᠵᠤ ᠭᠦᠢᠴᠡᠳᠭᠡᠵᠤ ᠳᠡᠢ᠌ᠯᠭᠦ ᠦᠭᠡᠶ ᠪᠠᠢ᠌ᠵᠤ᠂ ᠪᠠᠭᠰᠢ ᠪᠠᠷ ᠶᠢᠡᠨ ᠪᠠᠢ᠌ᠨ ᠳᠠᠭᠢᠨ ᠱᠠᠭᠠᠷᠳᠠᠭᠤᠯᠬᠤ ᠪᠣᠶᠤ ᠭᠡᠷ ᠤᠨ ᠠᠬᠠᠮᠠᠤᠨ ᠤᠨ ᠶᠢᠡᠨ ᠳᠠᠭᠠᠭᠤᠯᠭ᠎ᠠ ᠪᠠᠷ ᠭᠢᠵᠤ ᠭᠦᠢᠴᠡᠳᠭᠡᠳᠡᠭ᠌᠃ ᠦᠪᠡᠷ ᠤᠨ ᠪᠠᠶ᠎ᠠ ᠪᠠᠨ ᠦᠪᠡᠷ ᠶᠢᠡᠨ ᠱᠠᠭᠠᠷᠳᠠᠬᠤ ᠣᠬᠠᠮᠰᠠᠷ ᠳᠤᠩ ᠳᠤᠷᠤᠢ ᠪᠠᠢ᠌ᠵᠤ᠂ ᠪᠣᠰᠤᠳ ᠤᠨ ᠱᠠᠭᠠᠷᠳᠠᠯᠭ᠎ᠠ ᠳᠠᠭᠠᠭᠤᠯᠭ᠎ᠠ ᠪᠠᠷ ᠦᠪᠡᠷ ᠤᠨ ᠠᠵᠢᠯ ᠶᠢᠡᠨ ᠭᠢᠵᠤ ᠪᠠᠢ᠌ᠬᠤ ᠨᠢ ᠪᠠᠶ᠎ᠠ ᠪᠠᠨ ᠳᠠᠭᠠᠭᠠᠬᠤ ᠴᠢᠳᠠᠪᠣᠷᠢ ᠳᠤᠩ ᠳᠤᠳᠠᠮᠠᠭ ᠪᠠᠢ᠌ᠬᠤ ᠶᠢ ᠬᠠᠷᠠᠭᠤᠯᠵᠤ ᠪᠠᠢ᠌ᠨ᠎ᠠ᠃ ᠪᠠᠶ᠎ᠠ ᠪᠠᠨ ᠳᠠᠭᠠᠭᠠᠬᠤ ᠴᠢᠳᠠᠪᠣᠷᠢ ᠶᠢ ᠭᠦᠮᠦᠵᠢᠭᠦᠯᠭᠦ ᠳᠤ ᠬᠡᠦᠬᠡᠳ ᠢ ᠠᠯᠪᠠᠳᠠᠨ ᠱᠠᠭᠠᠷᠳᠠᠵᠤ ᠪᠣᠯᠬᠤ ᠦᠭᠡᠶ᠂ ᠬᠠᠷᠢᠨ ᠡᠳᠦᠷ ᠳᠤᠳᠤᠮ ᠤᠨ ᠠᠮᠢᠳᠤᠷᠠᠯ ᠰᠤᠷᠤᠯᠭ᠎ᠠ ᠳᠤᠮᠳᠠ ᠠᠯᠭᠤᠷ ᠠᠭᠠᠵᠢᠮ ᠶᠢᠡᠷ ᠱᠠᠭᠠᠷᠳᠠᠵᠤ᠂ ᠪᠠᠭ᠎ᠠ ᠰᠠᠭ᠎ᠠ ᠣᠴᠢᠷ ᠡᠴᠠ ᠡᠭᠢᠯᠡᠨ ᠭᠢᠭᠦ ᠭᠡᠷᠡᠭ᠍ᠳᠡᠢ᠃ ᠵᠢᠱᠢᠶᠠᠯᠠᠪᠠᠯ᠂ ᠬᠡᠦᠬᠡᠳ ᠡᠭᠢᠯᠡᠭᠡᠳ ᠰᠤᠷᠭᠠᠭᠤᠯᠢ ᠳᠤ ᠰᠠᠭᠤᠮᠠᠭᠴᠠ ᠦᠪᠡᠷ ᠤᠨ ᠬᠤᠪᠴᠠᠰᠤ ᠬᠤᠨᠠᠷ ᠢ ᠨᠢ ᠡᠮᠦᠰᠦᠭᠦᠯᠵᠤ ᠰᠤᠷᠭᠠᠨ᠂ ᠦᠪᠡᠷ ᠤᠨ ᠪᠢᠴᠢᠭ᠌ ᠤᠨ ᠭᠡᠷᠡᠭ᠍ᠰᠡᠯ ᠶᠢᠡᠨ ᠦᠪᠡᠷ ᠶᠢᠡᠨ ᠳᠢᠭᠯᠡᠵᠤ ᠴᠢᠳᠠᠬᠤ ᠪᠣᠯᠭᠠᠨ ᠠᠯᠭᠤᠷ ᠠᠭᠠᠵᠢᠮ ᠶᠢᠡᠷ ᠳᠠᠳᠬᠠᠯ ᠪᠣᠯᠭᠠᠨ᠎ᠠ᠃ ᠪᠠᠭᠰᠢ ᠡᠴᠠ ᠰᠤᠷᠭᠠᠭᠤᠯᠢ ᠨᠢ ᠭᠡᠷ ᠲᠡᠭᠡᠨ ᠪᠠᠢ᠌ᠬᠤ ᠲᠡᠶ ᠠᠳᠠᠯᠢ ᠦᠭᠡᠶ ᠭᠡᠰᠡᠨ ᠢ ᠮᠡᠳᠡᠭᠦᠯᠤᠨ᠂ ᠡᠵᠢ ᠠᠪᠣ ᠨᠢ ᠠᠯᠢᠪᠠ ᠶᠢ ᠨᠢ ᠣᠷᠤᠯᠠᠵᠤ ᠭᠢᠵᠤ ᠦᠭ‍ᠭᠦ ᠦᠭᠡᠶ᠂ ᠬᠠᠷᠢᠨ ᠦᠪᠡᠷ ᠤᠨ ᠠᠯᠢᠪᠠ ᠠᠵᠢᠯ ᠶᠢᠡᠨ ᠥᠪᠠᠷᠳᠡᠭᠡᠨ ᠪᠠᠶ᠎ᠠ ᠪᠠᠨ ᠳᠠᠭᠠᠭᠠᠵᠤ ᠭᠦᠢᠴᠡᠳᠭᠡᠨ᠎ᠡ ᠭᠡᠰᠡᠨ ᠢ ᠮᠡᠳᠡᠭᠦᠯᠤᠨ᠎ᠡ᠃

ᠭᠡᠯᠡᠯᠭᠡᠨ ᠦᠭᠡᠶ ᠵᠠᠷᠢᠮ ᠬᠡᠦᠬᠡᠳ ᠤᠨ ᠪᠠᠶ᠎ᠠ ᠪᠠᠨ ᠳᠠᠭᠠᠭᠠᠬᠤ ᠴᠢᠳᠠᠪᠣᠷᠢ ᠨᠢ ᠳᠤᠩ ᠰᠠᠢ᠌ᠨ ᠪᠠᠢ᠌ᠳᠠᠭ᠃ ᠡᠢ᠌ᠮᠤ ᠬᠡᠦᠬᠡᠳ ᠢ ᠪᠣᠯ ᠱᠠᠭᠠᠷᠳᠠᠵᠤ ᠭᠡᠯᠡᠭ᠍ᠰᠡᠨ ᠤ ᠴᠢᠬᠤᠯᠠ ᠦᠭᠡᠶ᠂ ᠬᠠᠷᠢᠨ ᠪᠣᠰᠤᠳ ᠨᠥᠭᠦᠤᠨ ᠤᠨ ᠭᠢᠨᠢ ᠰᠤᠷᠤᠯᠴᠠᠬᠤ ᠳᠠᠭᠤᠷᠢᠶᠠᠯ ᠪᠣᠯᠭᠠᠵᠤ ᠦᠷᠭᠦᠯᠵᠢ ᠮᠠᠭᠳᠠᠨ ᠰᠠᠢ᠌ᠰᠢᠶᠠᠬᠤ ᠭᠡᠷᠡᠭ᠍ᠳᠡᠢ᠃ ᠢᠩᠭᠢᠪᠠᠯ ᠳᠠᠷᠠ ᠨᠠᠩ ᠪᠠᠶ᠎ᠠ ᠪᠠᠨ ᠱᠠᠭᠠᠷᠳᠠᠬᠤ ᠪᠠᠷ ᠪᠠᠷᠠᠬᠤ ᠦᠭᠡᠶ ᠪᠣᠰᠤᠳ ᠰᠤᠷᠤᠭᠴᠢ ᠴᠤ ᠪᠠᠭᠰᠢ ᠶᠢᠨ ᠠᠩᠬᠠᠷᠤᠯ ᠢ ᠳᠠᠳᠠᠵᠤ᠂ ᠪᠠᠭᠰᠢ ᠪᠠᠷ ᠮᠠᠭᠳᠠᠭᠤᠯᠬᠤ ᠶᠢ ᠪᠣᠳᠤᠵᠤ ᠪᠠᠶ᠎ᠠ ᠪᠠᠨ ᠱᠠᠭᠠᠷᠳᠠᠵᠤ᠂ ᠳᠠᠰᠬᠠᠯ ᠳᠠᠭᠠᠭᠠᠯᠭᠠᠪᠣᠷᠢ ᠪᠠ ᠵᠢᠵᠢᠭᠦᠷ ᠶᠢᠡᠨ ᠴᠠᠭ ᠲᠠᠭᠠᠨ ᠭᠢᠨᠠᠮᠠᠭᠠᠢ ᠪᠠᠶᠡᠯᠡᠭᠦᠯᠭᠦ ᠪᠡᠷ ᠪᠠᠶ᠎ᠠ ᠪᠠᠨ ᠱᠠᠭᠠᠷᠳᠠᠵᠤ ᠴᠢᠷᠮᠠᠢ᠌ᠬᠤ ᠪᠣᠯᠤᠨ᠎ᠠ᠃ ᠡᠢ᠌ᠮᠤ ᠡᠴᠠ ᠬᠡᠦᠬᠡᠳ ᠤᠨ ᠪᠠᠶ᠎ᠠ ᠪᠠᠨ ᠳᠠᠭᠠᠭᠠᠬᠤ ᠴᠢᠳᠠᠪᠣᠷᠢ ᠶᠢ ᠭᠦᠮᠦᠵᠢᠭᠦᠯᠭᠦ ᠳᠤ ᠳᠠᠳᠠᠨ ᠤ ᠣᠠᠴᠠᠯᠢᠭ ᠲᠤ ᠳᠤᠭᠢᠷᠠᠭᠤᠯᠤᠨ ᠭᠦᠯᠢᠴᠡᠩᠭᠦᠢ ᠪᠠᠷ ᠭᠦᠮᠦᠵᠢᠭᠦᠯᠭᠦ ᠭᠡᠷᠡᠭ᠍ᠳᠡᠢ᠃ ᠵᠠᠷᠢᠮ ᠬᠡᠦᠬᠡᠳ ᠪᠡᠶ᠎ᠠ ᠪᠠᠨ ᠳᠠᠭᠠᠭᠠᠬᠤ ᠴᠢᠳᠠᠪᠣᠷᠢ ᠨᠠᠯᠢᠶᠠᠤᠨ ᠰᠠᠢ᠌ᠨ ᠪᠠᠢ᠌ᠭᠰᠠᠨ ᠴᠤ ᠭᠡᠳᠦᠷᠭᠡᠢ ᠪᠠᠶ᠎ᠠ ᠪᠠᠨ ᠳᠤᠭᠤᠵᠤ᠂ 《ᠪᠢ ᠴᠢᠳᠠᠨ᠎ᠠ᠂ ᠪᠢ ᠮᠠᠳᠠᠨ᠎ᠡ》 ᠭᠡᠵᠤ ᠭᠡᠳᠦᠷᠭᠡᠢ ᠪᠠᠶ᠎ᠠ ᠪᠠᠨ ᠳᠤᠭᠤᠵᠤ ᠠᠭᠠᠰᠢᠯᠠᠳᠠᠭ᠃ ᠡᠢ᠌ᠮᠤ ᠬᠡᠦᠬᠡᠳ ᠢ ᠪᠣᠯ ᠢᠯᠡᠭᠦᠤ ᠭᠡᠯᠡᠵᠤ ᠰᠤᠷᠭᠠᠵᠤ ᠦᠵᠡᠯ ᠰᠠᠨᠠᠭᠠᠨ ᠤ ᠭᠦᠮᠦᠵᠢᠯ ᠭᠢᠵᠤ᠂ ᠪᠠᠶ᠎ᠠ ᠪᠠᠨ ᠳᠠᠭᠠᠭᠠᠬᠤ ᠴᠢᠳᠠᠪᠣᠷᠢ ᠶᠢ ᠨᠢ ᠣᠯᠠᠮ ᠰᠠᠢ᠌ᠨ ᠪᠣᠯᠭᠠᠪᠠᠯ ᠵᠤᠭᠢᠨ᠎ᠠ᠃ ᠪᠠᠶ᠎ᠠ ᠪᠠᠨ ᠳᠠᠭᠠᠭᠠᠬᠤ ᠴᠢᠳᠠᠪᠣᠷᠢ ᠠᠨᠠᠢ ᠰᠤᠷᠤᠭᠴᠢ ᠶᠢ ᠪᠣᠯ ᠦᠷᠭᠦᠯᠵᠢ ᠭᠡᠯᠡᠵᠤ ᠱᠠᠭᠠᠷᠳᠠᠵᠤ᠂ ᠪᠣᠰᠤᠳ ᠲᠡᠶ ᠠᠳᠠᠯᠢᠳᠬᠠᠨ᠂ ᠪᠣᠰᠤᠳ ᠡᠴᠠ ᠰᠤᠷᠤᠯᠴᠠᠬᠤ ᠶᠢ ᠱᠠᠭᠠᠷᠳᠠᠵᠤ᠂ ᠵᠤᠷᠢᠯᠭ᠎ᠠ ᠲᠡᠶ ᠪᠠᠷ ᠪᠠᠶ᠎ᠠ ᠪᠠᠨ ᠳᠠᠭᠠᠭᠠᠬᠤ ᠴᠢᠳᠠᠪᠣᠷᠢ ᠶᠢ ᠨᠢ ᠭᠦᠮᠦᠵᠢᠭᠦᠯᠤᠨ᠎ᠡ᠃

《ᠭᠦᠮᠤᠨ ᠪᠣᠯᠬᠤ ᠪᠠᠭ᠎ᠠ ᠡᠴᠠ ᠪᠠᠨ᠂ ᠭᠦᠯᠦᠭ᠌ ᠪᠣᠯᠬᠤ ᠣᠨᠠᠭᠠᠨ ᠡᠴᠠ ᠪᠠᠨ》 ᠭᠡᠭᠦᠴᠢᠯᠡᠨ ᠰᠤᠷᠤᠭᠴᠢᠳ ᠢ ᠪᠠᠭ᠎ᠠ ᠡᠴᠠ ᠨᠢ ᠰᠠᠢ᠌ᠨ ᠱᠠᠭᠠᠷᠳᠠᠵᠤ᠂ ᠪᠠᠶ᠎ᠠ ᠪᠠᠨ ᠳᠠᠭᠠᠭᠠᠬᠤ ᠴᠢᠳᠠᠪᠣᠷᠢ ᠶᠢ ᠨᠢ ᠭᠦᠮᠦᠵᠢᠭᠦᠯᠪᠠᠯ᠂ ᠬᠤᠵᠢᠮ ᠨᠡᠢ᠌ᠭᠡᠮ ᠳᠡᠭᠡᠷ᠎ᠡ ᠭᠠᠷᠤᠭᠰᠠᠨ ᠴᠤ ᠪᠠᠶ᠎ᠠ ᠪᠠᠨ ᠳᠠᠭᠠᠭᠠᠬᠤ ᠴᠢᠳᠠᠪᠣᠷᠢ ᠨᠢ ᠰᠠᠢ᠌ᠨ ᠪᠠᠢ᠌ᠵᠤ᠂ ᠡᠯ᠎ᠡ ᠳᠠᠯ᠎ᠠ ᠪᠠᠷ ᠪᠠᠶ᠎ᠠ ᠪᠠᠨ ᠱᠠᠭᠠᠷᠳᠠᠵᠤ᠂ ᠨᠡᠢ᠌ᠭᠡᠮ ᠤᠨ ᠭᠡᠷᠡᠭ᠍ᠴᠡᠭᠡ ᠱᠠᠭᠠᠷᠳᠠᠯᠭ᠎ᠠ ᠳᠤ ᠨᠠᠢ᠌ᠴᠠᠵᠤ᠂ ᠦᠷᠢᠰᠦᠯᠳᠦᠭᠡᠨ ᠳᠤᠮᠳᠠ ᠦᠪᠡᠷ ᠤᠨ ᠭᠡᠰᠡᠨ ᠣᠷᠤᠨ ᠪᠠᠢ᠌ᠷᠢ ᠪᠠᠨ ᠣᠯᠵᠤ ᠳᠡᠢ᠌ᠯᠭᠦ ᠪᠣᠯᠤᠨ᠎ᠠ᠃


ᠵᠤᠬᠢᠶᠠᠭᠴᠢ ᠶᠢᠨ ᠬᠠ‍‌ᠶᠢᠭ ᠄ ᠭᠡᠰᠢᠭ᠍ᠳᠡᠨ ᠬᠤᠰᠢᠭᠤᠨ ᠤ ᠳᠠᠷᠬᠠᠨ ᠭᠤᠤᠯ ᠪᠦᠷᠢᠨ ᠪᠠᠭ᠎ᠠ ᠰᠤᠷᠭᠠᠭᠤᠯᠢ

ᠵᠤᠬᠢᠶᠠᠭᠴᠢ᠄ ᠬᠤᠷ᠎ᠠ
ᠬᠠᠷᠢᠶ᠎ᠠ᠄ ᠪᠠᠭᠰᠢ ᠶᠢᠨ ᠬᠠᠨᠢ
ᠳᠠᠷᠤᠮ᠄ 3193
ᠴᠠᠭ᠄ 2012 ᠤᠨ ᠤ 06 ᠰᠠᠷ᠎ᠠ ᠶᠢᠨ 15