ᠲᠦᠷᠪᠡ ᠂ ᠳᠦᠷᠪᠡᠨ ᠬᠠᠨᠠᠲᠤ ᠶᠢᠨ ᠲᠤᠳᠤᠷᠠᠬᠢ ᠪᠤᠳᠤᠯ
ᠬᠤᠯᠤᠳᠤ ᠮᠠᠭᠤ ᠰᠢᠪᠠᠭᠤ
ᠬᠤᠯᠤᠭᠠᠨ᠎ᠠ ᠣᠭᠤᠳᠤᠨ᠎ᠠ ᠢᠳᠡᠭᠦ ᠵᠠᠶᠠᠭᠠᠳᠤ ᠪᠦᠭᠡᠳᠡᠯ᠎ᠡ
ᠬᠤᠨ ᠳᠤᠭᠤᠷᠤᠤ ᠢᠳᠠᠶ᠎ᠠ ᠭᠡᠮᠡᠨ ᠭᠦᠰᠡᠭᠦ ᠠᠵᠤᠭᠤ᠃
( ᠯᠤᠪᠰᠠᠩᠳᠠᠠᠵᠠᠨ᠂ 《ᠠᠯᠳᠠᠨ ᠳᠤᠪᠴᠢ》 )
ᠥᠭᠡᠷ᠎ᠡ ᠭᠦᠮᠤᠨ ᠳᠤ ᠥᠭᠡ ᠪᠠᠷ ᠠᠯᠳᠠᠬᠤ ᠦᠭᠡᠶ ᠡᠭᠡᠨᠡᠷ ᠊᠊᠊᠊᠊᠊᠊᠊᠊᠊᠊᠊᠊᠊᠊ ᠰᠦᠨᠢ ᠶᠢᠨ ᠨᠠᠷᠠ
( ᠬᠤᠪᠢ ᠶᠢᠨ ᠰᠢᠯᠦᠭ᠌ ᠡᠴᠡ )
ᠣᠰᠤ ᠨᠤᠳᠤᠭ ᠶᠢᠡᠨ ᠰᠥᠷᠦᠭ᠌ ᠤᠨ ᠮᠠᠢ᠌ᠷᠠᠨ ᠤ ᠬᠠᠮᠳᠤ ᠣᠷᠭᠢᠵᠤ ᠵᠠᠢ᠌ᠯᠠᠭᠰᠠᠨ ᠪᠠᠽᠠᠷ ᠨᠢ᠋ᠮᠠᠨ ᠰᠠᠷ᠎ᠠ ᠶᠢᠨ ᠳᠠᠷᠠᠭ᠎ᠠ ᠬᠤᠰᠢᠭᠤᠨ ᠳᠠᠭᠠᠨ ᠡᠰᠡᠨ ᠮᠠᠠᠳᠤ ᠡᠭᠡᠨ ᠢᠷᠠᠵᠠᠢ᠃ ᠣᠶᠠᠩᠭ᠋᠎ᠠ ᠶᠢᠨ ᠴᠠᠭᠠᠨ ᠨᠠᠭᠤᠷ ᠤᠨ ᠪᠠᠷᠠᠭᠤᠨ ᠣᠷᠢᠳᠤᠭᠢ ᠨᠤᠭᠤᠭᠠᠨ ᠭᠢᠷ᠎ᠠ ᠶᠢᠨ ᠡᠩᠭᠡᠷ ᠲᠤ ᠥᠯᠡᠳᠡᠭ᠍ᠰᠡᠨ ᠮᠠᠭᠤ ᠭᠡᠷ ᠨᠢ ᠠᠯᠠᠭ᠎ᠠ ᠪᠣᠯᠤᠭᠰᠠᠨ ᠪᠠᠢ᠌ᠪᠠ᠃ ᠳ᠋ᠠᠭᠳᠠᠨ ᠤ ᠭᠢ ᠪᠠᠷ ᠣᠷᠤᠭᠰᠠᠨ ᠳᠤ ᠪᠣᠬ᠎ᠠ ᠳ᠋ᠠᠭᠳᠠᠨ᠄
᠊᠊᠊᠊᠊᠊᠊᠊᠊᠊᠊᠊᠊᠊᠊ ᠴᠢ ᠰᠠᠢ᠌ᠬᠠᠨ ᠢᠷᠦᠭᠡᠯ ᠶᠢᠡᠷ ᠡᠭᠡ ᠶᠢ ᠮᠢᠨᠢ ᠥᠭᠡᠳᠡ ᠪᠣᠯᠵᠤ ᠪᠠᠢ᠌ᠬᠤ ᠳᠤ ᠮᠠᠨ ᠤ ᠳᠤ ᠪᠠᠭᠤᠵᠤ ᠁ ᠳᠤᠯᠤᠭᠠᠢ ᠶᠢ ᠨᠢ ᠳᠦᠰᠢᠭ᠍ᠰᠡᠨ ᠳᠤ ᠪᠠᠶᠠᠷᠯᠠᠭᠰᠠ︕ ᠭᠡᠰᠡᠨ ᠶᠢᠡᠨ ᠴᠠᠰᠢ ᠨᠢᠭᠤᠷ ᠦᠭᠭᠦᠭ᠍ᠰᠡᠨ ᠦᠭᠡᠶ᠃ ᠰᠢᠯᠢ ᠪᠠᠨ ᠱᠥᠷᠭᠦᠭᠡᠭ᠍ᠰᠡᠨ ᠶᠢᠡᠨ ᠥᠭᠡᠷ ᠠᠯᠠᠭ ᠨᠢᠳᠤ ᠪᠠᠨ ᠨᠢᠭᠡ ᠡᠷᠭᠢᠯᠳᠦᠭᠦᠯᠤᠨ᠂ ᠨᠢᠭᠡ ᠳᠤᠭᠳᠠᠭᠠᠨ ᠠᠭᠤᠷᠳᠠᠢ ᠨᠢ ᠠᠷᠭ᠎ᠠ ᠦᠭᠡᠶ ᠬᠠᠷᠠᠵᠤ ᠄
᠊᠊᠊᠊᠊᠊᠊᠊᠊᠊᠊᠊᠊᠊᠊ ᠴᠢ ᠮᠠᠭᠤ ᠡᠷ᠎ᠡ︕ ᠭᠦᠮᠤᠨ ᠭᠢᠳᠤᠭᠠᠯᠠᠬᠤ ᠰᠢᠭ ᠠᠮᠠᠷᠬᠠᠨ ᠶᠠᠭᠤᠮ᠎ᠠ ᠪᠠᠢ᠌ᠬᠤ ᠦᠭᠡᠶ᠃ ᠬᠤᠰᠢᠭᠤ ᠨᠤᠳᠤᠭ ᠤᠨ ᠶᠢᠡᠨ ᠨᠠᠷᠠ ᠲᠦᠷᠦ ᠶᠢ ᠪᠣᠳᠤᠳᠠᠭ ᠪᠠᠢ᠌ᠭ᠎ᠠ ᠳᠠᠭᠠᠨ᠂ ᠣᠴᠢᠵᠤ ᠣᠴᠢᠵᠤ ᠭᠠᠷ ᠤᠨ ᠶᠢᠡᠨ ᠨᠤᠶᠠᠨ ᠢ ᠭᠢᠳᠤᠭᠠᠯᠠᠳᠠᠭ᠃ ᠨᠤᠶᠠᠤᠨ ᠶᠢᠡᠨ ᠶᠠᠷᠭᠠᠯᠠᠭᠠᠤᠨ ᠪᠠᠢ᠌ᠪᠠᠯ ᠮᠠᠨ ᠤ ᠬᠤᠰᠢᠭᠤ ᠶᠢ ᠭᠡᠨ ᠵᠠᠭᠢᠷᠠᠬᠤ ᠶᠤᠮ ᠪᠣᠢ︖ ᠠᠷᠠᠤᠨ᠂ ᠨᠤᠶᠠᠤᠨ ᠬᠤᠶᠠᠷ ᠲᠦᠩᠱᠢ ᠦᠭᠡᠶ ᠪᠣᠯᠬᠤ ᠪᠠᠷ ᠬᠠᠷᠢ ᠶᠢᠨ ᠭᠦᠮᠤᠨ ᠭᠦᠷᠳᠡᠯ᠎ᠡ ᠭᠠᠵᠠᠷ ᠰᠢᠷᠤᠢ ᠶᠢ ᠮᠢᠨᠢ ᠰᠠᠢ᠌ᠴᠢᠵᠤ ᠪᠠᠢ᠌ᠨ᠎ᠠ ᠭᠡᠵᠤ ᠠᠭᠤᠷᠰᠠᠵᠤ ᠪᠠᠢ᠌ᠯ᠎ᠠ᠃
ᠳ᠋ᠠᠭᠳᠠᠨ ᠤ ᠥᠭᠡ ᠶᠢ ᠰᠤᠨᠤᠰᠴᠤ ᠬᠠᠭᠤᠮᠠᠨ ᠬᠠᠭᠤᠮᠠᠨ ᠢᠨᠢᠶᠡᠮᠰᠦᠭᠯᠡᠵᠤ ᠰᠠᠭᠤᠭᠰᠠᠨ ᠪᠠᠽᠠᠷ᠄
᠊᠊᠊᠊᠊᠊᠊᠊᠊᠊᠊᠊᠊᠊᠊ ᠴᠢ᠂ ᠪᠢᠳᠠ ᠬᠤᠶᠠᠷ ᠵᠠᠭᠢᠷᠴᠤ ᠪᠣᠯᠤᠨ᠎ᠠ ᠰᠢᠤ ᠳ᠋ᠠ ᠭᠡᠰᠡᠨ ᠶᠢᠡᠨ ᠴᠢᠷᠠᠢ ᠪᠠᠨ ᠲᠦᠪ ᠡᠷᠡᠮᠡᠭᠡᠢ ᠪᠣᠯᠭᠠᠨ᠄
᠊᠊᠊᠊᠊᠊᠊᠊᠊᠊᠊᠊᠊᠊᠊ ᠶᠠᠷᠤ ᠨᠢ᠁ ᠢᠩᠭᠢᠭᠦ ᠳᠤ ᠠᠷᠠᠤᠨ ᠶᠢᠡᠨ ᠱᠤᠯᠤᠭᠠᠤᠨ ᠪᠠᠢ᠌ᠪᠠᠯ ᠨᠤᠶᠠᠤᠨ ᠲᠤ ᠭᠡᠨ ᠵᠠᠭᠢᠷᠠᠭᠳᠠᠬᠤ ᠪᠢᠯᠠ ⁈ ᠭᠡᠵᠡᠢ᠃
᠊᠊᠊᠊᠊᠊᠊᠊᠊᠊᠊᠊᠊᠊᠊ ᠱᠤᠯᠤᠭᠤᠯᠬᠤ ᠦᠭᠡᠶ ᠪᠠᠢ᠌ᠵᠤ ᠪᠣᠯᠤᠨ᠎ᠠ ᠭᠦ︕ ᠭᠡᠷᠡᠭ᠌ ᠤᠨ ᠳᠦᠷᠦᠭᠡ ᠪᠣᠰᠬᠠᠵᠤ᠂ ᠣᠴᠢᠷ ᠨᠠᠴᠢᠷ ᠢ ᠨᠢ ᠣᠯᠳᠠᠭ ᠪᠠᠢ᠌ᠭ᠎ᠠ ᠳ᠋ᠠ᠃ ᠭᠦᠮᠤᠨ ᠤ ᠭᠤᠶᠠᠨ ᠳᠤ ᠭᠢᠳᠤᠭ᠎ᠠ ᠬᠣᠢ᠌ᠯᠠᠭᠰᠠᠨ ᠡᠴᠡ ᠴᠢᠨᠢ ᠪᠣᠯᠵᠤ᠂ ᠠᠳᠤᠭᠤᠴᠢᠨ ᠵᠠᠷᠭᠤᠯᠳᠤᠬᠤ ᠨᠢᠭᠤᠷ ᠶᠢᠡᠨ ᠪᠠᠷᠠᠪᠠ᠃ ᠴᠢ᠂ ᠳᠤᠭᠠᠷ ᠨᠤᠶᠠᠨ ᠳᠤ ᠳᠤᠰᠠᠯᠠᠭᠰᠠᠨ ᠭᠡᠷᠡᠭ᠌ ᠪᠣᠯᠵᠤ ᠪᠠᠢ᠌ᠨ᠎ᠠ᠃ ᠪᠦᠳᠦᠭᠦᠨ ᠭᠤᠶᠠᠨ ᠤ ᠰᠢᠷᠬ᠎ᠠ ᠶᠠᠭᠠᠭᠢᠬᠤᠪ ᠳᠤᠤᠷ᠎ᠠ ᠪᠠᠨ ᠬᠤᠭ ᠦᠭᠡᠶ ᠠᠨᠢᠭᠠᠤᠨ ᠡᠳᠡᠭᠡᠷᠡᠴᠢᠭᠡᠭ᠍ᠰᠡᠨ᠃ ᠬᠠᠷᠢᠨ ᠨᠤᠶᠠᠤᠨ᠂ ᠠᠷᠠᠤᠨ ᠤᠨ ᠡᠪ ᠲᠤ ᠰᠠᠭᠤᠭᠰᠠᠨ ᠰᠢᠷᠬ᠎ᠠ ᠯᠠ ᠣᠯᠠᠮ ᠭᠢᠮᠤᠷᠠᠵᠤ ᠰᠠᠳᠠᠷᠠᠵᠤ ᠪᠠᠢ᠌ᠬᠤ ᠪᠣᠯᠤᠯᠳᠠᠢ᠃ ᠣᠭ ᠨᠢ ᠳᠡᠭᠡᠳᠦᠰ ᠳᠤᠤᠷᠠᠳᠤᠰ ᠬᠠᠮᠵᠢᠭᠠᠤᠨ ᠡᠨᠡ ᠬᠤᠰᠢᠭᠤ ᠨᠤᠳᠤᠭ ᠤᠨ ᠵᠠᠶᠠᠭ᠎ᠠ ᠶᠢ ᠲᠦᠰᠢᠵᠤ ᠶᠠᠪᠣᠵᠤ ᠪᠣᠯᠤᠮᠠᠷ ᠰᠠᠨ︕ ᠭᠡᠵᠤ ᠳ᠋ᠠᠭᠳᠠᠨ ᠶᠡᠭᠡᠳᠡ ᠰᠠᠨᠠᠭᠠᠰᠢᠷᠠᠨ ᠭᠡᠯᠡᠵᠡᠢ᠃
ᠡᠨᠡ ᠥᠭᠡᠨ ᠤ ᠬᠠᠷᠢᠭᠤ ᠶᠠᠷᠢᠬᠤ ᠶᠠᠭᠤᠮ᠎ᠠ ᠪᠠᠽᠠᠷ ᠲᠤ ᠪᠠᠭ᠎ᠠ ᠦᠭᠡᠶ ᠪᠠᠢ᠌ᠭᠰᠠᠨ ᠴᠤ ᠳᠠᠷᠠᠪᠠᠷ ᠳᠤᠤᠭᠠᠷᠤᠭᠰᠠᠨ ᠦᠭᠡᠶ᠃ 《ᠳᠠᠷᠠ ᠲᠡᠶ ᠳᠠᠷᠠ ᠦᠭᠡᠶ ᠡᠨᠡ ᠳ᠋ᠠᠭᠳᠠᠨ ᠣᠬᠠᠭᠠᠷᠠᠬᠤ ᠦᠭᠡᠶ᠃ ᠣᠯᠠᠨ ᠳᠠᠪᠤᠨ ᠶᠠᠭᠤᠮ᠎ᠠ ᠪᠠᠷ ᠶᠠᠭᠠᠭᠢᠬᠤ ᠪᠣᠢ ⁈》 ᠭᠡᠵᠤ ᠪᠣᠳᠤᠭᠠᠤᠨ᠄
᠊᠊᠊᠊᠊᠊᠊᠊᠊᠊᠊᠊᠊᠊᠊ ᠴᠢ ᠡᠭᠡᠭᠡ ᠯᠠ ᠲᠦᠪᠡᠳ ᠤᠨ ᠳᠠᠯᠠᠢ ᠯᠠᠮᠠ ᠶᠢᠨ ᠡᠯᠴᠢ ᠬᠤᠳᠤᠭᠳᠤ ᠳᠤ ᠳᠡᠭᠡᠳᠦᠰ ᠳᠤᠤᠷᠠᠳᠤᠰ ᠢ ᠡᠪ ᠳᠦᠠᠵᠢᠨ ᠲᠡᠶ ᠪᠠᠢ᠌ᠯᠭᠠᠵᠤ ᠠᠯᠢ ᠭᠡᠵᠤ ᠵᠠᠯᠪᠠᠷᠢᠭ᠎ᠠ ᠦᠭᠡᠶ ᠪᠢᠵᠠ ᠳ᠋ᠠ ⁈ ᠭᠡᠰᠡᠨ ᠳᠤ ᠳ᠋ᠠᠭᠳᠠᠨ ᠨᠢ ᠳᠤᠤᠭᠠᠷᠤᠭᠰᠠᠨ ᠦᠭᠡᠶ ᠮᠠᠭᠤᠬᠠᠢ ᠬᠠᠷᠠᠭᠰᠠᠭᠠᠷ ᠰᠠᠭᠤᠪᠠ᠃
᠊᠊᠊᠊᠊᠊᠊᠊᠊᠊᠊᠊᠊᠊᠊ ᠳ᠋ᠠᠭᠳᠠᠨ ᠶᠠᠭᠤ ᠴᠤ ᠪᠣᠯᠪᠠ ᠴᠢᠨᠤ ᠵᠢᠮᠡᠯᠡᠭᠦ ᠵᠦᠪ᠃ ᠡᠨᠡ ᠣᠳᠠᠭ᠎ᠠ ᠶᠢᠨ ᠭᠡᠷᠡᠭ᠌ ᠤᠨ ᠣᠴᠢᠷ ᠢ ᠣᠯᠬᠤ ᠳᠤ ᠪᠢ ᠳᠡᠭᠡᠭ᠌ ᠳᠠᠯᠪᠢᠭᠰᠠᠨ ᠶᠤᠮ ᠁ ᠪᠣᠯᠭᠤᠮᠵᠢᠯᠠᠨ᠎ᠠ ᠭᠡᠵᠤ ᠰᠠᠨᠠᠵᠤ ᠪᠠᠢ᠌ᠭᠰᠠᠨ ᠭᠢᠷᠢᠨ᠎ᠠ ᠳᠤᠭᠠᠷ ᠤᠨ ᠭᠠᠰᠢᠭᠤᠨ ᠥᠭᠡ᠂ ᠬᠠᠷ᠎ᠠ ᠣᠰᠤ ᠬᠤᠶᠠᠷ ᠡᠴᠡ ᠪᠣᠯᠵᠤ ᠮᠠᠰᠠ ᠡᠷᠭᠦᠭ᠍ᠰᠡᠨ ᠪᠠᠢ᠌ᠨ᠎ᠠ ᠪᠢᠯᠠ︕ ᠁ ᠮᠠᠨ ᠤ ᠮᠠᠭᠤ ᠭᠡᠷ ᠠᠯᠠᠭ᠎ᠠ ᠪᠠᠢ᠌ᠬᠤ ᠶᠤᠮ᠂ ᠰᠠᠯᠭᠢ ᠠᠪᠣᠭᠠᠤᠨ ᠶᠠᠪᠣᠴᠢᠬᠠ ᠦᠦ⁈
᠊᠊᠊᠊᠊᠊᠊᠊᠊᠊᠊᠊᠊᠊᠊ ᠳᠠᠮᠳᠢᠨ ᠠᠮᠪᠠᠨ ᠤ ᠵᠠᠷᠯᠢᠭ ᠶᠢᠡᠷ ᠭᠡᠷ ᠢ ᠴᠢᠨᠢ ᠪᠢ ᠭᠠᠭᠴᠠ ᠬᠤᠤᠠᠳᠤᠭ ᠤᠨ ᠠᠮᠠᠰᠠᠷ ᠲᠤ ᠠᠪᠠᠴᠢᠵᠤ ᠪᠠᠷᠢᠭᠰᠠᠨ᠃ ᠴᠢᠮᠠᠳᠤ ᠨᠤᠳᠤᠭ ᠳᠤᠪᠯᠠᠵᠤ ᠦᠭᠭᠦ ᠪᠠᠷ ᠰᠢ᠌ᠤᠠᠴᠠᠢ᠃
᠊᠊᠊᠊᠊᠊᠊᠊᠊᠊᠊᠊᠊᠊᠊ ᠣᠬᠠᠭᠠᠨ ᠨᠢ ᠴᠦᠯᠠᠵᠤ ᠪᠠᠢ᠌ᠭ᠎ᠠ ᠭᠡᠷᠡᠭ᠌ ᠦᠦ︖
᠊᠊᠊᠊᠊᠊᠊᠊᠊᠊᠊᠊᠊᠊᠊ ᠵᠠ᠂ ᠳᠠᠢ᠌ᠮᠤ ᠯᠠ ᠶᠤᠮ ᠪᠢᠵᠠ ᠳ᠋ᠠ᠃ ᠮᠠᠢ᠌ᠷᠠᠨ ᠳᠤᠰᠢᠶᠠᠯ ᠢ ᠴᠢᠨᠢ ᠬᠤᠷᠢᠶᠠᠵᠤ᠂ ᠰᠤᠯᠠ ᠬᠠᠷ᠎ᠠ ᠪᠣᠯᠭᠠᠭᠰᠠᠨ᠃ ᠪᠠᠰᠠ ᠭᠤᠷᠪᠠᠨ ᠵᠢᠯ ᠣᠪᠣᠭ᠎ᠠ ᠳᠠᠭᠢᠯᠭ᠎ᠠ ᠶᠢᠨ ᠨᠠᠭᠠᠳᠤᠮ ᠳᠤ ᠪᠠᠷᠢᠯᠳᠤᠭᠤᠯᠬᠤ ᠦᠭᠡᠶ ᠭᠡᠰᠡᠨ ᠰᠢᠤ ᠭᠡᠵᠤ ᠳ᠋ᠠᠭᠳᠠᠨ ᠶᠠᠷᠢᠵᠤ ᠪᠠᠢ᠌ᠬᠤ ᠳᠤ ᠪᠠᠽᠠᠷ 《 ᠦᠭᠡᠶ ᠡ᠂ ᠶᠠᠷᠤ ᠨᠢ ᠰᠠᠠᠰᠠᠷᠠᠢ᠌ᠳᠤᠷᠵᠢ ᠶᠢᠨ ᠬᠤᠰᠢᠭᠤᠨ ᠤ ᠠᠷᠠᠤᠨ ᠰᠢᠭ ᠭᠦᠳᠡᠯᠦᠭᠡᠤᠨ ᠥᠵᠡᠭᠦ ᠳᠤ ᠶᠠᠭᠠᠭᠢᠳᠠᠭ ᠶᠤᠮ ᠪᠣᠯ ⁈》 ᠪᠣᠳᠤᠵᠤ ᠰᠠᠭᠤᠯ᠎ᠠ᠃
ᠬᠠᠭᠤᠴᠢᠷᠠᠵᠤ᠂ ᠬᠠᠮᠢᠭ᠎ᠠ ᠬᠠᠮᠢᠭ᠎ᠠ ᠦᠭᠡᠶ ᠴᠤᠭᠤᠷᠠᠵᠤ ᠰᠡᠮᠡᠷᠡᠭᠡᠤᠨ ᠨᠠᠷᠢᠨ ᠬᠠᠵᠠᠯᠠᠭᠠ ᠳᠡᠭᠡᠰᠤᠨ ᠤ ᠭᠢᠨᠢ ᠣᠶᠤᠭᠠᠰᠤ ᠬᠠᠩᠵᠠᠷᠠᠵᠤ ᠰᠡᠷᠳᠡᠢ᠌ᠭ᠍ᠰᠡᠨ ᠬᠠᠭᠤᠴᠢᠨ ᠰᠢᠷᠳᠡᠭ᠌ ᠳᠡᠭᠡᠷ᠎ᠡ ᠵᠠᠩᠭᠢᠤᠠᠴᠤ ᠪᠠᠢ᠌ᠭᠰᠠᠨ ᠴᠢᠳᠤᠷ ᠶᠢᠡᠨ ᠡᠪᠳᠡᠢ᠌ᠭᠡᠨ ᠳᠠᠯᠪᠢᠭᠠᠤᠨ ᠪᠠᠽᠠᠷ ᠳᠡᠭᠡᠭ᠍ᠰᠢ ᠪᠠᠨ ᠪᠣᠯᠵᠤ ᠰᠠᠭᠤᠪᠠ᠃ ᠳᠡᠭᠡᠭᠡᠤᠨ ᠪᠠᠰᠡᠷᠡᠭ᠌ ᠰᠢᠷᠡᠭᠡ ᠭᠡᠭ᠍ᠳᠡᠭᠦ ᠠᠶᠠᠭᠠᠨ ᠤ ᠵᠢᠵᠢᠭ᠌ ᠰᠢᠷᠡᠭᠡᠨ ᠳᠡᠭᠡᠷ᠎ᠡ ᠡᠴᠡ ᠳᠠᠷᠢᠭᠠᠩᠭ᠋ᠠᠴᠤᠳ ᠤᠨ ᠴᠠᠯᠢᠩ ᠭᠡᠮᠡᠭᠦ ᠪᠦᠳᠦᠭᠦᠨ ᠳᠤᠤᠱᠠ ( ᠠᠶᠠᠭ᠎ᠠ) ᠳᠤ ᠭᠡᠳᠦᠢ ᠳᠤ ᠴᠤ ᠶᠤᠮ ᠪᠣᠢ ᠭᠢᠭᠡᠤᠨ ᠮᠠᠷᠳᠠᠭᠰᠠᠨ ᠬᠠᠷ᠎ᠠ ᠴᠠᠢ ᠶᠢ ᠠᠪᠴᠤ ᠵᠠᠯᠭᠢᠯᠠᠯ᠎ᠠ᠃ ᠦᠭᠡᠶ᠂ ᠠᠳᠤᠭᠤ ᠰᠢᠭ ᠭᠡᠳᠦᠡᠳᠡ ᠭᠦᠤᠨ᠂ ᠭᠦᠤᠨ ᠵᠠᠯᠭᠢᠯᠠᠭᠰᠠᠨ ᠶᠢᠡᠨ ᠠᠶᠠᠭ᠎ᠠ ᠪᠠᠨ ᠠᠮᠠᠨ ᠡᠴᠡ ᠪᠠᠨ ᠬᠤᠯᠠᠳᠤᠭᠤᠯᠤᠨ ᠪᠠᠷᠢᠵᠠᠢ᠃ ᠴᠠᠢ ᠳᠤ ᠨᠢ ᠣᠨᠠᠭᠠᠤᠨ ᠭᠦᠪᠴᠤ ᠪᠠᠢ᠌ᠭᠰᠠᠨ ᠪᠦᠳᠦᠭᠦᠨ ᠬᠠᠷ᠎ᠠ ᠢᠯᠠᠭ᠎ᠠ ᠶᠢ ᠬᠤᠶᠠᠷ ᠬᠤᠷᠤᠭᠤ ᠪᠠᠷ ᠶᠢᠡᠨ ᠴᠢᠮᠭᠢᠨ ᠬᠠᠶᠠᠭᠠᠤᠨ᠄
᠊᠊᠊᠊᠊᠊᠊᠊᠊᠊᠊᠊᠊᠊᠊ ᠣᠳᠤ ᠪᠦᠷ ᠶᠠᠳᠠᠷᠠᠵᠤ᠂ ᠶᠠᠳᠠᠷᠠᠬᠤ ᠳᠠᠭᠠᠨ ᠦᠳᠦ ᠪᠠᠳᠠᠭᠠᠨ᠎ᠠ ᠶᠢᠨ ᠱᠦᠯᠦ ᠣᠤᠭᠤᠬᠤ ᠪᠣᠯᠤᠭᠰᠠᠨ ᠨᠢ᠂ ᠴᠢᠰᠤ ᠪᠠᠷ ᠳᠡᠭᠡᠭᠯᠨ ᠭᠡᠵᠤ ᠬᠠᠷᠢᠶᠠᠪᠠ᠃ ᠴᠠᠢ ᠪᠠᠨ ᠣᠤᠭᠤᠵᠤ ᠪᠠᠷᠠᠭᠠᠤᠨ ᠢᠷᠤᠭᠠᠷ ᠲᠤ ᠨᠢ ᠳᠤᠨᠤᠵᠤ ᠥᠯᠡᠳᠡᠭ᠍ᠰᠡᠨ ᠵᠢᠭᠠᠬᠠᠨ ᠭᠠᠰᠢᠭᠤᠨ ᠦᠷᠦᠮᠠᠨ ᠤ ᠰᠢᠪᠬᠠᠷᠤ ᠶᠢ ᠣᠪᠬᠠᠨ ᠣᠯᠠᠭᠠᠨ ᠭᠡᠯᠡ ᠭᠠᠷᠭᠠᠨ ᠬᠤᠶᠠᠷᠬᠠᠨ ᠳᠤᠯᠢᠶᠠᠭᠠᠤᠨ ᠴᠠᠪᠠᠷᠯᠠᠵᠤ ᠣᠷᠭᠢᠯ᠎ᠠ᠃ ᠢᠩᠭᠢᠭ᠍ᠰᠡᠨ ᠶᠢᠡᠨ ᠴᠠᠯᠢᠩ ᠶᠢᠡᠨ ᠳᠠᠯᠪᠢᠵᠤ ᠪᠣᠰᠪᠠ᠃ ᠳᠠᠩᠬᠠᠭᠠᠷ ᠬᠠᠯᠵᠠᠨ ᠳᠤᠯᠤᠭᠠᠢ ᠪᠠᠷ ᠶᠢᠡᠨ ᠰᠠᠪᠠᠭ᠎ᠠ ᠰᠢᠭ ᠨᠠᠷᠢᠨ ᠣᠨᠢ ᠶᠢ ᠱᠥᠷᠭᠦᠭᠡᠭ᠍ᠰᠡᠭᠡᠷ ᠳᠤᠮᠤ ᠪᠠᠶᠠᠨ ᠳᠡᠭᠡᠨ ᠱᠠᠯᠠᠮᠠᠭᠳᠠᠭᠰᠠᠨ ᠠᠯᠬᠤᠭ᠎ᠠ ᠪᠠᠷ ᠶᠠᠪᠣᠵᠤ ᠪᠣᠱᠤᠭ᠎ᠠ ᠳᠠᠪᠠᠵᠠᠢ᠃ ᠬᠠᠭᠤᠴᠢᠨ ᠰᠢᠷᠠᠮᠠᠯ ᠭᠤᠳᠤᠯ ᠲᠡᠶ ᠮᠠᠢ᠌ᠭ᠎ᠠ ᠴᠤ ᠪᠢᠰᠢ᠂ ᠭᠡᠳᠦᠷᠭᠡᠢ ᠰᠠᠢ᠌ᠭᠠᠷ ᠶᠤᠮ ᠰᠢᠯᠤᠭᠤᠨ ᠴᠤ ᠪᠢᠰᠢ ᠣᠷᠳᠤ ᠭᠦᠯ ᠶᠢᠡᠨ ᠡᠭ᠍ᠴᠡ ᠪᠠᠳᠤ ᠵᠢᠭᠢᠨ᠂ ᠶᠡᠯᠢᠭᠦᠢ ᠠᠯᠴᠠᠢ᠌ᠵᠤ ᠵᠤᠭᠰᠤᠭᠠᠤᠨ ᠰᠤᠨᠢᠶᠠᠨ ᠪᠠᠶᠠᠨ ᠤ ᠪᠠᠨ ᠴᠢᠯᠡᠭᠡ ᠶᠢ ᠭᠠᠷᠭᠠᠪᠠ᠃ ᠭᠦᠯ ᠨᠢ ᠬᠠᠩᠬᠠᠭᠠᠷ ᠴᠡᠭᠡᠵᠢ ᠲᠡᠶ ᠳᠤᠮᠤ ᠪᠠᠶ᠎ᠠ ᠳᠤ ᠨᠢ ᠵᠤᠭᠢᠵᠠᠢ᠃
ᠪᠠᠽᠠᠷ᠂ ᠭᠡᠷ ᠤᠨ ᠵᠡᠭᠦᠡᠳᠡᠢ ᠳᠡᠯᠭᠡᠭ᠍ᠰᠡᠨ ᠬᠤᠧᠨ ᠠᠳᠤᠭᠤᠨ ᠤ ᠠᠷᠠᠰᠤ ᠶᠢ ᠡᠷᠭᠢᠭᠦᠯᠵᠤ᠂ ᠭᠦᠷᠦᠰᠤ ᠶᠢ ᠨᠢ ᠳᠤᠭᠤᠭᠰᠢ ᠬᠠᠷᠠᠭᠤᠯᠤᠭᠠᠤᠨ ᠬᠠᠵᠠᠭᠤ ᠳᠤ ᠨᠢ ᠨᠢᠰᠤ ᠪᠠᠨ ᠫᠠᠷ ᠭᠢᠯᠭᠡᠨ ᠨᠢᠭᠢᠵᠠᠢ᠃ ᠳᠡᠭᠡᠭᠡᠤᠨ ᠠᠯᠠᠭ᠎ᠠ ᠪᠠᠷ ᠶᠢᠡᠨ ᠨᠣᠢ᠌ᠳᠠᠨ ᠬᠠᠮᠠᠷ ᠶᠢᠡᠨ ᠱᠤᠳᠤᠷᠤᠨ ᠠᠷᠴᠢᠭᠰᠠᠨ ᠶᠢᠡᠨ ᠭᠠᠷ ᠶᠢᠡᠨ ᠠᠪᠠᠴᠢᠵᠤ ᠰᠠᠯᠪᠠᠭᠠᠷ ᠴᠡᠩᠭᠡᠷ ᠳᠡᠷᠯᠢᠭ᠌ ᠤᠨ ᠶᠢᠡᠨ ᠳᠠᠰᠢᠶᠠᠨ ᠳᠤ ᠥᠷᠦᠴᠢᠭᠡᠪᠡ᠃ ᠣᠪᠣᠭ᠎ᠠ ᠰᠢᠤ︕ ᠡᠨᠡ ᠭᠡᠭᠦᠨ ᠤ ᠮᠢᠬ᠎ᠠ ᠶᠢ ᠳᠠᠪᠤᠨ ᠠᠢ᠌ᠯ ᠳᠤ ᠳᠠᠷᠬᠠᠭᠠᠭᠠᠤᠨ ᠥᠭ᠍ᠴᠢᠭᠡᠯ᠎ᠡ᠃ ᠦᠨᠦᠳᠤᠷ ᠯᠠᠪ ᠬᠤᠷᠢ ᠭᠤᠴᠢᠨ ᠭᠦᠮᠤᠨ ᠬᠤᠭᠤᠯᠠ ᠲᠡᠶ ᠬᠤᠨᠤᠨ᠎ᠠ ᠭᠡᠵᠤ ᠣᠷᠮᠠᠳᠠᠢ ᠪᠣᠳᠤᠭᠠᠤᠨ ᠬᠣᠢ᠌ᠰᠢ ᠡᠷᠭᠢᠵᠤ ᠬᠡᠯᠪᠠᠡᠭ᠌ ᠬᠡᠯᠪᠠᠡᠭ᠌ ᠠᠯᠬᠤᠯᠠᠭᠰᠠᠨ ᠳᠤ ᠪᠠᠯᠭᠡᠭᠦᠰᠦᠯᠡᠵᠤ ᠪᠦᠰᠡᠯᠡᠭ᠍ᠰᠡᠨ ᠳᠠᠪᠠᠯ ᠤᠨ ᠭᠢᠨᠢ ᠪᠦᠰᠡᠨ ᠡᠴᠡ ᠰᠤᠭᠤᠷᠠᠵᠤ ᠠᠯᠳᠠᠷᠠᠭᠰᠠᠨ ᠬᠤᠶᠠᠷ ᠬᠠᠠᠴᠤᠢ ᠭᠠᠠᠵᠤᠭ᠎ᠠ ᠮᠢᠯᠢᠶᠠᠭᠰᠠᠨ ᠣᠭᠤᠨᠤ ᠶᠢᠨ ᠳᠤᠯᠤᠭᠠᠢ ᠰᠢᠭ ᠣᠠᠵᠢ᠌ᠯᠴᠠᠵᠤ ᠶᠠᠪᠣᠯ᠎ᠠ᠃ ᠮᠠᠢ᠌ᠵᠢᠭᠢ ᠬᠠᠰᠠᠭ ᠳᠡᠷᠭᠡᠨ ᠳᠡᠭᠡᠷ᠎ᠡ ᠣᠴᠢᠵᠤ ᠬᠠᠯᠵᠠᠨ ᠪᠣᠭᠤᠷᠤᠯ ᠮᠤᠷᠢ ᠶᠢᠨ ᠡᠮᠡᠭᠡᠯ ᠢ ᠠᠪᠣᠪᠠ᠃ ᠳᠡᠭᠡᠭᠡᠤᠨ ᠭᠦᠷᠦᠰᠤ ᠴᠤ ᠭᠡᠵᠤ ᠳ᠋ᠠ ᠡᠪᠠᠷ ᠪᠣᠯᠵᠤ ᠰᠢᠤ ᠳ᠋ᠠ ᠭᠡᠭᠦ ᠪᠠᠷ ᠬᠠᠳᠠᠭᠤᠷᠠᠭᠰᠠᠨ ᠳᠤᠳᠤᠷᠳᠠᠢ ᠭᠦᠷᠡᠩ ᠠᠯᠠᠭ᠎ᠠ ᠪᠠᠷ ᠶᠢᠡᠨ ᠮᠤᠷᠢᠨ ᠤ ᠪᠠᠨ ᠵᠤ᠋ ᠶᠢ ᠣᠷᠤᠭᠰᠢ ᠬᠣᠢ᠌ᠰᠢ ᠭᠤᠷᠪᠠᠠᠳᠠ ᠰᠢᠪᠳᠤᠷᠤᠨ ᠦᠷᠦᠵᠠᠢ᠃ ᠡᠨᠡ ᠨᠢ ᠮᠤᠷᠢ ᠪᠠᠨ ᠠᠮᠠᠷᠠᠭᠠᠬᠤ ᠭᠡᠰᠡᠨ ᠭᠡᠷᠡᠭ᠌ ᠠᠵᠠᠢ᠃ ᠦᠯᠦᠨ ᠳᠤᠭᠤᠰᠤ᠂ ᠬᠠᠳᠠᠭᠰᠠᠨ ᠭᠦᠯᠦᠰᠤ ᠮᠠᠨᠠᠷᠠᠨ ᠳᠡᠭ᠍ᠳᠡᠭ᠍ᠰᠡᠨ ᠳᠤ ᠰᠥᠷᠡᠭᠡᠢ ᠭᠦᠴᠦᠳᠡᠢ ᠨᠠᠢ᠌ᠳᠠᠭᠠᠯᠠ᠃ ᠮᠠᠭᠤ ᠭᠡᠷ ᠨᠢ ᠴᠡᠴᠡᠷᠡᠭᠦ ᠰᠢᠭ᠌ ᠪᠣᠯᠵᠤ ᠪᠠᠢ᠌ᠪᠠ᠃
᠊᠊᠊᠊᠊᠊᠊᠊᠊᠊᠊᠊᠊᠊᠊ ᠠᠢ᠂ ᠰᠠᠳᠠᠷᠠᠮᠠᠷ ᠭᠡᠤᠨ ᠳᠠᠷᠠ 《ᠰᠠᠳᠠᠷᠠᠮᠠᠷ》 ᠤᠨ ᠣᠮᠤᠭᠠᠷ ᠬᠠᠷ᠎ᠠ ᠭᠡᠷ ᠡᠴᠡ ᠭᠠᠷᠤᠭᠰᠠᠨ ᠭᠡᠷᠡᠭ᠌ ᠶᠡᠷᠦᠳᠡᠭᠡᠨ ᠯᠠ ᠡᠨᠡ ᠪᠠᠢ᠌ᠭᠰᠠᠨ ᠪᠣᠯᠤᠯᠳᠠᠢ ᠡᠷᠭᠢᠭᠡᠤᠨ ᠣᠷᠤᠴᠢᠬᠠᠪᠠ᠃
ᠪᠠᠽᠠᠷ᠂ ᠡᠨᠡ ᠣᠪᠣᠬᠠᠢ ᠬᠤᠶᠠᠷ ᠭᠡᠳᠦᠷᠭᠡᠢ ᠵᠤᠭᠢᠭᠰᠠᠨ ᠦᠭᠡᠶ᠃ ᠳᠠᠷᠠ ᠲᠡᠶ ᠳᠠᠷᠠ ᠦᠭᠡᠶ ᠰᠢᠯᠢ ᠳᠡᠭᠡᠷ᠎ᠡ ᠰᠢᠯᠢᠷᠠᠵᠤ᠂ ᠰᠢᠯᠢ ᠶᠢᠨ ᠠᠳᠤᠭᠤ ᠶᠢ ᠭᠦᠭᠡᠭᠡᠵᠤ᠂ ᠭᠦᠳᠡᠭᠡ ᠭᠦᠭᠡᠷᠡᠵᠤ᠂ ᠭᠠᠳᠠᠭ᠎ᠠ ᠭᠠᠩᠳᠠᠵᠤ ᠶᠠᠪᠣᠳᠠᠭ ᠭᠠᠭᠴᠠ ᠪᠠᠶ᠎ᠠ ᠡᠷ᠎ᠡ ᠶᠠᠭᠤᠨ ᠳᠤ ᠰᠠᠭᠤᠬᠤ ᠶᠠᠮᠠᠷ ᠬᠠᠮᠢᠶ᠎ᠠ ᠪᠠᠢ᠌ᠬᠤ ᠪᠣᠢ ᠭᠡᠵᠤ ᠪᠠᠽᠠᠷ ᠪᠣᠳᠤᠳᠠᠭ ᠳᠤᠯᠠ ᠡᠪᠦᠭᠡᠨ ᠠᠪᠣ ᠶᠢᠨ ᠶᠢᠡᠨ ᠬᠠᠶᠠᠭ᠎ᠠ ᠶᠢ ᠬᠠᠤᠠᠬᠤᠵᠤ᠂ ᠡᠮᠡᠭᠡᠨ ᠡᠵᠢ ᠶᠢᠨ ᠶᠢᠡᠨ ᠡᠷᠦᠭᠡ ᠶᠢ ᠨᠢ ᠠᠩᠬ᠎ᠠ ᠳᠠᠳᠠᠭᠰᠠᠨ ᠡᠨᠡ ᠳᠦᠷᠪᠡᠨ ᠬᠠᠨᠠᠳᠤ ᠶᠢ ᠰᠤᠯᠢᠵᠤ ᠳᠤᠮᠤᠰᠬᠠᠬᠤ ᠭᠡᠰᠡᠨ ᠦᠭᠡᠶ ᠶᠠᠪᠣᠵᠠᠢ᠃
ᠭᠡᠯᠡ ᠴᠤ ᠳᠠᠯ᠎ᠠ ᠶᠢᠨ ᠠᠭᠣᠢ᠌ᠳᠤ ᠶᠢᠨ ᠠᠭᠤᠢ᠂ ᠰᠢᠯᠢ ᠶᠢᠨ ᠪᠣᠭᠳᠠ ᠶᠢᠨ ᠪᠠᠷᠠᠭᠤᠨ ᠬᠣᠢ᠌ᠳᠤ ᠭᠦᠷ ᠊᠊᠊᠊᠊᠊᠊᠊᠊᠊᠊᠊᠊᠊᠊ ᠠᠪᠠᠢ ᠠᠭᠤᠯᠠ ᠶᠢᠨ ᠴᠠᠪᠴᠢᠷᠠᠭᠠ᠂ ᠨᠤᠶᠠᠨ ᠪᠣᠭᠳᠠ ᠶᠢᠨ ᠬᠤᠩᠭᠢᠯ᠂ ᠣᠷᠤᠯᠠᠢ ᠭᠤᠷᠪᠠᠨ ᠵᠡᠭᠡᠷᠡᠳᠤ ᠶᠢᠨ ᠵᠢᠯᠠᠭ᠎ᠠ ᠬᠠᠮᠢᠭ᠎ᠠ ᠦᠭᠡᠶ ᠭᠡᠭᠡᠷ᠎ᠡ ᠬᠤᠨᠤᠵᠤ᠂ ᠭᠡᠴᠡ ᠳᠠᠷᠠᠯᠠᠵᠤ ᠶᠠᠪᠣᠭᠠᠤᠨ ᠢᠷᠡᠭᠦ ᠳᠤ ᠨᠢ ᠡᠨᠡ ᠣᠮᠤᠭᠠᠷ ᠮᠠᠭᠤ ᠬᠠᠷ᠎ᠠ ᠣᠪᠣᠬᠠᠢ ᠰᠢᠭ ᠰᠠᠤᠠᠭᠢᠯ ᠳᠤ ᠳᠤᠯᠠᠭᠠᠨ ᠶᠠᠭᠤᠮ᠎ᠠ ᠳᠠᠭᠤᠯᠤᠭᠠᠤᠨ ᠳᠠᠭᠤᠯᠤᠭᠠᠤᠨ ᠳᠤᠯᠬᠤ ᠢᠷᠮᠡᠭ᠌ ᠦᠭᠡᠶ ᠬᠤᠷᠸ᠎ᠠ ᠳᠡᠭᠡᠷ᠎ᠡ ᠦᠭᠡᠶ ᠶᠢ ᠪᠠᠽᠠᠷ ᠣᠯᠠᠨ ᠳᠠᠭᠢᠨ ᠣᠬᠠᠭᠠᠷᠠᠵᠤ ᠮᠡᠳᠡᠭ᠍ᠰᠡᠨ ᠶᠤᠮ᠃ ᠳᠠᠪᠤᠨ ᠵᠢᠯ ᠤᠨ ᠳᠡᠷᠳᠡᠭᠡ 《ᠰᠢᠯᠢ ᠶᠢᠨ ᠠᠳᠤᠭᠤ ᠶᠢ ᠰᠢᠯᠪᠢᠭᠦᠷᠳᠡᠵᠤ ᠭᠦᠭᠡᠭᠡᠭᠦ ᠦᠭᠡᠶ᠂ ᠰᠢᠯᠪᠢᠭᠦᠷ ᠬᠤᠩᠰᠢᠶᠠᠷ ᠶᠢᠡᠨ ᠪᠢᠯᠡᠭᠦᠳᠡᠵᠤ ᠶᠠᠪᠣᠬᠤ ᠦᠭᠡᠶ》 ᠭᠡᠵᠤ ᠦᠪᠡᠷ ᠲᠤ ᠪᠠᠨ ᠳᠠᠩᠭ᠋ᠠᠷᠢᠭ ᠡᠷᠭᠦᠵᠤ ᠪᠠᠢ᠌ᠵᠤ ᠮᠠᠢ᠌ᠷᠠᠨ ᠳᠤᠰᠢᠶᠠᠯ ᠢ ᠣᠯᠤᠨ᠂ ᠬᠤᠰᠢᠭᠤᠨ ᠤ ᠠᠯᠪᠠᠨ ᠳᠤ ᠵᠢᠦᠡᠭᠦᠭᠦ ᠪᠣᠯᠵᠠᠢ᠃ ᠬᠠᠩᠭ᠋ᠠᠢ ᠪᠠᠽᠠᠷ ᠤᠨ ᠴᠢᠩᠭᠢᠵᠤ ᠠᠮᠢᠳᠤᠷᠠᠯ ᠤᠨ ᠶᠢᠡᠨ ᠵᠠᠮ ᠢ ᠪᠠᠷᠤᠭ ᠨᠢᠭᠡᠨ ᠡᠳᠦᠷ ᠡᠷᠭᠢᠭᠦᠯᠦᠭ᠍ᠰᠡᠨ ᠨᠢ ᠪᠠᠰᠠ ᠴᠤ ᠣᠴᠢᠷ ᠨᠠᠴᠢᠷ ᠲᠡᠶ ᠭᠡᠷᠡᠭ᠌ ᠪᠠᠢ᠌ᠭᠰᠠᠨ ᠠᠵᠢᠶᠠᠮᠤ᠃ ᠳᠠᠷᠠ ᠦᠶ᠎ᠡ ᠳᠤ ᠮᠠᠨ ᠤ ᠡᠷ᠎ᠡ ᠰᠢᠯᠢ ᠶᠢᠨ ᠭᠤᠤᠯ ᠤᠨ ᠰᠠᠢ᠌ᠬᠠᠨ ᠰᠤᠮᠢᠶ᠎ᠠ ᠭᠡᠳᠡᠭ᠌ ᠲᠡᠶ ᠳᠠᠯᠳᠠᠭᠤᠷ ᠬᠠᠨᠢᠰᠴᠤ᠂ ᠳᠤᠭᠤᠨᠤᠳᠠᠢ ᠭᠡᠷ ᠲᠤ ᠳᠤᠯᠤᠭᠠᠢ ᠬᠤᠯᠪᠣᠬᠤ ᠪᠠᠷ ᠳᠤᠭᠢᠷᠠᠭᠠᠤᠨ ᠪᠠᠢ᠌ᠯ᠎ᠠ᠃ ᠦᠪᠡᠷ ᠤᠨ ᠭᠡᠰᠡᠨ ᠭᠡᠷ ᠤᠨ ᠰᠢᠭᠢᠷ᠎ᠠ ᠶᠢ ᠳᠠᠷᠢᠭᠠᠩᠭ᠋᠎ᠠ ᠶᠢᠨ ᠰᠢᠷᠣᠢ᠌ᠨ ᠳᠤ ᠬᠠᠤᠠᠬᠤᠶᠠ᠂ ᠰᠢᠯᠢ ᠶᠢᠨ ᠠᠮᠢᠳᠤᠷᠠᠯ ᠡᠴᠡ ᠬᠤᠯᠠᠳᠤᠨ᠂ ᠰᠢᠷᠳᠡᠭ᠌ ᠤᠨ ᠠᠮᠢᠳᠤᠷᠠᠯ ᠳᠤ ᠣᠢ᠌ᠷᠠᠳᠤᠶᠠ ᠭᠡᠵᠤ ᠪᠠᠽᠠᠷ ᠳᠠᠷᠠ ᠣᠳᠠᠭ᠎ᠠ ᠯᠠ ᠠᠩᠬ᠎ᠠ ᠳᠦᠷᠦᠭᠦᠤ ᠪᠣᠳᠤᠵᠤ ᠪᠢᠯᠠ᠃ ᠭᠡᠳᠡᠯ᠎ᠡ ᠰᠤᠮᠢᠶ᠎ᠠ ᠪᠠᠨ ᠠᠪᠴᠢᠷᠠᠬᠤ ᠡᠳᠦᠷ ᠰᠤᠳᠤᠷ ᠢ ᠥᠵᠡᠭᠦᠯᠦᠴᠢᠭᠡᠭᠡᠤᠨ ᠰᠢᠯᠢ ᠶᠢᠨ ᠭᠤᠤᠯ ᠣᠷᠤᠭᠤ ᠣᠷᠤᠭᠰᠠᠨ ᠴᠢᠨᠢ ᠵᠡᠭᠦᠳᠦᠯᠡᠭᠡ ᠦᠭᠡᠶ ᠬᠠᠴᠢᠨ ᠶᠠᠪᠣᠳᠠᠯ ᠪᠣᠯᠵᠠᠢ᠃ ᠰᠤᠮᠢᠶ᠎ᠠ᠂ ᠭᠡᠷ ᠲᠡᠭᠡᠨ ᠭᠢᠳᠠᠤᠨ᠂ ᠮᠤᠩᠭ᠋ᠤᠯ ᠬᠤᠶᠠᠷ ᠭᠦᠮᠤᠨ ᠢ ᠡᠭᠦᠷᠯᠡᠭᠦᠯᠴᠢᠭᠡᠭᠡᠤᠨ ᠪᠠᠽᠠᠷ ᠢ ᠪᠦᠭᠡᠷᠡᠯᠭᠡᠨ ᠪᠠᠷᠢᠭᠤᠯᠬᠤ ᠭᠡᠵᠤ ᠣᠳᠤᠵᠤ ᠪᠠᠢ᠌ᠭᠰᠠᠨ ᠠᠵᠠᠢ᠃
ᠴᠠᠢ ᠴᠢᠨᠠᠬᠤ ᠭᠡᠤᠨ ᠳᠦᠩᠭᠡᠵᠢ ᠰᠠᠶᠢ ᠭᠢᠭ᠍ᠰᠡᠨ ᠣᠰᠤ ᠶᠢ ᠨᠢ ᠨᠢᠭᠡ ᠣᠷᠤᠭᠤ ᠨᠢ ᠳᠤᠭᠤᠭ᠎ᠠ ᠲᠡᠶ ᠨᠢ ᠠᠪᠴᠤ ᠴᠢᠯᠠᠭᠤᠳᠠᠭᠠᠤᠨ᠂ ᠠᠷᠭᠠᠯ ᠤᠨ ᠭᠠᠯ ᠦᠷᠪᠢᠯᠵᠠᠨ ᠰᠢᠳᠠᠵᠤ ᠪᠠᠢ᠌ᠭᠰᠠᠨ ᠳᠤᠯᠭ᠎ᠠ ᠶᠢ ᠨᠥᠭᠦᠭᠡ ᠣᠷᠤᠭᠤ ᠨᠢ ᠮᠠᠨᠠᠷᠠᠳᠠᠯ᠎ᠠ ᠢᠰᠭᠦᠯᠴᠢᠭᠡᠭᠡᠤᠨ ᠳᠠᠷᠢᠭᠠᠩᠭ᠋᠎ᠠ ᠶᠢᠨ ᠬᠤᠯᠠᠭᠠᠢ᠌ᠴᠢ ᠠᠮᠢ ᠵᠤᠯᠪᠠᠨ ᠭᠠᠷᠴᠤ ᠪᠢᠯᠠ᠃ ᠰᠤᠮᠢᠶ᠎ᠠ ᠳᠠᠭᠤ ᠠᠯᠳᠠᠨ ᠣᠢ᠌ᠴᠢᠭᠰᠠᠨ ᠭᠢᠷᠢᠨᠢ ᠳᠤᠯᠤᠭᠠᠢ ᠪᠠᠨ ᠡᠷᠭᠦᠭᠡᠤᠨ ᠠᠶᠤᠵᠤ ᠭᠢᠷᠳᠡᠰᠭᠢᠭ᠍ᠰᠡᠨ᠂ ᠦᠷᠦᠰᠢᠶᠠᠯ ᠡᠷᠢᠭ᠍ᠰᠡᠨ᠂ ᠠᠭᠤᠴᠢᠯᠠᠯ ᠭᠤᠶᠤᠭᠰᠠᠨ ᠬᠠᠷᠠᠴᠠ ᠪᠠᠷ ᠦᠳᠡᠵᠤ ᠪᠠᠢ᠌ᠭᠰᠠᠨ ᠶᠤᠮ᠃ 《ᠬᠤᠳᠠᠯ ᠮᠠᠭᠤᠵᠢᠷᠠᠵᠤ ᠪᠠᠢ᠌ᠬᠤ ᠨᠢ︕ ᠁》 ᠭᠡᠵᠤ ᠪᠠᠽᠠᠷ ᠬᠤᠷᠤᠰᠤᠨ ᠪᠣᠳᠤᠭᠠᠤᠨ ᠳᠡᠷᠭᠡᠨ ᠤ ᠳᠤᠭᠤᠢ ᠡᠴᠡ ᠮᠤᠷᠢᠨ ᠤ ᠪᠠᠨ ᠴᠤᠯᠪᠣᠭᠤᠷ ᠢ ᠳᠠᠰᠤ ᠣᠭᠳᠤᠯᠤᠨ ᠁ ᠫᠠᠴᠢᠭᠢᠨᠠᠨ ᠣᠤᠠᠴᠠᠢ᠃ ᠴᠢᠩᠭᠢᠵᠤ ᠮᠤᠷᠳᠠᠭᠰᠠᠨ ᠴᠠᠭ ᠡᠴᠡ ᠬᠣᠢ᠌ᠰᠢ ᠳᠠᠷᠠ ᠨᠤᠳᠤᠭ ᠶᠢᠡᠷ ᠶᠠᠷᠤ ᠶᠠᠪᠣᠭᠰᠠᠨ ᠦᠭᠡᠶ᠃ ᠬᠠᠷᠢᠨ 《ᠰᠢᠯᠢ ᠶᠢᠨ ᠭᠤᠤᠯ ᠤᠨ ᠮᠠᠭᠤᠬᠠᠢ ᠰᠤᠮᠢᠶ᠎ᠠ》 ᠭᠡᠰᠡᠨ ᠪᠣᠳᠤᠯ ᠬᠠᠮᠢᠭ᠎ᠠ ᠨᠢᠭᠡ ᠣᠷᠤᠵᠤ ᠢᠷᠡᠭᠦ ᠳᠤ ᠵᠢᠷᠦᠭᠡ ᠰᠠᠤᠠᠭᠢᠯ ᠨᠢ ᠭᠦᠢᠳᠡᠷᠡᠨ ᠡᠪᠠᠦᠡᠳᠡᠭ᠌ ᠪᠠᠢ᠌ᠯ᠎ᠠ᠃
ᠪᠠᠽᠠᠷ ᠴᠢᠳᠤᠷ ᠤᠨ ᠶᠢᠡᠨ ᠴᠢᠭᠳᠠ ᠶᠢ ᠰᠢᠭᠢᠦᠡᠭᠡᠵᠤ ᠰᠠᠭᠤᠭᠰᠠᠨ ᠶᠢᠡᠨ ᠰᠠᠬᠤᠯᠠᠭ ᠣᠷᠳᠤ ᠭᠦᠮᠦᠰᠭᠡ ᠪᠠᠨ ᠰᠥᠷᠪᠠᠯᠵᠡᠭᠦᠯᠤᠨ ᠪᠣᠰᠬᠠᠵᠤ ᠳᠡᠭᠡᠭ᠍ᠰᠢ ᠪᠠᠨ ᠬᠠᠷᠠᠪᠠ᠃ ᠳᠡᠭᠡᠭᠡᠤᠨ 《ᠡᠨᠡ ᠮᠠᠭᠤ ᠴᠢᠨᠢ ᠶᠠᠷᠤ ᠨᠢ ᠶᠠᠭᠠᠭᠢᠭᠰᠠᠨ ᠵᠢᠭᠠᠬᠠᠨ ᠳᠤᠭᠤᠨᠤ ᠲᠡᠶ ᠪᠣᠢ ᠳ᠋ᠠ ⁈》 ᠭᠡᠵᠤ ᠪᠣᠳᠤᠯ᠎ᠠ᠃ ᠪᠠᠷᠤᠭ ᠬᠠᠷ᠎ᠠ ᠳᠤᠤᠱᠠ ᠶᠢᠨ ᠭᠢᠨᠢ ᠠᠮᠠ ᠡᠴᠡ ᠳᠤᠮᠤ ᠦᠭᠡᠶ ᠣᠳᠤᠭ᠎ᠠ ᠳᠤᠷᠳᠤᠭ ᠪᠣᠯᠤᠭᠰᠠᠨ᠂ ᠠᠭᠠᠯᠵᠢᠨ ᠰᠢᠯᠤᠰᠤᠨ ᠳᠤ ᠭᠡᠷᠦᠭᠦᠯᠦᠭ᠍ᠰᠡᠨ ᠡᠨᠡ ᠳᠤᠭᠤᠨᠤ ᠶᠢ ᠰᠤᠯᠢᠬᠤ ᠴᠠᠭ ᠥᠨᠡᠭᠡᠷ ᠪᠣᠯᠤᠭᠰᠠᠨ ᠢ ᠣᠳᠤ ᠯᠠ ᠮᠠᠳᠠᠵᠠᠢ᠃ ᠬᠠᠨᠢ ᠢᠵᠢᠯᠢ ᠪᠠᠨ ᠥᠭᠡᠢ᠌ᠯᠡᠭ᠍ᠰᠡᠨ ᠰᠠᠤᠠᠭᠢᠯ ᠨᠢ ᠭᠠᠩᠰᠠᠷᠠᠨ ᠳᠡᠩᠳᠡᠷᠡᠭ᠍ᠰᠡᠨ ᠳᠤ᠄
᠊᠊᠊᠊᠊᠊᠊᠊᠊᠊᠊᠊᠊᠊᠊ ᠡᠢ᠌ᠮᠤ ᠣᠮᠤᠭᠠᠷ ᠠᠶᠠᠭ᠎ᠠ ᠰᠢᠭ ᠶᠠᠭᠤᠮᠠᠨ ᠳᠤ ᠶᠠᠭᠠᠭᠢᠵᠤ ᠳᠠᠷᠠ ᠭᠤᠷᠪᠠ ᠶᠢ ᠪᠠᠨ ᠠᠪᠴᠢᠷᠠᠬᠤ ᠴᠤ ᠪᠢᠯᠠ ᠭᠡᠵᠤ ᠭᠠᠭᠴᠠᠭᠠᠷ ᠶᠢᠡᠨ ᠶᠠᠷᠢᠯ᠎ᠠ᠃ ᠳᠡᠭᠡᠭᠡᠤᠨ ᠪᠣᠳᠤᠭᠰᠠᠨ ᠨᠢ᠄ 《ᠵᠠ ᠶᠠᠭᠠᠭᠢᠬᠤᠪ᠂ ᠭᠡᠷ ᠶᠢᠡᠨ ᠳᠤᠮᠤᠰᠬᠠᠵᠤ ᠪᠣᠯᠤᠨ᠎ᠠ ᠪᠢᠵᠠ᠃ ᠳᠡᠭᠡᠪᠠᠯ ᠨᠢᠭᠡᠨ ᠪᠠᠶ᠎ᠠ ᠶᠢᠨ ᠵᠢᠷᠭᠠᠯ ᠶᠤᠮᠰᠠᠨ᠃ ᠬᠠᠷᠢᠨ ᠰᠠᠠᠰᠠᠷᠠᠢ᠌ᠳᠤᠷᠵᠢ ᠶᠢᠨ ᠬᠤᠰᠢᠭᠤ ᠣᠷᠤᠭᠤ ᠭᠠᠷᠭᠠᠭᠰᠠᠨ ᠬᠤᠶᠠᠷ ᠠᠵᠢᠷᠭ᠎ᠠ ᠠᠳᠤᠭᠤ ᠶᠠᠷᠤ ᠶᠠᠭᠤ ᠪᠣᠯᠵᠤ ᠪᠠᠢ᠌ᠭ᠎ᠠ ᠪᠣᠯ︖ ᠭᠦᠮᠤᠨ ᠤ ᠬᠤᠰᠢᠭᠤᠨ ᠤ ᠳᠠᠷᠠ ᠶᠠᠳᠠᠷᠠᠭᠰᠠᠨ ᠠᠷᠠᠤᠨ ᠤᠳ ᠲᠤ ᠳᠤᠰᠠᠯᠠᠵᠤ᠂ ᠦᠷᠢᠨ ᠳᠤ ᠪᠠᠷᠢᠭᠳᠠᠭᠰᠠᠨ ᠲᠦᠮᠡᠨ ᠤ ᠯᠠᠢ ᠶᠢ ᠭᠦᠩᠭᠡᠯᠡᠪᠠᠯ ᠳᠠᠷᠠ ᠪᠣᠶᠠᠨ︕ ᠁ ᠰᠠᠠᠰᠠᠷᠠᠢ᠌ᠳᠤᠷᠵᠢ ᠶᠢᠨ ᠡᠷᠡᠤ ᠪᠠᠷ ᠢᠳᠠᠵᠤ᠂ ᠪᠢᠷᠢᠳ ᠤᠨ ᠬᠠᠷ᠎ᠠ ᠰᠠᠤᠠᠭᠢᠯ ᠶᠢᠡᠷ ᠭᠢᠭ᠍ᠰᠡᠨ ᠶᠡᠭᠡ ᠦᠷᠢ ᠶᠢ ᠠᠷᠠᠤᠨ ᠤᠳ ᠳᠦᠯᠦᠭᠦ ᠪᠣᠯᠳᠠᠭ ᠨᠢ ᠳᠤᠬ᠎ᠠ ᠦᠭᠡᠶ ᠭᠡᠷᠡᠭ᠌ ᠶᠤᠮ ᠰᠢᠤ︕ ᠣᠭ ᠨᠢ ᠮᠢᠨᠤ ᠡᠨᠡ ᠬᠤᠯᠠᠭᠠᠢ ᠶᠠᠳᠠᠭᠤ ᠭᠦᠮᠤᠨ ᠳᠤ ᠳᠤᠰᠠᠯᠠᠬᠤ ᠰᠠᠨᠠᠭᠠᠳᠠᠢ ᠭᠢᠵᠤ ᠪᠣᠢ ᠰᠡᠭᠦᠯᠴᠢ ᠶᠢᠨ ᠬᠤᠯᠠᠭᠠᠢ ᠰᠠᠨ᠃ ᠬᠤᠶᠠᠷ ᠠᠵᠢᠷᠭ᠎ᠠ ᠠᠳᠤᠭᠤ ᠯᠠ ᠪᠠᠷᠢᠭᠳᠠᠵᠤ ᠪᠣᠴᠠᠵᠤ ᠢᠷᠠᠯ ᠦᠭᠡᠶ᠂ ᠭᠢᠳᠠᠤᠨ ᠤᠨ ᠫᠦᠰᠡᠨ ᠤ ᠦᠷᠢᠨ ᠡᠴᠡ ᠳᠠᠭᠯᠠᠴᠢᠬᠠᠪᠠᠯ ᠪᠣᠯᠵᠤ ᠪᠠᠢ᠌ᠭ᠎ᠠ ᠨᠢ ᠳᠠᠷᠠ︕ ᠣᠭ ᠨᠢ ᠴᠤ ᠬᠠᠯᠬ᠎ᠠ ᠶᠢᠨ ᠰᠠᠢ᠌ᠨ ᠡᠷᠡᠴᠦᠦᠯ ᠤᠨ ᠭᠠᠷ ᠲᠤ ᠯᠠ ᠦᠭᠭᠦᠭ᠍ᠰᠡᠨ ᠳ᠋ᠠ᠃ ᠮᠦᠷᠳᠠᠯ᠎ᠠ ᠭᠡᠭᠦ ᠳᠤ ᠬᠤᠶᠠᠷᠬᠠᠨ ᠠᠵᠢᠷᠭ᠎ᠠ ᠠᠳᠤᠭᠤᠨ ᠤ ᠮᠦᠷ ᠢ ᠨᠠᠷᠠᠩᠭ᠋᠎ᠠ ᠶᠢᠨ ᠡᠯᠡᠰᠤᠨ ᠡᠴᠡ ᠶᠠᠭᠠᠭᠢᠵᠤ ᠭᠠᠷᠭᠠᠬᠤ ᠪᠣᠢ᠂ ᠭᠤᠠᠵᠢ ᠶᠢᠨ ᠵᠤᠭᠤᠭ᠁ ᠲᠤᠩ ᠪᠣᠯᠳᠠᠭ ᠦᠭᠡᠶ ᠳᠡᠭᠡᠷ᠎ᠡ ᠨᠢ ᠪᠠᠶ᠎ᠠ ᠪᠠᠷ ᠶᠢᠡᠨ ᠡᠭᠦᠷᠦᠭᠡᠤᠨ ᠭᠠᠷᠤᠨ᠎ᠠ ᠳ᠋ᠠ᠂ ᠵᠤᠯᠢᠭ︕》 ᠭᠡᠵᠤ ᠪᠣᠳᠤᠭᠠᠤᠨ ᠳᠡᠭᠡᠭ᠍ᠰᠢ ᠪᠠᠨ ᠬᠠᠷᠠᠳᠠᠯ᠎ᠠ ᠨᠥᠭᠦᠭᠡ ᠯᠠ ᠣᠮᠤᠭᠠᠷ ᠳᠤᠭᠤᠨᠤ ᠨᠢ ᠥᠵᠡᠭ᠍ᠳᠡᠭ᠍ᠰᠡᠨ ᠳᠤ᠄ 《ᠳᠠᠷᠠ ᠭᠤᠷᠪᠠ ᠮᠢᠨᠢ ᠶᠠᠭᠠᠭᠢᠵᠤ ᠪᠠᠢ᠌ᠭ᠎ᠠ ᠪᠣᠯ ᠡ ⁈ ᠮᠠᠭᠤ ᠠᠪᠠᠭᠠᠢ ᠪᠠᠨ ᠬᠤᠶᠠᠷ ᠭᠡᠦᠭᠡᠤᠨ ᠲᠡᠶ ᠨᠢ ᠳᠠᠷᠢᠭᠠᠩᠭ᠋᠎ᠠ ᠳᠠᠭᠠᠨ ᠠᠪᠴᠢᠷᠠᠭᠠᠤᠨ ᠭᠦᠮᠤᠨ ᠡᠴᠡ ᠥᠭᠡᠳᠡᠷᠡᠭ᠌ ᠠᠢ᠌ᠬᠤᠪᠳᠤᠷ ᠪᠢᠰᠢ ᠴᠤ ᠭᠡᠰᠡᠨ᠂ ᠭᠦᠮᠤᠨ ᠡᠴᠡ ᠳᠤᠤᠷ᠎ᠠ ᠦᠭᠡᠶ ᠠᠮᠢᠳᠤᠷᠠᠬᠤ ᠮᠢᠨᠢ︕ ᠪᠢ ᠶᠠᠷᠤ ᠨᠢ ᠣᠷᠢᠳᠤ ᠯᠠ ᠵᠥᠭ᠌ ᠡᠴᠡ ᠠᠪᠠᠭᠠᠢ ᠠᠪᠬᠤ ᠣᠴᠢᠷᠳᠠᠢ ᠪᠠᠢ᠌ᠵᠤ ᠳ᠋ᠠ᠁》 ᠭᠡᠵᠤ ᠪᠣᠳᠤᠭᠰᠠᠭᠠᠷ ᠪᠠᠽᠠᠷ ᠴᠢᠳᠤᠷ ᠤᠨ ᠶᠢᠡᠨ ᠴᠢᠭᠳᠠ ᠶᠢ ᠰᠢᠭᠢᠦᠡᠭᠡᠵᠤ ᠳᠠᠭᠤᠰᠤᠯ᠎ᠠ᠃
ᠭᠡᠦᠭᠡᠨ ᠤ ᠭᠢᠨᠢ ᠣᠷᠳᠤ ᠰᠤᠷᠮᠤᠤᠰᠤ ᠲᠡᠶ ᠭᠦᠭᠡᠷᠦᠭᠦᠨ ᠬᠠᠷ᠎ᠠ ᠨᠢᠳᠤ᠂ ᠳᠦᠭᠦᠷᠢᠭ᠌ ᠪᠣᠷᠤ ᠴᠢᠷᠠᠢ ᠡᠮᠦᠨ᠎ᠡ ᠨᠢ ᠭᠡᠷᠡᠯᠳᠦᠵᠤ ᠢᠷᠡᠭ᠍ᠰᠡᠨ ᠳᠤ᠄
᠊᠊᠊᠊᠊᠊᠊᠊᠊᠊᠊᠊᠊᠊᠊ ᠠᠮᠠᠨ ᠤ ᠭᠡᠰᠢᠭ᠌ ᠲᠡᠶ᠂ ᠪᠣᠶᠠᠠᠳᠠᠢ ᠭᠦᠮᠤᠨ ᠰᠢᠤ ᠭᠡᠵᠤ ᠪᠠᠬᠠᠷᠬᠠᠨ ᠰᠢᠪᠠᠨᠠᠪᠠ᠃ ᠪᠠᠽᠠᠷ ᠤᠨ ᠳᠤᠳᠤᠷ᠎ᠠ ᠳᠡᠷᠳᠡᠭᠡ ᠭᠤᠷᠪᠠᠨ ᠵᠢᠯ ᠤᠨ ᠡᠮᠦᠨ᠎ᠡ ᠪᠣᠯᠤᠭᠰᠠᠨ ᠶᠠᠪᠣᠳᠠᠯ ᠣᠷᠭᠤᠨ ᠳᠤᠳᠤᠷᠠᠪᠠ᠃
ᠪᠠᠽᠠᠷ᠂ ᠳᠠᠷᠠ ᠭᠡᠦᠭᠡᠨ ᠬᠤᠶᠠᠷ ᠠᠮᠢᠳᠤᠷᠠᠯ ᠭᠡᠮᠡᠭᠦ ᠢᠷᠤᠭᠠᠷ ᠢᠷᠤᠭᠠᠯ ᠨᠢ ᠡᠰᠡ ᠥᠵᠡᠭ᠍ᠳᠡᠭᠦ ᠪᠦᠯᠢᠭᠦᠷ ᠦᠭᠡᠶ ᠳᠠᠯᠠᠢ᠂ ᠪᠦᠰᠡ ᠦᠭᠡᠶ ᠣᠷᠴᠢᠯᠠᠩ ᠳᠤ ᠢᠷᠦᠭᠡᠯ ᠶᠢᠡᠷ ᠵᠤᠯᠭᠠᠭᠰᠠᠨ ᠶᠢᠷᠳᠢᠠᠴᠤ ᠶᠢᠨ ᠵᠢᠷ ᠤᠨ ᠨᠢᠭᠡᠨ ᠢᠭᠡᠷ᠎ᠡ ᠠᠭᠠᠤᠨ ᠳᠠᠳᠠᠨ ᠤ ᠳᠠᠨᠢᠯᠴᠠᠵᠤ ᠠᠮᠠᠷᠠᠭᠯᠠᠭᠰᠠᠨ ᠳᠡᠦᠭᠡ᠂ ᠡᠵᠡᠳ ᠰᠢᠭ᠌ ᠶᠢᠡᠨ ᠡᠡᠭ᠌ ᠤᠨ ᠴᠠᠭᠠᠨ ᠠᠪᠠᠴᠤ ᠪᠠᠰᠠ ᠭᠦ ᠠᠳᠠᠯ ᠶᠠᠪᠣᠳᠠᠯ ᠲᠡᠶ᠂ ᠰᠤᠨᠢᠬᠠᠨ ᠴᠤ ᠭᠡᠭᠦ ᠶᠤᠮ ᠦᠦ᠂ ᠰᠤᠬᠤᠷᠬᠠᠨ ᠴᠤ ᠭᠡᠭᠦ ᠶᠤᠮ ᠦᠦ ᠬᠠᠴᠢᠨ ᠣᠴᠠᠷᠠᠯ ᠶᠢᠡᠷ ᠡᠭᠢᠯᠡᠭ᠍ᠰᠡᠨ ᠠᠵᠤᠭᠤ᠃
ᠭᠤᠷᠪᠠᠨ ᠵᠢᠯ ᠤᠨ ᠳᠡᠷᠳᠡᠭᠡ᠂ ᠦᠳᠡ ᠶᠢᠨ ᠨᠠᠷᠠᠨ ᠤ ᠰᠡᠭᠦᠳᠡᠷ ᠰᠢᠭ᠌ ᠡᠪᠦᠯ ᠤᠨ ᠪᠣᠭᠤᠨᠢ ᠡᠳᠦᠷ ᠤᠨ ᠮᠤᠷᠢᠨ ᠴᠠᠭ ᠤᠨ ᠣᠷᠴᠢᠮ ᠶᠤᠮᠰᠠᠨ᠁
ᠰᠢᠯᠢ ᠶᠢᠨ ᠭᠤᠤᠯ ᠠᠢ᠌ᠮᠠᠭ ᠤᠨ ᠶᠡᠭᠡ ᠬᠠᠮᠪᠣ ᠶᠢᠨ ᠭᠦᠷᠢᠶᠡᠨ ᠤ ᠵᠢᠰᠠ ᠰᠥᠷᠦᠭ᠌ ᠭᠡᠮᠡᠭᠦ ᠰᠠᠳᠠᠷ ᠳᠠᠭᠢᠯᠭ᠎ᠠ ᠲᠡᠶ᠃ ᠳᠠᠷᠬᠠᠨ ᠴᠠᠭᠠᠵᠠ ᠲᠡᠶ ᠠᠳᠤᠭᠤᠨ ᠡᠴᠡ ᠪᠠᠽᠠᠷ ᠢᠵᠢᠯᠭᠡᠨ ᠪᠣᠷᠤ ᠰᠠᠷᠠᠯ ᠵᠢᠰᠤᠨ ᠤ ᠳᠠᠯᠪᠢᠭᠤᠯᠢ ᠳᠠᠷᠭᠤᠨ ᠵᠢᠷᠭᠤᠭᠠᠨ ᠰᠠᠢ᠌ᠬᠠᠨ ᠮᠤᠷᠢ ᠳᠠᠭᠤᠵᠤ᠂ ᠫᠣᠤ ᠲᠡᠶ ᠠᠳᠤᠭᠤᠴᠢᠨ ᠳᠤ ᠨᠢ ᠡᠭᠡᠭᠡ ᠯᠠ ᠠᠯᠠᠭᠤᠯᠴᠢᠬᠠᠯ ᠦᠭᠡᠶ ᠠᠮᠢ ᠵᠤᠯᠪᠠᠨ ᠭᠠᠷᠴᠤ ᠭᠤᠷᠪᠠᠨ ᠬᠤᠨᠤᠭ ᠨᠣᠢ᠌ᠷ ᠬᠤᠭᠤᠯᠠ ᠦᠭᠡᠶ ᠰᠢᠬᠠᠭᠤ ᠭᠦᠭᠡᠭᠡᠭ᠍ᠰᠡᠭᠡᠷ ᠠᠪᠠᠭ᠎ᠠ ᠳ᠋ᠠ ᠸᠠᠩ ᠤᠨ ᠨᠤᠳᠤᠭ ᠣᠷᠤᠭᠤ ᠣᠷᠤᠵᠠᠢ᠃ ᠥᠪᠦᠷᠯᠡᠭ᠍ᠴᠢ ᠶᠢᠨ ᠪᠠᠷᠤᠭ ᠬᠤᠰᠢᠭᠤ ᠪᠣᠯᠭᠠᠨ ᠳᠤ ᠪᠠᠽᠠᠷ ᠤᠨ ᠣᠭᠳᠤᠭᠠᠴᠢ ᠪᠠᠢ᠌ᠭᠰᠠᠨ ᠠᠭᠠᠤᠨ᠂ ᠭᠤᠳᠤᠯᠢ ᠰᠢᠷ᠎ᠠ ᠳᠤᠯᠤᠭᠠᠢ᠂ ᠮᠣᠢ᠌ᠨᠤᠭ ᠪᠠᠳᠤᠭᠠ ᠭᠡᠭ᠍ᠴᠢ ᠳᠠᠷᠠ ᠬᠤᠯᠠᠭᠠᠢ᠌ᠴᠢ ᠶᠢᠨ ᠠᠪᠠᠭ᠎ᠠ ᠳ᠋ᠠ ᠸᠠᠩ ᠤᠨ ᠲᠦᠩᠱᠢ ᠪᠠᠢ᠌ᠯ᠎ᠠ᠁
ᠪᠠᠽᠠᠷ᠂ ᠵᠠᠮ ᠤᠨ ᠭᠤᠳᠤᠰ ᠲᠤ ᠪᠠᠢ᠌ᠭᠰᠠᠨ ᠭᠠᠭᠴᠠ ᠭᠡᠷ ᠶᠢᠡᠷ ᠳᠠᠭᠠᠷᠢᠵᠤ ᠪᠠᠭᠤᠵᠠᠢ᠃
ᠭᠠᠳᠠᠨᠠᠭᠢ ᠦᠨᠦᠴᠢᠨ ᠱᠤᠩ ᠡᠴᠡ ᠨᠢ ᠮᠤᠷᠢ ᠪᠠᠨ ᠣᠶᠠᠴᠢᠬᠠᠭᠠᠤᠨ ᠶᠠᠪᠣᠵᠤ ᠭᠡᠷ ᠤᠨ ᠵᠡᠭᠦᠨ ᠳᠠᠯ᠎ᠠ ᠪᠠᠷ ᠳᠤᠭᠤᠷᠢᠳᠠᠯᠠ ᠪᠦᠰᠡᠭᠦᠢ ᠭᠦᠮᠤᠨ ᠤ ᠭᠤᠮᠤᠳᠠᠵᠤ ᠠᠷᠭ᠎ᠠ ᠴᠥᠭᠦᠷᠡᠭ᠍ᠰᠡᠨ ᠬᠤᠭᠤᠯᠠᠢ ᠪᠠᠷ᠄
᠊᠊᠊᠊᠊᠊᠊᠊᠊᠊᠊᠊᠊᠊᠊ ᠳᠠ ᠪᠣᠯᠢᠭᠠᠴᠢ᠂ ᠶᠠᠭᠠᠭᠢᠵᠤ ᠪᠠᠢ᠌ᠨ᠎ᠠ ⁈ ᠪᠢ 《 ᠦᠭᠡᠶ》 ᠭᠡᠵᠤ ᠪᠠᠢ᠌ᠨ᠎ᠠ ᠰᠢᠤ ᠭᠡᠮᠡᠨ ᠣᠯᠢᠭᠯᠠᠨ ᠭᠤᠶᠤᠬᠤ ᠰᠤᠨᠤᠰᠳᠠᠭᠰᠠᠨ ᠳᠤ ᠭᠡᠢ᠌ᠴᠢᠨ ᠵᠤᠭ ᠳᠤᠰᠤᠨ ᠵᠤᠭᠰᠤᠵᠤ ᠪᠢᠯᠠ᠃
᠊᠊᠊᠊᠊᠊᠊᠊᠊᠊᠊᠊᠊᠊᠊ ᠵᠠ᠂ ᠪᠢ ᠴᠢᠮ᠎ᠠ ᠶᠢ ᠯᠠ ᠭᠡᠵᠤ ᠵᠤᠷᠢᠵᠤ ᠮᠤᠷᠳᠠᠭᠰᠠᠨ ᠶᠤᠮ᠃ ᠠᠪᠠᠭ᠎ᠠ ᠳ᠋ᠠ ᠸᠠᠩ ᠤᠨ ᠬᠠᠮᠤᠭ ᠰᠠᠢ᠌ᠬᠠᠨ ᠭᠡᠦᠭᠡᠨ ᠪᠣᠯᠬᠤᠯᠠᠷ ᠴᠢᠨᠢ ᠡᠨᠡ ᠰᠢᠤ ᠳ᠋ᠠ︕
《ᠳᠤᠯᠳᠢᠷᠠᠢ ᠵᠤᠯᠢᠭ ᠶᠤᠮ ᠦᠦ︖ ᠰᠤᠭᠳᠤᠭᠤ ᠮᠤᠢ᠌ᠳ ᠦᠦ︕》 ᠭᠡᠵᠤ ᠪᠠᠽᠠᠷ ᠪᠣᠳᠤᠵᠠᠢ᠃ ᠳᠡᠭᠡᠳᠡᠯ᠎ᠡ ᠪᠦᠷ ᠠᠭᠤᠷᠯᠠᠵᠤ ᠪᠣᠭᠢᠮᠳᠠᠭᠰᠠᠨ ᠪᠦᠰᠡᠭᠦᠢ ᠶᠢᠨ ᠳᠠᠭᠤ᠄
᠊᠊᠊᠊᠊᠊᠊᠊᠊᠊᠊᠊᠊᠊᠊ ᠶᠠᠪᠣ᠂ ᠣᠳᠤᠬᠠᠨ ᠭᠠᠷ᠃ ᠪᠢ ᠶᠠᠭᠠᠭᠢᠭᠰᠠᠨ ᠴᠤ ᠳᠠᠨ ᠲᠡᠶ ᠨᠥᠭᠦᠴᠡᠭᠦ ᠦᠭᠡᠶ᠃ ᠳᠠ ᠵᠠᠯᠠᠨ ᠨᠤᠶᠠᠨ ᠭᠦᠮᠤᠨ ᠪᠠᠢ᠌ᠵᠤ᠂ ᠶᠠᠳᠠᠷᠠᠭᠰᠠᠨ ᠪᠦᠰᠡᠭᠦᠢ ᠨᠠᠳᠠ ᠪᠠᠷ ᠳᠤᠭᠯᠠᠭᠠᠮ ᠭᠢᠭᠡᠤᠨ ᠶᠠᠭᠠᠭᠢᠬᠤ ᠨᠢ ᠪᠣᠢ ⁈
᠊᠊᠊᠊᠊᠊᠊᠊᠊᠊᠊᠊᠊᠊᠊ ᠵᠠ ᠳᠠᠢ᠌ᠪᠣᠰᠢᠷᠠ᠂ ᠵᠥᠭᠡᠷ᠃ ᠴᠢᠨᠤᠭᠢ ᠪᠠᠨ ᠠᠯᠠᠭ ᠰᠠᠢ᠌ᠬᠠᠨ ᠨᠢᠳᠤᠨ ᠳᠤ ᠴᠢᠨᠢ ᠪᠢ ᠣᠨᠠᠵᠤ ᠪᠠᠢ᠌ᠨ᠎ᠠ ᠭᠡᠵᠤ ᠡᠷ᠎ᠡ ᠨᠢ ᠠᠮᠢᠰᠬᠤᠭᠠᠳᠠᠨ ᠥᠭᠦᠯᠡᠨ᠎ᠡ᠃
᠊᠊᠊᠊᠊᠊᠊᠊᠊᠊᠊᠊᠊᠊᠊ ᠪᠢᠳᠡᠭᠡᠢ ᠬᠤᠳᠠᠯ ᠭᠡᠯᠡ᠃ ᠪᠢ ᠦᠷ᠎ᠡ ᠪᠠᠨ ᠳᠡᠵᠢᠭᠡᠵᠤ ᠶᠠᠳᠠᠵᠤ ᠶᠠᠪᠣᠭ᠎ᠠ ᠮᠠᠭᠤ ᠠᠮᠢᠳᠠᠨ᠃ ᠳᠠ ᠨᠡᠷ ᠤᠨ ᠭᠦᠰᠡᠯ ᠳᠠᠴᠢᠶᠠᠯ ᠢ ᠳᠠᠢ᠌ᠯᠠᠬᠤ ᠭᠡᠵᠤ ᠢᠩᠭᠢᠵᠤ ᠵᠤᠪᠠᠵᠤ ᠰᠠᠭᠤᠨ᠎ᠠ ᠭᠡᠵᠤ ᠰᠠᠨᠠᠭ᠎ᠠ ᠦᠦ᠃ ᠡᠷᠳᠡ ᠳᠤ ᠪᠠᠨ ᠰᠦᠨᠢᠳ ᠸᠠᠩ ᠤᠨ ᠳᠤᠮᠳᠠ ᠭᠦᠤ ᠠᠷᠢᠭᠢ ᠣᠤᠭᠤᠵᠤ ᠢᠷᠡᠴᠢᠭᠡᠭᠡᠤᠨ ᠪᠠᠬᠠᠨ ᠡᠯᠡᠭ᠌ ᠪᠠᠷᠢᠭᠰᠠᠨ᠁ ᠶᠠᠪᠣ ᠵᠠᠢ᠌ᠯᠠ᠃ ᠬᠠᠷ᠎ᠠ ᠨᠤᠪᠰᠢ᠂ ᠳᠤᠨᠢᠯ︕ ᠭᠡᠵᠤ ᠣᠠᠳᠤᠭᠤᠴᠠᠨ ᠬᠠᠷᠢᠶᠠᠬᠤ ᠦᠶ᠎ᠡ ᠪᠠᠷ ᠶᠠᠭᠤᠮ᠎ᠠ ᠭᠡᠦᠮ᠎ᠡ ᠣᠨᠠᠵᠤ ᠲᠦᠷ ᠳᠠᠷ ᠪᠣᠯᠤᠭᠠᠤᠨ ᠶᠠᠪᠣᠴᠢᠬᠠᠪᠠ᠃
᠊᠊᠊᠊᠊᠊᠊᠊᠊᠊᠊᠊᠊᠊᠊ ᠶᠠᠭᠠᠭᠢᠨ᠎ᠠ ᠭᠡᠨ᠎ᠡ᠂ ᠮᠠᠭᠤ ᠭᠢᠴᠢ︕ ᠴᠢ ᠡᠷ᠎ᠡ ᠬᠠᠪᠢᠷᠤᠭᠤᠯᠤᠭᠠ ᠦᠭᠡᠶ ᠪᠠᠢ᠌ᠵᠤ ᠡᠨᠡ ᠣᠠᠳᠠᠵᠤ ᠪᠠᠢ᠌ᠭ᠎ᠠ ᠭᠦᠯᠦᠭᠡ ᠶᠢ ᠭᠠᠷᠭᠠᠭ᠎ᠠ ᠦᠦ︖ ᠭᠦᠰᠡᠯ ᠶᠢᠡᠷ ᠪᠣᠯᠳᠠᠭ ᠦᠭᠡᠶ ᠪᠣᠯ ᠭᠦᠴᠤ ᠪᠠᠷ ᠴᠢᠮ᠎ᠠ ᠲᠡᠶ᠁
᠊᠊᠊᠊᠊᠊᠊᠊᠊᠊᠊᠊᠊᠊᠊ ᠠᠮᠢᠳᠤ ᠳᠠᠭᠠᠨ ᠯᠠ ᠯᠠᠪ ᠴᠢᠮᠠᠳᠠᠢ ᠨᠥᠭᠦᠴᠡᠭᠦ ᠦᠭᠡᠶ︕ ᠁ 《 ᠦᠭᠡᠶ ᠡ᠂ ᠡᠨᠡ ᠮᠦᠨ ᠠᠢ᠌ᠬᠤᠪᠳᠤᠷ ᠭᠡᠦᠭᠡᠨ ᠶᠤᠮ ᠡ᠃ ᠮᠥᠴᠡᠭᠡ ᠪᠠᠨ ᠦᠭᠭᠦ ᠦᠭᠡᠶ ᠪᠠᠢ᠌ᠬᠤ ᠶᠢ ᠨᠢ ᠬᠠᠷᠠᠭᠠᠴᠢ︕ ᠳᠦᠷᠦᠭᠦᠨ ᠳᠤ 〈ᠳᠠ〉 ᠭᠡᠵᠤ ᠪᠠᠢ᠌ᠭᠰᠠᠨ᠃ ᠣᠳᠤ ᠪᠦᠷ 〈ᠴᠢᠮᠠᠳᠠᠢ ᠨᠥᠭᠦᠴᠡᠭᠦ ᠦᠭᠡᠶ〉 ᠭᠡᠵᠤ ᠪᠠᠢ᠌ᠨ᠎ᠠ ᠰᠢᠤ᠃ ᠰᠠᠢ᠌ᠨ ᠭᠡᠦᠭᠡᠨ ᠶᠤᠮ ᠡ︕》 ᠭᠡᠵᠤ ᠪᠠᠽᠠᠷ ᠪᠣᠳᠤᠪᠠ᠃
ᠪᠦᠳᠦᠯ ᠦᠭᠡᠶ ᠡᠷ᠎ᠡ ᠣᠤᠭᠢᠯᠠᠨ ᠠᠮᠢᠰᠬᠤᠭᠠᠳᠠᠵᠤ᠄
᠊᠊᠊᠊᠊᠊᠊᠊᠊᠊᠊᠊᠊᠊᠊ ᠠᠮᠢᠳᠤ ᠳᠠᠭᠠᠨ ᠨᠥᠭᠦᠴᠡᠭᠦ ᠦᠭᠡᠶ ᠪᠣᠯ ᠠᠯᠠᠵᠤ ᠪᠠᠢ᠌ᠭᠠᠤᠨ ᠭᠡᠷᠡᠭᠯᠡᠨ᠎ᠡ ᠳ᠋ᠠ᠂ ᠴᠢᠮᠢ᠋ᠢ᠌︕ ᠭᠡᠭᠦ ᠰᠤᠨᠤᠰᠳᠠᠨ᠎ᠠ᠃ ᠳᠡᠭᠡᠳᠡᠯ᠎ᠡ 《ᠳᠠᠰ》 ᠭᠢᠨ ᠴᠢᠮᠡᠭᠡ ᠭᠠᠷᠤᠯ᠎ᠠ᠃
᠊᠊᠊᠊᠊᠊᠊᠊᠊᠊᠊᠊᠊᠊᠊ ᠠᠯᠠᠭᠠᠳᠠᠨ᠎ᠠ ᠭᠡᠨ᠎ᠡ᠂ ᠮᠠᠭᠤ ᠭᠢᠴᠢ︕
ᠳᠠᠭᠢᠨ 《ᠳᠠᠰ》 ᠭᠡᠤᠨ ᠶᠠᠪᠣᠴᠢᠬᠠᠪᠠ᠃ ᠪᠠᠽᠠᠷ ᠤᠨ ᠠᠯᠠᠭ᠎ᠠ ᠨᠢ ᠵᠠᠭᠠᠨᠠᠳᠤᠬᠤ ᠰᠢᠭ ᠪᠣᠯᠵᠤ ᠢᠨᠢᠶᠠᠳᠤ ᠨᠢ ᠭᠦᠷᠴᠤ ᠪᠠᠢ᠌ᠯ᠎ᠠ᠃
᠊᠊᠊᠊᠊᠊᠊᠊᠊᠊᠊᠊᠊᠊᠊ ᠨᠢᠳᠤ ᠣᠷᠤᠭᠤ ᠠᠯᠠᠭᠠᠳᠠᠴᠢᠬᠠᠯᠠ︕ ᠮᠠᠭᠤ ᠥᠯᠦᠭ᠍ᠴᠢᠨ ᠢ ᠴᠢᠨᠢ ᠪᠦᠷ ᠠᠯᠠᠴᠢᠬᠠᠶ᠎ᠠ ᠯᠠ ᠳ᠋ᠠ︕
᠊᠊᠊᠊᠊᠊᠊᠊᠊᠊᠊᠊᠊᠊᠊ ᠶᠠ᠂ ᠶᠠ᠂ ᠠᠯᠠᠯ᠎ᠠ᠃ ᠪᠣᠷᠬᠠᠨ ᠮᠢᠨᠢ ᠠᠮᠢ ᠠᠪᠣᠷᠠ︕ ᠭᠡᠵᠤ ᠪᠦᠰᠡᠭᠦᠢ ᠬᠤᠭᠤᠯᠠᠢ ᠪᠠᠨ ᠭᠡᠷᠴᠢᠭᠢᠨᠡᠭᠦᠯᠵᠤ ᠬᠠᠰᠭᠢᠷᠤᠭᠰᠠᠨ ᠳᠤ ᠪᠠᠽᠠᠷ ᠰᠤᠴᠢᠬᠤ ᠰᠢᠭ ᠪᠣᠯᠤᠭᠠᠤᠨ᠂ ᠭᠡᠷ ᠣᠷᠤᠭᠤ ᠣᠬᠤᠰᠭᠢᠨ ᠣᠷᠤᠵᠠᠢ᠃ ᠬᠤᠷᠠᠭᠠᠨ ᠳᠤᠳᠤᠷᠳᠠᠢ ᠭᠦᠷᠡᠩ ᠳᠤᠷᠭᠠᠨ ᠳᠠᠪᠠᠯ᠂ ᠣᠨᠤᠭᠤ ᠲᠡᠶ ᠬᠠᠷ᠎ᠠ ᠭᠦᠷᠮ᠎ᠡ ᠲᠡᠶ᠂ ᠳᠤᠮᠳᠠ ᠵᠡᠷᠭᠡ ᠶᠢᠨ ᠨᠢᠷᠤᠭᠤᠨ ᠤ ᠬᠠᠷ᠎ᠠ ᠭᠦᠮᠤᠨ ᠪᠠᠷᠠᠭᠤᠨ ᠭᠠᠷ ᠶᠢᠡᠷ ᠶᠢᠡᠨ ᠭᠡᠦᠭᠡᠨ ᠤ ᠪᠠᠭᠠᠯᠵᠤᠤᠷ ᠢ ᠰᠢᠬᠠᠵᠤ᠂ ᠵᠡᠭᠦᠨ ᠭᠠᠷ ᠶᠢᠡᠨ ᠬᠤᠷᠮᠤᠢ ᠳᠤᠤᠭᠤᠷ ᠨᠢ ᠶᠠᠪᠣᠭᠤᠯᠵᠤ ᠪᠠᠢ᠌ᠪᠠ᠃ ᠳᠠᠷᠠ ᠭᠦᠮᠤᠨ ᠤ ᠪᠣᠰᠤᠭ᠎ᠠ ᠭᠦᠷᠡᠩ ᠰᠢᠨ᠎ᠠ ᠭᠦᠷᠳᠡᠢ᠌ᠨ ᠵᠠᠩᠭᠢᠷᠠᠭᠰᠠᠨ ᠨᠢ ᠨᠤᠬᠠᠢ ᠶᠢᠨ ᠠᠷᠭᠢᠷᠠᠯᠳᠠ ᠶᠢ ᠰᠠᠨᠠᠭᠳᠠᠭᠤᠯᠤᠨ᠎ᠠ᠃ ᠰᠤᠬᠤᠷ ᠳᠠᠴᠢᠶᠠᠯ ᠭᠦᠰᠡᠯ ᠳᠡᠭᠡᠨ ᠳᠦᠷᠦᠯᠡᠭ᠍ᠳᠡᠵᠤ ᠣᠯᠠᠩᠭ᠋ᠠᠰᠤᠭᠰᠠᠨ ᠳᠠᠷᠠ ᠡᠷ᠎ᠡ ᠶᠢᠨ ᠥᠷᠭᠡᠨ ᠠᠯᠠᠭ᠎ᠠ᠂ ᠭᠠᠷ ᠤᠨ ᠪᠣᠭᠤᠨᠢ ᠬᠤᠷᠤᠭᠤ ᠶᠢ ᠬᠤᠭᠤᠯᠠᠢ ᠡᠴᠡ ᠪᠠᠨ ᠵᠠᠢ᠌ᠯᠠᠭᠤᠯᠬᠤ ᠭᠡᠵᠤ ᠭᠡᠦᠭᠡᠨ ᠭᠦᠯᠦᠰᠤ ᠪᠠᠨ ᠠᠰᠠᠷᠠᠭᠤᠯᠤᠨ ᠨᠤᠴᠤᠯᠳᠤᠵᠤ ᠪᠠᠢ᠌ᠪᠠ᠃ ᠭᠦᠴᠤᠨ ᠳᠤ ᠠᠪᠳᠠᠵᠤ ᠭᠦᠯ ᠶᠢᠡᠨ ᠵᠢᠭᠢᠭ᠍ᠰᠡᠨ ᠪᠠᠢ᠌ᠬᠤ ᠪᠣᠯᠪᠠᠴᠤ ᠪᠠᠷᠠᠭᠤᠨ ᠭᠦᠯ ᠶᠢᠡᠨ ᠵᠡᠭᠦᠨ ᠭᠦᠯ ᠳᠡᠭᠡᠭᠦᠷ ᠶᠢᠡᠨ ᠠᠴᠢᠵᠤ ᠵᠠᠩᠭᠢᠤᠠᠴᠠᠢ᠃ ᠨᠢᠯᠪᠣᠰᠤ ᠭᠦᠶᠦᠭ᠍ᠰᠡᠨ ᠨᠢᠳᠤᠨ ᠤ ᠭᠢᠨᠢ ᠪᠠᠢ᠌ᠳᠠᠯ ᠢ ᠠᠵᠢᠪᠠᠯ 《ᠭᠦᠭᠡᠷᠦᠭᠦᠢ ᠮᠢᠨᠢ ᠣᠬᠠᠭᠠᠨ ᠠᠯᠳᠠᠵᠤ ᠪᠠᠢ᠌ᠨ᠎ᠠ ᠦᠦ ᠳ᠋ᠠ》 ᠭᠡᠵᠤ ᠰᠠᠨᠠᠭᠳᠠᠭᠤᠯᠬᠤ ᠪᠠᠷ ᠪᠠᠢ᠌ᠪᠠ᠃ ᠪᠦᠰᠡᠭᠦᠢ ᠶᠢᠨ ᠬᠠᠭᠤᠴᠢᠷᠠᠵᠤ ᠬᠠᠯᠳᠠᠢ᠌ᠭᠰᠠᠨ ᠥᠵᠦᠭᠦᠷᠭᠡᠰᠤᠨ ᠨᠡᠭᠡᠢ ᠳᠠᠪᠠᠯ ᠤᠨ ᠳᠤᠳᠤᠭᠠᠳᠤ ᠬᠤᠷᠮᠤᠢ ᠶᠢ ᠬᠠᠤ ᠳᠠᠳᠠᠴᠢᠬᠠᠭᠰᠠᠨ ᠨᠢ ᠫᠣᠤᠳᠠᠭᠤᠯᠵᠤ ᠨᠠᠪᠰᠠᠢ᠌ᠭᠰᠠᠨ ᠰᠢᠪᠠᠭᠤᠨ ᠤ ᠳᠠᠯᠠᠪᠴᠢ ᠶᠢ ᠰᠠᠨᠠᠭᠳᠠᠭᠤᠯᠤᠨ᠎ᠠ᠃ ᠱᠠᠯᠢᠭ ᠡᠷ᠎ᠡ ᠶᠢᠨ ᠬᠠᠮᠠᠷ ᠤᠨ ᠴᠢᠰᠤ ᠭᠠᠷᠤᠭᠰᠠᠨ ᠪᠣᠯᠤᠯᠳᠠᠢ ᠬᠠᠴᠠᠷ᠂ ᠡᠷᠡᠤ ᠶᠢᠨ ᠭᠢᠨᠢ ᠬᠠᠵᠠᠭᠤ ᠳᠠᠯ᠎ᠠ ᠨᠢ ᠴᠢᠰᠤᠳᠠᠢ ᠥᠵᠡᠭ᠍ᠳᠡᠪᠡ᠃ 《ᠬᠤᠶᠠᠷ ᠰᠠᠢ᠌ᠨ ᠠᠯᠠᠭᠠᠳᠠᠭᠤᠯᠤᠭᠠᠤᠨ ᠯᠠ ᠡᠨᠡ ᠮᠥᠭᠡᠷᠤᠨ ᠭᠤᠭᠴᠤᠭ᠎ᠠ ᠬᠠᠮᠠᠷ ᠤᠨ ᠴᠢᠰᠤ ᠰᠠᠳᠠᠷᠠᠵᠤ ᠳ᠋ᠠ》 ᠭᠡᠵᠤ ᠪᠣᠳᠤᠭᠠᠤᠨ ᠣᠯᠠᠩᠭ᠋ᠠᠰᠤᠭᠰᠠᠨ ᠡᠷ᠎ᠡ ᠶᠢᠨ ᠬᠠᠷ᠎ᠠ ᠭᠦᠷᠮᠡᠨ ᠤ ᠡᠯᠪᠠᠭ᠌ ᠮᠦᠷᠤᠨ ᠳᠡᠭᠡᠷ᠎ᠡ ᠡᠴᠡ ᠰᠢᠭᠦᠷᠤᠨ ᠠᠤᠠᠬᠤᠭᠰᠠᠨ ᠳᠤ ᠴᠠᠭᠠᠳᠤᠭᠢ ᠨᠢ ᠳᠠᠪᠭᠢᠨ ᠡᠷᠭᠢᠭ᠍ᠰᠡᠨ ᠶᠢᠡᠨ ᠡᠭᠡᠭᠡ ᠬᠠᠵᠠᠭᠤᠬᠠᠨ ᠳ᠋ᠤᠨᠢ ᠪᠠᠢ᠌ᠭ᠎ᠠ ᠪᠠᠽᠠᠷ ᠢ ᠣᠳᠤ ᠯᠠ ᠬᠠᠷᠠᠵᠤ᠂ ᠰᠢᠯᠤᠨ ᠨᠢᠳᠤ ᠰᠢᠭ᠌ ᠬᠠᠴᠢᠨ ᠳᠤᠭᠤᠷᠢᠭ ᠨᠢᠳᠤ ᠪᠠᠨ ᠳᠦᠷᠯᠡᠢ᠌ᠯᠭᠡᠪᠡ᠃
᠊᠊᠊᠊᠊᠊᠊᠊᠊᠊᠊᠊᠊᠊᠊ ᠪᠢᠷ᠎ᠠ ᠴᠢᠨᠢ ᠪᠠᠭᠳᠠᠵᠤ ᠶᠠᠳᠠᠭᠠᠤᠨ ᠪᠠᠢ᠌ᠭ᠎ᠠ ᠶᠤᠮ ᠦᠦ︖ ᠪᠦᠰᠡᠭᠦᠢ ᠭᠦᠮᠤᠨ ᠳᠤ ᠭᠠᠷᠭᠠᠳᠠᠭ ᠴᠢᠨᠢ ᠶᠠᠭᠤ ᠪᠢᠯᠠ ᠳ᠋ᠠ︕
ᠬᠠᠩᠭ᠋ᠠᠢ ᠪᠠᠽᠠᠷ ᠤᠨ ᠰᠥᠷᠯᠢᠭ᠌ ᠥᠷᠭᠡᠨ ᠴᠡᠭᠡᠵᠢ᠂ ᠵᠤᠤᠪᠠᠡᠭ᠌ ᠬᠤᠷᠴᠠ ᠨᠢᠳᠤᠨ ᠤ ᠳᠤᠬᠤᠭᠤᠷᠬᠠᠭᠰᠠᠨ ᠬᠠᠷᠠᠴᠠ᠂ ᠣᠬᠠᠭᠠᠯᠢᠭ ᠴᠢᠷᠠᠢ ᠶᠢ ᠦᠵᠡᠵᠤ ᠪᠠᠬᠠᠨ ᠪᠠᠯᠠᠮᠠᠭᠳᠠᠵᠤ ᠳᠠᠪᠠ ᠥᠭᠡᠢ᠌ᠷᠡᠭ᠍ᠰᠡᠨ ᠪᠣᠯᠪᠠᠴᠤ ᠪᠠᠰᠠ ᠯᠠ ᠬᠠᠭᠤᠴᠢᠨ ᠫᠣᠤ ᠶᠢᠨ ᠬᠤᠭᠤᠷᠬᠠᠢ ᠪᠣᠯᠬᠤ ᠴᠠᠭᠠᠳᠤ ᠡᠷ᠎ᠡ᠄
᠊᠊᠊᠊᠊᠊᠊᠊᠊᠊᠊᠊᠊᠊᠊ ᠳᠠ ᠠᠮᠤᠷᠬᠠᠨ ᠰᠠᠢ᠌ᠨ ᠪᠠᠢ᠌ᠨᠠᠤ︖ ᠡᠷ᠎ᠡ ᠭᠦᠮᠤᠨ ᠳᠤ ᠠᠮᠠ ᠭᠠᠷᠬᠤ ᠭᠡᠳᠡᠭ᠌ ᠶᠠᠭᠤ ᠪᠣᠯᠬᠤ ᠶᠢ ᠥᠵᠡᠭᠦᠯᠭᠦ ᠭᠡᠰᠡᠨ ᠶᠤᠮ︕ ᠭᠡ᠂ ᠭᠡ ᠭᠡᠮᠡᠨ ᠢᠨᠢᠶᠡᠭᠦᠢᠴᠡ ᠪᠣᠯᠪᠠ᠃ ᠳᠡᠭᠡᠭᠡᠤᠨ ᠬᠠᠮᠠᠷ ᠶᠢᠡᠨ ᠰᠢᠪᠳᠤᠷᠴᠤ ᠴᠢᠰᠤ ᠪᠣᠯᠤᠭᠰᠠᠨ ᠠᠯᠠᠭ᠎ᠠ ᠪᠠᠨ ᠬᠠᠷᠠᠭᠰᠠᠭᠠᠷ ᠭᠦᠭᠡᠷᠦᠭᠦᠢᠯᠡᠯᠳᠡᠢ ᠪᠠᠷ ᠦᠨᠳᠠᠢ᠌ᠵᠠᠢ᠃ ᠭᠡᠦᠭᠡᠨ ᠪᠣᠰᠬᠤ ᠭᠡᠰᠡᠨ ᠶᠢᠡᠨ ᠴᠢᠳᠠᠭᠰᠠᠨ ᠦᠭᠡᠶ᠃ ᠰᠠᠤᠠᠭᠢᠯ ᠨᠢ ᠳᠡᠭᠡᠳᠡᠯ᠎ᠡ ᠪᠠᠨ ᠭᠢᠮᠤᠷᠠᠭᠰᠠᠨ ᠪᠠᠢ᠌ᠪᠠ᠃ ᠳᠠᠷᠠᠪᠠᠷ ᠡᠪᠦᠳᠦᠭ᠌ ᠳᠡᠭᠡᠷ᠎ᠡ ᠪᠠᠨ ᠰᠠᠯᠳᠠᠭᠠᠨᠠᠨ ᠭᠣᠢ᠌ᠪᠠᠭᠠᠤᠨ᠂ ᠮᠢᠬᠠᠯᠢᠭ ᠥᠷᠭᠡᠨ ᠪᠦᠭ᠍ᠰᠡ ᠪᠠᠷ ᠶᠢᠡᠨ ᠭᠠᠵᠠᠷ ᠨᠥᠮᠦᠷᠢᠭᠡᠤᠨ ᠨᠤᠭ ᠰᠠᠭᠤᠴᠢᠬᠠᠯ᠎ᠠ᠁
᠊᠊᠊᠊᠊᠊᠊᠊᠊᠊᠊᠊᠊᠊᠊ ᠪᠢ ᠳᠠᠭᠠᠷᠢᠯᠳᠤᠭ᠎ᠠ ᠦᠭᠡᠶ ᠪᠣᠯ ᠴᠢ ᠥᠨᠡᠭᠡᠷ ᠠᠯᠠᠬᠤ ᠪᠠᠢ᠌ᠵᠠᠢ︕ ᠮᠠᠭᠤ ᠨᠤᠬᠠᠢ ᠭᠡᠵᠤ ᠪᠠᠽᠠᠷ ᠭᠡᠨᠡᠳᠲᠡ ᠬᠤᠷᠤᠰᠤᠨ ᠭᠡᠯᠡᠭᠡᠤᠨ ᠬᠠᠷ᠎ᠠ ᠭᠦᠷᠮᠡᠳᠤ ᠣᠷᠤᠭᠤ ᠭᠦᠮᠦᠰᠭᠡ ᠵᠠᠩᠭᠢᠳᠤᠨ ᠬᠠᠷᠠᠪᠠᠯ ᠳᠠᠷᠠ ᠡᠷ᠎ᠡ ᠶᠢᠨ ᠰᠢᠯᠤᠨ ᠳᠤᠭᠤᠷᠢᠭ ᠨᠢᠳᠤ ᠳᠠᠯᠳᠢᠷᠠᠵᠤ ᠳᠤᠭᠤᠨᠤ ᠣᠷᠤᠭᠤ ᠥᠯᠢᠯᠵᠡᠭ᠍ᠰᠡᠨ ᠶᠢᠡᠨ ᠄
᠊᠊᠊᠊᠊᠊᠊᠊᠊᠊᠊᠊᠊᠊᠊ ᠶᠠᠭᠠᠭᠢᠯ᠎ᠠ ᠭᠡᠵᠤ ᠳ᠋ᠠ᠂ ᠶᠠᠮᠠᠷ ᠰᠤᠯᠢᠶᠠᠷᠠᠭᠰᠠᠨ ᠪᠢᠰᠢ︕ ᠬᠠᠷᠢᠨ᠁ ᠬᠠᠷᠢᠨ᠁ ᠨᠠᠮᠠᠯᠳᠠᠭ ᠡᠴᠡ ᠡᠭᠡᠭᠡ ᠯᠠ ᠰᠠᠯᠴᠢᠬᠠᠭᠰᠠᠨ ᠦᠭᠡᠶ ᠰᠢᠤ ᠭᠡᠤᠨ ᠡᠭᠦᠳᠡ ᠣᠷᠤᠭᠤ ᠡᠪᠳᠡᠢ᠌ᠭᠡᠨ ᠡᠷᠭᠢᠵᠡᠢ᠃ ᠴᠢᠩᠭᠢᠭᠦ ᠳᠤ ᠭᠡᠢ᠌ᠴᠢᠨ ᠮᠥᠩᠭᠦᠨ ᠱᠨ ᠪᠠᠷ ᠦᠯᠵᠡᠢ ᠱᠠᠭᠯᠠᠵᠤ ᠡᠮᠵᠢᠭ᠍ᠰᠡᠨ ᠬᠠᠷ᠎ᠠ ᠭᠦᠷᠮᠡᠨ ᠤ ᠭᠢᠨᠢ ᠬᠤᠷᠮᠤᠢ ᠡᠴᠡ ᠳᠤᠮᠤ ᠳᠠᠳᠠᠵᠤ᠄
᠊᠊᠊᠊᠊᠊᠊᠊᠊᠊᠊᠊᠊᠊᠊ ᠡᠷᠭᠢᠮ ᠤᠨ ᠨᠠᠷᠠ ᠭᠡᠨ ᠰᠠᠨ ᠪᠢᠯᠠ︖ ᠮᠢᠩᠭ᠋ᠠᠨ ᠭᠦᠮᠤᠨ ᠤ ᠵᠢᠰᠤ ᠥᠵᠡᠭ᠍ᠰᠡᠨ ᠡᠴᠡ ᠨᠢᠭᠡ ᠭᠦᠮᠤᠨ ᠤ ᠨᠠᠷᠠ ᠳᠤᠭᠳᠠᠭ᠎ᠠ ᠭᠡᠳᠡᠭ᠌ ᠶᠤᠮ ᠭᠡᠪᠡ᠃
᠊᠊᠊᠊᠊᠊᠊᠊᠊᠊᠊᠊᠊᠊᠊ ᠮᠢᠨᠤ ᠨᠠᠷᠠ ᠵᠤᠩᠳᠤ᠋ ᠁ ᠵᠤᠩᠳᠤᠢ ᠭᠡᠳᠡᠭ᠌᠃
᠊᠊᠊᠊᠊᠊᠊᠊᠊᠊᠊᠊᠊᠊᠊ ᠡᠨᠡ ᠴᠢᠨᠢ ᠵᠤᠩᠳᠤᠢ ᠵᠠᠯᠠᠨ ᠭᠡᠭ᠍ᠴᠢ ᠭᠦᠮᠤᠨ ᠳ᠋ᠠ ᠭᠡᠵᠤ ᠭᠡᠦᠭᠡᠨ ᠭᠡᠯᠡᠪᠡ᠃ ᠳᠠᠭᠤ ᠨᠢ ᠰᠠᠷᠠᠯᠳᠤᠨ ᠭᠤᠩᠰᠢᠭᠨᠠᠵᠤ ᠪᠠᠢ᠌ᠯ᠎ᠠ᠃ ᠪᠠᠽᠠᠷ᠄
᠊᠊᠊᠊᠊᠊᠊᠊᠊᠊᠊᠊᠊᠊᠊ ᠵᠠ᠂ ᠵᠠᠯᠠᠨ ᠭᠤᠸᠠᠢ ᠡᠭᠦᠨ ᠡᠴᠡ ᠬᠣᠢ᠌ᠰᠢ᠂ ᠳᠡᠭᠦᠨ ᠡᠴᠡ ᠴᠠᠰᠢ ᠶᠠᠳᠠᠷᠠᠭᠰᠠᠨ ᠢ ᠡᠯᠡᠭ᠌ ᠪᠠᠷᠢᠵᠤ ᠶᠠᠪᠣᠬᠤ ᠪᠠᠨ ᠪᠣᠯᠢᠵᠤ ᠦᠵᠡ᠃ ᠮᠠᠭᠤᠬᠠᠨ ᠡᠷ᠎ᠡ ᠶᠠᠷᠤ ᠨᠢ ᠬᠤᠶᠠᠷ ᠣᠯᠠᠭᠠᠨ ᠬᠤᠭᠤᠯᠠᠢ ᠡᠴᠡ ᠪᠠᠨ ᠯᠠ ᠪᠣᠯᠳᠠᠭ ᠶᠤᠮ ᠳ᠋ᠠ ᠭᠡᠵᠡᠢ᠃
ᠠᠶᠤᠵᠤ ᠪᠠᠯᠠᠮᠠᠭᠳᠠᠭᠰᠠᠨ ᠵᠤᠩᠳᠤᠢ ᠵᠠᠯᠠᠨ ᠪᠠᠽᠠᠷ ᠤᠨ ᠳᠤᠮᠤ ᠭᠠᠷ ᠢ ᠰᠡᠵᠢᠭᠯᠡᠨ ᠬᠠᠷᠠᠵᠤ᠂ ᠳᠠᠮᠠᠢ ᠯᠠ ᠭᠡᠯᠡᠭᠦ ᠥᠭᠡ ᠪᠠᠨ ᠣᠯᠬᠤ ᠦᠭᠡᠶ ᠡᠭᠦᠷᠳᠡᠭᠦ ᠳᠡᠭᠡᠨ᠄
᠊᠊᠊᠊᠊᠊᠊᠊᠊᠊᠊᠊᠊᠊᠊ ᠠᠩ᠂ ᠳᠠ ᠶᠠᠭᠤ ᠭᠡᠨ᠎ᠡ︖ ᠶᠠᠮᠠᠷ ᠬᠤᠶᠠᠷ ᠣᠯᠠᠭᠠᠨ ᠬᠤᠭᠤᠯᠠᠢ ᠪᠣᠢ︖ ᠭᠡᠮᠡᠨ ᠣᠭᠳᠤ ᠠᠰᠠᠭᠤᠬᠤ ᠭᠡᠰᠡᠨ ᠦᠭᠡᠶ ᠵᠣᠢ᠌ᠯ ᠶᠢᠡᠨ ᠠᠰᠠᠭᠤᠵᠤ ᠣᠷᠭᠢᠵᠠᠢ᠃ ᠪᠠᠽᠠᠷ᠄
᠊᠊᠊᠊᠊᠊᠊᠊᠊᠊᠊᠊᠊᠊᠊ ᠶᠠᠭᠠᠭᠢᠭ᠎ᠠ ᠪᠣᠢ᠂ ᠣᠤᠭᠤᠵᠤ ᠢᠳᠡᠳᠡᠭ᠌ ᠣᠯᠠᠭᠠᠨ ᠬᠤᠭᠤᠯᠠᠢ᠂ ᠣᠠᠵᠢ᠌ᠵᠤ ᠶᠠᠪᠣᠳᠠᠭ ᠣᠯᠠᠭᠠᠨ ᠬᠤᠭᠤᠯᠠᠢ ᠬᠤᠶᠠᠷ ᠴᠢᠨᠢ︕ ᠭᠡᠮᠡᠨ ᠳᠠᠪᠠᠯ ᠤᠨ ᠶᠢᠡᠨ ᠡᠩᠭᠡᠷ ᠤᠨ ᠳᠤᠪᠴᠢ ᠰᠢᠯᠪᠢ ᠶᠢ ᠬᠤᠷᠤᠭᠤ ᠪᠠᠷ ᠶᠢᠡᠨ ᠳᠠᠮᠳᠠᠷᠢᠨ᠂ ᠨᠢᠭᠡ ᠳᠤᠪᠴᠢ ᠠᠯᠳᠠᠭᠤᠷᠠᠭᠰᠠᠨ ᠢ ᠳᠤᠪᠴᠢᠯᠠᠵᠤ᠂ ᠭᠢᠷᠠᠬᠠᠢ ᠵᠤᠤᠪᠠᠡᠭ᠌ ᠨᠢᠳᠤ ᠪᠠᠷ ᠶᠢᠡᠨ ᠵᠠᠯᠠᠠᠳᠠᠨ ᠢ ᠱᠤᠤᠯᠠᠩᠭ᠋ᠤᠢ ᠬᠠᠷᠠᠵᠤ ᠪᠠᠢ᠌ᠯ᠎ᠠ᠃
ᠬᠠᠭᠠᠰ ᠪᠣᠰᠴᠤ ᠡᠪᠦᠳᠦᠭ᠌ ᠳᠡᠭᠡᠷ᠎ᠡ ᠪᠠᠨ ᠴᠦᠮᠴᠣᠢ᠌ᠨ ᠰᠠᠭᠤᠭᠰᠠᠨ ᠭᠡᠦᠭᠡᠨ ᠢᠴᠢᠵᠤ ᠵᠤᠪᠠᠭᠰᠠᠨ ᠨᠢ ᠳᠠᠷᠠ ᠪᠢᠯᠠ ᠦᠦ᠂ ᠬᠤᠶᠠᠷ ᠡᠷ᠎ᠡ ᠡᠴᠡ ᠨᠢᠳᠤ ᠪᠣᠷᠤᠭᠤᠯᠠᠨ ᠳᠤᠷᠤᠭᠰᠢ ᠬᠠᠷᠠᠵᠤ ᠪᠠᠢ᠌ᠪᠠ᠃
᠊᠊᠊᠊᠊᠊᠊᠊᠊᠊᠊᠊᠊᠊᠊ ᠵᠠᠯᠠᠨ ᠳᠠ ᠳᠤᠨᠢᠯ ᠳ᠋ᠠ︕ ᠣᠭ ᠨᠢ ᠪᠠᠭᠠᠯᠵᠤᠤᠷ ᠢ ᠴᠢᠨᠢ ᠳᠠᠰᠤᠳᠠᠵᠤ ᠣᠷᠭᠢᠬᠤ ᠶᠤᠰᠤᠳᠠᠢ ᠪᠠᠢ᠌ᠭᠰᠠᠨ ᠶᠤᠮ᠃ ᠳᠡᠭᠡᠪᠠᠴᠤ ᠳᠤᠯᠤᠭᠠᠢ ᠳᠤ ᠴᠢᠨᠢ ᠢᠳᠡᠭᠡᠵᠤ ᠶᠠᠪᠣᠭᠤᠯᠤᠶ᠎ᠠ᠃ ᠳᠤᠯᠤᠭᠠᠢ ᠴᠢᠨᠢ ᠬᠤᠶᠠᠷ ᠣᠯᠠᠭᠠᠨ ᠬᠤᠭᠤᠯᠠᠢ ᠪᠠᠨ ᠵᠠᠭᠢᠷᠴᠤ ᠶᠠᠪᠣᠬᠤ ᠪᠣᠯᠳᠤᠭᠠᠢ︕ ᠭᠡᠤᠨ ᠬᠠᠷ᠎ᠠ ᠭᠦᠷᠮᠡᠨ ᠤ ᠬᠤᠷᠮᠤᠢ ᠶᠢ ᠳᠠᠯᠪᠢᠭᠰᠠᠨ ᠳᠤ ᠴᠠᠭᠠᠳᠤᠭᠢ ᠨᠢ ᠵᠢᠵᠢᠭ᠌ ᠭᠡᠷ ᠤᠨ ᠨᠠᠮᠬᠠᠨ ᠪᠣᠱᠤᠭᠠᠨ ᠳᠤ ᠪᠦᠳᠦᠷᠢᠵᠤ᠂ ᠰᠠᠭᠤᠨ ᠳᠤᠰᠤᠭᠠᠤᠨ ᠣᠢ᠌ ᠮᠠᠤᠨ ᠦᠭᠡᠶ ᠭᠠᠷᠴᠤ ᠣᠤᠠᠴᠠᠢ᠃ ᠣᠳᠠᠯ ᠦᠭᠡᠶ ᠳᠦᠷᠦᠭᠡ ᠨᠢᠭᠡᠨᠲᠡ ᠬᠠᠩ ᠭᠢᠵᠤ᠁ ᠶᠠᠭᠠᠷᠠᠨ ᠴᠥᠦᠯᠡᠭᠦ ᠰᠤᠨᠤᠰᠳᠠᠪᠠ᠃ ᠪᠦᠮᠪᠦᠷ ᠨᠢᠵᠢᠭᠢᠨᠡᠭᠦ ᠮᠠᠳᠤ ᠴᠢᠮᠡᠭᠡ ᠬᠠᠳᠠᠭᠰᠠᠨ ᠨᠢ ᠭᠦᠯᠳᠡᠭᠦᠤ ᠭᠠᠵᠠᠷ ᠴᠠᠪᠴᠢᠯᠠᠬᠤ ᠮᠤᠷᠢᠨ ᠤ ᠳᠤᠭᠤᠷᠠᠢ ᠪᠠᠢ᠌ᠯ᠎ᠠ᠃
ᠬᠣᠢ᠌ᠳᠤ ᠳᠠᠯ᠎ᠠ ᠶᠢᠨ ᠨᠤᠤᠷᠠᠩᠬᠠᠢ ᠰᠢᠷᠳᠡᠭ᠌ ᠤᠨ ᠣᠷᠤᠠᠴᠤᠭ ᠳᠡᠭᠡᠷ᠎ᠡ ᠣᠠᠳᠠᠵᠤ ᠪᠠᠢ᠌ᠭᠰᠠᠨ ᠬᠠᠴᠠᠷ ᠳᠦᠭᠦᠷᠡᠩ ᠮᠠᠷᠢᠶᠠᠳᠠᠢ ᠭᠦᠭᠡᠷᠦᠭᠦᠨ ᠪᠣᠷᠤ ᠭᠦᠤ ᠰᠡᠷᠢᠴᠢᠭᠡᠭᠡᠤᠨ ᠪᠦᠯᠳᠡᠯᠵᠡᠨ ᠬᠠᠷᠠᠵᠤ ᠪᠠᠢ᠌ᠪᠠ᠃
᠊᠊᠊᠊᠊᠊᠊᠊᠊᠊᠊᠊᠊᠊᠊ ᠡᠨᠡ ᠳᠠᠨ ᠤ ᠭᠦᠤ ᠦᠦ᠂ ᠠᠪᠣ ᠨᠢ ᠬᠠᠮᠢᠭ᠎ᠠ ᠣᠴᠢᠭᠰᠠᠨ ᠶᠤᠮ ᠪᠣᠢ︖ ᠭᠡᠰᠡᠨ ᠳᠤ
᠊᠊᠊᠊᠊᠊᠊᠊᠊᠊᠊᠊᠊᠊᠊ ᠠᠪᠣ ᠶᠢ ᠨᠢ ᠠᠪᠠᠴᠢᠭᠠᠤᠨ ᠠᠯᠠᠴᠢᠬᠠᠭᠰᠠᠨ ᠶᠤᠮ ᠡ᠁ ᠠᠪᠠᠭ᠎ᠠ ᠳ᠋ᠠ ᠸᠠᠩ᠂ ᠡᠨᠡ ᠳᠤᠬᠠᠢ ᠶᠢ ᠵᠠᠷᠯᠠᠭᠰᠠᠨ ᠨᠢᠭᠡ ᠪᠢᠴᠢᠭ᠌ ᠤᠨ ᠥᠭᠡᠳᠡᠰᠤ ᠦᠭᠭᠦᠭ᠍ᠰᠡᠨ᠁ ᠭᠡᠤᠨ ᠭᠡᠦᠭᠡᠨ ᠤ ᠳᠠᠭᠤ ᠰᠠᠷᠠᠯᠳᠤᠨ ᠨᠢᠯᠪᠣᠰᠤ ᠬᠤᠷᠠᠭᠰᠠᠨ ᠨᠢᠳᠤ ᠨᠢ ᠬᠠᠢ᠌ᠯᠠᠮᠠᠭᠳᠠᠬᠤ ᠮᠠᠳᠤ ᠪᠣᠯᠤᠭᠰᠠᠨ ᠳᠤ ᠪᠠᠽᠠᠷ ᠭᠡᠷᠡᠭ᠌ ᠴᠤ ᠦᠭᠡᠶ ᠶᠠᠭᠤᠮ᠎ᠠ ᠶᠢ ᠠᠰᠠᠭᠤᠴᠢᠬᠠᠯ᠎ᠠ ᠳ᠋ᠠ ᠭᠡᠵᠤ ᠭᠡᠮᠰᠢᠪᠡ᠃
᠊᠊᠊᠊᠊᠊᠊᠊᠊᠊᠊᠊᠊᠊᠊ ᠦᠨᠦᠴᠢᠨ ᠣᠯᠤᠰ ᠪᠠᠷ ᠴᠢᠨᠢ ᠳᠤᠭᠯᠠᠭᠠᠮ ᠭᠢᠭᠦ ᠠᠯᠢ ᠳᠡᠷᠳᠡᠭᠡ ᠠᠪᠠᠭ᠎ᠠ ᠳ᠋ᠠ ᠸᠠᠩ ᠤᠨ ᠭᠦᠷᠢᠶᠡᠨ ᠡᠴᠡ ᠭᠦᠷᠳᠡᠯ᠎ᠡ ᠢᠷᠡᠴᠢᠭᠡᠭᠦ ᠶᠤᠮ ᠭᠡᠵᠡᠢ᠃
《 ᠦᠭᠡᠶ᠂ ᠡᠨᠡ ᠴᠢᠨᠢ ᠶᠠᠭᠤ ᠰᠠᠨ ᠪᠢᠯᠠ︖ ᠶᠤᠰᠤᠳᠠᠢ ᠶᠡᠭᠡ ᠳᠠᠨᠢᠯ ᠳᠠᠭᠤ ᠪᠣᠢ ⁈ ᠳᠠᠨᠢᠳᠠᠭ ᠭᠦᠮᠤᠨ ᠶᠤᠮ ᠪᠣᠯᠪᠠᠤ᠂ ᠦᠭᠡᠶ ᠯᠠ ᠪᠠᠢ᠌ᠮᠠᠷ ᠰᠠᠨ︕》 ᠭᠡᠵᠤ ᠪᠠᠽᠠᠷ ᠪᠣᠳᠤᠪᠠ᠃ ᠡᠨᠡ ᠦᠶ᠎ᠡ ᠳᠤ ᠪᠦᠰᠡᠭᠦᠢ᠄
᠊᠊᠊᠊᠊᠊᠊᠊᠊᠊᠊᠊᠊᠊᠊ ᠭᠠᠯᠳᠠᠨ ᠡ᠂ ᠮᠢᠨᠤ ᠭᠦᠤ ᠪᠣᠰᠤᠭᠠᠤᠨ ᠢᠷ᠎ᠠ︕ ᠭᠡᠵᠤ ᠭᠦᠤ ᠪᠠᠨ ᠳᠠᠭᠤᠳᠠᠵᠠᠢ᠃
᠊᠊᠊᠊᠊᠊᠊᠊᠊᠊᠊᠊᠊᠊᠊ ᠦᠭᠡᠶ᠂ ᠪᠠᠢ᠌ᠵᠠᠭᠠᠷᠠᠢ︕ ᠴᠢᠨᠤ ᠨᠠᠷᠠ ᠶᠢ ᠪᠠᠤᠠᠮ᠎ᠠ ᠭᠡᠳᠡᠭ᠌ ᠦᠭᠡᠶ ᠪᠢᠵᠠ︕
᠊᠊᠊᠊᠊᠊᠊᠊᠊᠊᠊᠊᠊᠊᠊ ᠳᠠᠢ᠌ᠮᠤ ᠡ᠂ ᠠᠩ᠂ ᠠᠩ᠂ ᠪᠢ ᠴᠤ ᠭᠡᠰᠡᠨ ᠳᠠᠨ ᠢ ᠳᠠᠨᠢᠯ᠎ᠠ᠃ ᠳᠠ ᠭᠦᠤ ᠶᠢ ᠮᠢᠨᠢ ᠡᠭᠡ ᠪᠠᠷᠢᠵᠤ ᠠᠪᠣᠭᠰᠠᠨ ᠪᠠᠽᠠᠷ ᠠᠬ᠎ᠠ ᠪᠠᠢ᠌ᠨ᠎ᠠ ᠰᠢᠤ ᠳ᠋ᠠ︕ ᠶᠠᠪᠣᠭᠰᠠᠨ ᠤ ᠴᠢᠨᠢ ᠬᠣᠢ᠌ᠨ᠎ᠠ ᠳ᠋ᠠᠭᠳᠠᠨ ᠭᠤᠸᠠᠢ ᠨᠠᠳᠠᠳᠤ ᠨᠠᠷᠠ ᠶᠢ ᠴᠢᠨᠢ ᠭᠡᠯᠡᠵᠤ ᠦᠭᠭᠦᠭ᠍ᠰᠡᠨ ᠶᠤᠮ᠃ ᠮᠢᠨᠤ ᠣᠬᠠᠭᠠᠨ ᠣᠳᠤ ᠯᠠ ᠣᠷᠤᠵᠤ ᠢᠷᠠᠵᠤ ᠪᠠᠢ᠌ᠨ᠎ᠠ ᠭᠡᠵᠡᠢ᠃ ᠪᠠᠽᠠᠷ ᠡᠷᠭᠢᠵᠤ᠄
᠊᠊᠊᠊᠊᠊᠊᠊᠊᠊᠊᠊᠊᠊᠊ ᠭᠠᠯᠳᠠᠨ ᠡ᠂ ᠮᠢᠨᠤ ᠭᠦᠤ᠂ ᠨᠠᠳᠠᠳᠤ ᠢᠷ᠎ᠠ᠃ ᠠᠪᠣᠭᠰᠠᠨ ᠠᠪᠣ ᠨᠢ ᠪᠠᠢ᠌ᠨ᠎ᠠ ᠭᠡᠤᠨ ᠬᠤᠶᠠᠷ ᠠᠯᠠᠭ᠎ᠠ ᠪᠠᠨ ᠳᠤᠰᠤᠭᠰᠠᠨ ᠳᠤ ᠡᠷ᠎ᠡ ᠭᠦᠮᠤᠨ ᠬᠠᠯᠠᠮᠵᠢ ᠶᠢ ᠥᠭᠡᠢ᠌ᠯᠡᠵᠤ ᠮᠥᠷᠦᠭᠡᠳᠦᠭ᠍ᠰᠡᠨ ᠳᠠᠷᠠ ᠭᠦᠭᠡᠷᠦᠭᠦᠨ ᠪᠦᠯᠳᠡᠭᠡᠷ ᠠᠮᠢᠳᠠᠨ ᠣᠭᠳᠤ ᠪᠦᠱᠦᠭᠦᠷᠭᠡᠭ᠍ᠰᠡᠨ ᠦᠭᠡᠶ᠄
᠊᠊᠊᠊᠊᠊᠊᠊᠊᠊᠊᠊᠊᠊᠊ ᠠᠪᠣ ᠡ ᠭᠡᠭ᠍ᠰᠡᠭᠡᠷ ᠪᠣᠰᠤᠭᠠᠤᠨ ᠯᠠ ᠳᠤᠭᠳᠤᠭᠤᠨᠠᠨ ᠭᠦᠷᠴᠤ ᠢᠷᠠᠵᠠᠢ᠁
᠁ ᠳᠦᠷᠪᠡᠨ ᠬᠠᠨᠠᠳᠤ ᠶᠢᠨ ᠳᠤᠳᠤᠷ᠎ᠠ ᠳᠠᠷᠢᠭᠠᠩᠭ᠋᠎ᠠ ᠶᠢᠨ ᠴᠢᠯᠭᠡᠷ ᠰᠠᠢ᠌ᠬᠠᠨ ᠡᠷ᠎ᠡ ᠶᠢᠨ ᠡᠷᠭᠢᠵᠤ ᠳᠤᠷᠠᠰᠤᠭᠰᠠᠨ ᠡᠨᠡ ᠪᠦᠭᠦᠨ ᠪᠣᠯ ᠭᠤᠷᠪᠠᠨ ᠵᠢᠯ ᠤᠨ ᠡᠮᠦᠨ᠎ᠡ ᠪᠣᠯᠤᠭᠰᠠᠨ ᠶᠠᠪᠣᠳᠠᠯ ᠪᠢᠯᠠ᠃ ᠣᠳᠤ ᠭᠠᠯᠳᠠᠨ ᠭᠦᠤ ᠳᠤᠯᠤᠭᠠᠨ ᠨᠠᠰᠤᠳᠠᠢ᠃ ᠪᠠᠽᠠᠷ᠂ ᠪᠠᠤᠠᠮ᠎ᠠ ᠬᠤᠶᠠᠷ ᠤᠨ ᠳᠤᠮᠳᠠ ᠡᠴᠡ ᠳᠦᠷᠦᠭ᠍ᠰᠡᠨ ᠭᠦᠤ ᠪᠠᠶᠠᠷ᠎ᠠ ᠬᠤᠶᠠᠷ ᠨᠠᠰᠤ ᠭᠦᠷᠴᠤ ᠪᠣᠢ᠃ ᠪᠠᠤᠠᠮ᠎ᠠ ᠶᠢᠨ ᠳᠠᠯᠠᠢ᠌ᠭᠠᠴᠢ ᠨᠥᠭᠦᠷ ᠤᠨ ᠭᠡᠭᠡᠨ ᠳᠤᠷᠠᠤᠠᠬᠠᠯ ᠢ ᠭᠦᠡᠳᠦᠦᠡᠭᠡᠵᠤ᠂ ᠪᠠᠽᠠᠷ ᠰᠢᠨ᠎ᠠ ᠭᠦᠤ ᠳᠡᠭᠡᠨ ᠳᠠᠢ᠌ᠨ ᠭᠦ ᠪᠠᠶᠠᠷ᠎ᠠ ᠨᠠᠷᠠ ᠥᠭ᠍ᠴᠡᠢ᠃ 《ᠳᠡᠭᠦᠨ ᠢ ᠮᠢᠨᠢ ᠬᠠᠭᠠᠨ ᠳᠤ ᠳᠡᠷᠰᠯᠡᠭ᠍ᠰᠡᠨ ᠶᠤᠮ ᠭᠡᠤᠨ ᠯᠠ ᠠᠪᠠᠴᠢᠭᠠᠤᠨ ᠬᠤᠷᠤᠭᠠᠴᠢᠬᠠᠭᠰᠠᠨ》 ᠭᠡᠵᠤ ᠠᠩᠬᠠᠨ ᠤ ᠰᠦᠨᠢ ᠭᠦᠭᠡᠷᠦᠭᠦᠢ ᠪᠦᠰᠡᠭᠦᠢ ᠣᠴᠠᠷᠠᠭᠰᠠᠨ ᠵᠤᠪᠠᠯᠠᠩ ᠶᠢᠡᠨ ᠳᠤᠭᠠᠴᠢᠨ ᠬᠠᠢ᠌ᠯᠠᠵᠤ ᠰᠠᠭᠤᠭᠰᠠᠨ ᠢ ᠪᠠᠽᠠᠷ ᠡᠳᠦᠭᠡ ᠳᠤᠷᠠᠰᠤᠭᠠᠤᠨ 《ᠣᠯᠠᠨ ᠰᠠᠢ᠌ᠬᠠᠨ ᠭᠦᠮᠤᠨ ᠤ ᠳᠤᠯᠤᠭᠠᠢ ᠶᠢ ᠬᠠᠵᠠᠭᠰᠠᠨ ᠡᠨᠡ ᠨᠤᠶᠠᠤᠨ ᠡᠴᠡ ᠡᠭᠦᠷᠢᠳᠡ ᠰᠠᠯᠵᠤ ᠶᠠᠷᠤ ᠪᠣᠯᠳᠠᠭ ᠪᠣᠯᠪᠠᠤ ⁈ ᠬᠤᠶᠠᠷ ᠠᠵᠢᠷᠭ᠎ᠠ ᠠᠳᠤᠭᠤ ᠮᠠᠨᠢ ᠰᠠᠠᠰᠠᠷᠠᠢ᠌ᠳᠤᠷᠵᠢ ᠶᠢᠨ ᠬᠤᠰᠢᠭᠤ ᠳᠤ ᠮᠠᠠᠳᠤ ᠭᠦᠷᠦᠭ᠍ᠰᠡᠨ ᠪᠣᠯ ᠥᠴᠦᠭᠡᠨ ᠦᠰ ᠳᠠᠷᠠ︕》 ᠭᠡᠵᠤ ᠪᠣᠳᠤᠪᠠ᠃
ᠵᠤᠬᠢᠶᠠᠭᠴᠢ᠄ ᠳ·ᠮᠠᠮᠠ
ᠳᠠᠷᠤᠮ᠄ 8435
ᠴᠠᠭ᠄ 2007 ᠤᠨ ᠤ 03 ᠰᠠᠷ᠎ᠠ ᠶᠢᠨ 21