ᠨᠡᠪᠲᠡᠷᠡᠨ ᠤᠷᠤᠬᠤ
ᠵᠢᠷᠭᠤᠭ᠎ᠠ ᠂ ᠱᠠᠩ ᠿᠤ ᠵᠧᠨ ᠭᠡᠦᠭᠡᠨ

ᠲ᠋ᠠᠷᠢᠶᠠᠴᠢᠳ ᠤᠨ ᠵᠤᠨ ᠴᠠᠭ ᠠᠷᠠᠴᠢᠯᠠᠭ᠎ᠠ ᠶᠢᠨ ᠠᠵᠢᠯ ᠤᠨ ᠶᠠᠭᠠᠷᠠᠤ ᠭᠡᠳᠡᠭ᠌ ᠢ ᠭᠡᠯᠡᠭᠦ ᠶᠢᠨ ᠠᠷᠭ᠎ᠠ ᠦᠭᠡᠶ᠃ ᠰᠦᠨ ᠯᠢᠶᠠᠩ ᠤᠨ ᠠᠪᠣ ᠪᠣᠯᠤᠨ ᠠᠬ᠎ᠠ ᠨᠢ ᠦᠷᠯᠦᠭᠡ ᠭᠡᠭᠡᠷᠡᠭᠦ ᠶᠢᠨ ᠦᠶ᠎ᠡ ᠪᠠᠷ ᠠᠷᠴᠢᠭᠤᠷ ᠶᠢᠡᠨ ᠮᠦᠷᠦᠯᠡᠭᠡᠳ ᠭᠠᠷᠪᠠᠯ ᠦᠳᠡᠰᠢ ᠶᠢᠨ ᠪᠦᠷᠦᠢ ᠳᠠᠰᠤᠷᠠᠬᠤ ᠡᠴᠡ ᠯᠠ ᠡᠮᠦᠨ᠎ᠡ ᠰᠠ‍‌ᠶᠢ ᠬᠠᠷᠢᠵᠤ ᠢᠷᠡᠳᠡᠭ᠌ ᠪᠣᠯᠬᠤᠷ ᠦᠳᠡ ᠶᠢᠨ ᠬᠤᠭᠤᠯᠠ ᠶᠢ ᠨᠢ ᠪᠠᠷᠭᠡᠨ ᠨᠢ ᠭᠦᠷᠭᠡᠨ᠎ᠡ᠃ ᠳᠡᠭᠦᠨ ᠤ ᠡᠵᠢ ᠨᠢ ᠡᠭᠡᠴᠢ ᠶᠢ ᠨᠢ ᠳᠠᠭᠠᠭᠤᠯᠤᠭᠠᠤᠨ ᠠᠢ᠌ᠯ ᠤᠨ ᠣᠯᠠᠨ ᠡᠮᠡᠰ ᠦᠬᠢᠳ ᠲᠡᠶ ᠬᠠᠮᠳᠤ ᠳᠤᠰᠬᠤᠨ ᠤ ᠳᠤᠮᠳᠠᠭᠢ ᠭᠤᠷᠪᠠᠨ ᠪᠦᠳᠦᠭᠦᠨ ᠮᠤᠳᠤᠨ ᠤ ᠳᠤᠤᠷ᠎ᠠ ᠰᠡᠭᠦᠳᠡᠷ ᠲᠤ ᠨᠢ ᠰᠠᠭᠤᠵᠤ ᠣᠢ᠌ᠯᠠ ᠣᠳᠠᠰᠤᠨ ᠤ ᠠᠵᠢᠯ ᠳᠤ ᠶᠠᠭᠠᠷᠠᠨ᠎ᠠ᠃ ᠵᠥᠪᠭᠡᠨ ᠨᠠᠰᠤ ᠪᠠᠭ᠎ᠠ ᠰᠦᠨ ᠯᠢᠶᠠᠩ ᠯᠠ ᠬᠠᠩᠵᠤᠨ ᠭᠤᠤᠯ ᠳᠤ《ᠬᠤᠭᠤᠷ ᠳᠠᠳᠠᠨ》 ᠣᠠᠳᠠᠭ᠎ᠠ ᠠᠯᠠᠭ ᠮᠤᠤᠷ ᠲᠡᠶ ᠬᠤᠶᠠᠭᠤᠯᠠ ᠪᠠᠨ ᠭᠡᠷ ᠤᠨ ᠮᠤᠬᠤᠷ ᠰᠠᠭᠢᠭᠠᠤᠨ 《ᠡᠵᠡᠨ ᠦᠭᠡᠶ ᠭᠠᠵᠠᠷ ᠦᠮᠦᠳᠦ ᠦᠭᠡᠶ ᠬᠠᠭᠠᠨ》 ᠰᠠᠭᠤᠳᠠᠭ᠃

ᠰᠦᠨ ᠯᠢᠶᠠᠩ ᠪᠠᠢ᠌ᠰᠢᠩ ᠭᠡᠷ ᠤᠨ ᠪᠠᠷᠠᠭᠤᠨ ᠬᠠᠨ᠎ᠠ ᠳᠠᠭᠠᠭᠤᠯᠤᠨ ᠡᠯᠭᠦᠭ᠍ᠰᠡᠨ ᠳᠦᠷᠪᠠᠨ ᠣᠳᠠᠰᠤᠳᠤ ᠳᠤᠮᠤ ᠬᠤᠭᠤᠷ ᠢ ᠭᠦᠩᠭᠡᠭᠡᠨ ᠡᠷᠭᠦᠨ ᠠᠪᠴᠤ᠂ ᠳᠠᠪᠬᠤᠷᠯᠠᠵᠤ ᠳᠠᠯᠪᠢᠭᠰᠠᠨ ᠬᠤᠶᠠᠷ ᠳᠠᠷ᠎ᠠ ᠶᠢᠨ ᠳᠡᠭᠡᠷ᠎ᠡ ᠯᠠᠪᠳᠠᠭᠤᠨ ᠰᠠᠭᠤᠭᠠᠤᠨ ᠳᠠᠳᠠᠵᠤ ᠡᠭᠢᠯᠡᠯ᠎ᠡ᠃ ᠰᠠ‍‌ᠶᠢ ᠡᠭᠢᠯᠡᠭᠦ ᠳᠤ ᠪᠠᠨ᠂ ᠳᠠᠷᠠ ᠳᠠᠳᠠᠵᠤ ᠳᠡᠢ᠌ᠯᠭᠦ ᠦᠭᠡᠶ ᠶᠡᠭᠡ ᠭᠦᠴᠢᠷᠳᠡᠵᠤ ᠪᠠᠢ᠌ᠵᠠᠢ᠃ ᠳᠡᠭᠦᠨ ᠤ ᠪᠠᠶ᠎ᠠ ᠨᠢ ᠪᠠᠭ᠎ᠠ᠂ ᠭᠠᠷ ᠨᠢ ᠵᠢᠵᠢᠭ᠌ ᠪᠣᠯᠬᠤᠷ ᠪᠠᠷᠠᠭᠤᠨ ᠭᠠᠷ ᠶᠢᠡᠷ ᠨᠤᠮᠤ ᠪᠠᠨ ᠠᠳᠬᠤᠵᠤ᠂ ᠵᠡᠭᠦᠨ ᠭᠠᠷ ᠤᠨ ᠡᠷᠡᠭᠡᠢ ᠬᠤᠷᠤᠭᠤ ᠪᠠᠷ ᠬᠤᠭᠤᠷ ᠶᠢᠡᠨ ᠳᠤᠭᠳᠠᠭᠠᠬᠤ ᠳᠤ ᠨᠥᠭᠦᠭᠡ ᠳᠦᠷᠪᠠᠨ ᠬᠤᠷᠤᠭᠤ ᠨᠢ ᠬᠤᠭᠤᠷ ᠤᠨ ᠶᠤᠩᠭ᠋ᠤᠷ ᠣᠳᠠᠰᠤᠨ ᠳᠤ ᠬᠤᠷᠤᠭᠤᠨ ᠥᠡᠳᠡᠭᠡ ᠨᠢ ᠠᠷᠠᠢ ᠴᠢᠮᠠᠢ ᠭᠦᠷᠦᠭᠡᠳ ᠰᠠᠢ᠌ᠬᠠᠨ ᠳᠠᠷᠤᠵᠤ ᠳᠡᠢ᠌ᠯᠭᠦ ᠦᠭᠡᠶ ᠪᠦᠭᠡᠳ ᠭᠦᠭ᠌ ᠳᠠᠭᠠᠷᠠᠭᠤᠯᠬᠤ ᠳᠤ ᠭᠠᠷ ᠨᠢ ᠬᠤᠭᠤᠷ ᠤᠨ ᠴᠢᠭᠢᠨ ᠳᠤ ᠭᠦᠷᠭᠦ ᠦᠭᠡᠶ ᠡᠷᠭᠡᠪᠰᠢ ᠥᠡᠳᠡᠢ᠌ᠭᠦ ᠭᠡᠷᠡᠭ᠍ᠳᠡᠢ ᠪᠠᠢ᠌ᠪᠠ᠃ ᠡᠳᠡᠭᠡᠷ ᠭᠦᠴᠢᠷᠳᠡᠯ ᠰᠤᠷᠴᠤ ᠮᠡᠳᠡᠭᠦ ᠶᠢᠨ ᠴᠢᠩᠭ᠋᠎ᠠ ᠭᠦᠰᠡᠯ ᠲᠡᠶ ᠰᠦᠨ ᠯᠢᠶᠠᠩ ᠤᠨ ᠵᠤᠷᠢᠭ ᠢ ᠮᠢᠳᠠᠷᠠᠭᠤᠯᠵᠤ ᠳᠡᠢ᠌ᠯᠭᠦ ᠦᠭᠡᠶ ᠶᠤᠮ᠃ ᠳᠠᠷᠠ ᠬᠠᠭᠠᠰ ᠡᠳᠦᠷ ᠭᠠᠷᠤᠢ ᠣᠷᠤᠯᠳᠤᠭᠠᠤᠨ ᠡᠴᠦᠰ ᠲᠤ ᠪᠠᠨ ᠬᠤᠷᠴᠢᠨ ᠠᠷᠠᠤᠨ ᠤᠨ ᠪᠠᠭᠠᠳᠤᠷ ᠤᠨ ᠳᠠᠭᠤᠤ 《ᠳᠠᠮᠤᠷ᠎ᠠ》 ᠶ᠋ᠢᠨ ᠡᠭᠢᠨ ᠤ ᠨᠢᠭᠡ ᠭᠡᠰᠡᠭ᠌ 《ᠡᠷᠡᠭᠡᠢ ᠬᠤᠷᠤᠭᠤᠨ ᠳᠤ ᠪᠠᠨ ᠡᠷᠳᠡᠮ ᠲᠡᠶ ᠳᠠᠮᠤᠷ᠎ᠠ ᠡᠨ ᠬᠨ ᠭᠦ᠋ ᠭᠦ᠋ ᠭᠦ᠋ ᠭᠦᠢ》 ᠭᠡᠳᠡᠭ᠌ ᠤᠨ ᠠᠶ᠎ᠠ ᠶᠢ ᠳᠠᠳᠠᠵᠤ ᠰᠤᠷᠴᠠᠢ᠃ ᠡᠨᠡ ᠪᠣᠯ ᠳᠠᠷᠤᠢ ᠳᠡᠭᠦᠨ ᠤ ᠭᠦᠴᠦᠳᠡᠢ ᠴᠢᠷᠮᠠᠢ᠌ᠯᠭ᠎ᠠ ᠶᠢᠨ ᠭᠢᠨᠢ ᠣᠤᠭᠠᠨ ᠠᠮᠵᠢᠯᠳᠠ ᠪᠣᠯᠬᠤ ᠶᠤᠮ᠃ ᠭᠡᠪᠠᠴᠤ ᠳᠠᠷᠠ ᠠᠩᠬᠠᠨ ᠤ ᠪᠦᠳᠦᠭᠡᠯ ᠳᠤ ᠪᠠᠨ ᠬᠠᠯᠠᠮᠰᠢᠵᠤ ᠬᠠᠯᠠᠭᠤᠷᠠᠭ᠎ᠠ ᠦᠭᠡᠶ᠂ ᠬᠠᠷᠢᠨ ᠨᠤᠮᠤ ᠪᠠᠨ ᠡᠪᠭᠡᠵᠤ ᠬᠤᠭᠤᠷ ᠢ ᠣᠭ ᠣᠷᠤᠨ ᠳᠤ ᠨᠢ ᠡᠯᠭᠦᠵᠤ ᠳᠠᠯᠪᠢᠵᠠᠢ᠃ ᠳᠠᠷᠠ ᠭᠡᠷ ᠤᠨ ᠭᠦᠮᠦᠰ ᠲᠤ ᠪᠠᠨ ᠮᠡᠳᠡᠭ᠍ᠳᠡᠵᠤ ᠪᠣᠯᠬᠤ ᠦᠭᠡᠶ᠂ ᠣᠠᠴᠠᠭᠠᠢ᠌ᠯᠠᠨ ᠠᠪᠣ ᠳᠤ ᠪᠠᠨ ᠰᠡᠷᠡᠭ᠍ᠳᠡᠪᠠᠯ ᠠᠷᠠᠰᠤ ᠮᠢᠬᠠᠨ ᠤ ᠣᠢ᠌ᠯᠠ ᠠᠮᠰᠠᠵᠤ ᠮᠠᠳᠠᠨ᠎ᠠ᠃ ᠡᠢ᠌ᠮᠤ ᠡᠴᠡ ᠵᠠᠯᠭᠠᠭᠠᠳ ᠰᠤᠷᠤᠶ᠎ᠠ ᠭᠡᠪᠠᠯ ᠡᠷᠭᠡᠪᠰᠢ ᠭᠡᠷ ᠤᠨ ᠠᠬᠠᠮᠠᠤᠨ ᠶᠢᠡᠨ ᠬᠠᠷᠢᠵᠤ ᠢᠷᠠᠳᠠᠯ᠎ᠠ ᠶᠠᠭᠤ ᠴᠤ ᠭᠢᠭ᠍ᠰᠡᠨ ᠦᠭᠡᠶ ᠰᠢᠭ᠌ ᠣᠪᠯᠠᠵᠤ ᠴᠢᠳᠠᠬᠤ ᠭᠡᠷᠡᠭ᠍ᠳᠡᠢ ᠪᠠᠢ᠌ᠯ᠎ᠠ᠃

ᠬᠤᠶᠠᠳᠤᠭᠠᠷ ᠡᠳᠦᠷ ᠨᠢ ᠳᠤᠰ ᠳᠠᠭᠤᠤ ᠶᠢᠨ ᠳᠤᠮᠳᠠᠭᠢ ᠭᠡᠰᠡᠭ᠌ 《ᠡᠵᠡᠨ ᠵᠤᠷᠭᠠᠨ ᠶᠠᠮᠤᠨ ᠳᠤ ᠪᠠᠨ ᠠᠯᠳᠠᠷᠳᠠᠢ ᠳᠠᠮᠤᠷ᠎ᠠ ᠭᠦᠢ ᠡᠵᠡᠨ ᠵᠤᠷᠭᠠᠨ ᠶᠠᠮᠤᠨ ᠳᠤ ᠪᠠᠨ ᠠᠯᠳᠠᠷᠳᠠᠢ ᠪᠣᠯᠬᠤᠷ ᠡᠨ ᠬᠨ ᠭᠦ᠋ ᠭᠦ᠋ ᠭᠦ᠋ ᠭᠦᠢ 》 ᠭᠡᠭᠦ ᠶᠢᠨ ᠠᠶ᠎ᠠ ᠶᠢ ᠠᠮᠠᠷᠬᠠᠨ ᠳᠠᠳᠠᠵᠤ ᠰᠤᠷᠤᠭᠰᠠᠨ ᠪᠦᠭᠡᠳ ᠭᠤᠷᠪᠠᠳᠤᠭᠠᠷ ᠡᠳᠦᠷ ᠲᠤ ᠨᠠᠩ ᠭᠢᠯᠪᠠᠷᠬᠠᠨ ᠶᠢᠡᠷ 《ᠶ‍ᠢᠰᠤ ᠠᠷᠪᠠᠨ ᠵᠠᠭᠤᠨ ᠴᠡᠷᠢᠭ᠌ ᠴᠢᠨᠢ ᠡᠰᠡᠷᠭᠦᠤ ᠨᠢ ᠬᠠᠠᠳᠤᠵᠤ ᠴᠢᠳᠠᠬᠤ ᠦᠭᠡᠶ ᠭᠦᠢ》 ᠭᠡᠭᠦ ᠬᠠᠮᠤᠭ ᠰᠡᠭᠦᠯ ᠤᠨ ᠭᠡᠰᠡᠭ᠌ ᠤᠨ ᠠᠶ᠎ᠠ ᠶᠢ ᠳᠠᠳᠠᠵᠤ ᠴᠢᠳᠠᠭᠠᠤᠨ᠂ ᠳᠦᠷᠪᠠᠳᠦᠭᠡᠷ ᠡᠳᠦᠷ ᠤᠨ ᠦᠳᠡ ᠪᠣᠯᠬᠤ ᠳᠤ ᠨᠢᠭᠡᠨᠲᠡ ᠪᠦᠭᠦᠢᠯᠡ ᠠᠶᠠᠰ ᠢ ᠨᠠᠢ᠌ᠳᠠᠮ ᠳᠤ ᠨᠢ ᠪᠣᠯᠪᠠᠰᠤᠷᠠᠩᠭ᠋ᠤᠢ ᠰᠠᠢ᠌ᠬᠠᠨ ᠳᠠᠳᠠᠵᠤ ᠳᠡᠢ᠌ᠯᠦᠭ᠍ᠰᠡᠨ ᠪᠠᠢ᠌ᠨ᠎ᠠ᠃

ᠡᠨᠡ ᠰᠦᠨᠢ ᠳᠠᠷᠠ ᠭᠡᠳᠦᠷᠭᠡᠢ ᠪᠠᠶᠠᠷᠯᠠᠭᠰᠠᠨ ᠤ ᠶᠤᠮ ᠦᠦ ︕ ᠨᠣᠢ᠌ᠷ ᠬᠤᠯᠵᠢᠵᠠᠢ᠃ ᠳᠠᠷᠠ ᠪᠠᠷᠠᠭᠤᠨ ᠭᠠᠷ ᠤᠨ ᠨᠤᠮᠤ ᠶᠢᠨ ᠲᠦᠯᠭᠢᠯᠳᠠ ᠲ᠋ᠠᠳᠠᠯᠳᠠ ᠶᠢᠨ ᠭᠡᠮ ᠭᠡᠮᠵᠢᠶ᠎ᠡ᠂ ᠵᠡᠭᠦᠨ ᠭᠠᠷ ᠤᠨ ᠳᠦᠷᠪᠠᠨ ᠬᠤᠷᠤᠭᠤ ᠶᠢᠨ ᠭᠦᠳᠡᠯᠦᠯ᠂ ᠣᠷᠤᠨ ᠪᠠᠢ᠌ᠷᠢ᠂ ᠣᠷᠤᠨ ᠪᠠᠢ᠌ᠷᠢ ᠶᠢᠨ ᠰᠢᠯᠵᠢᠯᠳᠠ᠂ ᠳᠠᠷᠤᠯᠳᠠ ᠶᠢᠨ ᠭᠦᠡᠳᠤ ᠭᠦᠩᠭᠡᠨ᠂ ᠨᠤᠮᠤ ᠪᠠᠷ ᠬᠤᠭᠤᠷ ᠤᠨ ᠳᠤᠯᠤᠭᠠᠢ ᠶᠢ ᠳᠡᠯᠡᠳᠭᠦ᠂ ᠬᠤᠷᠤᠭᠤ ᠪᠠᠷ ᠴᠢᠪᠬᠠᠳᠠᠰᠤ ᠶᠢ ᠶᠠᠭᠠᠭᠢᠵᠤ ᠨᠢᠰᠠᠯᠠᠬᠤ᠂ ᠱᠤᠳᠤᠷᠬᠤ ᠡᠷᠭᠦᠭᠦ᠂ ᠨᠤᠭᠤᠯᠬᠤ ᠭᠤᠯᠭᠤᠬᠤ ᠵᠡᠷᠭᠡ ᠶᠢᠨ ᠡᠳᠦᠷ ᠤᠨ ᠰᠤᠷᠤᠭᠰᠠᠨ ᠠᠷᠭ᠎ᠠ ᠡᠷᠳᠡᠮ ᠶᠢᠡᠨ ᠴᠡᠭᠡᠵᠢ ᠪᠠᠷ ᠶᠢᠡᠨ ᠳᠠᠭᠢᠨ ᠳᠠᠪᠳᠠᠨ ᠡᠷᠭᠢᠴᠡᠭᠦᠯᠤᠨ ᠪᠠᠳᠤᠳᠬᠠᠬᠤ ᠳᠤ ᠪᠠᠨ ᠨᠢᠭᠡᠮᠦᠰᠤᠨ ᠨᠣᠢ᠌ᠷ ᠬᠤᠯᠵᠢᠵᠠᠢ᠃

ᠮᠠᠷᠭᠠᠰᠢ ᠦᠷᠯᠦᠭᠡ ᠬᠤᠭᠤᠯᠠ ᠴᠠᠢ ᠪᠠᠨ ᠭᠡᠷᠡᠭᠯᠡᠵᠤ ᠳᠠᠭᠤᠰᠤᠭᠰᠠᠨ ᠤ ᠰᠡᠭᠦᠯᠡᠷ ᠭᠡᠷ ᠤᠨ ᠭᠦᠮᠦᠰ ᠬᠤᠪᠢ ᠬᠤᠪᠢᠨ ᠤ ᠠᠵᠢᠯ ᠶᠠᠪᠣᠳᠠᠯ ᠳᠤ ᠪᠠᠨ ᠶᠠᠪᠣᠵᠠᠭᠠᠵᠠᠢ᠃ ᠭᠡᠷ ᠤᠨ ᠭᠦᠮᠦᠰ ᠤᠨ ᠳᠦᠷᠭᠡᠨ ᠶᠠᠪᠣᠵᠠᠭᠠᠬᠤ ᠶᠢ ᠳᠠᠰᠴᠤ ᠶᠠᠳᠠᠨ ᠭᠦᠯᠢᠶᠡᠵᠤ ᠪᠠᠢ᠌ᠭᠰᠠᠨ ᠰᠦᠨ ᠯᠢᠶᠠᠩ ᠭᠡᠷ ᠲᠤ ᠪᠣᠰᠤᠳ ᠭᠦᠮᠤᠨ ᠪᠠᠢ᠌ᠬᠤ ᠦᠭᠡᠶ ᠪᠣᠯᠤᠮᠠᠭᠴᠠ ᠬᠤᠭᠤᠷ ᠶᠢᠡᠨ ᠠᠪᠣᠭᠠᠤᠨ ᠰᠠᠶ‍ᠢᠬᠠᠨ ᠳᠠᠳᠠᠵᠤ ᠰᠤᠷᠤᠭᠰᠠᠨ 《ᠳᠠᠮᠤᠷ᠎ᠠ》 ᠭᠡᠭᠦ ᠠᠷᠠᠤᠨ ᠤᠨ ᠳᠠᠭᠤᠤ ᠶᠢᠨ ᠠᠶ᠎ᠠ ᠶᠢ ᠠᠶᠠᠯᠠᠭᠤᠯᠵᠤ ᠡᠭᠢᠯᠡᠯ᠎ᠡ᠃

ᠡᠷᠡᠭᠡᠢ ᠬᠤᠷᠤᠭᠤᠨ ᠳᠤ ᠪᠠᠨ ᠡᠷᠳᠡᠮ ᠲᠡᠶ ᠳᠠᠮᠤᠷ᠎ᠠ ᠭᠦᠢ

ᠡᠨ ᠬᠨ ᠭᠦ᠋ ᠭᠦ᠋ ᠭᠦ᠋ ᠭᠦᠢ

ᠡᠵᠡᠨ ᠵᠤᠷᠭᠠᠨ ᠶᠠᠮᠤᠨ ᠳᠤ ᠪᠠᠨ ᠠᠯᠳᠠᠷ ᠲᠡᠶ ᠳᠠᠮᠤᠷ᠎ᠠ ᠭᠦᠢ

ᠡᠵᠡᠨ ᠵᠤᠷᠭᠠᠨ ᠶᠠᠮᠤᠨ ᠳᠤ ᠪᠠᠨ ᠠᠯᠳᠠᠷ ᠲᠡᠶ ᠪᠣᠯᠬᠤᠷ

ᠡᠨ ᠬᠨ ᠭᠦ᠋ ᠭᠦ᠋ ᠭᠦ᠋ ᠭᠦᠢ

ᠶ‍ᠢᠰᠤ ᠠᠷᠪᠠᠨ ᠵᠠᠭᠤᠨ ᠴᠡᠷᠢᠭ᠌ ᠴᠢᠨᠢ

ᠡᠰᠡᠷᠭᠦᠤ ᠨᠢ ᠬᠠᠠᠳᠤᠵᠤ ᠴᠢᠳᠠᠬᠤ ᠦᠭᠡᠶ ᠭᠦᠢ ᠭᠡᠵᠤ ᠡᠭᠡᠰᠢᠭᠯᠡᠭᠦᠯᠦᠭᠡᠳ ᠢᠷᠡᠭᠦᠯᠡᠷ ᠰᠢᠳᠦᠭᠡᠨ ᠪᠠᠭᠰᠢ ᠢᠷᠡᠭᠡᠳ ᠵᠡᠭᠦᠳᠤᠨ ᠳᠤ ᠵᠢᠭᠠᠭᠰᠠᠨ ᠤ ᠰᠠᠢ᠌ᠨ ᠶᠤᠮ ᠦᠦ ︕ ᠬᠤᠭᠤᠷ ᠤᠨ ᠡᠭᠡᠰᠢᠭ᠌ ᠣᠠᠴᠠᠭᠠᠢ ᠣᠶᠠᠨ ᠬᠠᠳᠠᠨ᠂ ᠳᠡᠭ᠍ᠵᠢᠨ ᠴᠤᠪᠣᠭᠤ᠂ ᠢᠷᠠᠭᠤ ᠰᠠᠢ᠌ᠬᠠᠨ ᠭᠦᠭ᠌ ᠠᠶᠠᠰ ᠭᠠᠷᠬᠤ ᠦᠶᠡᠰ ᠲ᠋ᠠᠯ᠎ᠠ ᠶᠢᠨ ᠪᠢᠯᠵᠤᠤᠬᠠᠢ ᠠᠳᠠᠭᠠᠷᠬᠠᠭᠠᠤᠨ ᠡᠷᠭᠢᠯᠳᠤᠨ ᠵᠢᠷᠭᠢᠯᠳᠤᠨ᠎ᠠ᠂ ᠳᠠᠷᠭᠤᠨ ᠪᠣᠳᠤᠭᠤ ᠲᠡᠶ ᠢᠩᠭᠡ ᠣᠶᠠᠷᠠᠨ ᠪᠣᠢ᠌ᠯᠠᠵᠤ ᠪᠠᠢ᠌ᠨ᠎ᠠ᠂ ᠳᠠᠨᠢᠯ ᠰᠦᠷᠦᠭ᠌ ᠶᠢᠡᠨ ᠮᠦᠷᠦᠭᠡᠳᠦᠭ᠍ᠰᠡᠨ ᠠᠭᠳᠠ ᠡᠩᠰᠡᠷᠡᠳᠡᠯ᠎ᠡ ᠢᠡᠴᠠᠭᠠᠨ᠎ᠡ ᠂ ᠳᠡᠪᠦᠨ ᠬᠤᠰᠢᠭᠤ ᠮᠠᠯ ᠳᠠᠭᠤ ᠬᠤᠭᠤᠯᠠᠢ ᠠᠪᠣᠯᠴᠠᠨ ᠢᠷᠡᠭ᠍ᠰᠡᠨ᠎ᠡ ᠭᠦᠭᠡ ᠮᠤᠩᠭ᠋ᠤᠯ ᠤᠨ ᠭᠦᠳᠡᠭᠡ ᠨᠤᠳᠤᠭ ᠭᠦᠷᠦᠰᠦᠳᠤ ᠳᠠᠯ᠎ᠠ ᠡᠴᠡ ᠭᠦᠭᠡᠮᠳᠦᠭ᠌ ᠣᠭᠳᠠᠷᠭᠤᠢ ᠳᠤ ᠭᠦᠷᠳᠡᠯ᠎ᠡ ᠭᠦᠭ᠍ᠵᠢᠶᠡᠨ ᠨᠠᠷᠭᠢᠶᠠᠠᠳᠤ ᠠᠮᠢᠳᠤᠷᠠᠯ ᠤᠨ ᠪᠣᠷᠤ ᠵᠢᠷᠤᠭ ᠲᠦᠯᠦᠪᠰᠢᠷᠡᠨ᠎ᠡ᠃ ᠡᠢ᠌ᠮᠦᠷᠭᠦ ᠠᠮᠢᠳᠤᠷᠠᠯ ᠤᠨ ᠠᠢ᠌ᠵᠢᠮ ᠴᠤᠭᠢᠯᠭ᠎ᠠ᠂ ᠥᠩᠭᠡ ᠪᠣᠳᠤᠭ᠂ ᠦᠨᠦᠷ ᠠᠮᠳᠠ ᠨᠢ ᠥᠭ᠍‍ᠭᠢᠶᠡᠮᠦᠷ ᠬᠤᠷᠸ᠎ᠠ ᠶᠢᠨ ᠡᠴᠢᠭᠡ ᠳᠡᠭ᠍ᠷᠢ᠂ ᠡᠨᠡᠷᠢᠯ ᠬᠠᠢ᠌ᠷ᠎ᠠ ᠶᠢᠨ ᠡᠭᠡ ᠭᠠᠵᠠᠷ ᠤᠨ ᠶᠢᠡᠨ ᠴᠢᠭᠢᠨ ᠤ ᠰᠤᠨᠤᠷ ᠢ ᠪᠠᠶᠠᠰᠬᠠᠵᠤ᠂ ᠴᠡᠭᠡᠵᠢᠨ ᠤ ᠭᠢᠨᠢ ᠤᠢ᠌ᠳᠬᠠᠷ ᠢ ᠳᠠᠢ᠌ᠯᠤᠭᠳᠠᠭᠤᠯᠵᠤ ᠪᠠᠢ᠌ᠮᠠᠷ᠃

ᠪᠢᠴᠢᠬᠠᠨ ᠰᠦᠨ ᠯᠢᠶᠠᠩ ᠤᠨ ᠪᠠᠶ᠎ᠠ ᠰᠡᠳᠭᠢᠯ ᠨᠢ ᠦᠪᠡᠷ ᠤᠨ ᠶᠢᠡᠨ ᠭᠦᠭ᠍ᠵᠢᠮᠳᠡᠭ᠍ᠰᠡᠨ ᠣᠶᠠᠬᠠᠨ ᠡᠭᠡᠰᠢᠭ᠌᠂ ᠢᠷᠠᠭᠤ ᠨᠠᠢ᠌ᠷᠠᠭ ᠲᠤ ᠪᠠᠨ ᠪᠦᠷᠢᠮᠦᠰᠤᠨ ᠠᠭᠤᠰᠴᠤ ᠨᠢᠭᠡᠮᠦᠰᠤᠨ ᠰᠤᠭᠳᠤᠭᠤᠷᠠᠨ᠎ᠠ᠃

ᠭᠡᠨᠡᠳᠲᠡ ᠡᠮᠦᠨᠡᠭᠦᠷ ᠨᠢ ᠨᠢᠭᠡ ᠶᠠᠭᠤᠮ᠎ᠠ ᠨᠡᠳᠦᠰᠭᠢᠭᠦ ᠪᠠᠷ ᠨᠢ ᠰᠦᠨ ᠯᠢᠶᠠᠩ ᠨᠢᠳᠤ ᠡᠷᠭᠦᠨ ᠬᠠᠷᠠᠭᠰᠠᠨ ᠴᠢᠨᠢ ᠠᠪᠣ ᠨᠢ ᠢᠷᠡᠭᠡᠳ ᠡᠮᠦᠨ᠎ᠡ ᠨᠢ ᠵᠤᠭᠰᠤᠵᠤ ᠪᠠᠢ᠌ᠪᠠ᠃ ᠣᠳᠤ ᠴᠤ ᠪᠠᠷᠠᠵᠠᠢ᠂ ᠨᠢᠭᠡ ᠨᠢᠪᠰᠢᠷᠠᠳᠠᠯ᠎ᠠ ᠵᠠᠠᠴᠢᠭᠳᠠᠬᠤ ᠡᠴᠡ ᠮᠤᠯᠳᠤᠷᠠᠵᠤ ᠳᠡᠢ᠌ᠯᠭᠦ ᠦᠭᠡᠶ ᠪᠣᠯᠵᠠᠢ ᠭᠡᠵᠤ ᠪᠣᠳᠤᠭᠰᠠᠨ ᠰᠦᠨ ᠯᠢᠶᠠᠩ ᠳᠠᠰᠬᠠᠯ ᠶᠢᠡᠨ ᠪᠣᠷᠤᠭᠤ ᠭᠢᠭ᠍ᠰᠡᠨ ᠬᠡᠦᠬᠡᠳ ᠪᠠᠭᠰᠢ ᠶᠢᠨ ᠶᠢᠡᠨ ᠡᠮᠦᠨ᠎ᠡ ᠪᠣᠷᠤᠭᠤ ᠭᠦᠯᠢᠶᠡᠨ ᠵᠤᠭᠰᠤᠬᠤ ᠰᠢᠭ ᠳᠤᠯᠤᠭᠠᠢ ᠭᠤᠬᠤᠢ᠌ᠨ ᠲᠦᠪ ᠵᠤᠭᠰᠤᠬᠤ ᠳᠤ ᠠᠪᠣ ᠨᠢ ᠠᠯᠠᠭᠠᠳᠠᠭᠰᠠᠨ ᠦᠭᠡᠶ᠂ ᠵᠡᠩᠳᠦᠷᠦᠭᠰᠡᠨ ᠥᠭᠡᠢ᠂ ᠶᠡᠭᠡᠯ᠎ᠡ ᠭᠠᠢ᠌ᠬᠠᠭᠰᠠᠨ ᠰᠦᠨ ᠯᠢᠶᠠᠩ ᠳᠤᠯᠤᠭᠠᠢ ᠡᠷᠭᠦᠨ ᠠᠪᠣ ᠶᠢᠨ ᠶᠢᠡᠨ ᠴᠢᠷᠠᠢ ᠶᠢ ᠬᠠᠷᠠᠬᠤ ᠳᠤ ᠠᠭᠤᠷᠯᠠᠵᠤ ᠭᠢᠯᠢᠩᠨᠡᠭ᠍ᠰᠡᠨ ᠪᠠᠢ᠌ᠳᠠᠯ ᠲᠦᠯᠤᠪ ᠣᠭᠳᠤ ᠬᠠᠷᠠᠭᠳᠠᠬᠤ ᠦᠭᠡᠶ᠂ ᠬᠠᠷᠢᠨ ᠭᠠᠢ᠌ᠬᠠᠨ ᠰᠤᠨᠢᠷᠬᠠᠭᠰᠠᠨ ᠶᠠᠩᠵᠤ ᠳᠦᠷᠭᠦ ᠢᠯᠠᠷᠠᠵᠤ ᠪᠠᠢ᠌ᠯ᠎ᠠ᠃

ᠬᠤᠭᠤᠷ ᠤᠨ ᠠᠷᠠᠯ ᠡᠴᠡ ᠪᠠᠨ ᠪᠠᠰᠠ ᠪᠣᠭᠤᠨᠢ ᠪᠠᠢ᠌ᠭ᠎ᠠ ᠪᠠᠭ᠎ᠠ ᠭᠦᠤ ᠰᠦᠨ ᠯᠢᠶᠠᠩ ᠤᠨ ᠶᠢᠡᠨ ᠢᠩᠭᠢᠵᠤ ᠡᠯᠢᠭᠡᠳᠡᠨ ᠢ ᠡᠩᠰᠡᠷᠡᠭᠦᠯᠵᠤ᠂ ᠪᠢᠯᠢᠭ᠍ᠳᠡᠨ ᠢ ᠪᠢᠰᠢᠷᠡᠭᠦᠯᠦᠮᠡᠷ ᠰᠠᠢ᠌ᠬᠠᠨ ᠬᠤᠭᠤᠷᠳᠠᠴᠢᠬᠠᠨ᠎ᠠ ᠭᠡᠳᠡᠭ᠌ ᠢ ᠭᠡᠷᠪᠡ ᠳᠤᠭᠳᠤᠩᠭ᠋᠎ᠠ ᠭᠤᠸᠠᠢ ᠦᠪᠡᠷ ᠤᠨ ᠨᠢᠳᠤ ᠪᠠᠷ ᠶᠢᠡᠨ ᠦᠵᠡᠵᠤ᠂ ᠴᠢᠭᠢ ᠪᠠᠷ ᠶᠢᠡᠨ ᠰᠤᠨᠤᠰᠤᠭᠰᠠᠨ ᠦᠭᠡᠶ ᠪᠣᠯ ᠶᠠᠭᠠᠭᠢᠭᠰᠠᠨ ᠴᠤ ᠢᠳᠡᠭᠡᠭᠦ ᠶ‍ᠦᠮ ᠪᠢᠰᠢ ︕

ᠡᠢ᠌ᠮᠤ ᠪᠢᠴᠢᠬᠠᠨ ᠬᠡᠦᠬᠡᠳ ᠢᠩᠭᠢᠵᠤ ᠰᠠᠢ᠌ᠬᠠᠨ ᠭᠦᠭ᠍ᠵᠢᠮᠳᠡᠨ᠎ᠡ ᠭᠡᠵᠤ ᠥᠨᠡᠭᠡᠷ ᠰᠡᠳᠭᠢᠭ᠍ᠳᠡᠰᠢ ᠦᠭᠡᠶ ᠭᠡᠵᠤ ᠳᠤᠭᠳᠤᠩᠭ᠋᠎ᠠ ᠭᠤᠸᠠᠢ ᠳᠤᠯᠤᠭᠠᠢ ᠪᠠᠨ ᠦᠯᠦ ᠮᠡᠳᠡᠭ᠌ ᠰᠠᠵᠢᠭᠰᠠᠭᠠᠷ 《ᠬᠤᠭᠤᠷ ᠰᠤᠷᠬᠤ ᠪᠠᠰᠠ ᠳᠠᠢ᠌ᠮᠤ ᠮᠠᠭᠤ ᠣᠴᠢᠷ ᠪᠢᠰᠢ᠁ ᠳᠠᠢ᠌ᠮᠤ ᠮᠠᠭᠤ ᠣᠴᠢᠷ ᠪᠢᠰᠢ᠁》 ᠭᠡᠵᠤ ᠳᠦᠳᠦᠨᠡᠨ ᠭᠡᠯᠡᠭᠡᠳ ᠭᠠᠷᠴᠤ ᠣᠳᠤᠯ᠎ᠠ᠃ ᠰᠦᠨ ᠯᠢᠶᠠᠩ ᠠᠯᠮᠠᠢ᠌ᠷᠠᠯ ᠪᠠᠴᠢᠮᠳᠠᠯ ᠤᠨ ᠳᠤᠮᠳᠠ ᠪᠠᠨ ᠰᠠᠨᠠᠭᠠᠨ ᠡᠴᠡ ᠭᠠᠳᠠᠭᠤᠷ ᠠᠪᠣ ᠶᠢᠨ ᠶᠢᠡᠨ ᠵᠦᠪᠰᠢᠶᠠᠷᠠᠯ ᠢ ᠣᠯᠤᠭᠰᠠᠨ ᠳᠤ ᠪᠠᠨ ᠭᠡᠨᠡᠳᠲᠡ ᠰᠡᠳᠭᠢᠯ ᠭᠦᠳᠡᠯᠤᠨ ᠣᠶᠠᠷᠠᠨ ᠡᠪᠭᠡᠷᠡᠭᠡᠳ᠂ ᠳᠡᠷᠡᠭᠡᠨ ᠊ᠭ᠍ᠱᠡᠨ᠎ᠡ ᠮᠣᠢ᠌ᠯ ᠬᠠᠷ᠎ᠠ ᠨᠢᠳᠤᠨ ᠤ ᠭᠢᠨᠢ ᠨᠢᠯᠪᠣᠰᠤ ᠬᠠᠰᠢᠯᠭ᠎ᠠ ᠪᠠᠨ ᠰᠡᠳᠡᠯᠦᠭ᠍ᠰᠡᠨ ᠭᠤᠤᠯ ᠤᠨ ᠣᠰᠤ ᠰᠢᠭ ᠮᠠᠯ ᠭᠢᠨ ᠣᠷᠤᠰᠤᠨ ᠪᠠᠭᠤᠯ᠎ᠠ᠃

ᠲ᠋ᠠᠷᠠ ᠪᠠᠶᠠᠷᠯᠠᠬᠤ ᠳᠤ ᠪᠠᠨ ᠣᠭᠢᠯᠠᠴᠢᠬᠠᠯ᠎ᠠ᠃ ᠳᠤᠭᠳᠤᠯᠤᠭᠰᠠᠨ ᠰᠡᠳᠭᠢᠯ ᠳᠡᠭᠦᠨ ᠤ ᠪᠢᠴᠢᠬᠠᠨ ᠴᠡᠭᠡᠵᠢᠨ ᠳᠤ ᠦᠯᠵᠡᠢ᠌ᠮᠦᠷᠠᠨ ᠤ ᠳᠤᠭᠰᠢᠨ ᠳᠠᠪᠠᠯᠭᠠᠨ ᠰᠢᠭ ᠣᠢ᠌ᠯᠤᠨ ᠴᠠᠯᠭᠢᠯᠠᠨ᠎ᠠ᠃ ᠳᠠᠷᠠ ᠪᠣᠳᠠᠳᠤ ᠠᠵᠢᠯᠯᠠᠭ᠎ᠠ ᠪᠠᠷ ᠶᠢᠡᠨ ᠠᠪᠣ ᠶᠢᠨ ᠶᠢᠡᠨ ᠰᠡᠳᠭᠢᠯ ᠢ ᠭᠦᠳᠡᠯᠭᠡᠵᠤ᠂ ᠬᠤᠭᠤᠷ ᠰᠤᠷᠴᠤ ᠬᠤᠭᠤᠷᠴᠢ ᠪᠣᠯᠬᠤ ᠭᠡᠰᠡᠨ ᠭᠦᠰᠡᠯ ᠰᠡᠳᠬᠢᠯᠭᠡ ᠨᠢ ᠡᠴᠦᠰ ᠲᠤ ᠪᠠᠨ᠂ ᠣᠭᠳᠤᠬᠠᠨ ᠳᠤᠷ᠎ᠠ ᠦᠭᠡᠶ ᠪᠠᠢ᠌ᠭᠰᠠᠨ ᠠᠪᠣ ᠶᠢᠨ ᠶᠢᠡᠨ ᠵᠦᠪᠰᠢᠶᠠᠷᠠᠯ ᠢ ᠣᠯᠤᠭᠰᠠᠨ ᠳᠤ ᠪᠠᠨ ᠳᠠᠷᠠ ᠳᠡᠰᠭᠡᠯ ᠦᠭᠡᠶ ᠪᠠᠶᠠᠷᠯᠠᠨ᠎ᠠ᠃

ᠭᠠᠳᠠᠨ᠎ᠠ ᠭᠡᠷ ᠡᠴᠡ ᠬᠠᠷᠠᠵᠤ ᠪᠠᠢ᠌ᠭᠰᠠᠨ ᠡᠵᠢ ᠨᠢ ᠭᠦᠦᠳᠡᠭᠦᠳᠤ ᠣᠤᠠᠬᠤᠨ ᠭᠦᠤ ᠶᠢᠨ ᠶᠢᠡᠨ ᠵᠤᠳᠤᠭᠳᠠᠬᠤ ᠡᠴᠡ ᠮᠤᠯᠳᠤᠷᠠᠵᠤ᠂ ᠬᠤᠭᠤᠷ ᠲ᠋ᠠᠳᠠᠵᠤ ᠬᠤᠭᠤᠷᠴᠢ ᠪᠣᠯᠬᠤ ᠡᠷᠭᠡ ᠮᠠᠳᠠᠯ ᠲᠡᠶ ᠪᠣᠯᠤᠭᠰᠠᠨ ᠳᠤ ᠮᠦᠨ ᠠᠯᠠᠰᠭᠢᠨ ᠪᠠᠶᠠᠷᠯᠠᠵᠤ ᠳᠤᠳᠤᠷ ᠭᠡᠷ ᠲᠤ ᠭᠦᠶᠤᠨ ᠣᠷᠤᠵᠤ ᠢᠷᠡᠭᠡᠳ ᠭᠦᠭᠡᠷᠦᠭᠦᠢ ᠭᠦᠤ ᠶᠢᠨ ᠶᠢᠡᠨ ᠪᠣᠷᠵᠠᠭ ᠰᠢᠷ᠎ᠠ ᠳᠤᠯᠤᠭᠠᠢ ᠶᠢ ᠡᠩᠭᠦᠷᠡᠢ᠌ᠯᠡᠨ ᠢᠯᠪᠢᠵᠤ᠂ ᠬᠤᠨᠢᠨ ᠪᠣᠷᠤ ᠨᠢᠳᠤᠨ ᠡᠴᠡ ᠪᠠᠨ ᠰᠤᠪᠣᠤᠨ ᠤᠨ ᠮᠥᠭᠦᠯᠢᠭ᠌ ᠭᠡᠯᠭᠢᠶᠡᠷᠡᠭᠦᠯᠵᠤ ᠪᠠᠢ᠌ᠪᠠ᠃

ᠭᠦᠰᠡᠯᠡᠩ ᠲᠡᠶ ᠭᠦᠮᠤᠨ ᠪᠣᠯ ᠰᠠ‍‌ᠶᠢ ᠵᠤᠯ ᠵᠢᠷᠭᠠᠯᠳᠡᠢ ᠃ ᠭᠦᠰᠡᠯᠡᠩ ᠶᠢᠡᠨ ᠠᠯᠬᠤᠮ ᠠᠯᠬᠤᠮ ᠶᠢᠡᠷ ᠪᠠᠶᠡᠯᠡᠭᠦᠯᠵᠤ ᠶᠠᠪᠣᠬᠤ ᠨᠢ ᠨᠠᠩ ᠶᠡᠭᠡ ᠵᠤᠯ ᠵᠢᠷᠭᠠᠯ ᠪᠣᠯᠳᠠᠭ᠃

ᠰᠦᠨ ᠯᠢᠶᠠᠩ ᠳᠤᠭᠳᠤᠯᠤᠭᠰᠠᠨ ᠰᠡᠳᠬᠢᠯᠭᠡ ᠪᠠᠨ ᠳᠠᠷᠤᠵᠤ ᠶᠠᠳᠠᠨ ᠬᠤᠭᠤᠷ ᠶᠢᠡᠨ ᠠᠪᠴᠤ ᠠᠰ ᠪᠠᠷᠢᠭᠠᠤᠨ ᠨᠤᠮᠤ ᠪᠠᠨ ᠡᠷᠭᠦᠯ᠎ᠡ᠃

ᠮᠤᠩᠭ᠋ᠤᠯ ᠨᠤᠳᠤᠭ ᠭᠡᠭ᠍ᠴᠢ ᠠᠭᠤᠵᠢᠮ ᠯᠠ ᠪᠣᠯᠬᠤᠷ ᠬᠤᠭᠤᠷ ᠤᠨ ᠡᠭᠡᠰᠢᠭ᠌ ᠨᠢ ᠡᠷᠴᠢᠮᠳᠡᠢ ᠴᠤᠤᠷᠢᠶᠠᠳᠤᠨ᠎ᠠ ︕

ᠮᠤᠩᠭ᠋ᠤᠯ ᠠᠷᠠᠤᠨ ᠤᠨ ᠳᠠᠭᠤᠤ ᠪᠠᠶᠠᠯᠢᠭ ᠯᠠ ᠳᠤᠯᠠ ᠬᠤᠭᠤᠷ ᠤᠨ ᠡᠡᠶᠡᠰ ᠢ ᠴᠢᠯᠦᠭᠡᠳᠡᠢ ᠠᠰᠢᠭᠯᠠᠨ᠎ᠠ ︕

ᠠᠷᠠᠤᠨ ᠤᠨ ᠳᠠᠭᠤᠤ ᠶᠢᠨ ᠭᠠᠢ᠌ᠬᠠᠮᠰᠢᠭ ᠲᠡᠶ ᠰᠠᠢ᠌ᠬᠠᠨ ᠨᠢ ᠥᠭᠡ ᠥᠭᠦᠯᠡᠪᠦᠷᠢ ᠪᠦᠭᠦᠨ ᠳᠤ ᠨᠢ ᠳᠦᠷᠢ ᠲᠦᠯᠤᠪ ᠰᠢᠩᠭᠡᠭᠡ ᠲᠡᠶ᠂ ᠠᠢ᠌ᠵᠢᠮ ᠴᠤᠭᠢᠯᠭ᠎ᠠ ᠪᠦᠷᠢ ᠳᠤ ᠨᠢ ᠷᠢᠳᠢ ᠰᠢᠳᠢ ᠣᠷᠤᠰᠢᠵᠤ ᠪᠠᠢ᠌ᠨ᠎ᠠ᠃

ᠲ᠋ᠠᠷᠠ ᠦᠶ᠎ᠡ ᠳᠤ ᠰᠦᠨ ᠯᠢᠶᠠᠩ ᠰᠠ‍‌ᠶᠢ ᠠᠷᠪᠠᠨ ᠨᠢᠭᠡᠭᠡᠨ ᠨᠠᠰᠤᠳᠠᠢ ᠪᠠᠢ᠌ᠪᠠ᠃ ᠳᠦᠷᠪᠠᠨ ᠣᠳᠠᠰᠤᠳᠤ ᠬᠤᠭᠤᠷ ᠶᠢᠡᠨ ᠳᠤᠷ᠎ᠠ ᠮᠠᠳᠠᠨ ᠳᠠᠳᠠᠵᠤ ᠳᠡᠢ᠌ᠯᠭᠦ ᠪᠣᠯᠤᠭᠰᠠᠨ ᠡᠴᠡ ᠣᠳᠠᠵᠤ ᠳᠦᠳᠠᠯ ᠦᠭᠡᠶ ᠮᠠᠰᠢ ᠣᠯᠠᠨ ᠬᠤᠷᠴᠢᠨ ᠠᠷᠠᠤᠨ ᠤᠨ ᠳᠠᠭᠤᠤ ᠶᠢᠨ ᠠᠶ᠎ᠠ ᠶᠢ ᠬᠤᠭᠤᠷᠳᠠᠵᠤ ᠴᠢᠳᠠᠬᠤ ᠪᠣᠯᠤᠭᠰᠠᠨ ᠡᠴᠡ ᠰᠡᠢ᠌ᠨ ᠴᠢᠮᠡᠭᠡ ᠨᠢᠭᠡ ᠡᠴᠡ ᠠᠷᠪᠠ᠂ ᠠᠷᠪᠠ ᠡᠴᠡ ᠵᠠᠭᠤ᠁ ᠠᠮᠠ ᠳᠠᠮᠵᠢᠵᠤ ᠠᠯᠤᠰ ᠶᠠᠪᠣᠭᠰᠠᠭᠠᠷ ᠠᠢ᠌ᠯ ᠠᠢ᠌ᠮᠠᠭ᠂ ᠭᠦᠷᠰᠢ ᠳᠤᠰᠬᠤᠨ᠂ ᠴᠢᠨᠠᠭᠰᠢᠯᠠᠨ ᠬᠤᠰᠢᠭᠤ ᠠᠯᠤᠰ ᠪᠦᠷ ᠦᠣᠭᠡ ᠳᠡᠦᠭᠡ ᠭᠡᠯᠡᠯᠴᠡᠭᠦ ᠰᠢᠭ᠌ ᠠᠯᠳᠠᠷ ᠴᠤᠤ ᠮᠠᠠᠳᠤᠵᠠᠢ᠃

᠊᠊᠊᠊᠊᠊᠊᠊᠊᠊᠊᠊᠊᠊᠊ ᠲ᠋ᠠᠷᠬᠠᠨ ᠬᠤᠰᠢᠭᠤᠨ ᠳᠤ ᠨᠢᠭᠡ ᠳᠡᠭᠡᠳᠤ ᠳᠡᠭ᠍ᠷᠢ ᠡᠴᠡ ᠬᠠᠢ᠌ᠷᠠᠯᠠᠭᠰᠠᠨ ᠳᠦᠷᠪᠠᠨ ᠣᠳᠠᠰᠤᠳᠤ ᠬᠤᠭᠤᠷ ᠤᠨ ᠣᠷ᠎ᠠ ᠠᠪᠢᠶᠠᠰ ᠲᠡᠶ 《ᠰᠠᠴᠠᠨ ᠬᠡᠦᠬᠡᠳ》 ᠭᠠᠷᠴᠤ ᠭᠡᠨ᠎ᠡ᠃

᠊᠊᠊᠊᠊᠊᠊᠊᠊᠊᠊᠊᠊᠊᠊ ᠡᠭᠡ ᠡᠴᠡ ᠪᠠᠨ ᠳᠦᠷᠦᠭᠦ ᠳᠤ ᠪᠠᠨ ᠭᠡᠷᠡᠯᠳᠡᠢ ᠭᠠᠷᠴᠤ ᠢᠷᠠᠵᠤ ᠭᠡᠨ᠎ᠡ᠃

᠊᠊᠊᠊᠊᠊᠊᠊᠊᠊᠊᠊᠊᠊᠊ ᠠᠩᠬ᠎ᠠ ᠨᠢᠳᠤ ᠨᠡᠭᠡᠭᠡᠭᠦ ᠳᠤ ᠪᠠᠨ ᠪᠠᠢ᠌ᠰᠢᠩ ᠭᠡᠷ ᠤᠨ ᠪᠠᠷᠠᠭᠤᠨ ᠬᠠᠨ᠎ᠠ ᠳᠤ ᠡᠯᠭᠦᠭᠡᠰᠦᠳᠡᠢ ᠬᠤᠭᠤᠷ ᠢ ᠥᠵᠡᠭᠡᠳ ᠢᠨᠢᠶᠠᠵᠤ ᠭᠡᠨ᠎ᠡ᠃

᠊᠊᠊᠊᠊᠊᠊᠊᠊᠊᠊᠊᠊᠊᠊ ᠴᠠᠭᠠᠨ ᠡᠪᠦᠭᠡᠨ ᠳᠡᠭᠦᠨ ᠳᠤ ᠬᠤᠭᠤᠷ ᠳᠠᠳᠠᠬᠤ ᠶᠢ ᠵᠢᠭᠠᠵᠤ ᠥᠭ᠍ᠴᠤ ᠭᠡᠨ᠎ᠡ᠃

ᠨᠠᠷ᠎ᠠ ᠨᠢ ᠮᠠᠠᠳᠤᠵᠤ ᠨᠢᠳᠠᠷ ᠨᠢ ᠳᠠᠭᠤᠷᠢᠰᠤᠭᠰᠠᠨ ᠰᠦᠨ ᠯᠢᠶᠠᠩ ᠣᠳᠤ ᠭᠡᠷ ᠲᠤ ᠰᠠᠭᠤᠵᠤ ᠳᠡᠢ᠌ᠯᠭᠦ ᠦᠭᠡᠶ ᠪᠣᠯᠵᠠᠢ᠃ ᠰᠠ‍‌ᠶᠢ ᠡᠭᠢᠯᠡᠭᠦ ᠳᠤ ᠪᠠᠨ ᠠᠢ᠌ᠯ ᠵᠡᠷᠭᠡᠯᠡᠳᠡᠭᠡ ᠶᠢᠨ ᠵᠠᠯᠠᠯᠭ᠎ᠠ ᠳᠤ ᠶᠠᠪᠣᠳᠠᠭ ᠪᠠᠢ᠌ᠭᠰᠠᠨ ᠡᠴᠡ ᠪᠠᠨ ᠠᠭᠠᠵᠢᠮ ᠶᠢᠡᠷ ᠭᠦᠷᠰᠢ ᠠᠢ᠌ᠯ᠂ ᠴᠢᠨᠠᠭᠰᠢᠯᠠᠨ ᠬᠤᠰᠢᠭᠤ ᠳᠠᠮᠵᠢᠨ ᠵᠠᠯᠠᠯᠭ᠎ᠠ ᠳᠤ ᠶᠠᠪᠣᠬᠤ ᠪᠣᠯᠪᠠ᠃ ᠬᠠᠮᠢᠭ᠎ᠠ ᠣᠴᠢᠪᠠᠯ ᠬᠠᠮᠢᠭᠠᠭᠢ ᠶᠢᠨ ᠠᠷᠠᠤᠨ ᠲᠦᠮᠡᠨ ᠳᠤ ᠪᠠᠨ ᠰᠠᠢ᠌ᠨ ᠶᠠᠪᠣᠳᠠᠯ ᠭᠢᠨ᠎ᠠ᠃ ᠬᠤᠭᠤᠷ ᠤᠨ ᠭᠦᠭ᠍ᠵᠢᠮ ᠶᠢᠡᠨ ᠡᠷᠭᠦᠭᠡᠳ ᠰᠡᠳᠭᠢᠯ ᠰᠠᠨᠠᠭ᠎ᠠ ᠶᠢ ᠨᠢ ᠪᠠᠶᠠᠰᠬᠠᠨ᠎ᠠ᠂ ᠬᠤᠩᠬᠤᠰ ᠳᠡᠭᠡᠷᠡᠮ ᠢᠷᠠᠪᠠᠯ ᠪᠠᠰᠠ ᠬᠤᠭᠤᠷ ᠭᠦᠭ᠍ᠵᠢᠮ ᠶᠢᠡᠨ ᠡᠷᠭᠦᠵᠤ ᠰᠠᠨᠠᠭ᠎ᠠ ᠪᠣᠳᠤᠯᠭ᠎ᠠ ᠶᠢ ᠨᠢ ᠣᠶᠠᠷᠠᠭᠤᠯᠤᠨ᠂ ᠪᠣᠯᠢᠶᠠᠵᠤ ᠳᠡᠭᠡᠷᠡᠮᠳᠡᠭᠦ ᠠᠵᠢᠯᠯᠠᠭ᠎ᠠ ᠶᠢ ᠨᠢ ᠬᠤᠷᠢᠭᠯᠠᠵᠤ ᠴᠢᠳᠠᠭᠰᠠᠨ ᠥᠯᠢᠭᠡᠷ ᠲᠡᠶ᠃

ᠲ᠋ᠤᠬᠠᠢ ᠶᠢᠨ ᠦᠶ᠎ᠡ ᠶᠢᠨ ᠳᠠᠷᠬᠠᠨ ᠬᠤᠰᠢᠭᠤᠨ ᠤ ᠬᠤᠩᠬᠤᠰ ᠳᠡᠭᠡᠷᠡᠮ ᠭᠡᠵᠤ ᠴᠥᠭᠡᠨ ᠪᠣᠰᠤ ᠪᠠᠢ᠌ᠵᠠᠢ᠃ ᠪᠧᠢ ᠯᠠᠢ ᠰᠢᠩ ᠤᠨ ᠬᠤᠩᠬᠤᠰ ᠭᠡᠳᠡᠯ᠎ᠡ ᠮᠠᠨ ᠳᠢᠶᠠᠨ ᠬᠤᠩ ᠤᠨ ᠳᠡᠭᠡᠷᠡᠮ ᠭᠡᠳ ᠬᠤᠰᠢᠭᠤ ᠨᠤᠳᠤᠭ ᠤᠨ ᠠᠷᠠᠤᠨ ᠲᠦᠮᠡᠨ ᠶᠢᠡᠨ ᠡᠳᠦᠷ ᠤᠨ ᠮᠠᠷᠭᠠᠰᠢ ᠪᠣᠯᠢᠶᠠᠵᠤ ᠳᠡᠭᠡᠷᠡᠮᠳᠡᠭᠡᠳ ᠭᠠᠯ ᠣᠰᠤᠨ ᠤ ᠭᠠᠰᠠᠯᠠᠩ ᠵᠤᠪᠠᠯᠠᠩ ᠢ ᠠᠮᠰᠠᠭᠤᠯᠵᠤ ᠪᠠᠢ᠌ᠪᠠ᠃ ᠡᠭᠦᠨ ᠤ ᠳᠡᠭᠡᠷ᠎ᠡ ᠶᠠᠫᠣᠨ ᠳᠡᠭᠡᠷᠡᠮ ᠭᠡᠳᠡᠯ᠎ᠡ ᠭᠤᠮᠢᠠᠳᠠᠩ ᠤᠨ ᠣᠷᠭᠤᠳᠠᠯ ᠴᠡᠷᠢᠭ᠌ ᠭᠡᠳ ᠪᠣᠯᠢᠶᠠᠵᠤ ᠴᠢᠩᠭ᠋ᠠᠭᠠᠬᠤ ᠣᠴᠢᠷ ᠶᠠᠷᠤᠨᠢ ᠳᠠᠰᠤᠷᠠᠬᠤ ᠦᠭᠡᠶ᠃

ᠨᠢᠭᠡ ᠣᠳᠠᠭ᠎ᠠ᠂ ᠮᠠᠨ ᠳᠢᠶᠠᠨ ᠬᠤᠩ ᠤᠨ ᠬᠤᠩᠬᠤᠰ ᠤᠨ ᠭᠡᠷ ᠳᠤᠤᠷᠠᠭᠢ ᠵᠠᠩ ᠰᠢᠶᠤᠤ ᠯᠠᠮ᠎ᠠ ᠭᠡᠳᠡᠭ᠌ ᠵᠢᠵᠢᠭ᠌ ᠳᠦᠷᠦᠭᠦᠤ ᠨᠢ ᠨᠢᠭᠡ ᠪᠦᠯᠦᠭ᠌ ᠳᠡᠭᠡᠷᠡᠮ ᠶᠢᠡᠨ ᠳᠠᠭᠠᠭᠠᠭᠤᠯᠵᠤ ᠣᠪᠣᠠᠳᠠᠢ ᠨᠤᠳᠤᠭ ᠤᠨ ᠣᠷᠢᠳᠤ ᠮᠤᠳᠤᠨ ᠠᠢ᠌ᠯ ᠳᠤ ᠢᠪ ᠳᠠᠷᠤᠨ ᠣᠷᠤᠭᠠᠤᠨ ᠪᠣᠯᠢᠶᠠᠵᠤ ᠳᠡᠭᠡᠷᠡᠮᠳᠡᠭᠦ ᠪᠣᠯᠪᠠ᠃ ᠳᠠᠷᠠ ᠦᠶ᠎ᠡ ᠳᠤ ᠰᠦᠨ ᠯᠢᠶᠠᠩ ᠶᠠᠭ ᠰᠠᠢ᠌ᠬᠠᠨ ᠳᠤᠰ ᠠᠢ᠌ᠯ ᠳᠤ ᠢᠷᠡᠭᠡᠳ ᠢᠰᠢᠩᠭ᠋᠎ᠠ᠂ ᠬᠤᠵᠢᠭᠢᠷ᠂ ᠳᠠᠮᠳᠢᠠᠰᠦ᠋ᠷᠤᠩ ᠨᠡᠷ ᠲᠡᠶ ᠬᠠᠮᠳᠤ ᠵᠠᠯᠭᠠᠠᠪᠠᠶᠠᠷ ᠭᠡᠳᠡᠭ᠌ ᠭᠦᠮᠤᠨ ᠤ ᠭᠡᠷ ᠲᠤ ᠬᠤᠭᠤᠷ ᠭᠦᠭ᠍ᠵᠢᠮ ᠳᠠᠭᠠᠷᠠᠭᠤᠯᠵᠤ ᠭᠦᠭ᠌ ᠳᠡᠭᠡᠷ᠎ᠡ ᠨᠢ ᠪᠠᠢ᠌ᠵᠠᠢ᠃ ᠳᠡᠭᠡᠷᠡᠮ ᠤᠳ ᠭᠡᠷ ᠣᠷᠤᠭᠠᠤᠨ ᠢᠷᠡᠭᠦ ᠳᠤ ᠰᠦᠨ ᠯᠢᠶᠠᠩ ᠳᠠᠳᠠ ᠶᠠᠭ ᠯᠠ ᠶᠠᠮᠠᠷ ᠴᠤ ᠭᠡᠷᠡᠭ᠌ ᠭᠠᠷᠤᠭᠰᠠᠨ ᠥᠭᠡᠢ ᠮᠠᠳᠤ ᠬᠤᠭᠤᠷ ᠶᠢᠡᠨ ᠳᠠᠳᠠᠬᠤ ᠪᠠᠷ ᠶᠢᠡᠨ ᠳᠠᠳᠠᠵᠤ ᠯᠠ ᠪᠠᠢ᠌ᠪᠠ᠃ ᠰᠦᠨ ᠯᠢᠶᠠᠩ ᠤᠨ ᠪᠠᠭ᠎ᠠ ᠬᠤᠭᠤᠷ᠂ ᠬᠤᠵᠢᠭᠢᠷ ᠤᠨ ᠪᠦᠳᠦᠭᠦᠨ ᠬᠤᠭᠤᠷ᠂ ᠢᠰᠢᠩᠭ᠋᠎ᠠ ᠶᠢᠨ ᠴᠤᠭᠤᠷ᠂ ᠳᠠᠮᠳᠢᠠᠰᠦᠷᠤᠩ ᠤᠨ ᠱᠠᠠᠵᠠ ᠠᠢ᠌ᠵᠢᠮ ᠳᠠᠭᠠᠷᠠᠵᠤ᠂ ᠴᠤᠭᠢᠯᠭ᠎ᠠ ᠵᠤᠭᠢᠴᠠᠭᠠᠤᠨ᠂ ᠭᠦᠭ᠌ ᠨᠠᠢ᠌ᠯᠠᠵᠤ ᠭᠦᠭᠯᠡᠭᠦᠯᠦᠭᠡᠳ ᠢᠷᠡᠭᠦᠯᠡᠷ ᠫᠣᠤ ᠰᠤᠮᠤ ᠲᠡᠶ᠂ ᠵᠢᠳᠠ ᠰᠠᠯᠠᠮ᠎ᠠ ᠲᠡᠶ᠂ ᠪᠣᠯᠢᠶᠠᠵᠤ ᠴᠢᠩᠭ᠋ᠠᠭᠠᠬᠤ ᠰᠠᠨᠠᠭ᠎ᠠ ᠲᠡᠶ ᠢᠷᠡᠭ᠍ᠰᠡᠨ ᠳᠡᠭᠡᠷᠡᠮᠴᠢᠳ ᠣᠶᠠᠷᠠᠭᠤᠨ ᠰᠠᠢ᠌ᠬᠠᠨ ᠭᠦᠭ᠍ᠵᠢᠮ ᠠᠶ᠎ᠠ ᠶᠢ ᠰᠤᠨᠤᠰᠴᠤ ᠰᠤᠨᠤᠰᠤᠭᠠᠤᠨ ᠪᠦᠷ ᠰᠡᠳᠭᠢᠯ ᠭᠦᠳᠡᠯᠵᠤ᠂ ᠰᠠᠨᠠᠭ᠎ᠠ ᠣᠶᠠᠷᠠᠭᠠᠤᠨ ᠨᠢᠭᠡ ᠭᠦᠮᠤᠨ ᠴᠤ ᠣᠷᠢᠳᠴᠢᠯᠠᠨ ᠭᠠᠷ ᠭᠦᠳᠡᠯᠭᠦ ᠦᠭᠡᠶ ᠪᠠᠢ᠌ᠯ᠎ᠠ᠃ ᠪᠠᠢ᠌ᠳᠠᠯ ᠢ ᠦᠵᠡᠵᠤ ᠭᠠᠷᠤᠭᠰᠠᠨ ᠵᠠᠩ ᠰᠢᠶᠤᠤ ᠯᠠᠮ᠎ᠠ ᠣᠯᠠᠨ ᠢ ᠪᠠᠨ ᠳᠠᠭᠤᠳᠠᠵᠤ 《 ᠶᠠᠪᠣᠶ᠎ᠠ ︕ ᠶᠠᠪᠣᠶ᠎ᠠ ︕》 ᠭᠡᠳ ᠪᠦᠭᠦᠳᠡᠭᠡᠷ ᠭᠦᠯᠦᠭ᠌ ᠮᠤᠷᠢᠨ ᠳᠤ ᠪᠠᠨ ᠮᠤᠷᠳᠠᠵᠠᠭᠠᠨ ᠳᠤᠰ ᠠᠢ᠌ᠯ ᠤᠨ ᠰᠢᠷᠭᠡᠭ᠌ ᠡᠪᠠᠰᠤ ᠶᠢ ᠨᠢ ᠭᠦᠳᠡᠯᠭᠡᠭ᠍ᠰᠡᠨ ᠦᠭᠡᠶ᠂ ᠮᠥᠭᠦᠯᠢᠭ᠌ ᠠᠮᠤ ᠶᠢ ᠨᠢ ᠪᠣᠯᠢᠶᠠᠭᠰᠠᠨ ᠦᠭᠡᠶ ᠵᠡᠭᠦᠨ ᠬᠣᠢ᠌ᠳᠤ ᠵᠥᠭ᠌ ᠲᠤ ᠳᠤᠪᠳᠤᠯᠭᠠᠨ ᠣᠳᠤᠭᠰᠠᠨ ᠪᠢᠯᠠ ︕ ᠡᠨᠡᠭᠦ ᠰᠠᠢ᠌ᠨ ᠶᠠᠪᠣᠳᠠᠯ ᠨᠢ ᠬᠤᠷᠤᠮᠬᠠᠨ ᠵᠠᠭᠤᠷ᠎ᠠ ᠬᠤᠷᠴᠢᠨ ᠨᠤᠳᠤᠭ ᠤᠨ ᠠᠢ᠌ᠯ ᠡᠷᠦᠭᠡ ᠪᠦᠷᠢ ᠵᠢᠨ ᠴᠠᠢ ᠶᠢᠨ ᠵᠤᠭ᠎ᠠ᠂ ᠳᠠᠷᠠᠰᠤᠨ ᠤ ᠵᠤᠭᠤᠭ ᠪᠣᠯᠤᠨ ᠲ᠋ᠠᠷᠬᠠᠨ ᠳᠡᠯᠭᠡᠷᠡᠭ᠍ᠰᠡᠭᠡᠷ ᠣᠳᠠᠵᠤ ᠳᠦᠳᠠᠯ ᠥᠭᠡᠢ ᠨᠢᠭᠡᠨ ᠢᠵᠢ ᠳᠤᠮᠤᠭ ᠥᠯᠢᠭᠡᠷ ᠰᠢᠭ᠌ ᠦᠷᠭᠡᠨ ᠶᠢᠡᠷ ᠤᠯᠡᠮᠵᠢᠯᠠᠭᠳᠠᠭᠰᠡᠨ ᠪᠠᠢ᠌ᠨ᠎ᠠ᠃

ᠡᠢ᠌ᠮᠦᠷᠭᠦ ᠣᠴᠢᠷ ᠶᠠᠪᠣᠳᠠᠯ ᠣᠯᠠᠠᠳᠠ ᠲᠤᠬᠢᠶᠠᠯᠳᠤᠳᠠᠭ᠃ ᠰᠦᠨ ᠯᠢᠶᠠᠩ ᠬᠠᠮᠢᠭ᠎ᠠ ᠬᠤᠭᠤᠷ ᠳᠠᠳᠠᠵᠤ ᠪᠠᠢ᠌ᠪᠠᠯ ᠬᠤᠩᠬᠤᠰ ᠳᠡᠭᠡᠷᠡᠮ ᠳᠠᠷᠠ ᠠᠢ᠌ᠯ ᠢ ᠳᠤᠨᠤᠳᠠᠭ ᠦᠭᠡᠶ ᠭᠡᠨ᠎ᠡ ︕ ᠳᠠᠢ᠌ᠮᠤ ᠴᠤ ᠪᠠᠢ᠌ᠵᠤ ᠮᠠᠳᠠᠨ᠎ᠠ᠃ ᠳᠠᠷᠠ ᠰᠠᠢ᠌ᠬᠠᠨ ᠭᠦᠭ᠍ᠵᠢᠮᠳᠡᠯᠭᠡ ᠳᠤ ᠠᠷᠢᠶᠠᠳᠠᠨ ᠠᠮᠢᠳᠠᠨ ᠪᠠᠢ᠌ᠳᠠᠯ᠎ᠠ ᠣᠶᠠᠷᠠᠴᠢᠬᠠᠬᠤ ᠪᠠᠢ᠌ᠬᠤ ᠳᠤ ᠳ᠋ᠠ ︕ ᠬᠤᠩᠬᠤᠰ ᠳᠡᠭᠡᠷᠡᠮ ᠴᠤ ᠭᠦᠮᠤᠨ ᠰᠢᠤ ᠳ᠋ᠠ ︕ ᠶᠠᠭᠠᠭᠢᠨ ᠰᠡᠳᠭᠢᠯ ᠭᠦᠳᠡᠯᠭᠦ ᠦᠭᠡᠶ ᠪᠠᠢ᠌ᠵᠤ ᠴᠢᠳᠠᠬᠤ ᠪᠣᠢ ︕ ᠳᠡᠭᠡᠯᠭᠦᠢ ᠶᠠᠭᠠᠭᠢᠬᠤ ᠪᠣᠢ ︕ ᠭᠡᠨ ᠤ ᠭᠢᠨᠢ ᠦᠨᠢᠶ᠎ᠡ ᠨᠢ ᠳᠤᠭᠤᠯ ᠶᠢᠡᠨ ᠭᠤᠯᠤᠭᠰᠠᠨ᠂ ᠠᠯᠢᠨ ᠤ ᠭᠢᠨᠢ ᠢᠩᠭᠡ ᠨᠢ ᠪᠣᠳᠤᠭᠤ ᠪᠠᠨ ᠬᠠᠶᠠᠭᠰᠠᠨ ᠣᠴᠢᠷ ᠭᠠᠷᠪᠠᠯ ᠪᠦᠷ ᠰᠦᠨ ᠯᠢᠶᠠᠩ ᠢ ᠵᠠᠯᠠᠵᠤ ᠠᠪᠠᠴᠢᠨ ᠮᠠᠯ ᠳᠤ ᠪᠠᠨ ᠬᠤᠭᠤᠷ ᠳᠠᠳᠠᠭᠤᠯᠳᠠᠭ᠃ ᠣᠶᠠᠷᠠᠭᠤᠨ ᠰᠠᠢ᠌ᠬᠠᠨ ᠠᠶ᠎ᠠ ᠶᠢ ᠨᠠᠯᠢᠶᠠᠤᠨ ᠣᠳᠠᠳᠠᠯ᠎ᠠ ᠳᠠᠳᠠᠭᠠᠤᠨ ᠢᠷᠠᠪᠠᠯ ᠳᠠᠷᠠ ᠢᠩᠭᠡ ᠪᠣᠶᠤ ᠦᠨᠢᠶ᠎ᠡ ᠨᠢ ᠠᠶᠠᠠᠳᠠᠭᠠᠨ ᠪᠦᠳᠦᠭᠦᠨ ᠠᠯᠠᠭ ᠨᠢᠳᠤᠨ ᠡᠴᠡ ᠪᠠᠨ ᠳᠤᠮᠤ ᠳᠤᠮᠤ ᠨᠢᠯᠪᠣᠰᠤ ᠪᠦᠮᠪᠦᠷᠢᠭᠦᠯᠦᠭ᠍ᠰᠡᠭᠡᠷ ᠵᠤᠯᠵᠠᠭ᠎ᠠ ᠪᠠᠨ ᠬᠤᠷᠢᠶᠠᠭᠠᠤᠨ ᠠᠪᠴᠢᠬᠠᠳᠠᠭ ᠶᠤᠮ᠃

《ᠭᠦᠮᠤᠨ ᠭᠡᠳᠤ ᠨᠠᠷ᠎ᠠ ᠭᠠᠷᠴᠤ ᠪᠣᠯᠬᠤ ᠦᠭᠡᠶ᠂ ᠭᠠᠬᠠᠢ ᠭᠡᠳᠤ ᠳᠠᠷᠭᠤᠯᠠᠵᠤ ᠪᠣᠯᠬᠤ ᠦᠭᠡᠶ》᠃

ᠨᠠᠷᠠᠨ ᠭᠦᠮᠤᠨ ᠪᠠᠰᠠ ᠣᠯᠵᠤ ᠰᠤᠨᠤᠰᠤᠭᠠᠤᠨ ᠳᠦᠷᠪᠠᠨ ᠣᠳᠠᠰᠤᠳᠤ ᠬᠤᠭᠤᠷ ᠤᠨ ᠭᠦᠭ᠍ᠵᠢᠮ ᠣᠷᠠᠯᠢᠭ ᠲᠤ ᠶᠡᠭᠡ ᠰᠤᠭᠳᠤᠭᠤᠷᠠᠵᠠᠢ᠃ ᠳᠠᠳᠠ 《ᠮᠧᠩ ᠭᠦ᠋ ᠶ‍ᠥᠸᠧ ᠴᠢ ᠳ᠋ᠠ ᠳ᠋ᠠ ᠳ᠋ᠢ ᠬᠤᠤ ︕》 ᠭᠡᠵᠤ ᠡᠷᠡᠭᠡᠢ ᠬᠤᠷᠤᠭᠤ ᠭᠤᠵᠣᠢ᠌ᠯᠭᠠᠨ ᠮᠠᠭᠳᠠᠭᠠᠤᠨ᠂ ᠰᠦᠨ ᠯᠢᠶᠠᠩ ᠢ ᠵᠠᠯᠠᠵᠤ ᠠᠪᠠᠴᠢᠨ ᠳᠢᠶᠠᠠᠨᠤ᠋ ᠬᠠᠭᠠᠨ ᠳᠤ ᠪᠠᠨ ᠭᠦᠭ᠍ᠵᠢᠮ ᠡᠷᠭᠦᠭᠦᠯᠭᠦ ᠭᠡᠨ᠎ᠡ᠃

ᠲ᠋ᠤᠭᠳᠤᠩᠭ᠋᠎ᠠ ᠭᠤᠸᠠᠢ ᠡᠷ᠎ᠡ ᠡᠮ᠎ᠡ ᠬᠤᠶᠠᠭᠤᠯᠠ ᠡᠭᠦᠨ ᠢ ᠰᠤᠨᠤᠰᠤᠭᠠᠤᠨ ᠪᠠᠯᠠᠭ ᠠᠯᠳᠠᠨ ᠰᠠᠠᠳᠤᠷᠤᠯ᠎ᠠ᠃ ᠭᠠᠯ ᠭᠤᠯᠤᠮᠳᠠ ᠰᠠᠭᠢᠬᠤ ᠣᠤᠠᠬᠤᠨ ᠭᠦᠪᠠᠭᠦᠨ ᠶᠢᠡᠨ ᠶᠠᠭᠠᠭᠢᠨ ᠠᠯᠤᠰ ᠬᠤᠯᠠ ᠳᠠᠯᠠᠢ ᠶᠢᠨ ᠴᠠᠭᠠᠨ᠎ᠠ ᠳᠤᠺᠢᠤ᠋ ᠬᠤᠳᠠ ᠳᠤ ᠶᠠᠪᠣᠭᠤᠯᠬᠤ ᠪᠢᠯᠠ ︕ ᠳᠠᠭᠢᠭᠠᠤᠨ ᠭᠡᠯᠡᠪᠠᠯ᠂ ᠠᠪᠣᠭᠠᠤᠨ ᠯᠠ ᠶᠠᠪᠣᠪᠠᠯ ᠡᠷᠭᠢᠵᠤ ᠢᠷᠠᠨ᠎ᠠ ᠭᠡᠳᠡᠭ᠌ ᠴᠢᠨᠢ ᠳᠠᠷᠠ ᠬᠤᠯᠠ ᠳᠡᠭ᠍ᠷᠢ ᠤᠢ᠌ᠷ᠎ᠡ ᠭᠡᠷᠡᠭ᠌ ᠪᠣᠯᠬᠤ ᠪᠢᠰᠢᠤ ︕ ᠨᠠᠩ ᠢᠯᠠᠩᠭ᠋ᠤᠶ᠎ᠠ ᠭᠦᠦᠳᠡᠭᠦᠳᠤ ᠡᠵᠢ ᠪᠠᠷᠢᠵᠤ ᠳᠠᠯᠪᠢᠬᠤ ᠪᠠᠨ ᠠᠯᠳᠠᠭᠠᠤᠨ᠄

᠊᠊᠊᠊᠊᠊᠊᠊᠊᠊᠊᠊᠊᠊᠊ ᠥᠭᠡᠢ᠂ ᠡᠨᠡ ᠴᠢᠨᠢ ᠶᠠᠭᠤ ᠪᠣᠯᠵᠤ ᠪᠠᠢ᠌ᠬᠤ ᠨᠢ ᠪᠣᠢ ︕ ᠭᠦᠤ ᠮᠢᠨᠢ ᠪᠠᠭ᠎ᠠ ᠪᠠᠢ᠌ᠭᠰᠠᠭᠠᠷ ᠰᠢᠤ ︕ ᠳᠠᠷᠠ ᠭᠡᠯᠡ ᠠᠮᠠ ᠪᠠᠨ ᠣᠯᠤᠯᠴᠠᠬᠤ ᠦᠭᠡᠶ ᠭᠠᠵᠠᠷ ᠠᠪᠠᠴᠢᠭᠠᠤᠨ ᠶᠠᠭᠠᠭᠢᠨ ᠪᠣᠯᠬᠤ ᠪᠣᠢ ︖ ᠭᠡᠪᠠᠯ ᠳᠠᠷᠠ ᠶᠠᠫᠣᠨ ᠴᠡᠷᠢᠭ᠌ ᠤᠨ ᠣᠷᠴᠢᠭᠤᠯᠤᠭᠴᠢ ᠨᠢ᠄

᠊᠊᠊᠊᠊᠊᠊᠊᠊᠊᠊᠊᠊᠊᠊ ᠨᠠᠰᠤᠳᠠᠨ ᠡ᠂ ᠳᠠ ᠰᠡᠳᠭᠢᠯ ᠠᠮᠤᠷ ᠪᠠᠢ᠌ᠭᠠᠷᠠᠢ ︕ ᠪᠢᠳᠠ ᠭᠦᠤ ᠶᠢ ᠴᠢᠨᠢ ᠠᠪᠠᠴᠢᠭᠠᠤᠨ ᠳᠢᠶᠠᠠᠨᠤ᠋ ᠬᠠᠭᠠᠨ ᠳᠤ ᠪᠠᠨ ᠨᠢᠭᠡ ᠬᠤᠶᠠᠷ ᠭᠦᠭ᠍ᠵᠢᠮ ᠪᠠᠷᠢᠭᠤᠯᠤᠭᠰᠠᠭᠠᠷ ᠳᠠᠭᠢᠭᠠᠤᠨ ᠠᠪᠴᠢᠷᠠᠭᠠᠤᠨ ᠦᠭ‍ᠭᠦᠨ᠎ᠡ᠂ ᠬᠠᠮᠢᠶ᠎ᠠ ᠦᠭᠡᠶ ᠰᠢᠤ ︕ ᠭᠡᠨ᠎ᠡ᠃

᠊᠊᠊᠊᠊᠊᠊᠊᠊᠊᠊᠊᠊᠊᠊ ᠲ᠋ᠠᠢ᠌ᠵᠢᠶᠦ᠋ᠨ᠂ ᠪᠢ ᠭᠤᠶᠤᠶ᠎ᠠ ᠳ᠋ᠠ᠂ ᠮᠢᠨᠤ ᠭᠦᠤ ᠨᠢᠭᠡᠨᠲᠡ ᠬᠤᠭᠤᠷ ᠳᠠᠳᠠᠬᠤ ᠪᠠᠨ ᠪᠣᠯᠢᠭᠠᠤᠨ ᠣᠳᠠᠴᠢᠬᠠᠭᠰᠠᠨ ᠰᠢᠤ᠂ ᠳᠡᠭᠦᠨ ᠢ ᠠᠪᠠᠴᠢᠭᠠᠤᠨ ᠶᠠᠮᠠᠷ ᠭᠡᠷᠡᠭ᠌ ᠪᠠᠢ᠌ᠬᠤ ᠪᠣᠢ ︖

᠊᠊᠊᠊᠊᠊᠊᠊᠊᠊᠊᠊᠊᠊᠊ ᠭᠦᠭ᠍ᠰᠢᠨ ᠡ᠂ ᠪᠢᠳᠠ ᠴᠢᠨᠢ ᠵᠥᠭᠡᠷ ᠠᠪᠠᠴᠢᠬᠤ ᠪᠢᠰᠢ ︕ ᠳᠠᠨ ᠳᠤ ᠠᠷᠪᠢᠨ ᠠᠷᠪᠢᠨ ᠵᠤᠭᠤᠰ ᠦᠭ‍ᠭᠦᠨ᠎ᠡ ︕

᠊᠊᠊᠊᠊᠊᠊᠊᠊᠊᠊᠊᠊᠊᠊ ᠪᠣᠷᠬᠠᠨ᠂ ᠳᠤᠢ᠌ ᠳᠤᠢ᠌ ︕ ᠮᠠᠭᠤ ᠢᠷᠸ᠎ᠠ ᠲᠡᠶ ᠶᠠᠭᠤ ᠶᠠᠷᠢᠵᠤ ᠪᠠᠢ᠌ᠬᠤ ᠪᠣᠢ ︕ ᠮᠠᠨ ᠤ ᠮᠤᠩᠭ᠋ᠤᠯᠴᠤᠳ ᠠᠳᠤᠭᠤ ᠮᠠᠯ ᠶᠢᠡᠨ ᠬᠤᠳᠠᠯᠳᠤᠵᠤ ᠠᠮᠢᠳᠤᠷᠠᠬᠤ ᠡᠴᠡ ᠪᠢᠰᠢ ᠠᠩᠭ᠋᠎ᠠ ᠦᠷ᠎ᠡ ᠪᠠᠨ ᠬᠤᠳᠠᠯᠳᠤᠬᠤ ᠦᠭᠡᠶ ᠪᠢᠯᠠ᠂ ᠶᠠᠭ ᠪᠣᠯᠬᠤ ᠦᠭᠡᠶ ᠪᠣᠯ ᠳᠠᠨᠠᠷ ᠮᠢᠨᠤ ᠠᠮᠢ ᠶᠢ ᠠᠪᠴᠢᠬ᠎ᠠ ︕ ᠡᠭᠦᠨ ᠡᠴᠡ ᠨᠠᠭᠠᠭᠤᠷ ᠰᠠᠨᠠᠭ᠎ᠠ ᠪᠠᠨ ᠬᠤᠷᠢᠶ᠎ᠠ ︕

ᠬᠠᠮᠠᠷ ᠤᠨ ᠳᠤᠤᠷ᠎ᠠ ᠪᠠᠨ ᠬᠠᠷ᠎ᠠ ᠰᠠᠬᠠᠯ ᠲᠡᠶ ᠭᠡᠳᠤᠨ ᠨᠠᠷᠠᠨ ᠴᠡᠷᠢᠭ᠌ ᠤᠷᠴᠢᠭᠤᠯᠤᠭᠴᠢ ᠲᠡᠶ ᠪᠠᠨ ᠬᠠᠳᠠᠭᠤ ᠵᠥᠭᠡᠯᠡᠨ ᠠᠷᠭ᠎ᠠ ᠭᠡᠷᠡᠭᠯᠡᠵᠤ ᠨᠠᠯᠢᠶᠠᠤᠨ ᠵᠠᠭᠤᠷᠠᠯᠳᠤᠭᠰᠠᠨ ᠴᠤ ᠳᠤᠭᠳᠤᠩᠭ᠋᠎ᠠ ᠡᠷ᠎ᠡ ᠡᠮ᠎ᠡ ᠬᠤᠶᠠᠭᠤᠯᠠ ᠬᠠᠢ ᠬᠠᠯᠠᠭᠠᠭᠰᠠᠨ ᠦᠭᠡᠶ᠃

ᠬᠤᠭᠤᠷ ᠰᠤᠷᠭᠠᠭᠠᠤᠨ ᠶᠠᠮᠠᠷ ᠪᠣᠯᠤᠯ᠎ᠠ᠃ ᠭᠦᠤ ᠪᠠᠨ ᠠᠯᠳᠠᠬᠤ ᠳᠤ ᠭᠦᠷᠦᠯ᠎ᠡ ᠳ᠋ᠠ ︕ ᠭᠡᠵᠤ ᠳᠤᠭᠳᠤᠩᠭ᠋᠎ᠠ ᠭᠤᠸᠠᠢ ᠠᠩᠬᠠᠨ ᠤ ᠬᠤᠭᠤᠷ ᠰᠤᠷᠭᠠᠬᠤ ᠦᠭᠡᠶ ᠭᠡᠰᠡᠨ ᠰᠠᠨᠠᠭ᠎ᠠ ᠪᠠᠨ ᠳᠠᠰᠤ ᠪᠠᠷᠢᠮᠳᠠᠯᠠᠵᠤ ᠳᠡᠢ᠌ᠯᠦᠭ᠍ᠰᠡᠨ ᠦᠭᠡᠶ ᠳᠤ ᠪᠠᠨ ᠦᠨᠦᠳᠤᠷ ᠬᠠᠷᠠᠮᠰᠠᠵᠤ ᠡᠭᠢᠯᠡᠯ᠎ᠡ᠃

ᠣᠳᠤ ᠨᠠᠷᠠᠨ ᠴᠡᠷᠢᠭ᠌ ᠤᠨ ᠳᠠᠷᠠ ᠳᠦᠷᠦᠭᠦᠤ ᠨᠢ ᠴᠢᠷᠠᠢ ᠬᠤᠪᠢᠯᠵᠤ ᠪᠠᠢ᠌ᠨ᠎ᠠ᠃ ᠨᠢᠳᠤ ᠨᠢ ᠪᠦᠯᠳᠡᠢ᠌ᠵᠤ᠂ ᠴᠢᠷᠠᠢ ᠨᠢ ᠴᠢᠨᠦᠷᠡᠭᠡᠳ ᠣᠭ ᠳᠦᠷᠢ ᠨᠢ ᠢᠯᠠᠷᠠᠮᠠᠷ ᠪᠣᠯᠵᠤ ᠢᠷᠠᠯ᠎ᠠ᠃ ᠳᠠᠷᠠ ᠳᠤᠮᠳᠠᠳᠤ ᠣᠯᠤᠰ ᠲᠤ ᠢᠷᠡᠭᠡᠳ ᠬᠠᠠᠳᠤᠭᠰᠠᠨ ᠵᠥᠭ᠌ ᠲᠤ ᠳᠠᠢ᠌ᠰᠤᠨ ᠦᠭᠡᠶ ᠳᠤᠪᠳᠤᠯᠵᠤ ᠶᠠᠪᠣᠬᠤ ᠳᠤ ᠪᠠᠨ ᠳᠤᠮᠳᠠᠳᠤ ᠣᠯᠤᠰ ᠤᠨ ᠭᠦᠮᠤᠨ ᠢ ᠭᠤᠶᠤᠭᠰᠠᠨ ᠣᠳᠠᠭ᠎ᠠ ᠨᠢᠭᠡᠴᠤ ᠭᠠᠷᠤᠭ᠎ᠠ ᠦᠭᠡᠶ᠃ ᠦᠨᠦᠳᠤᠷ ᠬᠠᠷᠢᠨ ᠡᠨᠡ ᠮᠠᠭᠤ ᠮᠤᠩᠭ᠋ᠤᠯ ᠭᠦᠭ᠍ᠰᠢᠨ ᠤ ᠳᠤᠤᠷ᠎ᠠ ᠣᠷᠤᠬᠤ ᠳᠤ ᠭᠦᠷᠦᠯ᠎ᠡ᠃ ᠭᠡᠷᠪᠡ ᠮᠤᠩᠭ᠋ᠤᠯ ᠭᠦᠭ᠍ᠵᠢᠮ ᠢ ᠨᠢ ᠭᠦᠡᠳᠦᠳᠭᠡᠭ᠍ᠰᠡᠨ ᠦᠭᠡᠶ ᠪᠣᠯ ᠦᠦ ︖ ᠭᠡᠵᠤ ᠪᠣᠳᠤᠭᠰᠠᠨ ᠪᠣᠯᠤᠯᠳᠠᠢ ︕ ᠳᠠᠰᠢᠶᠠᠨ ᠳᠤ ᠪᠠᠨ ᠵᠡᠭᠦᠵᠤ ᠪᠠᠢ᠌ᠭᠰᠠᠨ ᠰᠠᠯᠠᠮ᠎ᠠ ᠪᠠᠨ ᠰᠤᠭᠤ ᠳᠠᠳᠠᠨ ᠠᠪᠴᠤ᠄

᠊᠊᠊᠊᠊᠊᠊᠊᠊᠊᠊᠊᠊᠊᠊ ᠪᠠ ᠭᠨ᠂ ᠡᠯᠵᠢᠭᠡᠨ ᠴᠢᠭᠢᠨ ᠳᠤ ᠠᠯᠳᠠ ᠭᠢᠪᠠᠴᠤ ᠰᠠᠵᠢᠨ᠎ᠠ᠂ ᠠᠷᠭᠠᠯ ᠭᠢᠪᠠᠴᠤ ᠰᠠᠵᠢᠨ᠎ᠠ ᠭᠡᠳᠡᠭ᠌ ᠶᠢᠡᠷ ᠶᠠᠮᠠᠷ ᠥᠭᠡ ᠣᠷᠤᠬᠤ ᠦᠭᠡᠶ ᠭᠦᠯᠳᠡᠭᠦᠤ ᠳᠠᠷᠢᠭᠢ ᠲᠡᠶ ᠮᠤᠩᠭ᠋ᠤᠯ ᠶᠤᠮ ︕ ᠰᠠᠷ᠎ᠠ ᠶᠢᠨ ᠰᠡᠭᠦᠯᠴᠢ ᠪᠠᠷ ᠳᠤᠷᠠᠳᠠᠢ ᠪᠣᠯᠪᠠᠴᠤ ᠠᠪᠠᠴᠢᠨ᠎ᠠ ︕ ᠳᠤᠷ᠎ᠠ ᠦᠭᠡᠶ ᠪᠣᠯᠪᠠᠴᠤ ᠠᠪᠠᠴᠢᠨ᠎ᠠ ᠭᠡᠵᠤ ᠰᠢᠪᠠᠷ ᠪᠠᠢ᠌ᠰᠢᠩ ᠢ ᠡᠷᠭᠦᠵᠤ ᠬᠠᠶᠠᠮᠠᠷ ᠬᠠᠰᠭᠢᠷᠤᠭᠰᠠᠨ ᠥᠭᠡ ᠶᠢ᠌ ᠨᠢ ᠣᠷᠴᠢᠭᠤᠯᠤᠭᠴᠢ ᠨᠢ ᠨᠠᠩ ᠦᠨᠳᠦᠷ ᠳᠠᠭᠤᠨ ᠵᠢᠠᠷ ᠣᠷᠴᠢᠭᠤᠯᠤᠭᠠᠤᠨ ᠦᠭ‍ᠭᠦ ᠳᠤ ᠳᠠᠷᠠ ᠨᠤᠶᠠᠨ ᠨᠢ ᠰᠠᠯᠠᠮ᠎ᠠ ᠪᠠᠨ ᠭᠡᠢ ᠳᠡᠭᠡᠭᠦᠷ ᠨᠢᠭᠡ ᠡᠷᠭᠢᠭᠦᠯᠵᠤ ᠰᠦᠷ ᠥᠵᠡᠭᠦᠯᠦᠭᠡᠳ ᠡᠭᠦᠳᠡ ᠰᠠᠪᠠᠨ ᠭᠠᠷᠴᠤ ᠣᠳᠤᠯ᠎ᠠ᠃

ᠣᠳᠤ ᠶᠠᠭᠠᠭᠢᠬᠤ ᠪᠢᠯᠠ ︕ ᠨᠢᠭᠡ ᠭᠡᠷ ᠭᠦᠭ᠍ᠰᠢᠨ ᠵᠠᠯᠠᠭᠤ ᠪᠦᠭᠦᠳᠡᠭᠡᠷ ᠭᠠᠷ ᠨᠤᠬᠤᠯᠠᠨ ᠭᠠᠴᠢᠭᠳᠠᠨ᠎ᠠ᠃ ᠡᠳᠦᠷ ᠨᠢ ᠳᠤᠯᠵᠤ ᠪᠠᠢ᠌ᠭᠠᠤᠨ ᠪᠠᠢ᠌ᠳᠠᠯ ᠢ ᠨᠢ ᠥᠵᠡᠭᠦ ᠦᠦ ︖ ᠡᠰᠡᠭᠦᠯ᠎ᠡ ᠣᠳᠤ ᠪᠠᠷ ᠶᠢᠡᠨ ᠳᠤᠳᠠᠭᠠᠬᠤ ᠦᠦ ︕ ᠣᠯᠠᠨ ᠶᠢᠡᠷ ᠶᠢᠡᠨ ᠦᠪᠡᠷ ᠦᠪᠡᠷ ᠤᠨ ᠰᠠᠨᠠᠯ ᠵᠥᠪᠯᠡᠯᠭᠡ ᠭᠢᠵᠤ ᠶᠠᠭᠠᠷᠠᠨ᠎ᠠ᠃

᠊᠊᠊᠊᠊᠊᠊᠊᠊᠊᠊᠊᠊᠊᠊ ᠬᠠᠰᠢᠯᠠ᠂ ᠳᠠᠤᠯᠠᠢ ᠶᠢᠨ ᠭᠤᠳᠤᠯ ᠡᠮᠦᠰᠭᠦ ᠶᠤᠮ ᠪᠣᠯ ᠡᠷᠳᠡ ᠳᠤ ᠪᠠᠨ ᠳᠡᠭᠡᠷ᠎ᠡ ᠭᠡᠵᠤ ᠪᠦᠭᠦᠳᠡᠭᠡᠷ ᠨᠢᠭᠡᠳᠦᠭᠡᠳ ᠭᠦᠦᠳᠡᠭᠦᠳᠤ ᠡᠵᠢ ᠦᠪᠡᠷ ᠤᠨ ᠨᠢᠭᠡ ᠦᠬᠢᠨ᠂ ᠪᠠᠰᠠ ᠨᠢᠭᠡ ᠣᠮᠪᠣᠯᠤ ᠦᠬᠢᠨ ᠲᠡᠶ ᠪᠠᠨ ᠰᠦᠨ ᠯᠢᠶᠠᠩ ᠲᠡᠶ ᠭᠤᠷᠪᠠᠭᠤᠯᠠ ᠶᠢ ᠳᠠᠭᠠᠭᠤᠯᠤᠭᠠᠤᠨ ᠳᠦᠷᠪᠠᠭᠦᠯᠡ ᠪᠠᠨ ᠪᠣᠭᠤᠳᠠᠯ ᠪᠣᠭᠴᠤ᠂ ᠬᠠᠭᠤᠷᠠᠢ ᠭᠦᠨᠡᠰᠤ ᠵᠡᠷᠭᠡ ᠶᠢ ᠪᠠᠭ᠎ᠠ ᠰᠭ᠎ᠠ ᠪᠠᠭᠴᠠᠯᠠᠵᠤ ᠪᠡᠯᠡᠳᠭᠡᠭᠡᠳ᠂ ᠮᠠᠷᠭᠠᠰᠢ ᠦᠷᠯᠦᠭᠡ ᠨᠢ ᠭᠡᠭᠡ ᠣᠷᠤᠬᠤ ᠡᠴᠡ ᠡᠮᠦᠨ᠎ᠡ ᠬᠣᠢ᠌ᠰᠢ ᠪᠠᠨ ᠲᠦᠰᠢᠶᠠᠳᠤ ᠵᠠᠷᠤᠳ ᠵᠥᠭ᠌ ᠲᠤ ᠭᠦᠯ ᠡᠷᠭᠦᠨ ᠭᠦᠳᠡᠯᠪᠡ᠃

ᠠᠶᠤᠯ ᠡᠴᠡ ᠵᠠᠢ᠌ᠯᠠᠵᠤ ᠭᠦᠮᠤᠨ ᠤ ᠭᠠᠵᠠᠷ᠂ ᠭᠦᠡᠳᠡᠯᠡᠨ ᠤ ᠨᠤᠳᠤᠭ ᠶᠢᠡᠷ ᠳᠡᠨᠦᠭᠦᠴᠢᠯᠡᠵᠤ ᠶᠠᠪᠣᠨ᠎ᠠ ᠭᠡᠵᠤ ᠶᠠᠮᠠᠷ ᠰᠢᠤ ᠭᠠᠴᠢᠭ ᠳᠦᠪᠠᠭ᠍ᠳᠡᠢ ᠪᠠᠢ᠌ᠳᠠᠭ ᠢ ᠪᠠᠶ᠎ᠠ ᠪᠠᠷ ᠶᠢᠡᠨ ᠥᠩᠭᠡᠷᠡᠭᠦᠯᠦᠭ᠍ᠰᠡᠨ ᠦᠭᠡᠶ ᠭᠦᠮᠤᠨ ᠪᠣᠯ ᠣᠢ᠌ᠯᠠᠭᠠᠬᠤ ᠳᠤ ᠭᠦᠴᠢᠷᠳᠡᠢ᠃ ᠪᠠᠶ᠎ᠠ ᠪᠣᠰᠤᠭ᠎ᠠ ᠬᠤᠶᠠᠷ ᠦᠬᠢᠨ᠂ ᠴᠢᠳᠠᠯ ᠣᠷᠤᠭ᠎ᠠ ᠦᠭᠡᠶ ᠨᠢᠯᠬ᠎ᠠ ᠭᠦᠤ ᠳᠠᠭᠠᠭᠠᠭᠤᠯᠤᠭᠰᠠᠨ ᠨᠢᠭᠡ ᠪᠦᠰᠡᠭᠦᠢ ᠭᠦᠮᠤᠨ ᠳᠤ ᠶᠠᠮᠠᠷ ᠳᠡᠩᠭᠡᠭᠡ ᠪᠠᠢ᠌ᠬᠤ ᠪᠣᠢ ︕ ᠨᠠᠷᠠᠨ ᠭᠦᠮᠤᠨ ᠡᠴᠡ ᠵᠠᠢ᠌ᠯᠠᠨ᠎ᠠ᠂ ᠬᠤᠩᠬᠤᠰ ᠳᠡᠭᠡᠷᠡᠮ ᠡᠴᠡ ᠳᠤᠳᠠᠭᠠᠨ᠎ᠠ᠂ ᠭᠤᠮᠢᠠᠳᠠᠩ ᠤᠨ ᠣᠷᠭᠤᠳᠤᠤᠯ ᠴᠡᠷᠢᠭ᠌ ᠢ ᠭᠡᠷᠰᠡᠤᠯᠡᠨ᠎ᠡ᠃ ᠭᠡᠭᠡᠷ᠎ᠡ ᠬᠤᠨᠤᠵᠤ᠂ ᠭᠡᠳᠡ ᠳᠠᠷᠠᠯᠠᠨ ᠡᠯᠳᠡᠪ ᠤᠨ ᠬᠠᠯᠠ ᠵᠤᠪᠠᠯᠠᠩ ᠢ ᠠᠮᠰᠠᠵᠤ ᠵᠠᠷᠤᠳ ᠨᠤᠳᠤᠭ᠂ ᠲᠦᠰᠢᠶᠠᠳᠤ ᠶᠢᠨ ᠭᠠᠵᠠᠷ ᠶᠢᠡᠷ ᠠᠢ᠌ᠯ ᠡᠷᠦᠭᠡ ᠳᠠᠮᠵᠢᠨ ᠮᠠᠯᠴᠢᠨ ᠲᠦᠮᠡᠨ ᠳᠤ ᠪᠠᠨ ᠳᠦᠷᠪᠠᠨ ᠣᠳᠠᠰᠤᠳᠤ ᠬᠤᠭᠤᠷ ᠶᠢᠡᠨ ᠭᠦᠭ᠍ᠵᠢᠮᠳᠡᠨ ᠥᠭ᠍ᠴᠤ ᠦᠯ ᠬᠤᠭᠤᠯᠠ ᠵᠠᠯᠭᠠᠵᠤ ᠶᠠᠪᠣᠭᠰᠠᠭᠠᠷ ᠵᠠᠷᠤᠳ ᠬᠤᠰᠢᠭᠤᠨ ᠤ ᠨᠢᠭᠡᠨ ᠳᠡᠭᠡᠳᠤ ᠪᠦᠷᠢᠶᠡᠴᠢᠨ ᠠᠢ᠌ᠮᠠᠭ ᠤᠨ ᠱᠠᠩ ᠣᠪᠣᠭᠳᠤ ᠰᠠᠢ᠌ᠨ ᠰᠠᠨᠠᠭᠠᠳᠤ ᠡᠪᠦᠭᠡᠨ ᠡᠮᠡᠭᠡᠨ ᠤ ᠬᠠᠢ᠌ᠷ᠎ᠠ ᠬᠠᠯᠠᠮᠵᠢ ᠶᠢ ᠭᠦᠷᠳᠡᠨ᠂ ᠱᠠᠩ ᠣᠪᠣᠭᠳᠤ ᠬᠤᠶᠠᠷ ᠨᠠᠰᠤᠳᠠᠨ ᠭᠡᠷ ᠤᠨ ᠶᠢᠡᠨ ᠵᠡᠭᠦᠨ ᠳᠠᠯ᠎ᠠ ᠪᠠᠷᠢᠭᠰᠠᠨ ᠱᠠᠩᠹᠠᠩ ᠭᠡᠷ ᠶᠢᠡᠨ ᠰᠤᠯᠠᠯᠠᠵᠤ ᠦᠭ‍ᠭᠦᠭ᠍ᠰᠡᠨ ᠪᠢᠯᠠ ︕ ᠳᠡᠭᠡᠭᠡᠳ ᠭᠦᠦᠳᠡᠭᠦᠳᠤ ᠡᠵᠢ ᠬᠡᠦᠬᠡᠳ ᠲᠡᠶ ᠪᠠᠨ ᠡ᠊ᠨᠳᠡ ᠭᠦᠯ ᠳᠤᠭᠳᠠᠨ ᠠᠮᠢᠳᠤᠷᠠᠪᠠ ᠃

ᠱᠠᠩ ᠨᠠᠰᠤᠳᠠᠨ ᠤ ᠭᠢᠨ ᠵᠠᠭᠤᠭᠠᠳ ᠪᠠᠭ᠎ᠠ ᠮᠠᠯ ᠲᠡᠶ᠂ ᠦᠪᠡᠷ ᠢ ᠪᠠᠨ ᠠᠷᠭᠠᠴᠠᠭᠠᠬᠤ ᠠᠮᠢᠳᠤᠷᠠᠯ ᠲᠡᠶ ᠵᠢᠵᠢᠭ᠌ ᠡᠷᠦᠭᠡ ᠶᠤᠮ᠃ ᠡᠪᠦᠭᠡᠨ ᠨᠢ ᠡᠳᠦᠷ ᠳᠤᠵᠢ ᠮᠠᠯ ᠳᠤ ᠪᠠᠨ ᠶᠠᠪᠣᠪᠠᠯ ᠡᠮᠡᠭᠡᠨ ᠨᠢ ᠭᠡᠷ ᠲᠤ ᠪᠠᠨ ᠬᠤᠴᠤᠷᠴᠤ ᠬᠤᠷᠠᠭ᠎ᠠ ᠢᠰᠢᠭᠡ ᠪᠠᠨ ᠠᠷᠠᠴᠢᠯᠠᠵᠤ ᠳᠤᠳᠤᠮᠳᠠᠬᠤ ᠠᠵᠢᠯ ᠳᠤ ᠪᠠᠨ ᠮᠦᠨ ᠮᠤᠩᠭ᠋ᠠᠨᠢᠳᠠᠭ᠃ ᠡᠪᠦᠭᠡᠨ ᠡᠮᠡᠭᠡᠨ ᠤ ᠡᠯᠢᠭᠡ ᠵᠢᠷᠦᠭᠡ ᠪᠣᠯᠤᠭᠰᠠᠨ ᠨᠢᠭᠡ ᠭᠡᠦᠭᠡᠨ ᠨᠢ ᠭᠡᠳᠥᠢᠪᠠᠷ ᠠᠷᠪᠠᠨ ᠭᠡᠳᠤ ᠭᠦᠷᠦᠭ᠍ᠰᠡᠨ ᠪᠣᠯᠪᠠᠴᠤ ᠶᠠᠷᠤᠨᠢ ᠭᠡᠭᠡᠷ᠎ᠡ ᠭᠠᠳᠠᠭ᠎ᠠ ᠭᠠᠷᠭᠠᠳᠠᠭ ᠦᠭᠡᠶ᠂ ᠡᠵᠢ ᠪᠠᠨ ᠳᠠᠭᠠᠵᠤ ᠣᠢ᠌ᠯᠠ ᠣᠳᠠᠰᠤᠨ ᠤ ᠠᠵᠢᠯ ᠢ ᠭᠢᠭᠡᠳ ᠮᠠᠰᠢ ᠣᠷᠠᠨ ᠭᠠᠷ ᠲᠡᠶ ᠪᠣᠯᠵᠠᠢ᠃ ᠠᠷᠠᠢ᠌ᠬᠠᠨ ᠠᠷᠪᠠᠨ ᠵᠢᠷᠭᠤᠭ᠎ᠠ ᠳᠤᠯᠤᠭ᠎ᠠ ᠭᠦᠷᠦᠮᠡᠭ᠍ᠴᠡ ᠨᠥᠭᠦᠵᠤ ᠬᠠᠳᠬᠤᠬᠤ ᠡᠴᠡ ᠠᠪᠣᠭᠠᠤᠨ ᠱᠠᠬᠠᠢ ᠭᠤᠳᠤᠯ ᠭᠢᠭᠦ᠂ ᠬᠤᠪᠴᠠᠰᠤ ᠬᠤᠨᠠᠷ ᠣᠶᠤᠬᠤ ᠵᠡᠷᠭᠡ ᠭᠡᠷ ᠵᠠᠭᠤᠷ᠎ᠠ ᠶᠢᠨ ᠠᠯᠢᠪᠠ ᠣᠶᠤᠳᠠᠯ ᠠᠳᠠᠯ ᠶᠢᠡᠨ ᠪᠦᠭᠦᠨ ᠢ ᠲ᠋ᠠᠭᠠᠭᠠᠴᠢᠯᠠᠨ ᠭᠢᠵᠤ ᠳᠡᠢ᠌ᠯᠭᠦ ᠪᠣᠯᠤᠭᠰᠠᠨ ᠡᠴᠡ ᠠᠪᠣ ᠡᠵᠢ ᠳᠤ ᠪᠠᠨ ᠳᠤᠩ ᠶᠡᠭᠡ ᠳᠤᠰᠠ ᠳᠡᠮᠵᠢᠯᠭᠡ ᠪᠣᠯᠳᠠᠭ᠃ ᠶᠡᠭᠡᠯ᠎ᠡ ᠴᠠᠪᠠᠷ ᠴᠠᠢ᠌ᠯᠭᠠᠨ ᠰᠡᠳᠭᠢᠯ ᠲᠡᠶ ᠱᠠᠩ ᠣᠪᠣᠭᠳᠤ ᠬᠤᠶᠠᠷ ᠨᠠᠰᠤᠳᠠᠨ ᠰᠦᠨ ᠯᠢᠶᠠᠩ ᠤᠨ ᠭᠢᠨ ᠢ ᠦᠨᠦᠴᠢᠨ ᠪᠠᠯᠪᠠᠰᠤᠨ ᠭᠡᠵᠤ ᠥᠵᠡᠭᠡᠳ ᠮᠠᠰᠢ ᠦᠷᠤ ᠡᠪᠠᠦᠡᠴᠤ ᠬᠠᠵᠠᠭᠤ ᠶᠢᠨ ᠭᠡᠷ ᠶᠢᠡᠨ ᠰᠤᠯᠠᠯᠠᠵᠤ ᠦᠭ‍ᠭᠦᠭ᠍ᠰᠡᠨ ᠪᠦᠭᠡᠳ ᠠᠮᠢᠳᠦᠷᠡᠯ ᠤᠨ ᠪᠠᠭ᠎ᠠ ᠰᠠᠭ᠎ᠠ ᠭᠡᠷᠡᠭ᠍ᠰᠡᠯ ᠶᠢᠡᠷ ᠴᠢᠳᠠᠬᠤ ᠶᠢᠨ ᠭᠢᠷᠢ ᠪᠠᠷ ᠳᠠᠮᠵᠢᠨ ᠳᠤᠰᠠᠯᠠᠵᠤ ᠪᠠᠢ᠌ᠪᠠ᠃ ᠰᠦᠨ ᠯᠢᠶᠠᠩ ᠤᠨ ᠭᠢᠨ ᠪᠠᠰᠠ ᠪᠣᠰᠤᠳ ᠤᠨ ᠰᠠᠢ᠌ᠨ ᠢ ᠬᠠᠷᠢᠭᠤᠯᠬᠤ ᠶᠢ ᠰᠠᠳᠭᠢᠵᠤ᠂ ᠬᠤᠷᠠᠭ᠎ᠠ ᠢᠰᠢᠭᠡ ᠰᠠᠯᠭᠠᠬᠤ᠂ ᠮᠠᠯ ᠶᠢᠡᠨ ᠣᠰᠤᠯᠠᠵᠤ ᠡᠪᠠᠰᠦᠯᠡᠭᠦ ᠵᠡᠷᠭᠡ ᠠᠵᠢᠯ ᠳᠤ ᠨᠢ ᠬᠠᠮᠵᠢᠨ ᠠᠵᠢᠯᠯᠠᠳᠠᠭ᠃ ᠰᠦᠨ ᠯᠢᠶᠠᠩ ᠮᠥᠨ ᠡᠪᠦᠭᠡᠨ ᠢ ᠳᠠᠭᠠᠵᠤ ᠬᠤᠨᠢ ᠬᠠᠷᠢᠭᠤᠯᠬᠤ ᠶᠢ ᠰᠤᠷᠤᠭᠰᠠᠨ ᠪᠦᠭᠡᠳ ᠴᠢᠬᠤᠯᠠ ᠲᠡᠶ ᠦᠶ᠎ᠡ ᠳᠤ ᠪᠠᠰᠡ ᠡᠪᠦᠭᠡᠨ ᠢ ᠣᠷᠤᠯᠠᠵᠤ ᠭᠡᠭᠡᠷ᠎ᠡ ᠭᠠᠷᠬᠤ ᠣᠳᠠᠭ᠎ᠠ ᠪᠠᠢ᠌ᠳᠠᠭ᠃ ᠡᠢ᠌ᠮᠤ ᠡᠴᠡ ᠬᠤᠶᠠᠷ ᠭᠡᠷ ᠤᠨ ᠬᠠᠢ᠌ᠷ᠎ᠠ ᠨᠠᠢ᠌ᠷ ᠶᠡᠭᠡᠯ᠎ᠡ ᠵᠤᠵᠠᠭᠠᠨ ᠪᠣᠯᠵᠠᠢ᠃

ᠰᠦᠨ ᠯᠢᠶᠠᠩ ᠤᠨ ᠡᠵᠢ᠂ ᠡᠭᠡᠴᠢ ᠪᠠ ᠠᠴᠢ ᠦᠬᠢᠨ ᠢ ᠨᠢ ᠳᠠᠭᠠᠭᠤᠯᠤᠭᠠᠤᠨ ᠪᠣᠰᠤᠳ ᠲᠤ ᠣᠶᠤᠳᠠᠯ ᠣᠳᠠᠰᠤᠨ ᠤ ᠠᠳᠠᠯ ᠭᠢᠵᠤ ᠦᠭ‍ᠭᠦᠭᠡᠳ ᠠᠮᠢᠳᠤᠷᠠᠯ ᠵᠢᠠᠨ ᠠᠷᠭᠠᠴᠠᠭᠠᠬᠤ ᠭᠡᠭᠦ ᠳᠤ ᠰᠦᠨ ᠯᠢᠶᠠᠩ ᠴᠤ ᠵᠥᠭᠡᠷ ᠰᠠᠭᠤᠬᠤ ᠶᠤᠮ ᠪᠢᠰᠢ᠂ ᠪᠠᠶᠠᠤᠨ ᠨᠤᠶᠠᠤᠨ ᠤᠨ ᠭᠡᠷ ᠲᠤ ᠭᠦᠷᠴᠤ ᠬᠤᠭᠤᠷ ᠭᠦᠭ᠍ᠵᠢᠮ ᠡᠷᠭᠦᠭᠡᠳ ᠪᠠᠰᠠ ᠡᠳᠦᠢ ᠳᠠᠳᠤᠢ ᠶᠠᠭᠤᠮ᠎ᠠ ᠣᠯᠴᠢᠬᠠᠨ᠎ᠠ᠃ ᠳᠡᠭᠦᠨ ᠤ ᠳᠠᠳᠠᠳᠠᠭ ᠨᠢ ᠪᠦᠷ ᠠᠷᠠᠤᠨ ᠲᠦᠮᠡᠨ ᠤ ᠠᠮᠢᠳᠤᠷᠠᠯ ᠢ ᠬᠠᠷᠠᠭᠤᠯᠤᠭᠰᠠᠨ ᠠᠷᠠᠤᠨ ᠤᠨ ᠳᠠᠭᠤᠤ ᠵᠢᠨ ᠠᠭᠤᠯᠭ᠎ᠠ ᠪᠣᠯᠬᠤᠷ ᠠᠷᠠᠤᠨ ᠲᠦᠮᠡᠨ ᠶᠡᠭᠡᠯ᠎ᠡ ᠰᠤᠨᠤᠰᠬᠤ ᠳᠤᠷᠠᠳᠠᠢ᠃ ᠵᠢᠷᠠ ᠭᠠᠷᠤᠭᠰᠠᠨ ᠡᠪᠦᠭᠡᠳ ᠭᠦᠭ᠍ᠰᠢᠳ ᠡᠴᠡ ᠠᠪᠣᠭᠠᠤᠨ ᠵᠠᠯᠠᠭᠤ ᠪᠠᠭ᠎ᠠ ᠦᠬᠢᠳ ᠪᠠᠷᠢᠶᠠᠤᠨ ᠭᠦᠷᠳᠡᠯ᠎ᠡ ᠪᠦᠷ ᠳᠡᠭᠦᠨ ᠤ ᠬᠠᠯᠠᠭᠤᠨ ᠰᠡᠳᠭᠢᠯᠳᠤ ᠰᠤᠨᠤᠰᠤᠭᠴᠢ ᠪᠠᠢ᠌ᠯ᠎ᠠ ᠃ ᠳᠠᠷᠠ ᠦᠶ᠎ᠡ ᠳᠤ ᠰᠦᠨ ᠯᠢᠶᠠᠩ ᠨᠢᠭᠡᠨᠲᠡ ᠠᠷᠪᠠᠨ ᠳᠤᠯᠤᠭ᠎ᠠ ᠨᠢ᠋ᠮᠠ ᠭᠦᠷᠦᠭᠡᠳ ᠶᠠᠭ ᠰᠠᠢ᠌ᠬᠠᠨ ᠣᠯᠠᠢ᠌ᠬᠤ ᠨᠠᠷᠠᠨ ᠮᠠᠳᠤ ᠭᠡᠷᠡᠯᠳᠡᠢ᠂ ᠣᠷᠭᠤᠬᠤ ᠨᠠᠷᠠᠰᠤ ᠰᠢᠭ ᠴᠢᠭᠢᠷᠠᠭ᠂ ᠡᠢ᠌ᠮᠤ ᠡᠷᠳᠡᠮ ᠲᠡᠶ ᠡᠢ᠌ᠮᠤ ᠠᠯᠳᠠᠷ ᠲᠡᠶ ᠢᠳᠠ ᠡᠷ᠎ᠡ ᠪᠦᠷᠢᠳᠤᠨ ᠪᠠᠢ᠌ᠭ᠎ᠠ ᠪᠦᠭᠡᠳ ᠪᠢᠰᠡᠮᠡᠨ ᠳᠡᠭ᠍ᠷᠢ ᠳᠤ ᠳᠤᠯᠠᠢ᠌ᠭᠰᠠᠨ ᠠᠷᠪᠠᠨ ᠳᠠᠪᠤᠨ ᠤ ᠰᠠᠷᠠ ᠰᠢᠤᠬᠠᠨ ᠴᠡᠪᠠᠷᠭᠡᠨ ᠰᠠᠢ᠌ᠬᠠᠨ ᠵᠠᠯᠠᠭᠤ ᠶᠢ ᠥᠵᠡᠭᠡᠳ ᠨᠢᠳᠤ ᠳᠤᠭᠳᠠᠬᠤ ᠦᠭᠡᠶ᠂ ᠰᠡᠳᠭᠢᠯ ᠭᠦᠳᠡᠯᠭᠦ ᠦᠭᠡᠶ ᠭᠡᠦᠭᠡᠨ ᠭᠡᠵᠤ ᠪᠠᠢ᠌ᠨ᠎ᠠ ᠦᠦ ︕

ᠣᠯᠠᠨ ᠭᠦᠮᠤᠨ ᠤ ᠳᠤᠮᠳᠠ ᠰᠠᠭᠤᠵᠤ᠂ ᠦᠷᠭᠦᠯᠵᠢᠯᠡᠨ ᠭᠡᠳᠤᠨ ᠠᠶᠠᠰ ᠳᠠᠳᠠᠬᠤᠯᠠᠷ ᠰᠦᠨ ᠯᠢᠶᠠᠩ ᠤᠨ ᠨᠢᠭᠤᠷ ᠴᠢᠷᠠᠢ ᠭᠦᠯᠦᠰᠤ ᠣᠷᠤᠰᠴᠤ ᠪᠠᠢ᠌ᠨ ᠪᠠᠢ᠌ᠨ ᠬᠠᠠᠴᠤᠢ ᠪᠠᠷ ᠶᠢᠠᠨ ᠵᠥᠯᠭᠦᠭ᠍ᠰᠡᠨ ᠴᠤ ᠵᠥᠭ᠌ ᠭᠠᠷᠬᠤ ᠦᠭᠡᠶ ᠪᠠᠢ᠌ᠪᠠ᠃ ᠡᠨᠡ ᠦᠶ᠎ᠡ ᠳᠤ ᠨᠢᠭᠡᠨ ᠭᠦᠮᠤᠨ ᠳᠡᠭᠦᠨ ᠤ ᠪᠠᠷᠠᠭᠤᠨ ᠡᠪᠦᠳᠦᠭ᠌ ᠳᠡᠭᠡᠷ᠎ᠡ ᠨᠢ ᠨᠢᠭᠡ ᠶᠠᠭᠤᠮ᠎ᠠ ᠳᠠᠯᠪᠢᠬᠤ ᠰᠢᠭ ᠪᠣᠯᠬᠤᠯᠠᠷ ᠨᠢᠳᠤ ᠡᠷᠭᠦᠨ ᠥᠵᠡᠭ᠍ᠰᠡᠨ ᠴᠢᠨᠢ ᠣᠯᠠᠨ ᠭᠡᠦᠭᠡᠡᠴᠦᠳ ᠤᠨ ᠳᠤᠮᠳᠠ ᠪᠠᠨ ᠣᠳᠤ ᠰᠢᠭ ᠭᠡᠷᠡᠯᠳᠡᠢ᠂ ᠬᠤᠨᠢᠨ ᠪᠣᠷᠤ ᠨᠢᠳᠤᠳᠠᠢ᠂ ᠬᠤᠪᠢᠳᠠᠢ ᠰᠠᠢ᠌ᠬᠠᠨ ᠳᠦᠷᠦᠭ᠍ᠰᠡᠨ᠂ ᠣᠳᠠ ᠶᠢᠨ ᠨᠠᠪᠴᠢᠨ ᠭᠦᠮᠦᠰᠭᠡ ᠲᠡᠶ᠂ ᠣᠯᠠᠪᠣᠷ ᠶᠠᠭᠠᠨ ᠴᠢᠷᠠᠢ ᠲᠡᠶ᠂ ᠰᠤᠳᠤᠨ ᠭᠤᠸᠠᠯᠢᠭ ᠨᠢᠷᠤᠭᠤ ᠲᠡᠶ ᠨᠢᠭᠡ ᠠᠭᠠᠰᠢ ᠢᠴᠢᠮᠡᠳᠡᠭᠡᠢ ᠭᠡᠦᠭᠡᠨ ᠭᠠᠷ ᠤᠨ ᠠᠯᠴᠢᠭᠤᠷ ᠶᠢᠡᠨ ᠭᠦᠩᠭᠡᠭᠡᠨ ᠳᠠᠯᠪᠢᠭᠠᠤᠨ ᠴᠠᠭᠠᠰᠢ ᠶᠠᠪᠣᠬᠤ ᠶᠢ ᠣᠯᠵᠤ ᠬᠠᠷᠠᠪᠠ᠃

ᠰᠦᠨ ᠯᠢᠶᠠᠩ ᠠᠯᠴᠢᠭᠤᠷ ᠢ ᠠᠪᠣᠭᠠᠤᠨ ᠭᠦᠯᠦᠰᠤ ᠪᠠᠨ ᠠᠷᠴᠢᠬᠤ ᠭᠡᠭᠦ ᠳᠤ ᠴᠠᠭᠠᠨ ᠳᠤᠷᠭᠠᠨ ᠠᠯᠴᠢᠭᠤᠷ ᠤᠨ ᠳᠡᠭᠡᠷ᠎ᠡ ᠨᠢᠭᠡᠨ ᠬᠤᠤᠰ ᠣᠷᠠᠨ ᠬᠠᠵᠢᠨ ᠤ ᠬᠠᠳᠬᠤᠮᠠᠯ ᠲᠡᠶ ᠪᠠᠢ᠌ᠪᠠ᠃ ᠳᠠᠷᠠ ᠥ ᠰᠠᠪ ᠦᠭᠡᠶ ᠴᠠᠪᠠᠷ ᠰᠠᠢ᠌ᠬᠠᠨ ᠠᠯᠴᠢᠭᠤᠷ ᠶᠢᠡᠷ ᠭᠦᠯᠦᠰᠤ ᠵᠤᠩᠭ᠋ᠠᠭ ᠲᠡᠶ ᠴᠢᠷᠠᠢ ᠪᠠᠨ ᠵᠥᠯᠭᠦᠭᠦ ᠵᠤᠷᠢᠭ ᠭᠦᠷᠦᠭ᠍ᠰᠡᠨ ᠦᠭᠡᠶ ᠰᠡᠮᠡᠭᠡᠷ ᠬᠠᠷᠮᠠᠯᠠᠪᠠ᠃

ᠲ᠋ᠠᠷᠠ ᠭᠡᠦᠭᠡᠨ ᠢ ᠱᠠᠩ ᠿᠤ ᠵᠧᠨ ᠭᠡᠳᠡᠭ᠌᠃ ᠳᠠᠷᠤᠢ ᠰᠦᠨ ᠯᠢᠶᠠᠩ ᠤᠨ ᠭᠢᠨ ᠢ ᠭᠡᠷ ᠤᠨ ᠬᠠᠶᠠᠭᠠᠨ ᠳᠤ ᠪᠠᠨ ᠪᠠᠭᠳᠠᠭᠠᠭᠰᠠᠨ ᠡᠪᠦᠭᠡᠨ ᠡᠮᠡᠭᠡᠨ ᠬᠤᠶᠠᠷ ᠤᠨ ᠠᠮᠠᠨ ᠳᠤ ᠪᠠᠨ ᠭᠢᠪᠠᠯ ᠬᠠᠢ᠌ᠯᠤᠮ᠎ᠠ᠂ ᠠᠯᠠᠭᠠᠨ ᠳᠡᠭᠡᠷ᠎ᠡ ᠪᠠᠨ ᠲ᠋ᠠᠯᠪᠢᠪᠠᠯ ᠪᠦᠮᠪᠦᠷᠢᠮ᠎ᠡ ᠬᠠᠢ᠌ᠷᠠᠯᠠᠵᠤ ᠰᠠᠨᠠᠵᠤ ᠥᠰᠭᠡᠭ᠍ᠰᠡᠨ ᠦᠷ᠎ᠡ ᠶᠢᠨ ᠭᠠᠭᠴᠠ ᠭᠡᠦᠭᠡᠨ ᠨᠢ ᠪᠣᠯᠤᠨ᠎ᠠ᠃

ᠥᠨᠡᠨᠳᠡᠭᠡᠨ ᠰᠦᠨ ᠯᠢᠶᠠᠩ ᠳᠤ ᠳᠠᠢ᠌ᠮᠤ ᠠᠶᠤᠮᠰᠢᠭ ᠦᠭᠡᠶ ᠪᠣᠳᠤᠯ ᠪᠠᠢ᠌ᠭᠰᠠᠨ ᠦᠭᠡᠶ ᠶᠤᠮ᠃ ᠡᠳᠡᠨᠡᠢ᠌ᠭᠢᠨ ᠱᠠᠩ ᠣᠪᠣᠭᠳᠤ ᠬᠤᠶᠠᠷ ᠨᠠᠰᠤᠳᠠᠨ ᠤ ᠬᠠᠶᠠᠭᠠᠨ ᠳᠤ ᠪᠠᠭᠳᠠᠨ ᠠᠮᠢᠳᠤᠷᠠᠬᠤ ᠳᠤ ᠪᠠᠨ ᠡᠪᠦᠭᠡᠨ ᠡᠮᠡᠭᠡᠨ ᠤ ᠳᠤᠰᠠ ᠳᠡᠮᠵᠢᠯᠭᠡ ᠶᠢ ᠪᠠᠭ᠎ᠠ ᠪᠣᠰᠤ ᠭᠦᠷᠳᠡᠵᠤ ᠶᠠᠪᠣᠬᠤ ᠳᠤ ᠪᠠᠨ ᠳᠠᠯᠠᠷᠬᠠᠭᠠᠤᠨ ᠪᠠᠰᠠ ᠮᠤᠬᠤᠰᠢ ᠦᠭᠡᠶ ᠪᠠᠢ᠌ᠬᠤ ᠳᠤ ᠶᠠᠭᠠᠭᠢᠨ ᠳᠠᠢ᠌ᠮᠤ ᠶᠡᠭᠡ ᠰᠠᠨᠠᠭ᠎ᠠ ᠣᠷᠤᠬᠤ ᠪᠣᠢ᠃ ᠱᠠᠩ ᠿᠤ ᠵᠧᠨ ᠭᠡᠦᠭᠡᠨ ᠲᠡᠶ ᠡᠳᠦᠷ ᠤᠨ ᠮᠠᠷᠭᠠᠰᠢ ᠠᠭᠤᠯᠵᠠᠵᠤ ᠣᠴᠠᠷᠠᠳᠠᠭ ᠪᠣᠯᠪᠠᠴᠤ ᠵᠥᠭ᠌ ᠲᠡᠶ ᠭᠡᠳᠤᠨ ᠥᠭᠡ ᠭᠡᠯᠡᠯᠴᠡᠵᠤ ᠥᠩᠭᠡᠷᠡᠭ᠍ᠰᠡᠨ ᠣᠳᠠᠭ᠎ᠠ ᠦᠭᠡᠶ᠃ ᠵᠠᠷᠢᠮ ᠦᠶ᠎ᠡ ᠳᠤ ᠰᠢᠭᠤᠳ ᠨᠢᠭᠤᠷ ᠬᠠᠷᠭᠤᠳᠠᠭ ᠴᠤ ᠰᠦᠨ ᠯᠢᠶᠠᠩ ᠡᠢ᠌ᠮᠤ ᠭᠤᠶᠤ ᠰᠠᠢ᠌ᠬᠠᠨ ᠭᠡᠦᠭᠡᠨ ᠢ ᠠᠰ ᠰᠢᠷᠳᠡᠭᠦ ᠡᠴᠡ ᠬᠠᠯᠢᠷᠠᠨ ᠴᠢᠷᠠᠢ ᠪᠠᠨ ᠣᠯᠠᠢ᠌ᠯᠭᠠᠨ ᠳᠤᠷᠤᠭᠰᠢ ᠬᠠᠷᠠᠨ ᠥᠩᠭᠡᠷᠡᠳᠡᠭ᠌᠃ ᠳᠠᠷᠠ ᠣᠳᠤ ᠵᠢᠰᠤ ᠪᠣᠷᠤᠭᠤᠯᠠᠨ ᠵᠠᠢ᠌ᠯᠠᠵᠤ ᠭᠠᠷᠴᠤ ᠪᠣᠯᠬᠤ ᠦᠭᠡᠶ ᠪᠣᠯᠵᠠᠢ᠃ ᠭᠡᠦᠭᠡᠨ ᠤ ᠪᠢᠴᠢᠬᠠᠨ ᠭᠠᠷ ᠠᠯᠴᠢᠭᠤᠷ ᠢ ᠪᠣᠴᠠᠭᠠᠵᠤ ᠦᠭ‍ᠭᠦ ᠭᠡᠷᠡᠭ᠍ᠳᠡᠢ ᠪᠢᠰᠢᠤ ︕ ᠢᠩᠭᠢᠵᠤ ᠪᠢᠴᠢᠬᠠᠨ ᠭᠠᠷ ᠠᠯᠴᠢᠭᠤᠷ ᠢ ᠪᠠᠨ ᠬᠤᠶᠠᠭᠤᠯᠠ ᠶᠢᠨ ᠳᠤᠮᠳᠠ ᠪᠠᠨ ᠨᠠᠭᠠᠰᠢ ᠴᠠᠭᠠᠰᠢ ᠲᠦᠯᠭᠢᠯᠴᠡᠭ᠍ᠰᠡᠭᠡᠷ ᠳᠠᠳᠠ ᠬᠤᠶᠠᠭᠤᠯᠠ ᠶᠢᠨ ᠶᠠᠪᠣᠯᠴᠠᠭ᠎ᠠ ᠴᠤ ᠠᠭᠠᠵᠢᠮ ᠶᠢᠡᠷ ᠣᠯᠠᠰᠢᠷᠠᠵᠤ᠂ ᠬᠠᠷᠢᠴᠠᠭ᠎ᠠ ᠨᠢ ᠢᠳᠡᠭ᠌ ᠢᠳᠡᠭ᠌ ᠶᠢᠡᠷ ᠨᠢᠭᠳᠠᠷᠠᠵᠤ ᠢᠷᠠᠪᠠ᠃

ᠬᠤᠶᠠᠷ ᠵᠠᠯᠠᠭᠤ ᠠᠭᠠᠵᠢᠮ ᠶᠢᠡᠷ ᠢᠨᠠᠭᠯᠠᠵᠤ ᠡᠭᠢᠯᠡᠪᠡ᠃ ᠱᠠᠩ ᠿᠤ ᠵᠧᠨ ᠭᠡᠳᠥᠢᠪᠠᠷ ᠰᠦᠨ ᠯᠢᠶᠠᠩ ᠡᠴᠡ ᠨᠢᠭᠡ ᠨᠠᠰᠤ ᠳᠡᠭᠦᠤ ᠪᠣᠯᠪᠠᠴᠤ ᠣᠷᠠᠨ ᠳᠡᠭᠡᠷ᠎ᠡ ᠪᠠᠨ ᠣᠬᠠᠭᠠᠨ ᠲᠡᠶ᠂ ᠥᠩᠭᠡ ᠲᠡᠶ ᠳᠡᠭᠡᠷ᠎ᠡ ᠪᠠᠨ ᠵᠢᠰᠤᠳᠠᠢ ᠪᠠᠢ᠌ᠳᠠᠭ ᠨᠢ ᠤᠢ᠌ᠷ᠎ᠡ ᠣᠷᠴᠢᠮ ᠳᠤ ᠪᠠᠨ ᠨᠠᠷᠠᠳᠠᠢ ᠴᠤᠤᠳᠠᠢ᠃ ᠡᠢ᠌ᠮᠤ ᠰᠠᠢ᠌ᠨ ᠭᠡᠦᠭᠡᠨ ᠢ ᠰᠦᠨ ᠯᠢᠶᠠᠩ ᠶᠠᠭᠠᠭᠢᠨ ᠳᠤᠭᠤᠬᠤ ᠦᠭᠡᠶ ᠪᠣᠢ ︕ ᠭᠡᠪᠠᠴᠤ ᠰᠦᠨ ᠯᠢᠶᠠᠩ ᠦᠪᠡᠷ ᠤᠨ ᠭᠡᠷ ᠤᠨ ᠠᠮᠢᠳᠤᠷᠠᠯ ᠵᠢᠴᠢ ᠣᠷᠤᠨ ᠰᠠᠭᠤᠴᠠ ᠦᠭᠡᠶ ᠳᠡᠨᠦᠭᠦᠴᠢᠯᠡᠵᠤ ᠶᠠᠪᠣᠭ᠎ᠠ ᠪᠣᠳᠠᠳᠠᠢ ᠪᠠᠢ᠌ᠳᠠᠯ ᠶᠢᠡᠨ ᠪᠣᠳᠤᠪᠠᠯ ᠭᠡᠦᠭᠡᠨ ᠲᠡᠶ ᠭᠢᠷᠢ ᠭᠦᠷᠭᠦ ᠦᠭᠡᠶ ᠭᠡᠵᠤ ᠪᠠᠶ᠎ᠠ ᠪᠠᠨ ᠭᠢᠴᠢᠶᠠᠵᠤ ᠪᠠᠢ᠌ᠯ᠎ᠠ᠃

᠊᠊᠊᠊᠊᠊᠊᠊᠊᠊᠊᠊᠊᠊᠊ ᠿᠤ ᠵᠧᠨ᠂ ᠨᠠᠳᠠ ᠳᠤ ᠶᠠᠭᠤ ᠴᠤ ᠦᠭᠡᠶ ᠰᠢᠤ ︕ ᠬᠤᠵᠢᠮ ᠴᠢ ᠨᠠᠳᠠ ᠶᠢ ᠳᠠᠭᠠᠭᠠᠤᠨ ᠣᠢ᠌ᠯᠠ ᠠᠮᠰᠠᠬᠤ ᠡᠴᠡ ᠪᠢᠰᠢ ᠵᠤᠯ ᠵᠢᠷᠭᠠᠯ ᠣᠯᠵᠤ ᠡᠳ᠋ᠯᠡᠭᠦ ᠦᠭᠡᠶ᠂ ᠴᠢ ᠬᠠᠷᠠᠮᠰᠠᠬᠤ ᠦᠭᠡᠢ ᠦᠦ ︖ ᠪᠣᠯᠬᠤ ᠦᠭᠡᠶ᠂ ᠪᠢ ᠴᠢᠮ᠎ᠠ ᠶᠢ ᠵᠤᠯ ᠵᠢᠷᠭᠠᠯᠳᠠᠢ ᠠᠮᠢᠳᠤᠷᠠᠭᠤᠯᠵᠤ ᠳᠡᠢ᠌ᠯᠭᠦ ᠦᠭᠡᠶ ᠭᠡᠵᠤ ᠰᠦᠨ ᠯᠢᠶᠠᠩ ᠭᠡᠯᠡᠪᠠᠯ᠄

᠊᠊᠊᠊᠊᠊᠊᠊᠊᠊᠊᠊᠊᠊᠊ ᠴᠢ ᠠᠷᠠᠤᠨ ᠤᠨ ᠳᠠᠭᠤᠤ 《ᠯᠦᠩᠮᠸᠢ》 ᠶ᠋ᠢᠨ ᠠᠶᠠᠰ ᠢ ᠳᠠᠳᠠᠭᠠᠤᠨ ᠠᠯᠢ ︕ ᠪᠢ ᠴᠢᠮ᠎ᠠ ᠳᠤ ᠳᠠᠭᠤᠯᠠᠵᠤ ᠦᠭ‍ᠭᠦᠶ᠎ᠡ ᠭᠡᠵᠤ ᠱᠠᠩ ᠿᠤ ᠵᠧᠨ ᠭᠡᠯᠡᠪᠡ᠃

ᠰᠠ‍‌ᠶᠢ ᠡᠭᠢᠯᠡᠭᠦ ᠳᠤ ᠪᠠᠨ ᠰᠦᠨ ᠯᠢᠶᠠᠩ ᠮᠠᠰᠢ ᠭᠠᠢ᠌ᠬᠠᠵᠤ ᠠᠪᠣᠪᠠ᠃ ᠶᠠᠭᠠᠭᠢᠭᠠᠤᠨ ᠪᠠᠰᠠ 《ᠯᠦᠩᠮᠸᠢ》 ᠶ᠋ᠢ ᠳᠠᠭᠤᠯᠠᠬᠤ ᠪᠣᠯᠴᠢᠪᠠ ᠦᠦ ︕ ᠭᠡᠵᠤ ᠰᠤᠨᠢᠷᠬᠠᠭᠠᠤᠨ ᠬᠤᠭᠤᠷ ᠶᠢᠡᠨ ᠠᠪᠴᠤ 《ᠯᠦᠩᠮᠸᠢ》 ᠶ᠋ᠢᠨ ᠠᠶ᠎ᠠ ᠶᠢ ᠡᠭᠢᠯᠡᠨ ᠳᠠᠳᠠᠬᠤ ᠳᠤ ᠱᠠᠩ ᠿᠤ ᠵᠧᠨ

ᠬᠠᠯᠠ ᠳᠤᠷᠭ᠎ᠠ ᠪᠠᠨ ᠡᠮᠦᠰᠦᠭᠡᠳ

ᠬᠠᠭᠠᠨ ᠤ ᠡᠭᠦᠳᠡᠨ ᠳᠤ ᠵᠠᠶᠠᠭᠠᠪᠠᠴᠤ ᠡᠨ ᠬᠨ ᠭᠦ᠋ ᠭᠦᠢ

ᠬᠠᠷᠢᠯᠴᠠᠨ ᠬᠤᠶᠠᠭᠤᠯᠠ ᠪᠠᠨ ᠳᠠᠭᠠᠷᠠᠬᠤ ᠦᠭᠡᠶ ᠪᠣᠯ

ᠬᠠᠷᠠᠩᠭ᠋ᠤᠢ ᠵᠤᠪᠠᠯᠠᠩ ᠤᠨ ᠦᠨᠳᠦᠰᠦ ᠡ ᠭᠦᠢ

ᠬᠠᠰᠢᠶ᠎ᠠ ᠪᠠᠨ ᠳᠤᠭᠤᠷᠢᠭᠠᠤᠨ

ᠬᠠᠷ᠎ᠠ ᠰᠢᠷᠤᠢ ᠪᠠᠨ ᠮᠠᠯᠳᠠᠪᠠᠴᠤ ᠡᠨ ᠬᠨ ᠭᠦ᠋ ᠭᠦᠢ

ᠬᠠᠮᠳᠤ ᠬᠤᠶᠠᠭᠤᠯᠠ ᠪᠠᠨ ᠳᠠᠭᠠᠷᠠᠴᠢᠬᠠᠪᠠᠯ

ᠬᠠᠭᠠᠨ ᠤ ᠵᠢᠷᠭᠠᠯ ᠡᠴᠡ ᠳᠤᠤᠷ᠎ᠠ ᠦᠦ ᠳ᠋ᠠ ᠭᠦᠢ

᠁ ᠁ ᠁

ᠭᠡᠵᠤ ᠬᠤᠶᠠᠷ ᠪᠠᠳᠠᠭ ᠳᠠᠭᠤᠯᠠᠬᠤᠯᠠᠷ ᠭᠡᠦᠭᠡᠨ ᠤ ᠰᠡᠳᠭᠢᠯ ᠨᠢᠭᠡᠨᠲᠡ ᠰᠢᠭᠤᠳᠤᠭᠰᠠᠨ ᠢ ᠮᠡᠳᠡᠭᠡᠳ ᠰᠦᠨ ᠯᠢᠶᠠᠩ ᠰᠡᠳᠭᠢᠯ ᠭᠦᠳᠡᠯᠵᠤ ᠨᠢᠯᠪᠣᠰᠤ ᠣᠨᠠᠭᠠᠪᠠ᠃

ᠬᠡᠦᠬᠡᠳ ᠤᠨ ᠪᠠᠢ᠌ᠳᠠᠯ ᠢ ᠦᠵᠡᠵᠤ ᠭᠠᠷᠤᠭᠰᠠᠨ ᠰᠦᠨ ᠯᠢᠶᠠᠩ ᠤᠨ ᠡᠵᠢ ᠶᠡᠭᠡᠯ᠎ᠡ ᠪᠠᠶᠠᠷᠯᠠᠵᠤ᠂ ᠠᠪᠣ ᠳᠤ ᠨᠢ ᠴᠢᠮᠡᠭᠡ ᠦᠭ‍ᠭᠦᠭ᠍ᠰᠡᠨ ᠪᠦᠭᠡᠳ ᠵᠠᠭᠤᠴᠢ ᠭᠦᠮᠤᠨ ᠭᠤᠶᠤᠬᠤ ᠪᠠᠷ ᠪᠡᠯᠡᠳᠭᠡᠪᠡ᠃ ᠬᠤᠷᠴᠢᠨ ᠮᠤᠩᠭ᠋ᠤᠯᠴᠤᠳ ᠤᠨ ᠵᠠᠭᠤᠴᠢ ᠶᠢᠨ ᠭᠦᠮᠤᠨ ᠢ ᠭᠤᠶᠤᠬᠤ ᠳᠤ ᠪᠠᠰᠠ ᠶᠡᠭᠡ ᠣᠯᠠᠨ ᠣᠬᠠᠭ᠎ᠠ ᠣᠷᠤᠳᠠᠭ᠃ ᠵᠠᠭᠤᠴᠢ ᠭᠦᠮᠤᠨ ᠡᠷᠭᠡᠪᠰᠢ ᠶᠠᠪᠣᠳᠠᠯ ᠣᠴᠢᠷ ᠲᠤ ᠯᠠᠪᠳᠠᠭᠤᠨ ᠪᠣᠯᠭᠤᠮᠵᠢᠳᠠᠢ᠂ ᠭᠡᠯᠡ ᠶᠠᠷᠢᠶ᠎ᠠ ᠪᠣᠯᠪᠠᠰᠤᠨ ᠶᠤᠰᠤᠷᠬᠠᠭ᠂ ᠭᠦᠤ ᠭᠡᠦᠭᠡᠨ ᠤ ᠬᠤᠶᠠᠷ ᠳᠠᠯ᠎ᠠ ᠳᠤ ᠪᠦᠷ ᠰᠠᠢ᠌ᠨ ᠶᠠᠪᠣᠯᠴᠠᠳᠠᠭ ᠭᠦᠮᠤᠨ ᠪᠦᠭᠡᠳ ᠠᠢ᠌ᠯ ᠬᠤᠳᠠᠨ ᠳᠤ ᠪᠠᠨ ᠨᠠᠷ᠎ᠠ ᠭᠦᠡᠳᠦᠳᠡᠢ᠂ ᠬᠡᠦᠬᠡᠳ ᠲᠡᠶ ᠢᠪᠠᠭᠡᠯ ᠵᠢᠯ ᠲᠡᠶ᠂ ᠡᠯᠢᠭᠡ ᠪᠦᠳᠤᠨ ᠬᠠᠷ᠎ᠠ ᠴᠠᠭᠠᠨ ᠬᠡᠦᠬᠡᠳ ᠳᠡᠭ᠍ᠰᠢᠭᠡᠨ᠂ ᠣᠬᠠᠭᠠᠯᠢᠭ ᠳᠤᠮᠤᠭᠠᠯᠢᠭ ᠭᠦᠮᠤᠨ ᠢ ᠭᠤᠶᠤᠵᠤ ᠣᠷᠤᠭ ᠤᠨ ᠣᠴᠢᠷ ᠲᠤ ᠭᠦᠶ‍ᠦᠯᠭᠡᠨ᠎ᠡ᠃

ᠰᠠᠮᠪᠠᠢ ᠬᠠᠳᠠᠭ ᠨᠢᠭᠡ ᠠᠮᠠ᠂ ᠰᠠᠷᠬᠤᠤᠨ ᠠᠷᠢᠭᠢ ᠬᠤᠶᠠᠷ ᠯᠤᠩᠬᠤ ᠪᠡᠯᠡᠳᠭᠡᠭᠡᠳ ᠭᠡᠦᠭᠡᠨ ᠤ ᠭᠡᠷ ᠲᠤ ᠣᠴᠢᠭᠤᠯᠤᠭᠰᠠᠨ ᠴᠢᠨᠢ ᠵᠠᠭᠤᠴᠢ ᠶᠢᠨ ᠭᠦᠮᠤᠨ ᠡᠡᠯᠢ ᠪᠠᠢ᠌ᠭᠰᠠᠨ ᠶᠢᠡᠨ ᠳᠡᠭᠦᠵᠢᠯᠡᠭᠡᠳ ᠣᠴᠢᠭᠰᠠᠨ ᠡᠴᠡ ᠪᠠᠨ ᠬᠤᠷᠳᠤᠨ ᠡᠷᠭᠢᠭᠡᠳ ᠢᠷᠡᠭᠦᠯᠡᠷ ᠰᠦᠨ ᠯᠢᠶᠠᠩ ᠤᠨ ᠡᠵᠢ ᠨᠢ ᠶᠠᠪᠣᠳᠠᠯ ᠣᠴᠢᠷ ᠤᠨ ᠶᠠᠮᠠᠷ ᠪᠣᠯᠤᠭᠰᠠᠨ ᠢ ᠭᠡᠳᠥᠢᠨᠢ ᠭᠠᠳᠠᠷᠯᠠᠵᠠᠢ᠃ ᠭᠡᠪᠠᠴᠤ ᠬᠠᠰᠢᠯᠠ ᠮᠤᠩᠭ᠋ᠤᠯ ᠤᠨ ᠰᠠᠢ᠌ᠬᠠᠨ ᠵᠠᠩᠰᠢᠯ ᠶᠤᠰᠤ ᠪᠠᠷ ᠵᠢᠡᠨ ᠰᠢᠷᠡᠭᠡ ᠪᠣᠳᠠᠭ᠎ᠠ ᠪᠡᠯᠡᠳᠭᠡᠨ ᠵᠠᠭᠤᠴᠢ ᠶᠢᠨ ᠭᠦᠮᠤᠨ ᠶᠢᠡᠨ ᠳᠠᠢ᠌ᠯᠠᠬᠤ ᠭᠡᠭᠦ ᠳᠤ ᠳᠠᠷᠠ ᠭᠦᠮᠤᠨ ᠨᠢ ᠪᠣᠳᠠᠭ᠎ᠠ ᠴᠤ ᠢᠳᠡᠭ᠍ᠰᠡᠨ ᠦᠭᠡᠶ ᠭᠡᠷ ᠲᠤ ᠪᠠᠨ ᠪᠣᠴᠠᠵᠠᠢ᠃ ᠬᠤᠭᠤᠷᠴᠢ ᠭᠦᠮᠤᠨ ᠤ ᠬᠤᠪᠢ ᠵᠠᠶᠠᠭ᠎ᠠ ᠭᠡᠵᠤ ᠶᠠᠭᠤ ᠯᠠ ᠪᠠᠢ᠌ᠬᠤᠪ᠃

ᠭᠤᠳᠤᠯ ᠤᠨ ᠣᠯᠠ ᠪᠠᠨ ᠣᠭᠤᠯᠢᠳᠠᠭᠰᠠᠨ ᠮᠤᠵᠢᠶᠠᠩ ᠨᠢᠭᠡ ᠥᠭᠡᠳᠡᠯᠡᠭᠦ ᠦᠭᠡᠶ᠂

ᠭᠤᠯᠤᠮᠳᠠ ᠶᠢᠨ ᠭᠠᠯ ᠶᠢᠡᠨ ᠭᠤᠳᠤᠭᠤᠯᠤᠭᠰᠠᠨ ᠳᠠᠷᠬᠠᠨ ᠨᠢᠭᠡ ᠥᠭᠡᠳᠡᠯᠡᠭᠦ ᠦᠭᠡᠶ᠂

ᠭᠤᠶ᠎ᠠ ᠶᠢᠨ ᠣᠭ ᠶᠢᠡᠨ ᠭᠢᠷᠦᠭᠡᠳᠦᠭ᠍ᠰᠡᠨ ᠬᠤᠭᠤᠷᠴᠢ ᠨᠢᠭᠡ ᠥᠭᠡᠳᠡᠯᠡᠭᠦ ᠦᠭᠡᠶ ᠭᠡᠳᠡᠭ᠍ᠴᠢᠯᠡᠨ 《ᠭᠠᠩ ᠭᠢᠭᠦ ᠨᠤᠬᠠᠢ ᠦᠭᠡᠶ᠂ ᠭᠠᠵᠠᠷ ᠭᠢᠰᠭᠢᠭᠦ ᠮᠠᠯ ᠦᠭᠡᠶ》 ᠳᠡᠨᠦᠭᠦᠯ ᠭᠣᠢ᠌ᠷᠠᠠᠴᠢ ᠭᠦᠮᠤᠨ ᠳ᠋ᠤ ᠶᠠᠮᠠᠷ ᠭᠦᠮᠤᠨ ᠭᠡᠳ ᠬᠠᠢ᠌ᠷᠠᠳᠤ ᠭᠡᠦᠭᠡᠨ ᠶᠢᠡᠨ ᠦᠭ‍ᠭᠦ ᠦᠭᠡᠶ ᠶ‍ᠦᠮ ︕ ᠡᠢ᠌ᠮᠤ ᠣᠯᠠᠨ ᠠᠷᠪᠢᠨ ᠥᠭᠡ ᠶᠢ ᠱᠠᠩ ᠿᠤ ᠵᠧᠨ ᠤ ᠠᠪᠣ ᠡᠵᠢ ᠨᠢ ᠭᠡᠯᠡᠭ᠍ᠰᠡᠨ ᠦᠭᠡᠶ ᠪᠣᠯᠪᠠᠴᠤ ᠰᠦᠨ ᠯᠢᠶᠠᠩ ᠤᠨ ᠡᠵᠢ ᠨᠢ ᠦᠪᠡᠷ ᠶᠢᠡᠨ ᠢᠩᠭᠢᠵᠤ ᠪᠣᠳᠤᠵᠠᠢ᠃

ᠲ᠋ᠤᠭᠳᠤᠩᠭ᠋᠎ᠠ ᠭᠤᠸᠠᠢ ᠡᠭᠦᠨ ᠢ ᠰᠤᠨᠤᠰᠤᠭᠠᠤᠨ ᠵᠤᠪᠠᠬᠤ ᠶᠢᠨ ᠶᠡᠭᠡ ᠪᠠᠷ ᠵᠤᠪᠠᠵᠤ᠄

᠊᠊᠊᠊᠊᠊᠊᠊᠊᠊᠊᠊᠊᠊᠊ ᠵᠠ᠂ ᠭᠡᠯᠡᠵᠤ ᠪᠠᠢ᠌ᠳᠠᠯ᠎ᠠ ᠶᠠᠮᠠᠷ ᠪᠠᠢ᠌ᠨ᠎ᠠ ︕ ᠡᠯᠳᠡᠪ ᠶᠠᠭᠤᠮ᠎ᠠ ᠶᠢ ᠰᠤᠷᠤᠭᠠᠤᠨ ᠡᠭᠡᠨᠡᠷ ᠣᠯᠬᠤ ᠳᠤ ᠴᠤ ᠭᠦᠴᠢᠷ ᠪᠣᠯᠤᠭᠰᠠᠨ ᠪᠠᠢ᠌ᠬᠤ ᠦᠭᠡᠶ ᠦᠦ ︖ ᠬᠠᠢ ︕ ᠭᠡᠵᠤ ᠠᠰᠬ᠎ᠠ ᠬᠠᠳᠠᠨ ᠤ ᠭᠦᠢᠳᠡᠨ ᠰᠢᠭᠤᠷᠭ᠎ᠠ ᠰᠢᠭ᠌ ᠭᠠᠰᠢᠭᠤᠨ ᠶᠢᠠᠷ ᠰᠡᠭᠦᠷᠡᠰᠦᠯᠡᠪᠡ᠃

ᠡᠵᠢ ᠨᠢ ᠭᠡᠵᠤ ᠬᠤᠪᠢ ᠪᠠᠨ ᠰᠠᠭᠢᠵᠤ ᠬᠤᠯᠠ ᠪᠠᠨ ᠣᠨᠤᠭᠰᠠᠨ ᠨᠤᠮᠤᠬᠠᠨ ᠰᠢᠳᠤᠷᠭᠤ ᠭᠦᠳᠡᠭᠡ ᠶᠢᠨ ᠨᠢᠭᠡᠨ ᠪᠦᠰᠡᠭᠦᠢ ᠶᠠᠭᠤ ᠪᠠᠨ ᠭᠡᠯᠡᠨ᠎ᠡ᠃ ᠦᠪᠡᠷ ᠶᠢᠡᠨ ᠥᠯᠢᠭᠡᠷ ᠳᠤᠭᠤᠵᠢ ᠳᠠᠭᠤᠤ ᠭᠦᠭ᠍ᠵᠢᠮ ᠳᠤ ᠳᠠᠳᠤᠢ ᠶᠡᠭᠡ ᠳᠤᠷ᠎ᠠ ᠰᠤᠨᠢᠷᠬᠠᠯ ᠦᠭᠡᠶ ᠪᠣᠯᠪᠠᠴᠤ ᠭᠦᠤ ᠶᠢᠨ ᠶᠢᠡᠨ ᠬᠤᠭᠤᠷ ᠰᠤᠷᠴᠤ ᠬᠤᠭᠤᠷᠴᠢ ᠪᠣᠯᠬᠤ ᠳᠤ ᠶᠡᠭᠡ ᠬᠤᠷᠢᠭᠯᠠᠭᠰᠠᠨ ᠦᠭᠡᠶ ᠪᠣᠯᠬᠤᠷ ᠣᠳᠤ ᠮᠦᠨ ᠭᠡᠯᠡᠭᠦ ᠥᠭᠡ ᠦᠭᠡᠶ ᠪᠣᠯᠵᠤ᠂ ᠡᠭᠡᠷᠡᠮ᠎ᠡ ᠳᠠᠯ᠎ᠠ ᠳᠤ ᠨᠠᠭᠤᠷ ᠴᠥᠭᠦᠷᠦᠮ ᠳᠤᠭᠳᠠᠮᠠᠷ ᠨᠢᠳᠤᠨ ᠤ ᠨᠢᠯᠪᠣᠰᠤ ᠣᠷᠤᠰᠬᠠᠵᠤ ᠰᠠᠭᠤᠨ᠎ᠠ᠃

ᠭᠦᠡᠳᠡᠯᠡᠨ ᠤ ᠭᠦᠮᠦᠰ ᠤᠨ ᠭᠡᠯᠡᠵᠤ ᠪᠠᠷᠢᠵᠤ ᠪᠠᠢ᠌ᠬᠤ ᠶᠢ ᠨᠠᠩ ᠶᠠᠭᠤᠨ ᠥᠭᠦᠯᠡᠭᠦ ᠪᠢᠯᠠ ︕

᠊᠊᠊᠊᠊᠊᠊᠊᠊᠊᠊᠊᠊᠊᠊ ᠬᠤᠭᠤᠷ ᠢ ᠰᠤᠷᠬᠤ ᠪᠠᠷ ᠬᠤᠯᠠᠭᠠᠢ᠌ᠴᠢ ᠶᠢ ᠰᠤᠷ᠂ ᠴᠤᠭᠤᠷ ᠢ ᠰᠤᠷᠬᠤ ᠪᠠᠷ ᠴᠤᠭᠢᠬᠤ ᠶᠢ ᠰᠤᠷ ᠭᠡᠳᠡᠭ᠌ ᠪᠢᠰᠢᠤ ︕ ᠬᠤᠭᠤᠷᠴᠢ ᠭᠦᠮᠤᠨ ᠶᠠᠮᠠᠷ ᠰᠠᠢ᠌ᠨ ᠪᠣᠢ ︕

᠊᠊᠊᠊᠊᠊᠊᠊᠊᠊᠊᠊᠊᠊᠊ ᠬᠤᠭᠤᠷᠴᠢ ᠪᠣᠯᠪᠠᠯ ᠬᠤᠳᠠᠯᠠ ᠶᠢ ᠪᠠᠶᠠᠰᠬᠠᠨ᠎ᠠ᠂ ᠬᠤᠯᠠᠭᠠᠢ᠌ᠴᠢ ᠰᠤᠷᠪᠠᠯ ᠬᠠᠤᠯᠢ ᠳᠤ ᠣᠨᠠᠨ᠎ᠠ ︕

ᠭᠦᠮᠤᠨ ᠤ ᠳᠠᠪᠣᠰᠤ ᠢᠳᠡᠭ᠍ᠰᠡᠨ ᠠᠮᠠ ᠶᠠᠭᠤ ᠭᠡᠯᠡᠯᠴᠡᠭᠦ ᠦᠭᠡᠶ ᠪᠣᠢ ︕ ᠦᠪᠡᠷ ᠤᠨ ᠪᠣᠳᠠᠭ᠎ᠠ ᠪᠠᠨ ᠢᠳᠠᠵᠤ ᠦᠷᠦᠭᠡᠯ ᠤᠨ ᠵᠤᠭᠤᠭ ᠢ ᠭᠡᠯᠡᠯᠴᠡᠭᠦ ᠶ‍ᠢᠷᠳᠢᠠᠴᠤ ᠭᠡᠵᠤ᠁

ᠱᠠᠩ ᠿᠤ ᠵᠧᠨ ᠭᠡᠨ ᠡᠴᠡ ᠴᠤ ᠢᠯᠡᠭᠦᠤ ᠪᠠᠴᠢᠮᠳᠠᠵᠤ ᠠᠷᠭ᠎ᠠ ᠪᠠᠨ ᠪᠠᠷᠠᠬᠤ ᠳᠤ ᠪᠠᠨ᠄

᠊᠊᠊᠊᠊᠊᠊᠊᠊᠊᠊᠊᠊᠊᠊ ᠁ ᠴᠢ ᠮᠢᠨᠢ ᠬᠤᠭᠤᠷ ᠭᠢᠷᠦᠭᠡᠳᠦᠭᠦ ᠪᠠᠨ ᠪᠣᠯᠢᠴᠢᠬ᠎ᠠ ︕ ᠭᠡᠵᠤ ᠴᠤᠬᠤᠮ ᠦᠬᠢᠨ ᠭᠤᠶᠤᠳᠠᠯ ᠶᠢᠡᠷ ᠰᠦᠨ ᠯᠢᠶᠠᠩ ᠳᠤ ᠭᠡᠯᠡᠯ᠎ᠡ᠃

ᠪᠣᠰᠤᠳ ᠭᠦᠮᠤᠨ ᠳᠤ ᠪᠣᠯ ᠶᠠᠭᠠᠭᠢᠮᠠᠢ ᠳ᠋ᠠ ︕ ᠬᠤᠭᠤᠷ ᠳᠠᠳᠠᠬᠤ ᠪᠠᠨ ᠵᠤᠭᠰᠤᠬᠤ ᠳᠤ ᠶᠠᠮᠠᠷ ᠯᠠ ᠭᠦᠴᠢᠷ ᠪᠣᠯᠬᠤ ᠠᠵᠢ ︕ ᠭᠡᠳᠡᠯ᠎ᠡ ᠰᠦᠨ ᠯᠢᠶᠠᠩ ᠳᠤ ᠠᠪᠴᠤ ᠭᠡᠯᠡᠪᠠᠯ ᠡᠢ᠌ᠮᠦᠷᠭᠦ ᠰᠢ᠌ᠤᠠᠪᠣᠷᠢ ᠭᠠᠷᠭᠠᠬᠤ ᠨᠢ ᠶᠤᠰᠤᠳᠠᠢ ᠳᠡᠭ᠍ᠷᠢ ᠳᠤ ᠭᠠᠷᠬᠤ ᠡᠴᠡ ᠭᠦᠴᠢᠷ ᠭᠡᠵᠤ ᠮᠠᠳᠠ ︕

᠊᠊᠊᠊᠊᠊᠊᠊᠊᠊᠊᠊᠊᠊᠊ ᠁ ᠴᠢ ᠮᠢᠨᠢ ᠨᠠᠮ᠎ᠠ ᠶᠢ ᠳᠠᠭᠠᠭᠤᠯᠤᠭᠠᠤᠨ ᠣᠷᠭᠤᠴᠢᠬ᠎ᠠ ︕ ᠭᠡᠳᠤᠨ ᠵᠢᠯ ᠤᠨ ᠳᠠᠯ᠎ᠠ ᠵᠢᠭᠡ ᠣᠮᠪᠣᠯᠤ ᠶᠢ ᠨᠢ ᠠᠪᠴᠢᠷᠠᠭᠠᠤᠨ ᠥᠭ᠍ᠴᠢᠭᠡᠪᠠᠯ ᠪᠢᠳᠠᠨ ᠢ ᠶᠠᠭᠠᠭᠢᠬᠤ ᠪᠢᠯᠠ ︕ ᠱᠠᠩ ᠿᠤ ᠵᠧᠨ ᠭᠡᠦᠭᠡᠨ ᠣᠯᠠᠮ ᠡᠷᠡᠰ ᠳᠠᠰᠤ ᠭᠡᠯᠡᠨ᠎ᠡ᠃

ᠭᠡᠦᠭᠡᠨ ᠤ ᠰᠦᠰᠦ ᠵᠤᠷᠢᠭ᠂ ᠡᠷᠡᠰ ᠰᠢᠭᠤᠷᠬᠠᠢ᠂ ᠠᠰᠪᠣᠷ ᠴᠠᠭᠠᠪᠣᠷ ᠵᠠᠩ ᠨᠢ ᠰᠦᠨ ᠯᠢᠶᠠᠩ ᠢ ᠣᠯᠠᠮ ᠪᠢᠰᠢᠷᠠᠵᠤ ᠳᠤᠭᠤᠬᠤ ᠪᠣᠯᠭᠠᠵᠠᠢ᠃ ᠳᠠᠷᠠ ᠬᠤᠭᠤᠷ ᠪᠠ ᠬᠤᠩᠭ᠋ᠤᠷ ᠤᠨ ᠠᠯᠢ ᠶᠢ ᠨᠢ ᠴᠤ ᠬᠠᠶᠠᠬᠤ ᠵᠤᠷᠢᠭ ᠦᠭᠡᠶ ᠪᠣᠯᠪᠠ᠃ ᠭᠡᠪᠠᠴᠤ ᠨᠤᠮᠤᠬᠠᠨ ᠰᠢᠳᠤᠷᠭᠤ᠂ ᠠᠰᠪᠣᠷ ᠴᠠᠭᠠᠪᠣᠷ ᠰᠦᠨ ᠯᠢᠶᠠᠩ ᠠᠴᠢᠳᠤ ᠭᠦᠮᠤᠨ ᠥᠳᠡᠯᠦᠭᠡ ᠬᠤᠶᠠᠷ ᠨᠠᠰᠤᠳᠠᠨ ᠤ ᠥᠵᠡᠭᠦ ᠨᠢᠳᠤᠨ ᠤ ᠴᠡᠴᠡᠭᠡᠢ᠂ ᠥᠨᠦᠰᠭᠦ ᠬᠠᠮᠠᠷ ᠤᠨ ᠵᠠᠭᠠᠷ ᠪᠣᠯᠤᠭᠰᠠᠨ ᠬᠠᠢ᠌ᠷᠠᠳᠠᠢ ᠪᠦᠭᠡᠷᠡᠳᠡᠢ ᠭᠡᠦᠭᠡᠨ ᠢ ᠨᠢ ᠳᠠᠭᠠᠭᠤᠯᠵᠤ ᠶᠠᠪᠣᠭᠠᠤᠨ ᠵᠤᠪᠠᠭᠠᠬᠤ ᠪᠣᠯ ᠶᠤᠰᠤᠳᠠᠢ 《ᠦᠷᠤ ᠡᠪᠠᠳᠦᠭ᠍ᠰᠡᠨ ᠭᠦᠮᠤᠨ ᠤ ᠡᠷᠡᠤ ᠥᠭᠡᠳᠡ ᠢᠰᠭᠦᠯᠦᠭ᠍ᠰᠡᠨ》᠂ 《ᠳᠡᠵᠢᠭᠡᠭ᠍ᠰᠡᠨ ᠪᠢᠷᠠᠭᠤ ᠳᠡᠷᠭᠡ ᠡᠪᠳᠡᠭ᠍ᠰᠡᠨ》 ᠣᠯᠢᠭ ᠦᠭᠡᠶ ᠣᠴᠢᠷ ᠪᠣᠯᠬᠤ ᠪᠢᠰᠢᠤ ︕ ᠰᠦᠨ ᠯᠢᠶᠠᠩ ᠤᠨ ᠭᠢᠨ ᠶᠠᠭᠠᠭᠢᠭᠰᠠᠨ ᠴᠤ ᠢᠳᠡᠭᠡᠯ ᠠᠯᠳᠠᠬᠤ ᠣᠴᠢᠷ ᠢ ᠦᠢᠯᠡᠳᠬᠦ ᠦᠭᠡᠶ᠂

ᠰᠦᠨ ᠯᠢᠶᠠᠩ ᠣᠯᠤᠰᠤᠨ ᠰᠢᠷᠢᠯᠳᠦᠭᠡ ᠰᠢᠭ᠌ ᠡᠷᠢᠶᠡᠨ ᠮᠠᠷᠢᠶᠠᠨ ᠪᠣᠳᠤᠯᠭ᠎ᠠ ᠳᠤ ᠳᠤᠯᠤᠭᠠᠢ ᠨᠢ ᠡᠪᠠᠦᠡᠴᠤ᠂ ᠭᠦᠡᠳᠤ ᠨᠦᠰᠠᠷ ᠰᠡᠳᠭᠢᠯ ᠤᠨ ᠳᠠᠷᠴᠢᠯᠠᠭᠠᠯ ᠳᠤ ᠣᠨᠠᠵᠤ ᠪᠢᠯᠠ ︕ ᠡᠨᠡ ᠦᠶ᠎ᠡ ᠳᠤ ᠳᠠᠷᠠ ᠡᠷᠭᠡᠪᠰᠢ ᠨᠢᠭᠡᠨ ᠡᠷᠡᠰ ᠳᠠᠰᠤ ᠰᠢ᠌ᠤᠠᠪᠣᠷᠢ ᠭᠠᠷᠭᠠᠨ ᠬᠠᠯᠠᠳᠠᠢ ᠥᠭᠡ ᠭᠡᠯᠡᠵᠤ᠂ ᠬᠠᠳᠠᠭᠤ ᠠᠷᠭ᠎ᠠ ᠠᠪᠴᠤ ᠪᠠᠢ᠌ᠭᠠᠤᠨ ᠭᠡᠦᠭᠡᠨ ᠢ ᠪᠠᠶ᠎ᠠ ᠡᠴᠡ ᠪᠠᠨ ᠰᠠᠯᠭᠠᠬᠤ ᠭᠡᠷᠡᠭ᠍ᠳᠡᠢ ᠪᠠᠢ᠌ᠯ᠎ᠠ᠃ ᠳᠡᠭᠡᠭᠡᠳ ᠳᠠᠷᠠ᠄

᠊᠊᠊᠊᠊᠊᠊᠊᠊᠊᠊᠊᠊᠊᠊ ᠵᠠ᠂ ᠪᠢ ᠴᠤ ᠬᠤᠭᠤᠷ ᠶᠢᠡᠨ ᠬᠠᠶᠠᠵᠤ ᠬᠤᠩᠭ᠋ᠤᠷ ᠶᠢᠡᠨ ᠭᠡᠵᠤ ᠰᠠᠭᠢᠵᠤ ᠰᠠᠭᠤᠬᠤ ᠭᠦᠮᠤᠨ ᠪᠢᠰᠢ ︕ ᠭᠡᠵᠤ ᠭᠡᠯᠡᠭᠦ ᠭᠡᠳ ᠭᠡᠯᠡ ᠳᠠᠩᠨᠠᠢ ᠭᠡᠷᠡᠯᠳᠦᠭᠦᠯᠵᠤ᠂ ᠳᠠᠭᠢᠨ ᠣᠰᠤᠨ ᠨᠢᠳᠦᠯᠡᠭᠡᠳ ᠣᠶᠠᠷᠠᠭᠤᠨ ᠳᠦᠷᠢ ᠲᠡᠶ ᠰᠠᠭᠤᠭ᠎ᠠ ᠱᠠᠩ ᠿᠤ ᠵᠧᠨ ᠢ ᠬᠠᠷᠠᠮᠠᠭᠴᠠ᠂ ᠳᠡᠷᠡᠭᠡᠨ ᠊ᠭ᠍ᠱᠡᠨ᠎ᠡ ᠬᠠᠳᠡᠭᠤ ᠰᠡᠳᠭᠢᠯ ᠨᠢ ᠬᠠᠭᠠᠷᠠᠭᠰᠠᠨ ᠬᠠᠳᠠ ᠪᠣᠯᠵᠤ ᠨᠤᠷᠠᠭᠠᠤᠨ᠂ ᠭᠡᠯᠡᠭᠦ ᠥᠭᠡ ᠪᠠᠨ ᠭᠡᠯᠡ ᠳᠤᠤᠷ᠎ᠠ ᠪᠠᠨ ᠳᠠᠷᠤᠵᠤ᠂ ᠬᠠᠵᠠᠭᠤ ᠳᠤ ᠭᠢ ᠠᠷᠠᠯᠳᠤ ᠬᠤᠭᠤᠷ ᠶᠢᠡᠨ ᠠᠳᠬᠤᠨ ᠠᠪᠣᠮᠠᠭᠴᠠ ᠵᠥᠭ᠌ ᠴᠢᠭ᠌ ᠦᠭᠡᠶ ᠭᠠᠷᠤᠭᠠᠤᠨ ᠭᠦᠶ‍ᠦᠯ᠎ᠡ᠃

ᠳᠦᠭᠦᠭᠡ ᠲ᠋ᠦᠮᠤᠭ᠎ᠠ ᠦᠭᠡᠶ ᠭᠦᠶ‍ᠦᠭ᠍ᠰᠡᠭᠡᠷ ᠡᠵᠡᠭᠦᠢ ᠵᠤ᠋ ᠶᠢᠨ ᠡᠩᠭᠡᠷ ᠬᠤᠷᠮᠤᠢ ᠳᠤ ᠰᠠᠭᠤᠭᠠᠤᠨ ᠬᠤᠭᠤᠷ ᠶᠢᠡᠨ ᠡᠷᠭᠦᠵᠤ᠂ ᠨᠤᠮᠤ ᠪᠠᠨ ᠴᠢᠩᠭ᠋ᠠᠯᠠᠭᠠᠤᠨ ᠡᠩᠰᠡᠷᠡᠳᠡᠯ᠎ᠡ ᠳᠠᠳᠠᠵᠤ ᠭᠠᠷᠤᠯ᠎ᠠ᠃

ᠲ᠋ᠡᠭᠦᠨ ᠤ ᠬᠤᠭᠤᠷ ᠤᠨ ᠣᠶᠠᠷᠠᠭᠤᠨ ᠡᠭᠡᠰᠢᠭᠯᠡᠭᠡ ᠳᠤ᠂ ᠡᠡᠨᠡᠪᠠᠤᠨ ᠲ᠋ᠡᠯᠡᠢ ᠭᠤᠨᠢᠭ ᠭᠤᠳᠤᠷᠠᠯ ᠶᠢᠠᠷ ᠣᠢ᠌ᠯᠰᠤᠨ᠎ᠠ᠂ ᠠᠭᠠᠷ ᠤᠨ ᠡᠭᠦᠯᠡᠰ ᠭᠦᠪᠭᠦ ᠪᠠᠨ ᠵᠤᠭᠰᠤᠵᠠᠢ᠃

ᠲ᠋ᠡᠭᠦᠨ ᠤ ᠭᠦᠭ᠍ᠵᠢᠮ ᠤᠨ ᠭᠤᠨᠢᠭᠳᠤ ᠴᠤᠭᠢᠯᠭ᠎ᠠ ᠳᠤ᠂ ᠠᠳᠤᠭᠤᠨ ᠰᠦᠷᠦᠭ᠌ ᠢᠠᠴᠠᠭᠠᠬᠤ ᠪᠠᠨ ᠣᠮᠠᠷᠳᠠᠨ᠎ᠠ᠂ ᠠᠯᠠᠭ ᠪᠣᠯᠵᠤᠮᠤᠷ ᠵᠢᠷᠭᠢᠭᠦ ᠪᠠᠨ ᠪᠣᠯᠢᠵᠠᠢ᠃

ᠲ᠋ᠡᠭᠦᠨ ᠤ ᠬᠤᠭᠤᠷ ᠤᠨ ᠡᠭᠡᠰᠢᠭ᠌ ᠡᠴᠡ᠂ ᠬᠤᠭᠤᠷᠴᠢ ᠭᠦᠮᠤᠨ ᠳᠤ ᠳᠡᠭ᠍ᠰᠢ ᠪᠣᠰᠤ ᠪᠠᠷ ᠬᠠᠠᠳᠤᠳᠠᠭ ᠨᠡᠢ᠌ᠭᠡᠮ ᠢ ᠵᠠᠭᠠᠯᠳᠤᠬᠤ ᠳᠠᠭᠤᠨ ᠳᠤᠭᠤᠯᠳᠤᠨ᠎ᠠ᠃

ᠲ᠋ᠡᠭᠦᠨ ᠤ ᠭᠦᠭ᠍ᠵᠢᠮ ᠤᠨ ᠠᠶ᠎ᠠ ᠡᠴᠡ᠂ ᠡᠷᠭᠡ ᠴᠢᠯᠦᠭᠡ᠂ ᠵᠤᠯ ᠵᠢᠷᠭᠠᠯ ᠤᠨ ᠣᠷᠠᠢ ᠴᠤᠤᠷᠢᠶ᠎ᠠ ᠬᠠᠩᠭᠢᠨᠠᠨ᠎ᠠ᠃

ᠱᠠᠩ ᠿᠤ ᠵᠧᠨ ᠭᠡᠷ ᠲᠤ ᠪᠠᠨ ᠬᠠᠷᠢᠭᠠᠤᠨ ᠪᠣᠳᠤᠯᠭ᠎ᠠ ᠶᠢᠨ ᠡᠪᠡᠳᠴᠢᠨ ᠭᠦᠷᠳᠡᠭ᠍ᠰᠡᠨ ᠰᠢᠭ᠌ ᠨᠢᠭᠡᠮᠦᠰᠤᠨ ᠥᠭᠡ ᠳᠠᠭᠤᠨ ᠦᠭᠡᠶ᠂ ᠬᠤᠭᠤᠯᠠ ᠬᠤᠰᠢ ᠦᠭᠡᠶ ᠭᠡᠳᠤᠨ ᠡᠳᠦᠷ ᠪᠣᠯᠬᠤᠯᠠᠷ᠂ ᠴᠢᠷᠠᠢ ᠨᠢ ᠴᠠᠢ᠌ᠪᠠᠢ᠌ᠭᠠᠤᠨ᠂ ᠨᠢᠳᠤ ᠨᠢ ᠬᠤᠩᠭᠣᠢ᠌ᠵᠤ᠂ ᠣᠤᠯ ᠤᠨ ᠳᠡᠷᠡᠭᠦ ᠳᠡᠭ᠍ᠵᠢᠨ ᠴᠤᠪᠣᠭᠤ᠂ ᠠᠯᠢᠶ᠎ᠠ ᠭᠦᠭᠡᠷᠦᠭᠦᠨ ᠲ᠋ᠦᠷᠢ ᠳᠦᠷᠭᠦ ᠨᠢ ᠣᠷᠤ ᠳᠠᠰᠤ ᠠᠷᠢᠯᠬᠤ ᠶᠢ ᠥᠵᠡᠭ᠍ᠰᠡᠨ ᠡᠴᠢᠭᠡ ᠡᠭᠡ ᠨᠢ ᠶᠠᠭᠠᠭᠢᠨ ᠳᠡᠰᠭᠦ ᠪᠣᠢ ︕ ᠦᠷ᠎ᠡ ᠦᠦ ᠳ᠋ᠡ ᠵᠢᠷᠦᠭᠡ ᠰᠢᠤ ︕ ᠦᠷᠤ ᠵᠢᠷᠦᠭᠡ ᠶᠢ ᠨᠢ ᠵᠡᠭᠦᠤ ᠰᠢᠪᠦᠭᠡ ᠪᠠᠷ ᠰᠢᠪᠠᠵᠤ ᠪᠠᠢ᠌ᠬᠤ ᠰᠢᠭ᠌ ᠡᠪᠠᠦᠡᠴᠤ᠂ ᠠᠷᠭ᠎ᠠ ᠪᠠᠨ ᠪᠠᠷᠠᠵᠤ ᠠᠯᠠᠭ᠎ᠠ ᠪᠠᠨ ᠨᠤᠬᠤᠯᠠᠵᠠᠢ᠃

ᠬᠤᠶᠠᠷ ᠬᠡᠦᠬᠡᠳ ᠳᠤᠷᠠᠳᠠᠢ ᠶᠤᠮ ᠴᠢᠨᠢ ᠠᠷᠭ᠎ᠠ ᠦᠭᠡᠶ᠃ ᠳᠠᠭᠢᠨ ᠵᠠᠭᠤᠴᠢ ᠶᠢᠨ ᠭᠦᠮᠤᠨ ᠢ ᠭᠤᠶᠤᠵᠤ ᠣᠯᠠᠠᠳᠠ ᠭᠡᠯᠡᠯᠴᠡᠭᠦᠯᠭᠦ ᠪᠠᠷ ᠳᠠᠮᠵᠢᠭᠠᠤᠨ ᠨᠢᠭᠡ ᠰᠢ᠌ᠤᠠᠪᠣᠷᠢ ᠭᠠᠷᠭᠠᠵᠠᠢ᠃ ᠪᠦᠭᠦ ᠳᠠᠯ᠎ᠠ ᠶᠢ ᠬᠠᠷᠠᠭᠠᠯᠵᠠᠵᠤ ᠳᠡᠢ᠌ᠯᠭᠦ ᠨᠢᠭᠡᠯᠡ ᠠᠷᠭ᠎ᠠ ᠪᠣᠯ ᠳᠠᠷᠤᠢ ᠰᠦᠨ ᠯᠢᠶᠠᠩ ᠱᠠᠩ ᠣᠪᠣᠭᠳᠠᠨ ᠤ ᠭᠡᠷ ᠲᠤ ᠭᠦᠴᠤᠨ ᠤ ᠭᠦᠷᠭᠡᠨ ᠣᠷᠤᠬᠤ ᠶᠠᠪᠣᠳᠠᠯ ᠪᠣᠯᠤᠨ᠎ᠠ᠃


ᠦᠷᠭᠦᠯᠵᠢᠯᠡᠯ ᠪᠤᠢ


ᠵᠤᠬᠢᠶᠠᠭᠴᠢ ᠶᠢᠨ ᠬᠠ‍‌ᠶᠢᠭ ᠄ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠱᠸᠪᠠᠷᠳᠤ ᠮᠤᠩᠭ᠋ᠤᠯ ᠦᠨᠳᠦᠰᠦᠳᠠᠨ ᠤ ᠳᠤᠮᠳᠠᠳᠤ ᠰᠤᠷᠭᠠᠭᠤᠯᠢ

ᠵᠤᠬᠢᠶᠠᠭᠴᠢ᠄ ᠲᠠᠩᠨᠤᠳ ᠬᠠᠢ᠌ᠬᠤ
ᠳᠠᠷᠤᠮ᠄ 2902
ᠴᠠᠭ᠄ 2012 ᠤᠨ ᠤ 11 ᠰᠠᠷ᠎ᠠ ᠶᠢᠨ 06
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ