ᠭᠤᠷᠪᠠ ᠂ ᠥᠭᠡᠷ ᠰᠡᠭᠦᠯᠳᠤ ᠭᠢᠳᠤᠭ᠎ᠠ ᠲᠦᠩᠱᠢ ᠬᠠᠭᠠᠯᠪᠠ
ᠠᠷᠠᠤᠨ ᠨᠤᠶᠠᠨ ᠬᠤᠶᠠᠷ ᠤᠨ ᠠᠷᠪᠠᠨ ᠥᠭᠡ ᠳᠠᠭᠠᠷᠠᠪᠠᠰᠤ ᠵᠠᠭᠤᠨ ᠥᠭᠡ ᠵᠦᠷᠢᠨᠠ᠃
᠊᠊᠊᠊᠊᠊᠊᠊᠊᠊᠊᠊᠊᠊᠊ ᠠᠷᠠᠤᠨ ᠤᠨ ᠴᠠᠴᠠᠨ ᠥᠭᠡ
ᠠᠭᠤᠯᠠ ᠶᠢᠨ ᠳᠤᠭᠠᠷ ᠨᠤᠶᠠᠨ ᠰᠤᠭᠳᠤᠬᠤᠯᠠᠷ ᠶᠢᠡᠨ 《ᠪᠢ ᠶᠠᠰᠤ ᠰᠠᠢ᠌ᠳᠠᠢ᠂ ᠲᠦᠩᠱᠢ ᠣᠯᠠᠠᠳᠠᠢ ᠭᠦᠮᠤᠨ᠃ ᠳᠠᠯ᠎ᠠ ᠲᠡᠶ ᠪᠣᠯ ᠳᠠᠯ᠎ᠠ ᠶᠢᠨ ᠴᠢᠨᠡᠭᠡᠨ ᠭᠡᠳᠡᠭ᠌᠃ ᠪᠢ ᠳᠡᠭᠡᠪᠠᠯ ᠳᠠᠯ᠎ᠠ ᠶᠢᠨ ᠴᠢᠨᠡᠭᠡᠨ ᠪᠠᠢ᠌ᠬᠤ ᠶᠤᠰᠤᠳᠠᠢ》 ᠭᠡᠵᠤ ᠶᠠᠷᠢᠬᠤ ᠳᠤᠷᠠᠳᠠᠢ ᠨᠢᠭᠡᠨ ᠪᠢᠯᠠ᠃ ᠦᠨᠡᠨ ᠭᠡᠷᠡᠭ᠌ ᠲᠡᠭᠡᠨ ᠳᠦᠭᠦᠮ ᠬᠤᠷᠸ᠎ᠠ ᠳᠤ ᠦᠶ᠎ᠡ ᠵᠠᠢ ᠦᠭᠡᠶ ᠠᠠᠳᠠᠯᠠᠭᠰᠠᠨ ᠨᠥᠭᠦᠷ᠂ ᠳᠤᠭᠠᠷ ᠨᠤᠶᠠᠨ ᠳᠤ ᠦᠭᠡᠶ ᠪᠠᠢ᠌ᠯ᠎ᠠ᠃
ᠪᠠᠽᠠᠷ᠂ ᠳᠤᠭᠠᠷ ᠨᠤᠶᠠᠨ ᠢ ᠳᠡᠷᠳᠡᠭᠡ ᠬᠤᠷᠢᠭᠠᠤᠨ ᠵᠢᠯ ᠤᠨ ᠡᠮᠦᠨ᠎ᠡ ᠠᠷᠪᠠᠨ ᠬᠤᠶᠠᠷ ᠨᠠᠰᠤᠳᠠᠢ ᠭᠡᠦᠭᠡᠤᠨ ᠪᠠᠢ᠌ᠬᠤ ᠡᠴᠡ ᠪᠠᠨ ᠮᠡᠳᠡᠳᠡᠭ᠌ ᠪᠣᠯᠤᠭᠰᠠᠨ ᠶᠤᠮ᠃ ᠶᠠᠭᠠᠭᠢᠭᠠᠤᠨ ᠴᠤ ᠶᠤᠮ ᠪᠣᠢ᠂ ᠳᠡᠭᠡᠭᠦ ᠳᠤ ᠪᠣᠯᠤᠭᠰᠠᠨ ᠨᠢᠭᠡᠨ ᠶᠠᠪᠣᠳᠠᠯ ᠪᠠᠽᠠᠷ ᠤᠨ ᠰᠠᠤᠠᠭᠢᠯ ᠳᠤ ᠭᠡᠨᠡᠳᠲᠡ ᠣᠷᠤᠵᠠᠢ᠃
ᠳᠤᠭᠠᠷ ᠳᠠᠷᠠ ᠦᠶ᠎ᠡ ᠳᠤ ᠳᠦᠩᠭᠡᠵᠢ ᠨᠤᠶᠠᠨ ᠪᠣᠯᠴᠢᠬᠠᠭᠰᠠᠨ᠂ ᠭᠤᠴᠢᠨ ᠳᠠᠪᠤᠨ ᠨᠠᠰᠤᠨ ᠤ ᠰᠢᠪᠠᠬᠠᠢ᠌ᠭᠰᠠᠨ ᠭᠦᠭᠡ ᠬᠠᠷ᠎ᠠ ᠭᠦᠮᠤᠨ ᠪᠠᠢ᠌ᠯ᠎ᠠ᠃ ᠣᠳᠤ ᠲᠡᠶ ᠪᠠᠨ ᠠᠳᠠᠯᠢ ᠬᠠᠮᠢᠭ᠎ᠠ ᠨᠢᠭᠡᠨ ᠳᠤ ᠪᠠᠨ ᠪᠣᠭᠤᠷᠠᠯ ᠰᠤᠷ ᠥᠵᠡᠭ᠍ᠳᠡᠭᠦ ᠭᠢᠯᠳᠠᠭᠠᠨᠠᠭᠰᠠᠨ ᠬᠠᠷ᠎ᠠ ᠰᠠᠬᠠᠯ ᠦᠭᠡᠶ᠂ ᠭᠦᠮᠤᠨ ᠨᠢ ᠭᠦᠨ ᠱᠤᠪᠣᠭᠤᠷ ᠣᠷᠤᠭᠤᠯ ᠲᠡᠶ᠂ ᠣᠷᠳᠤ ᠢᠳᠡᠭᠡᠨ ᠭᠡᠵᠢᠭᠡ ᠲᠡᠶ᠂ ᠰᠡᠷᠭᠦᠯᠡᠩ ᠨᠢᠳᠤ ᠨᠢ ᠬᠠᠭᠤᠷᠮᠠᠴᠢ ᠪᠣᠯᠪᠠᠴᠤ ᠰᠠᠢ᠌ᠬᠠᠨ ᠢᠨᠢᠶᠡᠮᠰᠦᠭᠯᠡᠳᠡᠭ᠌ ᠡᠷ᠎ᠡ ᠪᠠᠢ᠌ᠵᠠᠢ᠃ ᠳᠡᠭᠡᠭᠦ ᠳᠤ ᠠᠷᠢᠭᠢ ᠲᠡᠶ ᠳᠠᠳᠤᠢ ᠯᠠ ᠨᠢᠭᠡ ᠶᠡᠭᠡ ᠨᠥᠭᠦᠷᠯᠡᠭᠦ ᠦᠭᠡᠶ ᠪᠠᠢ᠌ᠭᠰᠠᠨ ᠴᠠᠭ᠃ ᠰᠡᠷᠭᠦᠯᠡᠩ ᠪᠣᠯᠪᠠᠴᠤ ᠳᠠᠷᠤᠤ ᠬᠠᠷᠠᠴᠠ ᠲᠡᠶ ᠨᠢᠳᠤ ᠨᠢ ᠳᠤᠤᠷᠠᠳᠤᠴᠤᠤᠯ ᠤᠨ ᠳᠡᠷᠭᠡᠳᠡ ᠣᠳᠤ ᠶᠢᠨ ᠰᠢᠭ ᠶᠢᠡᠨ ᠡᠢ᠌ᠮᠤ ᠰᠥᠷᠯᠢᠭ᠌ ᠳᠤᠭᠰᠢᠨ ᠭᠢᠯᠠᠯᠵᠠᠳᠠᠭ ᠦᠭᠡᠶ᠂ ᠡᠢ᠌ᠮᠤ ᠴᠤ ᠳᠠᠭᠢᠨ ᠳᠠᠭᠢᠨ ᠮᠠᠭᠤᠬᠠᠢ ᠬᠠᠷᠠᠳᠠᠭ ᠦᠭᠡᠶ ᠪᠠᠢ᠌ᠵᠤ ᠪᠢᠯᠠ᠃ ᠠᠮᠪᠠᠰ ᠶᠡᠭᠡᠰ ᠤᠨ ᠡᠮᠦᠨ᠎ᠡ ᠶᠤᠰᠤ ᠭᠤᠷᠢᠮ ᠠᠯᠳᠠᠵᠤ ᠬᠤᠰᠢᠭᠤ ᠨᠤᠳᠤᠭ ᠤᠨ ᠨᠠᠷᠠ ᠰᠦᠷ ᠢ ᠬᠤᠭᠤᠯᠵᠠᠢ ᠭᠡᠵᠤ ᠳᠤᠭᠤᠯᠳᠠᠭ᠎ᠠ ᠦᠭᠡᠶ ᠪᠣᠯᠪᠠᠴᠤ ᠳᠤᠤᠷᠠᠳᠤᠰ ᠲᠤ ᠰᠡᠭᠦᠯ ᠠᠭᠰᠠᠨ᠂ ᠳᠡᠭᠡᠳᠦᠰ ᠲᠤ ᠰᠢᠷᠪᠠᠯᠵᠠᠬᠤ ᠨᠢ ᠦᠭᠡᠶ᠂ ᠲᠦᠪ ᠵᠢᠷᠤᠮ ᠢ ᠪᠠᠷᠢᠬᠤ ᠶᠢ ᠭᠢᠴᠢᠶᠠᠨ᠂ ᠳᠡᠨᠢᠭᠦᠨ ᠠᠯᠬᠤᠯᠠᠵᠤ ᠶᠠᠪᠣᠳᠠᠭ ᠭᠦᠮᠤᠨ ᠪᠠᠢ᠌ᠪᠠ᠃
ᠳᠠᠷᠢᠭᠠᠩᠭ᠋᠎ᠠ ᠶᠢᠨ ᠨᠤᠮᠳᠠᠢ ᠮᠡᠷᠭᠡᠨ ᠥᠪᠦᠧ ᠰᠠᠠᠵᠢ ᠡᠪᠦᠭᠡᠨ ᠤ ᠭᠦᠴᠤᠨ ᠳᠤ ᠪᠢᠴᠢᠭ᠌ ᠰᠤᠷᠴᠤ᠂ ᠪᠢᠴᠢᠭ᠌ ᠳᠡᠭᠡᠷ᠎ᠡ ᠪᠠᠨ ᠡᠨᠡ ᠳᠠᠷᠠ ᠶᠠᠭᠤᠮ᠎ᠠ ᠶᠢ ᠨᠠᠰᠢ ᠴᠠᠰᠢ ᠪᠣᠯᠭᠠᠨ ᠦᠪᠡᠷ ᠲᠤ ᠪᠠᠨ ᠠᠰᠢᠭ ᠣᠨᠠᠭᠠᠨ᠂ ᠨᠠᠢ᠌ᠮᠠᠭᠠᠨ ᠤ ᠣᠬᠠᠭᠠᠨ ᠳᠤ ᠭᠠᠷᠭᠠᠭᠤᠳ ᠪᠣᠯᠵᠠᠢ᠃ ᠡᠨᠡ ᠬᠤᠶᠠᠷ ᠡᠷᠳᠡᠮ ᠶᠢᠡᠷ ᠰᠠᠭᠤᠷᠢ ᠰᠥᠷᠦᠭ᠌ ᠤᠨ ᠮᠠᠢ᠌ᠷᠠᠨ ᠳᠤ ᠭᠦᠷᠴᠡᠢ᠁ ᠳᠡᠭᠡᠭᠡᠤᠨ ᠵᠤᠭᠰᠤᠭᠰᠠᠨ ᠦᠭᠡᠶ ᠳᠠᠪᠠᠭᠤᠷᠠᠭᠰᠠᠭᠠᠷ ᠭᠠᠷ ᠤᠨ ᠨᠤᠶᠠᠨ ᠤ ᠵᠡᠷᠭᠡ ᠶᠢ ᠣᠯᠵᠤ ᠭᠦᠯᠵᠢᠵᠤ ᠳᠡᠪᠵᠢᠭ᠍ᠰᠡᠨ ᠭᠦᠮᠤᠨ ᠪᠢᠯᠠ᠂ ᠡᠨᠡ ᠳᠤᠭᠠᠷ᠃
ᠠᠷᠪᠠᠨ ᠬᠤᠶᠠᠷ ᠨᠠᠰᠤᠳᠠᠢ ᠪᠠᠽᠠᠷ ᠭᠦᠤ ᠦᠪᠡᠷ ᠡᠴᠡ ᠪᠠᠨ ᠨᠠᠰᠤ ᠪᠠᠷ ᠭᠤᠤᠯᠳᠠᠭᠤ ᠠᠬᠠᠮᠠᠤᠨ ᠭᠡᠳᠤᠨ ᠬᠠᠷᠠᠴᠤᠤᠯ ᠤᠨ ᠬᠠᠮᠳᠤ ᠳᠠᠭᠤᠳᠠᠭᠳᠠᠨ᠂ ᠳᠤᠭᠠᠷ ᠨᠤᠶᠠᠨ ᠤ ᠮᠤᠷᠢᠨ ᠤ ᠣᠶᠠᠭᠠᠨ ᠳᠡᠭᠡᠷ᠎ᠡ ᠢᠷᠡᠭᠡᠤᠨ᠂ ᠡᠵᠡᠳ ᠰᠢᠭ᠌ ᠶᠢᠡᠨ ᠢᠳᠠᠷ ᠨᠠᠰᠤᠨ ᠤ ᠲᠠᠭᠠᠨ ᠭᠦᠯᠦᠭ᠌ ᠡᠴᠡ ᠪᠠᠨ ᠪᠠᠭᠤᠬᠤ ᠡᠰᠡᠭᠦ ᠪᠠᠨ ᠮᠡᠳᠡᠭᠦ ᠦᠭᠡᠶ ᠪᠦᠯᠳᠡᠯᠵᠡᠨ ᠵᠤᠭᠰᠤᠬᠤ ᠳᠤ ᠳᠤᠭᠠᠷ ᠳᠠᠢ᠌ᠪᠣᠭᠤᠨ ᠭᠢᠷᠢᠨ᠎ᠠ ᠳᠠᠯᠪᠢᠭᠤᠨ ᠬᠤᠯᠠ ᠠᠯᠬᠤᠯᠠᠭᠰᠠᠭᠠᠷ ᠶᠠᠪᠣᠵᠤ ᠭᠦᠷᠦᠭᠡᠤᠨ᠄
᠊᠊᠊᠊᠊᠊᠊᠊᠊᠊᠊᠊᠊᠊᠊ ᠵᠠ᠂ ᠳᠡᠭᠦᠦᠨᠡᠷ ᠰᠠᠢ᠌ᠨ ᠪᠠᠢ᠌ᠵᠠᠭᠠᠨ᠎ᠠ ᠦᠦ᠂ ᠭᠠᠷ ᠤᠨ ᠨᠤᠶᠠᠨ ᠰᠤᠵᠢᠭ ᠳᠡᠭᠡᠷ᠎ᠡ ᠳᠠᠭᠤᠳᠠᠭᠤᠯᠤᠭᠰᠠᠨ ᠭᠡᠷᠡᠭ᠌ ᠢ ᠳᠠ ᠨᠡᠷ ᠪᠠᠯᠡᠭᠡᠨ ᠮᠠᠳᠠᠵᠤ ᠪᠠᠢ᠌ᠭ᠎ᠠ᠃ ᠮᠠᠠᠵᠤ ᠶᠢᠨ ᠶᠡᠭᠡ ᠡᠵᠡᠨ ᠬᠠᠭᠠᠨ ᠤ ᠲᠦᠮᠡᠨ ᠠᠳᠤᠭᠤ ᠶᠢ ᠬᠤᠪᠣᠭᠤ ᠳᠠᠳᠠᠬᠤ ᠦᠭᠡᠶ ᠣᠰᠤᠯᠠᠬᠤ ᠰᠠᠢ᠌ᠨ ᠬᠤᠤᠠᠳᠤᠭ ᠭᠠᠷᠭᠠᠬᠤ ᠢᠳᠠᠷ ᠡᠷᠡᠰ ᠢ ᠪᠢ ᠦᠪᠡᠷ ᠤᠨ ᠨᠢᠳᠤ ᠪᠠᠷ ᠬᠠᠷᠠᠬᠤ ᠭᠡᠰᠡᠨ ᠶᠤᠮ᠃ ᠳᠠᠪᠤᠨ ᠰᠠᠢ᠌ᠬᠠᠨ ᠵᠠᠯᠠᠭᠤ ᠢᠯᠡᠭᠡᠨ᠎ᠡ ᠭᠡᠵᠤ ᠠᠷᠬᠠᠭᠠᠷᠯᠠᠢ᠌ᠳᠠ ᠭᠡᠯᠡᠭ᠍ᠰᠡᠨ᠃ ᠳᠠᠷᠠ ᠨᠢ ᠳᠠ ᠨᠡᠷ ᠶᠤᠮ ᠪᠣᠢ᠃ ᠬᠤᠤᠠᠳᠤᠭ ᠰᠠᠢ᠌ᠨ ᠶᠤᠮ ᠪᠣᠯ ᠱᠠᠩ ᠰᠠᠢ᠌ᠨ ᠭᠡᠵᠤ ᠮᠠᠳᠠ︕ ᠭᠡᠵᠤ ᠭᠡᠯᠡᠭᠡᠤᠨ ᠰᠡᠷᠭᠦᠯᠡᠩ ᠬᠠᠷ᠎ᠠ ᠨᠢᠳᠤ ᠳᠤ ᠪᠦᠭᠦᠳᠡ ᠶᠢ ᠱᠤᠳᠤᠷᠤᠨ ᠬᠠᠷᠠᠵᠤ ᠶᠠᠷᠢᠶ᠎ᠠ ᠳᠠᠭᠤᠰᠤᠭᠰᠠᠨ ᠤ ᠳᠡᠮᠳᠡᠭ᠌ ᠪᠣᠯᠭᠠᠨ ᠬᠤᠤᠠᠬᠤᠭᠤᠷ ᠨᠢ ᠠᠯᠳᠠᠨ ᠵᠤᠪᠭᠢ ᠲᠡᠶ ᠰᠠᠢ᠌ᠨ ᠱᠢᠷᠤᠨ ᠳᠤᠯᠤᠭᠠᠢ ᠳᠠᠭᠠᠨ ᠭᠦᠯ ᠨᠠᠢ᠌ᠯᠠᠨ ᠬᠤᠤᠰᠯᠠᠭᠰᠠᠨ ᠴᠦᠩᠴᠢᠩᠨᠤᠷᠪᠣ ᠭᠦᠭᠡᠷᠭᠡ ᠪᠠᠨ ᠳᠠᠪᠬᠤᠷ ᠠᠯᠳᠠᠨ ᠭᠡ ᠲᠡᠶ ᠬᠤᠷᠭᠤᠢ ᠳ᠋ᠠᠯᠢᠩ ᠳᠠᠭᠠᠨ ᠰᠢᠷᠭᠤᠭᠤᠯᠤᠨ ᠵᠤᠭᠰᠤᠵᠤ ᠪᠠᠢ᠌ᠪᠠ᠃ ᠪᠠᠽᠠᠷ ᠳᠡᠭᠡᠭᠦ ᠳᠤ ᠳᠤᠭᠠᠷ ᠢ ᠠᠩᠬ᠎ᠠ ᠣᠳᠠᠭ᠎ᠠ ᠬᠠᠷᠠᠭᠰᠠᠨ ᠭᠡᠷᠡᠭ᠌᠃ ᠳᠠᠳᠠ ᠮᠡᠳᠡᠭᠡᠵᠢ ᠶᠢᠨ ᠶᠡᠭᠡ ᠱᠠᠩ ᠳᠤᠰᠬᠤ ᠪᠠᠷ ᠬᠤᠤᠠᠳᠤᠭ ᠭᠠᠷᠭᠠᠵᠤ ᠴᠢᠳᠠᠭᠰᠠᠨ ᠦᠭᠡᠶ᠃ ᠨᠢᠭᠡ ᠮᠠᠭᠤ ᠪᠣᠭᠤᠷᠠᠯ ᠱᠠᠩᠳᠠ ᠮᠠᠯᠳᠠᠭᠰᠠᠨ ᠢ ᠨᠢ ᠳᠤᠭᠠᠷ ᠨᠤᠶᠠᠨ ᠠᠳᠤᠭᠤᠨ ᠤ ᠪᠠᠯᠴᠢᠭᠡᠷ ᠡᠷᠭᠢᠵᠤ ᠶᠠᠪᠣᠬᠤ ᠳᠠᠭᠠᠨ ᠥᠵᠡᠭᠡᠤᠨ᠄
᠊᠊᠊᠊᠊᠊᠊᠊᠊᠊᠊᠊᠊᠊᠊ ᠬᠠᠢ ᠦᠭᠡᠶ᠂ ᠡᠭᠦᠨ ᠳᠤ ᠡᠵᠡᠨ ᠤ ᠲᠦᠮᠡᠨ ᠭᠦᠯᠦᠭ᠌ ᠢ ᠣᠰᠤᠯᠠᠬᠤ ᠶᠤᠮ ᠭᠡᠨ᠎ᠡ ⁈ ᠭᠠᠭᠴᠠ ᠬᠤᠯᠠᠭᠠᠢ᠌ᠴᠢ ᠶᠢᠨ ᠠᠮᠠᠨ ᠤ ᠣᠰᠤ ᠯᠠ ᠡᠢ᠌ᠮᠤ ᠶᠠᠭᠤᠮ᠎ᠠ ᠪᠠᠢ᠌ᠳᠠᠭ ᠪᠠᠢ᠌ᠬᠤ ᠳ᠋ᠠ︕ ᠭᠡᠵᠡᠢ᠃ ᠳᠡᠭᠡᠭᠦ ᠳᠤ ᠨᠢ ᠬᠠᠮᠳᠤ ᠶᠠᠪᠣᠭᠰᠠᠨ ᠰᠠᠠᠵᠢ ᠡᠪᠦᠭᠡᠨ᠄
᠊᠊᠊᠊᠊᠊᠊᠊᠊᠊᠊᠊᠊᠊᠊ ᠨᠢᠭᠦᠯ᠂ ᠮᠤᠩᠭ᠋ᠤᠯ ᠭᠦᠮᠤᠨ ᠠᠮᠠᠨ ᠶᠢᠨ ᠶᠢᠠᠨ ᠪᠠᠯᠭᠡ ᠪᠠᠷ ᠭᠡᠳᠡᠭ᠌ ᠶᠤᠮ᠃ ᠨᠤᠶᠠᠨ ᠳᠠ ᠠᠭᠯᠠᠭ ᠪᠠᠯᠴᠢᠭᠡᠷ ᠤᠨ ᠶᠢᠡᠨ ᠭᠦᠨ ᠳᠤ ᠬᠤᠯᠠᠭᠠᠢ᠌ᠴᠢ ᠡᠭᠦᠷᠯᠡᠭᠦᠯᠵᠤ ᠶᠠᠭᠠᠭᠢᠬᠤ ᠨᠢ ᠪᠣᠢ ⁈ ᠭᠡᠵᠤ ᠪᠢᠯᠠ᠃
ᠳᠤᠭᠠᠷ ᠶᠤᠰᠤ ᠠᠯᠳᠠᠭᠰᠠᠨ ᠶᠢᠡᠨ ᠮᠠᠳᠠᠵᠤ᠂ ᠨᠤᠮ ᠤᠨ ᠶᠢᠡᠨ ᠪᠠᠭᠰᠢ ᠳᠤ ᠠᠶ᠎ᠠ ᠵᠠᠰᠠᠨ ᠬᠠᠭᠤᠷᠮᠠᠴᠢ ᠰᠠᠢ᠌ᠬᠠᠨ ᠢᠨᠢᠶᠡᠮᠰᠦᠭᠯᠡᠭᠡᠤᠨ ᠥᠩᠭᠡᠷᠡᠵᠡᠢ᠁ ᠡᠨᠡ ᠪᠣᠯ ᠣᠯᠠᠨ ᠵᠢᠯ ᠤᠨ ᠡᠮᠦᠨ᠎ᠡ ᠪᠣᠯᠤᠭᠰᠠᠨ ᠭᠡᠷᠡᠭ᠌᠃
ᠥᠭᠦᠯᠡᠭᠦ ᠨᠢ᠄
ᠳᠤᠭᠠᠷ ᠨᠤᠶᠠᠨ ᠤ ᠵᠠᠷᠤᠴᠠ ᠭᠡᠦᠭᠡᠨ ᠪᠠᠶᠠᠨ᠂ ᠬᠠᠩᠭ᠋ᠠᠢ ᠪᠠᠽᠠᠷ ᠲᠤ ᠨᠤᠬᠠᠢ ᠬᠤᠷᠢᠵᠤ ᠥᠭ᠍ᠴᠡᠢ᠃ ᠨᠤᠶᠠᠨ ᠬᠣᠢ᠌ᠮᠤᠷ ᠲᠤ ᠪᠠᠨ ᠨᠠᠯᠢᠶᠠᠤᠨ ᠬᠠᠯᠠᠮᠠᠭᠴᠤᠤ ᠰᠠᠭᠤᠨ᠎ᠠ᠃ ᠪᠠᠽᠠᠷ ᠢ ᠳᠠᠨᠢᠵᠤ ᠄
᠊᠊᠊᠊᠊᠊᠊᠊᠊᠊᠊᠊᠊᠊᠊ ᠳᠠᠷᠢᠭᠠᠩᠭ᠋᠎ᠠ ᠶᠢᠨ ᠶᠡᠭᠡ ᠪᠦᠭᠡ ᠣᠷᠤᠵᠤ ᠢᠷᠠᠯ᠎ᠠ᠃ ᠳᠡᠭᠡᠭ᠍ᠰᠢ ᠪᠠᠨ ᠰᠠᠭᠤ ᠭᠡᠮᠡᠨ ᠵᠠᠯᠢᠷᠬᠠᠭ ᠬᠠᠷ᠎ᠠ ᠨᠢᠳᠤ ᠪᠠᠷ ᠶᠢᠡᠨ ᠪᠠᠷᠠᠭᠤᠨ ᠣᠯᠪᠣᠭ ᠳᠠᠰᠢ ᠳᠤᠭᠢᠵᠤ᠂ ᠭᠠᠷ ᠳᠡᠯᠭᠡᠨ ᠨᠠᠢ᠌ᠷ ᠳᠠᠯᠪᠢᠯ᠎ᠠ᠃
ᠳᠠᠷᠢᠭᠠᠩᠭ᠋᠎ᠠ ᠶᠢᠨ ᠰᠢᠯᠢ ᠶᠢᠨ ᠰᠠᠢ᠌ᠨ ᠡᠷᠡᠴᠦᠦᠯ ᠤᠨ ᠨᠢᠭᠡ ᠨᠢ ᠪᠣᠯᠬᠤ ᠪᠠᠽᠠᠷ ᠣᠬᠠᠭᠠᠯᠢᠭ᠂ ᠠᠯᠢᠪᠠ ᠠᠵᠢᠯ ᠢ ᠭᠢᠭᠦ ᠶᠢᠨ ᠶᠢᠡᠨ ᠡᠮᠦᠨ᠎ᠡ ᠵᠠᠪᠠᠯ ᠳᠤᠭᠳᠠᠭᠠᠵᠤ ᠪᠣᠳᠤᠳᠠᠭ ᠵᠠᠩ ᠲᠡᠶ ᠭᠦᠮᠤᠨ ᠪᠦᠭᠡᠤᠨ ᠦᠨᠦᠳᠤᠷ ᠪᠣᠯ ᠠᠭᠤᠯᠠ ᠶᠢᠨ ᠳᠤᠭᠠᠷ ᠨᠤᠶᠠᠨ ᠤ ᠳᠤ ᠵᠥᠪᠭᠡᠨ ᠣᠴᠢᠷ ᠢ ᠭᠡᠯᠡᠯᠴᠡᠶ᠎ᠡ ᠭᠡᠮᠡᠨ ᠬᠠᠯᠠᠭᠤᠨ ᠰᠠᠤᠠᠭᠢᠯ ᠪᠢᠰᠢ ᠪᠣᠯᠪᠠᠴᠤ ᠭᠦᠢᠳᠡᠨ ᠰᠠᠤᠠᠭᠢᠯ ᠪᠣᠰᠤ᠂ ᠡᠷᠭᠢᠮ ᠵᠢᠷᠤᠮ ᠤᠨ ᠶᠤᠰᠤ ᠶᠢ ᠡᠪᠦᠷᠯᠡᠨ ᠢᠷᠠᠵᠠᠢ᠃ ᠳᠡᠭᠡᠭᠡᠤᠨ ᠴᠤ ᠭᠡᠷᠡᠭ᠌ ᠤᠨ ᠳᠦᠷᠦᠭᠡ ᠪᠣᠰᠬᠠᠬᠤ ᠶᠤᠮ ᠦᠦ᠂ ᠮᠠᠯᠴᠢᠳ ᠤᠨ ᠴᠠᠯᠢᠩ ᠢ ᠭᠦᠴᠤ ᠪᠠᠷ ᠳᠦᠯᠦᠭᠦᠯᠭᠦ ᠭᠡᠮᠡᠪᠠᠰᠤ ᠳᠤᠭᠠᠷ ᠳᠠᠳᠤᠢ ᠦᠭᠡᠶ ᠪᠦᠭᠦᠳᠡ ᠶᠢᠨ ᠳᠡᠷᠢᠭᠦᠨ ᠳᠤ ᠦᠰᠢᠶ᠎ᠠ ᠬᠤᠠᠵᠢᠩ ᠡᠪᠦᠷᠯᠡᠭ᠍ᠰᠡᠨ ᠭᠡᠷᠡᠭ᠌ ᠪᠣᠯᠬᠤ ᠨᠢ ᠳᠤᠭᠤᠳᠤ ᠶᠢᠨ ᠶᠠᠷᠢᠶᠠᠨ ᠡᠴᠡ ᠣᠢ᠌ᠯᠠᠭᠠᠮᠵᠢᠳᠠᠢ ᠪᠠᠢ᠌ᠵᠠᠢ᠃ ᠳᠡᠭᠦᠨ ᠡᠴᠡ ᠭᠠᠳᠠᠨ᠎ᠠ ᠪᠠᠽᠠᠷ ᠵᠡᠭᠦᠨ ᠭᠠᠷ ᠠᠳᠤᠭᠤᠴᠢᠨ ᠤ ᠨᠢᠭᠡᠨ ᠰᠠᠭᠤᠷᠢ ᠰᠥᠷᠦᠭ᠌ ᠤᠨ ᠮᠠᠢ᠌ᠷᠠᠨ ᠪᠣᠯᠬᠤ ᠶᠢᠨ ᠬᠤᠪᠢ ᠳᠤ ᠠᠭᠤᠯᠠ ᠶᠢᠨ ᠳᠤᠭᠠᠷ ᠨᠤᠶᠠᠨ ᠳᠤ ᠰᠢᠭᠤᠳ ᠵᠠᠭᠢᠷᠠᠭᠳᠠᠬᠤ ᠶᠤᠰᠤᠳᠠᠢ ᠪᠠᠨ ᠮᠠᠳᠠᠵᠤ ᠪᠠᠢ᠌ᠭᠰᠠᠨ ᠠᠪᠠᠢ᠃
ᠥᠷᠭᠦᠯᠵᠢ ᠦᠪᠡᠷ ᠲᠤ ᠪᠠᠨ ᠠᠰᠢᠭ ᠵᠠᠪᠰᠢᠶᠠᠨ ᠬᠠᠷᠠᠬᠤ ᠶᠢᠨ ᠰᠠᠴᠠᠭᠤ ᠶᠠᠭᠤᠮ᠎ᠠ ᠪᠣᠯᠭᠠᠨ ᠳᠤ ᠳᠡᠷᠢᠭᠦᠯᠡᠵᠤ ᠬᠤᠰᠢᠭᠤᠴᠢᠯᠠᠵᠤ ᠪᠠᠢ᠌ᠬᠤ ᠶᠢ ᠪᠣᠳᠤᠳᠠᠭ᠃ ᠶᠡᠭᠡᠩᠭᠢ ᠵᠣᠢ᠌ᠯ ᠳᠤ ᠳᠡᠷᠢᠭᠦᠯᠡᠨ ᠬᠤᠰᠢᠭᠤᠴᠢᠯᠠᠵᠤ ᠴᠢᠳᠠᠳᠠᠭ ᠳᠤᠭᠠᠷ ᠨᠤᠶᠠᠨ᠂ ᠪᠠᠽᠠᠷ ᠢ ᠰᠠᠭᠤᠷᠢ ᠰᠥᠷᠦᠭ᠌ ᠤᠨ ᠮᠠᠢ᠌ᠷᠠᠨ ᠪᠣᠯᠭᠠᠬᠤ ᠭᠡᠰᠡᠨ ᠪᠣᠰᠤᠳ ᠤᠨ ᠰᠠᠨᠠᠯ ᠢ ᠳᠡᠮᠵᠢᠭᠦ ᠳᠡᠭᠡᠨ ᠠᠷᠠᠭᠠᠨ ᠳᠠᠭᠠᠨ ᠨᠢᠭᠡ ᠶᠢ ᠵᠠᠭᠤᠭᠰᠠᠨ ᠪᠠᠢ᠌ᠵᠠᠢ᠃ ᠳᠠᠷᠢᠭᠠᠩᠭ᠋᠎ᠠ ᠶᠢᠨ ᠬᠠᠮᠤᠭ ᠤᠨ ᠭᠦᠴᠤ ᠲᠡᠶ ᠭᠦᠮᠤᠨ ᠳᠡᠭᠦᠨ ᠤ ᠳᠡᠷᠢᠭᠦᠯᠡᠭ᠍ᠰᠡᠨ ᠠᠳᠤᠭᠤᠨ ᠭᠠᠷ ᠤᠨ ᠠᠯᠪᠠᠨ ᠳᠤ ᠰᠢᠳᠤᠷᠭᠤ ᠵᠢᠦᠡᠭᠦᠨ᠎ᠡ ᠭᠡᠳᠡᠭ᠌᠂ ᠦᠪᠡᠷ ᠲᠤ ᠨᠢ ᠵᠢᠦᠡᠭᠦᠨ᠎ᠡ ᠭᠡᠳᠡᠭ᠌ ᠥᠭᠡ ᠪᠦᠭᠡᠤᠨ ᠡᠨᠡ ᠪᠣᠯ ᠳᠡᠭᠦᠨ ᠤ ᠰᠠᠤᠠᠭᠢᠯ ᠳᠤ ᠨᠠᠩ ᠨᠠᠢ᠌ᠯᠠᠮᠵᠢᠳᠠᠢ ᠵᠣᠢ᠌ᠯ ᠪᠠᠢ᠌ᠭᠰᠠᠨ ᠪᠦᠯᠦᠭᠡ᠃ ᠨᠥᠭᠦᠭᠡᠳᠡᠭᠦᠷ ᠪᠠᠽᠠᠷ ᠲᠡᠶ ᠬᠤᠪᠢ ᠶᠢᠨ ᠲᠦᠩᠱᠢ ᠶᠢᠨ ᠬᠤᠯᠪᠣᠭ᠎ᠠ ᠳᠤᠭᠳᠠᠭᠠᠵᠤ ᠴᠢᠳᠠᠪᠠᠰᠤ ᠡᠯᠳᠡᠪ ᠲᠤ ᠮᠡᠳᠡᠭᠦ ᠶᠢᠨ ᠳᠡᠭᠡᠷ᠎ᠡ ᠬᠤᠷᠴᠠ ᠬᠠᠷ᠎ᠠ ᠣᠬᠠᠭᠠᠨ ᠲᠡᠶ᠂ ᠠᠯᠢᠪᠠ ᠳᠤ ᠠᠪᠬᠠᠯᠵᠢᠳᠠᠢ ᠡᠨᠡ ᠵᠠᠯᠠᠭᠤ ᠡᠷ᠎ᠡ ᠭᠤᠴᠢᠨ ᠳᠤᠯᠤᠭᠠᠨ ᠰᠥᠷᠦᠭ᠌ ᠤᠨ ᠳ᠋ᠠ᠂ ᠮᠠᠢ᠌ᠷᠠᠨ᠂ ᠬᠤᠶᠠᠭ ᠨᠡᠷ ᠤᠨ ᠳᠤᠮᠳᠠ ᠶᠠᠭᠠᠭᠢᠪᠠᠴᠤ ᠰᠠᠢ᠌ᠨ ᠨᠥᠯᠦᠭᠡ ᠲᠡᠶ ᠪᠠᠢ᠌ᠬᠤ ᠪᠣᠯᠤᠨ᠎ᠠ ᠭᠡᠵᠤ ᠪᠢᠳᠡᠭᠦᠭᠡᠨ ᠳᠡᠭᠡᠨ ᠳᠠᠭᠠᠵᠤ ᠪᠣᠳᠤᠭᠰᠠᠨ ᠪᠠᠢ᠌ᠵᠠᠢ᠃ ᠪᠠᠰᠠ ᠪᠠᠽᠠᠷ ᠤᠨ ᠰᠢᠯᠪᠢᠭᠦᠷ ᠬᠤᠩᠰᠢᠶᠠᠷ᠂ ᠭᠡᠳᠤ ᠰᠢᠳᠤᠷᠭᠤ ᠵᠠᠩ᠂ ᠦᠪᠡᠷ ᠤᠨ ᠵᠦᠪ ᠢ ᠨᠤᠳᠠᠯᠠᠬᠤ ᠶᠢᠨ ᠣᠴᠢᠷ ᠶᠠᠭᠠᠭᠢᠬᠤ ᠡᠴᠡ ᠴᠤ ᠦᠯᠦ ᠳᠦᠳᠡᠭᠡᠯᠵᠡᠭᠦ ᠳᠤᠭᠰᠢᠨ ᠠᠷᠠᠠᠰᠢᠨ ᠳᠤᠭᠠᠷ ᠨᠤᠶᠠᠨ ᠢ ᠨᠠᠩ ᠪᠣᠯᠭᠤᠮᠵᠢᠯᠠᠬᠤ ᠳᠤ ᠭᠦᠷᠭᠡᠪᠠᠴᠤ ᠬᠤᠨᠢᠴᠢᠨ ᠤ ᠬᠤᠮᠤᠤ ᠳ᠋ᠠ ᠶᠢᠨ 《ᠴᠢᠨ᠋ᠸ᠎ᠠ ᠶᠢᠨ ᠪᠠᠯᠳᠡᠷᠭᠡ ᠶᠢ ᠭᠡᠴᠢᠨᠡᠨ ᠳᠡᠵᠢᠭᠡᠪᠠᠴᠤ ᠨᠢᠭᠡ ᠯᠠ ᠡᠳᠦᠷ ᠰᠤᠶᠤᠭ᠎ᠠ ᠪᠠᠨ ᠬᠤᠭᠤᠯᠠᠢ ᠳᠤ ᠴᠢᠨᠢ ᠵᠤᠭᠤᠨᠠ》 ᠭᠡᠵᠤ ᠶᠠᠷᠢᠳᠠᠭ ᠢ ᠥᠭᠡ ᠭᠡᠵᠤ ᠠᠪᠳᠠᠭ ᠦᠭᠡᠶ ᠪᠠᠢ᠌ᠪᠠ᠃ 《ᠪᠠᠽᠠᠷ ᠰᠢᠯᠢ ᠳᠤ ᠰᠢᠯᠢᠷᠠᠵᠤ ᠶᠠᠪᠣᠭᠰᠠᠨ ᠨᠢ ᠦᠨᠡᠨ ᠪᠣᠯᠪᠠᠴᠤ ᠴᠢᠨ᠋ᠸ᠎ᠠ ᠪᠣᠯᠤᠭ᠎ᠠ ᠦᠭᠡᠶ ᠭᠦᠮᠤᠨ ᠭᠡᠪ ᠶᠢᠡᠷ ᠪᠠᠢ᠌ᠭ᠎ᠠ ᠨᠢ ᠦᠨᠡᠨ︕ ᠢᠩᠭᠢᠭᠦᠯᠡᠷ ᠳᠡᠭᠦᠨ ᠢ ᠪᠢ ᠠᠯᠪᠠᠨ ᠳᠠᠭᠠᠨ ᠵᠢᠦᠡᠭᠦᠭᠦᠯᠵᠤ᠂ ᠠᠤᠠᠬᠤᠨ ᠳᠠᠭᠠᠨ ᠮᠥᠯᠭᠦᠭᠦᠯᠭᠦ ᠶᠤᠰᠤᠳᠠᠢ︕᠁》 ᠭᠡᠮᠡᠨ ᠵᠡᠭᠦᠨ ᠭᠠᠷ ᠤᠨ ᠠᠳᠤᠭᠤᠴᠢᠨ ᠤ ᠨᠤᠶᠠᠨ᠂ ᠪᠠᠽᠠᠷ ᠲᠡᠶ ᠣᠢ᠌ᠷᠠᠤᠠᠴᠤ᠂ ᠲᠦᠩᠱᠢᠯᠠᠵᠤ ᠶᠠᠪᠣᠭᠰᠠᠨ ᠳᠡᠦᠭᠡ ᠪᠠᠨ ᠴᠠᠭᠠᠤᠠᠬᠠᠳᠠᠭ ᠪᠠᠢ᠌ᠵᠠᠢ᠁
ᠪᠠᠽᠠᠷ᠂ ᠳᠤᠭᠠᠷ ᠨᠤᠶᠠᠨ ᠤ ᠵᠢᠭᠠᠭᠰᠠᠨ ᠪᠠᠷᠠᠭᠤᠨ ᠳᠠᠯ᠎ᠠ ᠶᠢᠨ ᠣᠯᠪᠣᠭ ᠳᠡᠭᠡᠷ᠎ᠡ ᠣᠴᠢᠵᠤ᠂ ᠵᠦᠪ ᠳᠠᠯ᠎ᠠ ᠶᠢᠨ ᠭᠦᠯ ᠶᠢᠡᠨ ᠨᠤᠭᠤᠯᠤᠨ᠂ ᠪᠠᠷᠠᠭᠤᠨ ᠳᠠᠯ᠎ᠠ ᠶᠢᠨ ᠭᠦᠯ ᠶᠢᠡᠨ ᠪᠣᠰᠬᠠᠨ ᠰᠠᠭᠤᠪᠠ᠃ ᠡᠢ᠌ᠮᠤ ᠰᠠᠭᠤᠳᠠᠯ ᠢ ᠡᠭᠦᠳᠡ ᠪᠠᠷ ᠣᠷᠤᠵᠤ ᠢᠷᠡᠭᠦ ᠡᠯᠳᠡᠪ ᠮᠠᠭᠤ ᠪᠦᠭᠦᠨ ᠡᠴᠡ ᠭᠡᠷ ᠤᠨ ᠳᠤᠳᠤᠷᠠᠭᠢ ᠶᠢ ᠬᠠᠮᠠᠭᠠᠯᠠᠬᠤ ᠡᠷᠭᠢᠮ ᠵᠤᠴᠢᠨ ᠤ ᠶᠤᠰᠤ ᠭᠡᠮᠡᠨ ᠡᠪᠦᠭᠡᠴᠦᠦᠯ ᠶᠠᠷᠢᠳᠠᠭ ᠪᠢᠯᠠ᠃ ᠭᠡᠷ ᠤᠨ ᠵᠡᠭᠦᠨ ᠳᠠᠯ᠎ᠠ ᠳᠤ ᠪᠣᠯ ᠵᠡᠭᠦᠨ ᠭᠦᠯ ᠳᠡᠭᠡᠷ᠎ᠡ ᠪᠠᠷᠠᠭᠤᠨ ᠭᠦᠯ ᠢ ᠨᠤᠭᠤᠯᠤᠨ ᠰᠠᠭᠤᠬᠤ ᠣᠴᠢᠷᠳᠠᠢ᠃ ᠰᠠᠢ᠌ᠨ ᠭᠡᠢ᠌ᠴᠢᠨ ᠤ ᠪᠣᠰᠬᠠᠭᠰᠠᠨ ᠡᠪᠦᠳᠦᠭ᠌ ᠪᠣᠱᠤᠭ᠎ᠠ ᠶᠢᠨ ᠭᠠᠢ ᠠᠯᠬᠤᠭᠤᠯᠳᠠᠭ ᠦᠭᠡᠶ ᠭᠡᠵᠤ ᠮᠤᠩᠭ᠋ᠤᠯᠴᠤᠳ ᠭᠡᠯᠡᠯᠴᠡᠨ᠎ᠡ᠃ ᠳᠤᠭᠠᠷ ᠨᠤᠶᠠᠨ ᠤ ᠭᠡᠢ᠌ᠴᠢᠨ ᠳᠡᠭᠡᠳᠦᠴᠦᠦᠯ ᠤᠨ ᠡᠨᠡ ᠮᠠᠳᠤ ᠵᠢᠮ᠎ᠠ ᠶᠤᠰᠤ ᠶᠢ ᠰᠥᠷᠡᠭᠡᠢ ᠮᠡᠳᠡᠳᠡᠭ᠌ ᠤᠨ ᠳᠡᠭᠡᠷ᠎ᠡ ᠪᠠᠰᠠ ᠭᠦ ᠡᠷᠭᠢᠮᠯᠡᠨ ᠵᠢᠷᠦᠮᠯᠡᠭᠦ ᠶᠢ ᠭᠢᠴᠢᠶᠡᠳᠡᠭ᠌ ᠭᠦᠮᠤᠨ ᠪᠠᠢ᠌ᠵᠠᠢ᠃ ᠭᠡᠷ ᠤᠨ ᠭᠠᠳᠠᠭ᠎ᠠ ᠵᠤᠭᠰᠤᠵᠤ ᠪᠦᠰᠡᠨ ᠳᠡᠭᠡᠨ ᠶᠠᠪᠣᠭᠰᠠᠨ ᠭᠢᠳᠤᠭ᠎ᠠ ᠶᠢ ᠰᠤᠯᠠᠯᠠᠨ ᠣᠠᠵᠢᠭᠤᠯᠤᠭᠰᠠᠨ ᠨᠢ ᠴᠤ ᠮᠦᠨ ᠯᠠ ᠵᠢᠮ᠎ᠠ ᠭᠤᠷᠢᠮ ᠢ ᠡᠷᠭᠢᠮᠯᠡᠭ᠍ᠰᠡᠨ ᠣᠴᠢᠷ ᠪᠦᠯᠦᠭᠡ᠃ ᠪᠠᠽᠠᠷ᠂ ᠭᠠᠷ ᠤᠨ ᠶᠢᠡᠨ ᠨᠤᠶᠠᠨ ᠤ ᠳᠤ ᠥᠨᠡᠭᠡᠷ ᠮᠠᠭᠤ ᠰᠠᠨᠠᠵᠤ ᠢᠷᠡᠭ᠍ᠰᠡᠨ ᠦᠭᠡᠶ ᠪᠠᠢ᠌ᠵᠠᠢ᠃
ᠵᠠᠷᠤᠴᠠ ᠭᠡᠦᠭᠡᠨ ᠪᠠᠽᠠᠷ ᠲᠤ ᠢᠳᠡᠭᠡ ᠳᠠᠯᠪᠢᠪᠠ᠃ ᠡᠨᠡ ᠣᠳᠠᠭ᠎ᠠ ᠴᠤ ᠳᠠᠷᠢᠭᠠᠩᠭ᠋᠎ᠠ ᠶᠢᠨ ᠪᠦᠭᠡ ᠶᠤᠰᠤ ᠠᠯᠳᠠᠭᠰᠠᠨ ᠦᠭᠡᠶ᠂ ᠴᠠᠢ ᠠᠮᠰᠠᠭᠰᠠᠨ ᠤ ᠳᠠᠷᠠᠭ᠎ᠠ ᠡᠭᠢᠯᠡᠭᠡᠤᠨ ᠬᠠᠮᠤᠭ ᠤᠨ ᠭᠦᠡᠳᠦᠳᠡᠢ ᠢᠳᠡᠭᠡ ᠪᠣᠯᠬᠤ ᠦᠷᠦᠮᠠᠨ ᠡᠴᠡ ᠳᠡᠭᠡᠭᠡᠤᠨ ᠪᠢᠰᠢᠯᠠᠭ ᠡᠴᠡ ᠨᠢ ᠡᠴᠦᠰ ᠲᠤ ᠠᠭᠠᠷᠤᠤᠯ ᠡᠴᠡ ᠨᠢ ᠠᠮᠰᠠᠵᠠᠢ᠃
ᠳᠤᠭᠠᠷ ᠨᠤᠶᠠᠨ ᠶᠠᠭᠠᠭᠢᠬᠤ ᠶᠢᠨ ᠠᠷᠭ᠎ᠠ ᠦᠭᠡᠶ ᠳᠠᠷᠢᠭᠠᠩᠭ᠋᠎ᠠ ᠭᠢᠴᠠ ᠶᠢᠨ ᠳᠤᠮᠤ ᠮᠤᠩᠭ᠋ᠤᠯ ᠠᠶᠠᠭᠠᠨ ᠳᠤ ᠠᠷᠢᠭᠢ ᠰᠠᠯᠪᠠᠨ ᠪᠠᠽᠠᠷ ᠲᠤ ᠪᠠᠷᠢᠯ᠎ᠠ᠃ ᠰᠡᠯᠭᠦᠷᠡᠵᠤ ᠪᠣᠢ ᠵᠤᠪᠭᠢ ᠨᠢ ᠦᠯᠦ ᠶᠠᠯᠢᠭ ᠴᠠᠴᠠᠷᠠᠨ᠂ ᠰᠢᠮ᠎ᠠ ᠶᠢᠨ ᠬᠠᠯᠠᠭᠤᠨ ᠠᠷᠢᠭᠢᠨ ᠳᠤ ᠴᠤᠭᠢᠭᠤᠯᠵᠤ᠂ ᠳᠠᠯᠢᠮᠠᠷᠠᠭᠰᠠᠨ ᠰᠤᠭᠳᠤᠭᠤ ᠨᠢᠳᠤ ᠨᠢ ᠪᠠᠽᠠᠷ ᠤᠨ ᠴᠢᠷᠠᠢ ᠶᠢ ᠴᠠᠪᠴᠢᠯ ᠦᠭᠡᠶ ᠬᠠᠷᠠᠵᠤ ᠪᠠᠢ᠌ᠪᠠ᠃ ᠳᠡᠭᠡᠭᠡᠤᠨ ᠰᠡᠵᠢᠭ᠍ᠳᠡᠢ ᠶᠠᠭᠤᠮ᠎ᠠ ᠣᠯᠵᠤ ᠥᠵᠡᠭᠡ ᠦᠭᠡᠶ ᠳᠡᠭᠡᠨ ᠰᠠᠤᠠᠭᠢᠯ ᠬᠠᠨᠤᠭ᠎ᠠ ᠶᠤᠮ ᠦᠦ᠂ ᠨᠤᠶᠠᠨ ᠣᠯᠪᠣᠭ᠂ ᠵᠠᠪᠢᠯᠠᠭ᠎ᠠ ᠰᠠᠭᠤᠳᠠᠯ ᠳᠠᠭᠠᠨ ᠳᠤᠭᠢᠯᠢᠭ ᠰᠢᠭᠢᠳᠦᠭᠡᠤᠨ ᠳᠠᠰᠢᠶ᠎ᠠ ᠶᠢ ᠨᠢ ᠥᠷᠭᠡᠨ ᠳᠡᠪᠢᠰᠭᠡᠷ ᠪᠣᠯᠭᠠᠵᠤ ᠴᠢᠮᠡᠭ᠍ᠰᠡᠨ ᠳᠠᠪᠬᠤᠷ ᠬᠤᠷᠭᠤᠢ ᠳ᠋ᠠᠯᠢᠩ ᠶᠢᠡᠨ ᠡᠪᠦᠷ ᠳᠡᠭᠡᠷ᠎ᠡ ᠪᠠᠨ ᠠᠪᠴᠢᠷᠠᠵᠤ᠂ ᠠᠯᠳᠠᠨ ᠵᠤᠪᠭᠢ ᠲᠡᠶ ᠴᠦᠩᠴᠢᠩᠨᠤᠷᠪᠣ ᠭᠦᠭᠡᠷᠭᠡ ᠪᠠᠨ ᠭᠠᠷᠭᠠᠨ ᠬᠠᠩᠭ᠋ᠠᠢ ᠪᠠᠽᠠᠷ ᠢ ᠳᠠᠮᠠᠭᠢᠯᠠᠵᠠᠢ᠃ ᠭᠡᠢ᠌ᠴᠢᠨ ᠬᠠᠷᠢᠭᠤ ᠳᠠᠮᠠᠭᠢᠯᠠᠭᠠᠤᠨ ᠭᠦᠭᠡᠷᠭᠡ ᠶᠢ ᠨᠢ ᠪᠣᠴᠠᠭᠠᠵᠤ ᠦᠭᠭᠦ ᠳᠡᠭᠡᠨ ᠳᠤᠳᠠᠭᠤ ᠰᠤᠭᠤᠯᠠᠭᠠᠰᠤᠳᠠᠢ ᠪᠠᠢ᠌ᠭᠰᠠᠨ ᠱᠢᠷᠤᠨ ᠳᠤᠯᠤᠭᠠᠢ ᠶᠢ ᠨᠢ ᠡᠷᠡᠭᠡᠢ ᠬᠤᠷᠤᠭᠤ ᠪᠠᠷ ᠶᠢᠡᠨ ᠳᠠᠷᠤᠵᠤ ᠣᠷᠭᠢᠯ᠎ᠠ᠃ ᠡᠨᠡ ᠪᠣᠯ ᠭᠡᠢ᠌ᠴᠢᠨ ᠳᠤ ᠶᠡᠭᠡ ᠮᠠᠭᠤ ᠣᠴᠠᠷᠠᠯ ᠲᠤᠬᠢᠶᠠᠯᠳᠤᠭᠰᠠᠨ ᠤ ᠳᠡᠮᠳᠡᠭ᠌ ᠪᠦᠭᠡᠤᠨ ᠡᠢ᠌ᠮᠤ ᠦᠶ᠎ᠡ ᠳᠤ ᠭᠦᠭᠡᠷᠭᠡ ᠶᠢᠨ ᠡᠵᠡᠨ᠄ 《ᠳᠦᠭᠡᠭᠦᠢ ᠶᠠᠭᠤᠮ᠎ᠠ ᠪᠣᠯᠵᠤ ᠳ᠋ᠠ︕ ᠴᠤᠬᠤᠮ ᠶᠠᠭᠠᠭᠢᠭ᠎ᠠ ᠶᠤᠮ ᠪᠣᠯ︖》 ᠭᠡᠵᠤ ᠠᠰᠠᠭᠤᠳᠠᠭ ᠶᠤᠰᠤᠳᠠᠢ ᠪᠠᠢ᠌ᠳᠠᠯ᠎ᠠ ᠳᠤᠭᠠᠷ ᠨᠤᠶᠠᠨ ᠲᠤᠩ ᠠᠩᠵᠢᠶᠠᠷᠠᠭᠠ ᠦᠭᠡᠶ ᠥᠩᠭᠡᠷᠡᠭᠡᠪᠡ᠃ ᠰᠤᠭᠳᠤᠭᠰᠠᠨ ᠳᠠᠭᠠᠨ ᠪᠣᠯᠤᠭᠠᠤᠨ ᠪᠠᠽᠠᠷ ᠤᠨ ᠳᠤᠭᠢᠶ᠎ᠠ ᠶᠢ ᠣᠢ᠌ᠯᠠᠭᠠᠭᠰᠠᠨ ᠦᠭᠡᠶ ᠶᠤᠮ ᠦᠦ᠂ ᠶᠠᠷᠤ ᠨᠢ ᠳᠠᠢ᠌ᠮᠤ ᠶᠤᠰᠤ ᠪᠠᠢ᠌ᠳᠠᠭ ᠢ ᠮᠡᠳᠡᠳᠡᠭ᠌ ᠦᠭᠡᠶ ᠭᠡᠷᠡᠭ᠌ ᠦᠦ᠂ ᠪᠠᠽᠠᠷ ᠭᠠᠢ᠌ᠬᠠᠭᠠᠤᠨ ᠣᠴᠢᠷ ᠢ ᠡᠰᠡ ᠣᠯᠵᠠᠢ᠃ ᠪᠠᠭ᠎ᠠ ᠳᠠᠭᠠᠨ ᠰᠡᠷᠭᠦᠯᠡᠩ ᠣᠢ᠌ᠪᠣᠷᠭᠠᠨ ᠶᠠᠪᠣᠭᠰᠠᠨ᠂ ᠣᠳᠤ ᠭᠡᠪᠠᠯ ᠬᠠᠪᠬᠠᠨ ᠳᠤ ᠣᠯᠠᠨ ᠣᠷᠤᠭᠰᠠᠨ ᠴᠢᠨ᠋ᠸ᠎ᠠ ᠮᠠᠳᠤ ᠬᠠᠰᠢᠷᠵᠢᠵᠤ ᠶᠠᠪᠣᠭ᠎ᠠ ᠡᠨᠡ ᠭᠦᠮᠤᠨ ᠮᠡᠳᠡᠭ᠍ᠰᠡᠨ ᠴᠤ ᠮᠡᠳᠡᠭᠡ ᠦᠭᠡᠶ ᠪᠣᠯᠵᠤ ᠥᠩᠭᠡᠷᠡᠭᠡᠵᠤ ᠪᠠᠰᠠ ᠴᠢᠳᠠᠬᠤ ᠯᠠ ᠪᠠᠢ᠌ᠵᠠᠢ᠃ ᠭᠡᠷᠪᠡ ᠨᠤᠶᠠᠨ᠄ 《ᠳᠦᠭᠡᠭᠦᠢ ᠶᠠᠭᠤᠮ᠎ᠠ ᠪᠣᠯᠵᠤ ᠳ᠋ᠠ᠂ ᠴᠤᠬᠤᠮ ᠶᠠᠭᠠᠭᠢᠭ᠎ᠠ ᠶᠤᠮ ᠪᠣᠯ︖》 ᠭᠡᠵᠤ ᠠᠰᠠᠭᠤᠭᠰᠠᠨ ᠪᠣᠯ ᠪᠠᠽᠠᠷ᠄ 《ᠨᠤᠶᠠᠠᠳᠠᠨ ᠮᠢᠨᠢ᠂ ᠨᠢ᠋ᠮᠠᠨ ᠵᠠᠭᠤᠨ ᠮᠠᠯᠴᠢᠨ ᠤ ᠴᠠᠯᠢᠩ ᠢᠷᠡᠭ᠍ᠰᠡᠨ ᠦᠭᠡᠶ ᠶᠤᠮ ᠪᠢᠵᠠ ᠳ᠋ᠠ᠃ ᠭᠡᠳᠦᠢ ᠳᠤ᠂ ᠶᠠᠭᠠᠭᠢᠵᠤ᠂ ᠭᠡᠨ ᠡᠴᠡ ᠪᠠᠨ ᠣᠯᠵᠤ ᠠᠪᠳᠠᠭ ᠭᠡᠷᠡᠭ᠌ ᠪᠢᠯᠠ︖ ᠳᠠᠨ ᠤ ᠢᠪᠠᠭᠡᠯ ᠳᠤᠤᠷ᠎ᠠ ᠡᠵᠡᠨ ᠬᠠᠭᠠᠨ ᠤ ᠶᠡᠭᠡ ᠠᠯᠪᠠᠨ ᠤ ᠥᠴᠦᠭᠡᠨ ᠭᠡᠰᠡᠭ᠌ ᠢ ᠵᠠᠯᠭᠠᠭᠤᠯᠵᠤ ᠪᠣᠢ ᠮᠤᠩᠬᠠᠭ ᠮᠢᠨᠤ ᠪᠠᠶ᠎ᠠ ᠭᠡᠭᠡᠨ ᠳᠦᠷᠢ ᠶᠢ ᠴᠢᠨᠢ ᠬᠠᠷᠠᠵᠤ ᠶᠠᠷᠢᠯᠴᠠᠬᠤ ᠭᠡᠰᠡᠨ ᠶᠤᠮ》 ᠭᠡᠵᠤ ᠥᠴᠢᠭᠦ ᠪᠠᠢ᠌ᠯ᠎ᠠ᠃
ᠭᠡᠳᠡᠯ᠎ᠡ ᠳᠠᠢ᠌ᠮᠤ ᠶᠠᠪᠣᠳᠠᠯ ᠪᠣᠯᠤᠭᠰᠠᠨ ᠦᠭᠡᠶ᠃ ᠪᠠᠽᠠᠷ ᠶᠠᠷᠢᠶ᠎ᠠ ᠪᠠᠨ ᠥᠭᠡᠷ᠎ᠡ ᠵᠠᠮ ᠶᠢᠡᠷ ᠡᠭᠢᠯᠡᠭᠦ ᠪᠠᠷ ᠰᠢ᠌ᠤᠠᠪᠠ᠄
᠊᠊᠊᠊᠊᠊᠊᠊᠊᠊᠊᠊᠊᠊᠊ ᠵᠠ᠂ ᠨᠤᠶᠠᠠᠳᠠᠨ ᠮᠢᠨᠢ᠂ ᠵᠡᠩᠴᠢᠭᠦᠤ ᠪᠠᠷ ᠰᠤᠨᠢᠨ ᠶᠠᠭᠤ ᠪᠠᠢ᠌ᠨ᠎ᠠ ᠳ᠋ᠠ︖
᠊᠊᠊᠊᠊᠊᠊᠊᠊᠊᠊᠊᠊᠊᠊ ᠰᠤᠨᠢᠨ ᠶᠠᠭᠤᠮ᠎ᠠ ᠠᠯᠠᠭ᠎ᠠ ᠰᠢᠪ ᠳ᠋ᠠ᠃ ᠬᠤᠰᠢᠭᠤᠨ ᠤ ᠭᠤᠷᠪᠠᠨ ᠫᠦᠰᠡ ᠣᠩᠭ᠋ᠠᠰᠤ ᠨᠤᠤᠰᠤ᠂ ᠠᠷᠠᠰᠤ ᠰᠢᠷᠢ ᠭᠡᠵᠤ ᠠᠯᠠᠭ᠎ᠠ ᠳᠤᠰᠳᠠᠭ ᠭᠡᠪ ᠶᠢᠡᠷ ᠶᠢᠡᠨ᠂ ᠵᠡᠩᠴᠢᠭᠦᠤ ᠶᠢᠨ ᠳᠠᠪᠤᠨ ᠳᠠᠩᠭᠢᠮ ᠡᠵᠡᠨ ᠤ ᠰᠥᠷᠦᠭ᠌ ᠮᠠᠠᠳᠤ ᠦᠦ᠂ ᠡᠨᠡ ᠳᠠᠷᠠ ᠭᠡᠵᠤ ᠪᠠᠢ᠌ᠴᠠᠭᠠᠳᠠᠭ ᠪᠠᠢ᠌ᠬᠤ ᠪᠠᠢ᠌ᠳᠠᠭ ᠶᠢᠡᠷ ᠶᠢᠡᠨ ᠯᠠ ᠪᠢᠯᠠ ᠭᠡᠵᠤ ᠭᠡᠯᠡᠭᠡᠤᠨ ᠭᠠᠩᠰᠠᠨ ᠤ ᠪᠠᠨ ᠣᠷᠳᠤ ᠰᠤᠷᠤᠭᠤᠯ ᠢ ᠠᠷᠠᠰᠤ ᠨᠢ ᠰᠤᠯᠠᠷᠠᠵᠤ ᠱᠠᠯᠬᠠᠢ᠌ᠭᠰᠠᠨ ᠰᠢᠨᠠᠨ ᠳᠠᠭᠠᠨ ᠳᠤᠯᠭᠠᠵᠤ᠂ ᠶᠡᠭᠡᠮᠰᠦᠭ᠌ ᠪᠠᠢ᠌ᠳᠠᠯ ᠥᠵᠡᠭᠦᠯᠤᠨ ᠭᠢᠮᠰᠠᠭᠠᠯᠳᠤᠨ ᠰᠠᠭᠤᠬᠤ ᠳᠠᠭᠠᠨ᠄ 《ᠮᠠᠭᠤ ᠵᠤᠯᠢᠭ ᠴᠢᠨᠤ ᠶᠠᠭᠤ ᠰᠢᠩᠰᠢᠯᠡᠭᠦ ᠭᠡᠵᠤ ᠶᠠᠪᠣᠭ᠎ᠠ ᠶᠢ ᠴᠢᠨᠢ ᠪᠢ ᠮᠠᠳᠠᠵᠤ ᠪᠠᠢ᠌ᠨ᠎ᠠ᠃ ᠭᠠᠢ᠌ᠭᠤᠢ᠂ ᠬᠤᠮᠤᠤ ᠳ᠋ᠠ ᠶᠢᠨ ᠶᠠᠷᠢᠳᠠᠭ ᠦᠨᠡᠨ ᠪᠣᠯᠬᠤ ᠨᠢ᠂ ᠵᠠᠷᠭᠤᠯᠳᠤᠬᠤ ᠭᠡᠵᠤ ᠪᠠᠢ᠌ᠭ᠎ᠠ ᠣᠬᠠᠭᠠᠨ ᠨᠢ ᠡᠨᠡ ᠪᠢᠵᠠ᠃ ᠲᠦᠮᠡᠨ ᠢ ᠳᠦᠵᠢᠭᠢᠨᠡᠭᠦᠯᠵᠤ ᠪᠣᠰᠬᠠᠬᠤ ᠭᠡᠤᠨ ᠪᠣᠯᠬᠤ ᠦᠭᠡᠶ ᠪᠣᠯᠬᠤᠯᠠᠷ ᠦᠪᠡᠷ ᠶᠢᠡᠨ ᠢᠷᠡᠭᠡ ᠪᠣᠢ︕ 〈ᠠᠭᠤᠯᠠ ᠶᠢᠨ ᠳᠤᠭᠠᠷ ᠨᠤᠶᠠᠨ ᠳᠦᠯᠦᠭᠦ ᠦᠭᠡᠶ᠂ ᠮᠠᠯᠴᠢᠨ ᠤ ᠮᠥᠩᠭᠦ ᠶᠢ ᠶᠠᠮᠠᠷ ᠠᠭᠤᠯᠠ ᠳᠦᠯᠦᠭᠦ ᠦᠦ︖〉 ᠭᠡᠵᠤ ᠣᠷᠢᠯᠠᠵᠤ ᠪᠠᠢ᠌ᠨ᠎ᠠ ᠭᠡᠯᠢᠤ᠃ ᠬᠤᠮᠤᠤ ᠶᠢ ᠵᠢᠭᠠᠬᠠᠨ ᠰᠠᠭᠤᠯᠭᠠᠳᠠᠭ ᠯᠠ ᠪᠠᠢ᠌ᠵᠠᠢ᠃ ᠡᠨᠡ ᠬᠤᠶᠠᠷ ᠢ ᠬᠠᠯᠵᠠ ᠮᠥᠷᠭᠦᠳᠦᠭᠦᠯᠦᠭ᠍ᠰᠡᠨ ᠪᠣᠯ ᠭᠡᠴᠢᠨᠡᠨ ᠠᠶᠠᠳᠠᠢ ᠪᠠᠢ᠌ᠭ᠎ᠠ ᠪᠣᠢ᠂ ᠵᠤᠯᠢᠭ ᠴᠢᠮᠢ᠋ᠢ》 ᠭᠡᠵᠤ ᠪᠣᠳᠤᠪᠠ᠃
᠊᠊᠊᠊᠊᠊᠊᠊᠊᠊᠊᠊᠊᠊᠊ ᠵᠠ᠂ ᠳᠠᠢ᠌ᠮᠤ ᠪᠠᠢ᠌ᠳᠠᠭ ᠪᠠᠢ᠌ᠵᠤ᠂ ᠮᠠᠨ ᠤ ᠰᠠᠭᠤᠷᠢ ᠰᠥᠷᠦᠭ᠌ ᠮᠠᠠᠳᠤ ᠰᠠᠢ᠌ᠨ᠃ ᠪᠢ ᠳᠦᠱᠢ ᠪᠠᠷ ᠨᠠᠮᠤᠷᠵᠢᠵᠤ ᠪᠠᠢ᠌ᠨ᠎ᠠ᠃ ᠨᠠᠮᠤᠷ ᠤᠨ ᠰᠡᠭᠦᠯ ᠰᠠᠷ᠎ᠠ ᠭᠠᠷᠤᠭᠠᠤᠨ ᠠᠭᠤᠯᠠᠨ ᠳᠠᠭᠠᠨ ᠣᠷᠤᠨ᠎ᠠ ᠁ ᠭᠡᠮᠡᠨ ᠪᠠᠽᠠᠷ ᠶᠠᠭᠠᠷᠠᠯ ᠦᠭᠡᠶ ᠳᠠᠢ᠌ᠪᠣᠩ ᠭᠡᠯᠡᠵᠤ᠂ ᠮᠥᠩᠭᠦᠨ ᠠᠶᠠᠭᠠᠳᠠᠢ ᠠᠷᠢᠭᠢ ᠶᠢ ᠳᠤᠠᠳᠠᠭᠤᠷᠯᠠᠵᠤ ᠰᠠᠭᠤᠪᠠ᠃ ᠶᠡᠭᠡ ᠰᠤᠭᠳᠤᠵᠤ ᠥᠷᠭᠡᠨ ᠰᠠᠭᠤᠳᠠᠯ ᠳᠡᠭᠡᠷ᠎ᠡ ᠪᠠᠨ ᠳᠠᠢ᠌ᠪᠠᠯᠵᠠᠨ ᠪᠠᠢ᠌ᠭ᠎ᠠ ᠨᠤᠶᠠᠨ ᠢ ᠠᠶᠠᠭᠠᠨ ᠤ ᠪᠠᠨ ᠠᠮᠠᠰᠠᠷ ᠳᠡᠭᠡᠭᠦᠷ ᠬᠠᠷᠠᠬᠤ ᠳᠠᠭᠠᠨ ᠵᠤᠴᠢᠨ᠄ 《ᠭᠠᠭᠴᠠᠭᠠᠷ ᠶᠢᠡᠨ ᠴᠦᠯᠠᠵᠤ ᠰᠠᠭᠤᠬᠤ ᠶᠢ ᠨᠢ ᠪᠣᠳᠤᠬᠤ ᠳᠤ ᠳᠤᠭᠠᠷ ᠴᠤ ᠪᠦᠷ ᠠᠷᠢᠭᠢᠴᠢᠨ ᠪᠣᠯᠵᠠᠢ᠃ ᠵᠠ ᠪᠠᠢ᠌ᠵᠠ᠂ ᠶᠠᠷᠢᠶ᠎ᠠ ᠪᠠᠨ ᠶᠠᠮᠠᠷ ᠰᠢᠤ ᠶᠠᠩᠵᠤᠳᠠᠢ ᠡᠭᠢᠯᠡᠭᠦ ᠪᠣᠢ ⁈ ᠦᠪᠡᠷ ᠶᠢᠡᠷ ᠨᠢ ᠶᠠᠷᠢᠭᠤᠯᠬᠤ ᠶᠤᠮᠰᠠᠨ︕ ᠶᠠᠭᠠᠭᠢᠰᠭᠢᠭᠠᠳ ᠴᠤ ᠬᠠᠭᠠᠰ ᠮᠥᠩᠭᠦ ᠶᠢ ᠨᠢ ᠴᠤ ᠪᠣᠯᠪᠠ ᠳᠦᠯᠦᠭᠦᠯᠴᠢᠭᠡᠶᠡ ᠳ᠋ᠠ︕》 ᠭᠡᠮᠡᠨ ᠪᠣᠳᠤᠵᠤ ᠪᠠᠢ᠌ᠯ᠎ᠠ᠃
᠊᠊᠊᠊᠊᠊᠊᠊᠊᠊᠊᠊᠊᠊᠊ ᠨᠤᠶᠠᠨ ᠮᠢᠨᠢ᠂ ᠳᠡᠭᠡᠭᠡᠤᠨ ᠵᠡᠩᠴᠢᠭᠦᠤ ᠪᠠᠷ ᠥᠭᠡᠷ᠎ᠡ ᠰᠤᠨᠢᠨ ᠶᠠᠭᠤᠮ᠎ᠠ ᠦᠭᠡᠶ ᠦᠦ ᠳ᠋ᠠ︖ ᠮᠠᠨ ᠤ ᠭᠡᠳᠤᠨ ᠮᠠᠯᠴᠢᠳ ᠤᠨ ᠴᠠᠯᠢᠩ ᠢ ᠰᠠᠩ ᠤᠨ ᠪᠣᠱᠤᠭᠠᠨ ᠳᠡᠭᠡᠷ᠎ᠡ ᠠᠪᠴᠢᠬᠠᠳᠠᠭ᠂ ᠮᠦᠨ ᠠᠢ᠌ᠬᠤᠪᠳᠤᠷ ᠡ ᠭᠡᠰᠡᠨ ᠳᠤ ᠴᠠᠭᠠᠳᠤᠭᠢ ᠨᠢ᠄
᠊᠊᠊᠊᠊᠊᠊᠊᠊᠊᠊᠊᠊᠊᠊ ᠣᠳᠤ ᠶᠠᠭᠠᠭᠢᠬᠤᠪ᠂ ᠦᠷᠢ ᠲᠡᠶ ᠭᠦᠮᠤᠨ ᠥᠭᠡᠳᠡᠯᠡᠳᠡᠭ᠌ ᠦᠭᠡᠶ ᠭᠡᠳᠡᠭ᠌᠂ ᠦᠷᠢ ᠲᠡᠶ ᠬᠤᠰᠢᠭᠤ ᠪᠠᠰᠠ ᠥᠭᠡᠳᠡᠯᠡᠳᠡᠭ᠌ ᠦᠭᠡᠶ ᠶᠤᠮ ᠪᠠᠢ᠌ᠨ᠎ᠠ ᠭᠡᠵᠤ ᠭᠡᠨᠡᠭ᠌ ᠦᠭᠡᠶ ᠭᠡᠯᠡᠵᠤ ᠪᠠᠢ᠌ᠯ᠎ᠠ᠃ ᠳᠡᠭᠡᠭ᠍ᠰᠡᠨ ᠶᠢᠡᠨ ᠪᠠᠽᠠᠷ ᠤᠨ ᠶᠠᠷᠤ ᠳᠤᠭᠤᠭᠰᠠᠨ ᠶᠠᠩᠵᠤ ᠦᠭᠡᠶ ᠴᠢᠩᠨᠠᠵᠤ ᠰᠠᠭᠤᠭ᠎ᠠ ᠶᠢ ᠬᠠᠷᠠᠭᠠᠤᠨ ᠨᠤᠶᠠᠨ ᠤ ᠬᠠᠷᠠᠴᠠ ᠡᠷᠭᠢᠯᠳᠤᠨ ᠬᠠᠷᠠᠩᠭ᠋ᠣᠢ᠌ᠯᠠᠬᠤ ᠳᠤᠩᠭ᠋ᠤᠷᠠᠭ ᠤᠨ ᠢᠷ ᠮᠠᠳᠤ ᠬᠤᠷᠴᠠ ᠪᠣᠯᠪᠠ᠃ ᠴᠢᠭᠢᠨ ᠳᠤ ᠨᠢ 《ᠠᠭᠤᠯᠠ ᠶᠢᠨ ᠳᠤᠭᠠᠷ ᠨᠤᠶᠠᠨ ᠳᠦᠯᠦᠭᠦ ᠦᠭᠡᠶ᠂ ᠶᠠᠮᠠᠷ ᠠᠭᠤᠯᠠ ᠨᠢ ᠳᠦᠯᠦᠭᠦ ᠦᠦ ⁈》 ᠭᠡᠰᠡᠨ ᠥᠭᠡ ᠬᠠᠳᠠᠭᠠᠤᠨ ᠶᠠᠪᠣᠴᠢᠬᠠᠯ᠎ᠠ᠃ ᠠᠭᠤᠯᠠ ᠶᠢᠨ ᠳᠤᠭᠠᠷ ᠨᠤᠶᠠᠨ ᠠᠭᠤᠷ ᠶᠢᠡᠨ ᠪᠠᠷᠢᠵᠤ ᠴᠢᠳᠠᠯ ᠦᠭᠡᠶ᠄
᠊᠊᠊᠊᠊᠊᠊᠊᠊᠊᠊᠊᠊᠊᠊ ᠢᠩᠭᠢᠭᠦ ᠳᠤ ᠴᠢ ᠶᠠᠭᠤ ᠰᠤᠨᠢᠷᠬᠠᠭᠰᠠᠨ ᠭᠦᠮᠤᠨ ᠪᠣᠢ ᠭᠡᠴᠢᠭᠡᠯ᠎ᠡ᠃
ᠨᠤᠶᠠᠨ ᠵᠠᠩᠳᠤᠷᠤᠭᠰᠠᠨ ᠦᠭᠡᠶ᠃ ᠭᠡᠪᠠᠴᠤ ᠳᠠᠭᠤ ᠨᠢ ᠳᠠᠮᠤᠷ ᠢ ᠳᠠᠮᠤᠷ ᠲᠤ ᠬᠠᠪᠢᠷᠠᠬᠤ ᠮᠠᠳᠤ ᠭᠢᠬᠤᠩᠭ᠋ᠠ ᠵᠢᠪᠠᠭᠦᠨ ᠰᠤᠨᠤᠰᠳᠠᠪᠠ᠃ ᠠᠮᠠ ᠨᠢ ᠬᠤᠭᠤᠯᠠ ᠨᠡᠭᠡᠭ᠍ᠰᠡᠨ ᠨᠢᠷᠠᠢ ᠭᠡᠦᠭᠡᠤᠨ ᠤᠨ ᠠᠮᠠ ᠰᠢᠭ ᠢᠷᠪᠠᠯᠵᠠᠨ᠂ ᠰᠢᠯᠤᠰᠤ ᠨᠢ ᠰᠠᠪᠢᠷᠠᠨ᠎ᠠ᠃ 《ᠰᠤᠭᠳᠤᠭᠤ ᠨᠤᠪᠰᠢ ᠲᠡᠶ ᠶᠠᠭᠤ ᠴᠤ ᠶᠠᠷᠢᠵᠤ ᠪᠠᠢ᠌ᠬᠤ ᠶᠤᠮ ᠪᠢᠯᠠ ⁈》 ᠭᠡᠵᠤ ᠪᠣᠳᠤᠭᠰᠠᠨ ᠪᠠᠽᠠᠷ᠄
᠊᠊᠊᠊᠊᠊᠊᠊᠊᠊᠊᠊᠊᠊᠊ ᠨᠤᠶᠠᠨ ᠳᠠ ᠰᠤᠭᠳᠤᠵᠠᠢ᠃ ᠣᠳᠤ ᠠᠮᠠᠷᠠ ᠭᠡᠪᠡ᠃ ᠦᠨᠡᠨ ᠳᠤ ᠪᠠᠨ ᠳᠤ᠋ ᠨᠤᠶᠠᠨ ᠰᠤᠭᠳᠤᠭᠰᠠᠨ ᠪᠣᠯᠪᠠᠴᠤ ᠪᠠᠰᠠ ᠴᠤ ᠣᠬᠠᠭᠠᠨ ᠳᠠᠯᠪᠢᠭ᠎ᠠ ᠦᠭᠡᠶ ᠪᠠᠢ᠌ᠯ᠎ᠠ᠃ 《ᠡᠨᠡ ᠳᠡᠨᠡᠭ᠌ ᠠᠮᠢᠳᠠᠨ ᠵᠡᠩᠴᠢᠭᠦᠤ ᠭᠦᠷᠳᠡᠯ᠎ᠡ ᠴᠤ ᠵᠠᠷᠭᠤᠯᠳᠤᠵᠤ ᠮᠠᠳᠠᠨ᠎ᠠ᠃ ᠳᠡᠭᠡᠪᠠᠯ ᠪᠦᠷ ᠳᠠᠮᠳᠢᠨ ᠢ ᠪᠠᠯᠠᠯᠤᠨ᠎ᠠ᠃ ᠬᠤᠰᠢᠭᠤᠨ ᠤ ᠠᠮᠪᠠᠨ ᠰᠤᠯᠢᠭᠳᠠᠬᠤ ᠴᠤ ᠶᠠᠭᠠᠭᠢᠬᠤᠪ ᠪᠣᠯᠪᠠᠴᠤ᠂ ᠳᠠᠮᠳᠢᠨ ᠠᠮᠪᠠᠨ ᠵᠠᠢ᠌ᠯᠠᠪᠠᠯ ᠪᠢ ᠬᠤᠭᠢᠷᠠᠨᠠ᠃ ᠰᠢᠳᠤᠷᠭᠤ ᠳᠡᠨᠡᠭ᠌ ᠠᠮᠢᠳᠠᠨ᠂ ᠮᠠᠯᠴᠢᠳ ᠤᠨ ᠴᠠᠯᠢᠩ ᠢ ᠵᠠᠪᠠᠯ ᠳᠠᠯᠪᠢᠭᠤᠯᠬᠤ ᠭᠡᠵᠤ ᠵᠢᠦᠡᠭᠦᠭᠦ ᠨᠢ ᠯᠠᠪ᠃ ᠣᠳᠤ ᠯᠠ ᠠᠷᠭᠠᠯᠠᠬᠤ ᠶᠤᠮᠰᠠᠨ》 ᠭᠡᠵᠤ ᠪᠣᠳᠤᠵᠤ ᠠᠮᠵᠢᠪᠠ᠃ ᠳᠡᠭᠡᠭ᠍ᠰᠡᠨ ᠶᠢᠡᠨ ᠬᠣᠢ᠌ᠮᠤᠷ ᠳᠠᠭᠢ ᠯᠤᠤ ᠶᠢᠨ ᠭᠡ ᠲᠡᠶ ᠣᠷᠳᠤ ᠣᠯᠠᠭᠠᠨ ᠠᠪᠳᠠᠷ᠎ᠠ ᠶᠢᠨ ᠪᠤᠯᠦᠩ ᠶᠢᠡᠷ ᠭᠠᠷ ᠶᠢᠡᠨ ᠶᠠᠪᠣᠭᠤᠯᠤᠨ ᠳᠠᠪᠢᠨ ᠯᠠᠩ ᠤᠨ ᠶᠤᠸᠠᠮᠪᠣᠤ ᠠᠤᠠᠬᠤᠵᠤ ᠢᠷᠡᠭᠡᠤᠨ᠄
᠊᠊᠊᠊᠊᠊᠊᠊᠊᠊᠊᠊᠊᠊᠊ ᠮᠠᠢ᠂ ᠪᠠᠽᠠᠷ᠃ ᠵᠡᠩᠴᠢᠭᠦᠤ ᠶᠢᠨ ᠪᠠᠯᠡᠭ᠌︕ ᠡᠨᠡ ᠵᠢᠯ ᠮᠠᠠᠵᠤ ᠡᠵᠡᠨ ᠤ ᠰᠥᠷᠦᠭ᠌ ᠢ ᠥᠰᠭᠡᠭ᠍ᠰᠡᠨ ᠭᠡᠵᠤ ᠪᠢ ᠴᠢᠮᠢ᠋ᠢ ᠱᠠᠩᠨᠠᠵᠤ ᠪᠠᠢ᠌ᠭ᠎ᠠ ᠶᠤᠮ᠁ ᠮᠠᠯᠴᠢᠳ ᠤᠨ ᠴᠠᠯᠢᠩ ᠢ ᠨᠢᠭᠡ ᠭᠡᠰᠡᠭ᠌ ᠲᠤ ᠪᠠᠨ ᠣᠯᠵᠤ ᠥᠭ᠍ᠴᠤ ᠴᠢᠳᠠᠬᠤ ᠦᠭᠡᠶ ᠯᠠ ᠪᠣᠯᠤᠯᠳᠠᠢ᠃ ᠵᠠ᠂ ᠶᠠᠭᠠᠭᠢᠬᠤᠪ ᠭᠡᠮᠡᠨ ᠪᠦᠷ ᠠᠷᠢᠭᠢ ᠭᠠᠷᠴᠢᠬᠠᠨ᠎ᠠ ᠦᠦ ᠳ᠋ᠠ ᠭᠡᠯᠳᠡᠢ ᠴᠡᠭ᠍ᠴᠡ ᠰᠢᠯᠤᠭᠤᠨ ᠭᠡᠯᠡᠭᠡᠤᠨ᠂ ᠭᠡᠢ᠌ᠴᠢᠨ ᠢ ᠠᠷᠭᠠᠳᠠᠭᠰᠠᠨ ᠰᠤᠭᠳᠤᠭᠤ ᠬᠠᠷᠠᠴᠠ ᠪᠠᠷ ᠭᠦᠯᠢᠷᠡᠵᠤ ᠶᠤᠸᠠᠮᠪᠣᠤ ᠲᠡᠶ ᠭᠠᠷ ᠶᠢᠡᠨ ᠰᠤᠩᠭ᠋ᠠᠪᠠ᠃
ᠪᠠᠽᠠᠷ ᠬᠠᠭᠤᠷᠮᠠᠴᠢ ᠭᠦᠡᠳᠦᠦᠡᠭᠡᠯ ᠥᠵᠡᠭᠦᠯᠤᠨ ᠳᠤᠮᠤ ᠪᠠᠯᠡᠭ᠌ ᠢ ᠬᠤᠶᠠᠷ ᠭᠠᠷᠳᠠᠨ ᠠᠪᠣᠭᠠᠤᠨ ᠳᠤᠬᠤᠨ ᠳᠠᠭᠠᠨ ᠭᠦᠷᠭᠡᠨ᠄
᠊᠊᠊᠊᠊᠊᠊᠊᠊᠊᠊᠊᠊᠊᠊ ᠡᠵᠡᠨ ᠤ ᠭᠡᠰᠢᠭ᠌ ᠡᠭᠡᠯᠢᠳᠡᠢ ᠪᠣᠯᠳᠤᠭᠠᠢ᠂ ᠳᠠᠨ ᠤ ᠭᠡᠰᠢᠭ᠌ ᠳᠠᠭᠠᠳᠠᠢ ᠪᠣᠯᠳᠤᠭᠠᠢ᠃ ᠭᠡᠭᠡᠷ᠎ᠡ ᠬᠤᠨᠤᠵᠤ ᠭᠡᠴᠡ ᠳᠠᠷᠠᠯᠠᠵᠤ᠂ ᠭᠠᠳᠠᠭ᠎ᠠ ᠭᠠᠩᠳᠠᠵᠤ᠂ ᠭᠦᠳᠡᠭᠡ ᠭᠦᠭᠡᠷᠡᠵᠤ ᠶᠠᠪᠣᠭᠠᠤᠨ ᠡᠨᠡ ᠵᠢᠯ ᠬᠤᠭᠤᠰᠤᠨ ᠬᠤᠴᠤᠷᠤᠭᠰᠠᠨ ᠮᠠᠯᠴᠢᠳ ᠤᠨ ᠮᠥᠩᠭᠦ ᠶᠢ ᠣᠯᠭᠤᠭᠤᠯᠬᠤ ᠪᠠᠷ ᠪᠢ ᠡᠨᠡ ᠳᠠᠪᠢᠨ ᠯᠠᠩ ᠢ ᠵᠠᠷᠤᠨ᠎ᠠ ᠭᠡᠵᠡᠢ᠃ ᠡᠨᠡ ᠥᠭᠡ ᠶᠢ ᠰᠤᠨᠤᠰᠤᠭᠠᠤᠨ ᠨᠤᠶᠠᠨ ᠤ ᠰᠠᠤᠠᠭᠢᠯ ᠳᠤᠩᠰᠤᠯᠵᠤ᠂ ᠨᠢᠳᠤ ᠨᠢ ᠬᠠᠷᠠᠩᠭ᠋ᠣᠢ᠌ᠯᠠᠵᠤ ᠪᠢᠯᠠ᠃ ᠵᠠᠪᠢᠯᠠᠭ᠎ᠠ ᠰᠠᠭᠤᠳᠠᠯ ᠶᠢᠡᠨ ᠵᠠᠳᠠᠯᠤᠨ ᠪᠠᠷᠠᠭᠤᠨ ᠭᠦᠯ ᠶᠢᠡᠨ ᠭᠢᠰᠭᠢᠨ ᠦᠨᠳᠠᠢ᠌ᠵᠤ᠄
᠊᠊᠊᠊᠊᠊᠊᠊᠊᠊᠊᠊᠊᠊᠊ ᠡᠡᠭ᠌᠂ ᠴᠢ ᠶᠠᠭᠠᠭᠢᠨ᠎ᠠ ᠭᠡᠨ᠎ᠡ ᠡ ⁈ ᠮᠠᠭᠤ ᠨᠤᠬᠠᠢ᠃ ᠴᠢᠨᠤ ᠶᠠᠭᠤ ᠰᠢᠩᠰᠢᠯᠠᠵᠤ ᠢᠷᠡᠭ᠍ᠰᠡᠨ ᠢ ᠴᠢᠨᠢ ᠪᠢ ᠮᠠᠳᠠᠵᠤ ᠪᠠᠢ᠌ᠨ᠎ᠠ︕ ᠁
ᠶᠠᠷᠤ ᠡᠴᠡ ᠵᠢᠷᠦᠭᠡ ᠭᠦᠭᠡᠷᠦᠤ᠂ ᠠᠮᠢᠰᠬᠤᠭ᠎ᠠ ᠳᠡᠭᠡᠷ᠎ᠡ ᠶᠠᠪᠣᠭᠰᠠᠨ ᠪᠠᠽᠠᠷ ᠰᠢᠷ᠎ᠠ ᠳᠤᠰᠤ ᠰᠠᠮᠤᠷᠠᠭᠰᠠᠨ ᠭᠡᠭᠦᠨ ᠤ ᠬᠠᠯᠠᠭᠤᠨ ᠰᠠᠷᠬᠤᠤᠨ ᠭᠤᠷᠪᠠᠨ ᠠᠶᠠᠭ᠎ᠠ ᠵᠠᠯᠭᠢᠯᠠᠴᠢᠬᠠᠭᠰᠠᠨ ᠰᠠᠭᠤᠵᠤ ᠪᠠᠢ᠌ᠭᠰᠠᠨ ᠳᠤᠯᠠ ᠨᠤᠶᠠᠨ ᠤ ᠴᠢᠩᠭᠢᠵᠤ ᠰᠥᠷᠡᠭᠡᠢ ᠣᠮᠤᠭᠳᠠᠭᠰᠠᠨ ᠳᠤ ᠠᠭᠤᠷ ᠨᠢ ᠰᠢᠳᠠᠭᠠᠤᠨ ᠶᠠᠪᠣᠴᠢᠬᠠᠪᠠ᠃ ᠳᠡᠭᠡᠭᠡᠤᠨ ᠴᠤ ᠨᠠᠷᠠᠨ ᠤ ᠳᠤᠤᠷ᠎ᠠ ᠰᠠᠢ᠌ᠨ ᠬᠤᠯᠠᠭᠠᠢ᠌ᠴᠢ᠂ ᠨᠠᠭᠠᠳᠤᠮ ᠳᠤᠮᠳᠠ ᠰᠠᠢ᠌ᠨ ᠪᠦᠭᠡ ᠬᠠᠩᠭ᠋ᠠᠢ ᠬᠤᠴᠢᠳᠤ ᠪᠠᠽᠠᠷ ᠳᠠᠷᠠ ᠪᠣᠯᠭᠠᠨ ᠡᠨᠡ ᠮᠠᠳᠤ ᠥᠭᠡ ᠰᠤᠨᠤᠰᠴᠤ ᠶᠠᠪᠣᠭᠰᠠᠨ ᠦᠭᠡᠶ᠂ ᠠᠳᠠᠷ ᠣᠮᠤᠭᠤᠯᠠᠩ ᠭᠦᠮᠤᠨ ᠪᠢᠯᠠ᠃ ᠳᠤᠯᠭᠠᠨ ᠤ ᠵᠡᠭᠦᠨ ᠳᠠᠯ᠎ᠠ ᠡᠴᠡ ᠪᠠᠶᠠᠨ ᠭᠡᠦᠭᠡᠨ ᠳᠠᠭᠤ ᠠᠯᠳᠠᠵᠤ᠄
᠊᠊᠊᠊᠊᠊᠊᠊᠊᠊᠊᠊᠊᠊᠊ ᠶᠠᠭᠠᠭᠢᠳᠠᠭ ᠪᠢᠯᠠ᠂ ᠨᠤᠶᠠᠨ ᠮᠢᠨᠢ ᠶᠠᠭᠤ ᠪᠠᠨ ᠶᠠᠷᠢᠵᠤ ᠪᠠᠢ᠌ᠨ᠎ᠠ ᠳ᠋ᠠ ⁈ ᠪᠠᠽᠠᠷ ᠢ ᠮᠢᠨᠢ ᠭᠡᠰᠡᠨ ᠳᠤ ᠵᠠᠯᠠᠭᠤ ᠡᠷ᠎ᠡ 《ᠪᠦᠰᠡᠭᠦᠢ ᠭᠦᠮᠤᠨ ᠤ ᠳᠡᠷᠭᠡᠳᠡ ᠥᠮᠡᠭᠡᠢ ᠥᠭᠡ ᠪᠠᠷ ᠳᠠᠭᠠᠷᠢᠭᠤᠯᠤᠯᠠ》 ᠭᠡᠵᠤ ᠪᠣᠳᠤᠬᠤ ᠳᠠᠭᠠᠨ ᠪᠦᠷ ᠴᠤ ᠬᠤᠷᠤᠯᠬᠠᠵᠤ᠄
᠊᠊᠊᠊᠊᠊᠊᠊᠊᠊᠊᠊᠊᠊᠊ ᠨᠤᠶᠠᠨ ᠳᠠᠨ ᠳᠤ ᠨᠤᠬᠠᠢ ᠭᠦᠮᠤᠨ ᠬᠤᠶᠠᠷ ᠤᠨ ᠠᠯᠢᠨ ᠪᠣᠯᠬᠤ ᠪᠠᠨ ᠥᠵᠡᠭᠦᠯᠦᠨ᠎ᠡ ᠳ᠋ᠠ︕ 《ᠭᠦᠮᠤᠨ ᠤ ᠮᠠᠭᠤ ᠭᠦᠮᠤᠨ ᠳᠠᠭᠠᠷᠢᠳᠠᠭ᠂ ᠮᠤᠷᠢᠨ ᠤ ᠮᠠᠭᠤ ᠭᠡᠷ ᠳᠠᠭᠠᠷᠢᠳᠠᠭ》 ᠶᠤᠮ ᠭᠡᠵᠡᠢ᠃
ᠪᠠᠽᠠᠷ ᠪᠣᠰᠤᠭᠠᠤᠨ ᠢᠷᠠᠪᠠ᠃ ᠳᠤᠭᠠᠷ ᠨᠤᠶᠠᠨ ᠴᠤ ᠰᠠᠯᠠᠭᠠᠨᠠᠭᠰᠠᠭᠠᠷ ᠦᠨᠳᠠᠢ᠌ᠯᠠ᠃ ᠪᠠᠶᠠᠨ ᠭᠡᠦᠭᠡᠨ ᠳᠤᠯᠭᠠᠨ ᠤ ᠵᠡᠭᠦᠡᠳᠡᠢ ᠮᠠᠭᠤᠬᠠᠢ ᠴᠢᠷᠠᠯᠠᠨ ᠣᠭᠢᠯᠠᠩᠨᠠᠭᠠᠤᠨ ᠨᠢᠭᠤᠷ ᠶᠢᠡᠨ ᠳᠠᠷᠤᠵᠤ ᠪᠠᠢ᠌ᠪᠠ᠃
᠊᠊᠊᠊᠊᠊᠊᠊᠊᠊᠊᠊᠊᠊᠊ ᠴᠢ ᠶᠠᠪᠣᠵᠤ ᠵᠠᠷᠭᠤᠯᠳᠤ︕ ᠳᠠ ᠨᠡᠷ ᠵᠠᠷᠭᠤ ᠪᠠᠨ ᠠᠪᠣᠨ᠎ᠠ ᠭᠡᠵᠤ ᠰᠠᠨᠠᠵᠤ ᠪᠠᠢ᠌ᠨᠠᠤ︖ ᠪᠢ ᠪᠣᠯ ᠪᠣᠭᠳᠠ ᠡᠵᠡᠨ ᠤ ᠪᠣᠰᠤᠭ᠎ᠠ ᠴᠠᠭᠠᠨ ᠨᠤᠶᠠᠨ᠂ ᠴᠢ ᠪᠣᠯ ᠰᠤᠯᠠ ᠬᠠᠷ᠎ᠠ᠂ ᠰᠤᠬᠤᠷ ᠪᠣᠷᠤ ᠶᠠᠪᠣᠭᠰᠠᠨ ᠰᠢᠯᠢ ᠶᠢᠨ ᠮᠠᠭᠤ ᠬᠤᠯᠠᠭᠠᠢ᠌ᠴᠢ︕ ᠠᠳᠤᠭᠤᠨ ᠵᠢᠷᠭᠤᠭᠠᠨ ᠡᠷ᠎ᠡ ᠵᠠᠭᠢᠷᠬᠤ ᠮᠠᠢ᠌ᠷᠠᠨ ᠪᠣᠯᠭᠠᠭᠰᠠᠨ ᠢ ᠮᠢᠨᠢ ᠬᠠᠠᠴᠤᠢ ᠳᠠᠭᠠᠨ ᠵᠠᠯᠪᠠᠷᠢᠵᠤ ᠶᠠᠪᠣ᠃ ᠳᠦᠢ᠌᠂ ᠵᠠᠢ᠌ᠯᠠ ᠭᠡᠤᠨ ᠨᠢᠯᠪᠣᠭᠰᠠᠨ ᠳᠤ ᠰᠤᠭᠳᠤᠭᠤ ᠨᠤᠶᠠᠨ ᠤ ᠰᠢᠯᠤᠰᠤ ᠪᠠᠽᠠᠷ ᠤᠨ ᠳᠠᠪᠠᠯ ᠤᠨ ᠬᠤᠷᠮᠤᠢ ᠳᠡᠭᠡᠷ᠎ᠡ ᠢᠷᠠᠵᠤ ᠣᠨᠠᠯ᠎ᠠ᠃
᠊᠊᠊᠊᠊᠊᠊᠊᠊᠊᠊᠊᠊᠊᠊ 《ᠪᠣᠭᠳᠠ ᠡᠵᠡᠨ ᠤ ᠪᠣᠰᠤᠭ᠎ᠠ ᠴᠠᠭᠠᠨ ᠨᠤᠶᠠᠨ》 ᠣᠳᠤᠬᠠᠨ ᠰᠠᠭᠤᠨ᠎ᠠ︕ ᠨᠤᠶᠠᠨ ᠢ ᠭᠢᠳᠤᠭᠠᠯᠠᠭᠠᠤᠨ ᠮᠥᠯᠭᠦᠭᠦᠯᠴᠢᠭᠡᠪᠠᠯ ᠠᠯᠳᠠᠨ ᠶᠤᠸᠠᠮᠪᠣᠤ ᠣᠯᠤᠭᠠᠤᠨ ᠢᠷᠦᠭᠡᠯ ᠠᠪᠣᠭᠤᠯᠤᠭᠰᠠᠨ ᠲᠡᠶ ᠠᠳᠠᠯᠢᠬᠠᠨ ᠭᠡᠤᠨ ᠪᠠᠽᠠᠷ ᠡᠮᠦᠨ᠎ᠡ ᠪᠠᠨ ᠣᠠᠵᠠᠢ᠌ᠵᠤ ᠪᠠᠢ᠌ᠭᠰᠠᠨ ᠥᠭᠡᠷ ᠰᠡᠭᠦᠯᠳᠤ ᠭᠢᠳᠤᠭ᠎ᠠ ᠶᠢ ᠬᠤᠢ ᠡᠴᠡ ᠨᠢ ᠰᠤᠭᠤᠯᠵᠤ᠂ ᠨᠢᠳᠤ ᠢᠷᠮᠡᠭᠦ ᠶᠢᠨ ᠵᠠᠭᠤᠷ᠎ᠠ ᠭᠢᠯᠡᠰᠭᠢᠯᠭᠡᠨ ᠳᠤᠭᠠᠷ ᠨᠤᠶᠠᠨ ᠤ ᠪᠠᠷᠠᠭᠤᠨ ᠭᠤᠶ᠎ᠠ ᠣᠷᠤᠭᠤ ᠳᠦᠷᠦᠴᠢᠭᠡᠪᠡ᠃ ᠴᠠᠭᠠᠳᠤᠭᠢ ᠨᠢ ᠴᠤ ᠵᠥᠭᠡᠯᠡᠭᠡᠨ ᠳᠠᠭᠤ ᠠᠯᠳᠠᠭᠠᠤᠨ᠂ ᠳᠤᠭᠤᠯᠪᠣᠷᠢᠳᠠᠢ ᠨᠢ ᠠᠷᠭ᠎ᠠ ᠦᠭᠡᠶ ᠰᠠᠭᠤᠵᠤ ᠦᠭᠭᠦᠯ᠎ᠡ ᠁
᠁ ᠁
᠊᠊᠊᠊᠊᠊᠊᠊᠊᠊᠊᠊᠊᠊᠊ ᠠᠳᠤᠭᠤᠨ ᠰᠥᠷᠦᠭ᠌ ᠤᠨ ᠪᠠᠽᠠᠷ ᠮᠠᠢ᠌ᠷᠠᠨ ᠳᠠᠷᠠ ᠰᠦᠨᠢ ᠳᠡᠭᠡᠨ ᠬᠤᠰᠢᠭᠤ ᠨᠤᠳᠤᠭ ᠡᠴᠡ ᠪᠠᠨ ᠵᠠᠢ᠌ᠯᠠᠵᠠᠢ ᠭᠡᠰᠡᠨ ᠴᠢᠮᠡᠭᠡ ᠨᠢᠭᠡ ᠬᠤᠶᠠᠷ ᠬᠤᠨᠤᠭ ᠤᠨ ᠳᠠᠷᠠᠭ᠎ᠠ ᠰᠠᠯᠭᠢ ᠣᠯᠠᠯᠠᠭᠰᠠᠨ ᠮᠠᠳᠤ ᠭᠠᠵᠠᠷ ᠪᠣᠯᠭᠠᠨ ᠳᠤ ᠳᠠᠷᠬᠠᠵᠤ ᠪᠠᠢ᠌ᠪᠠ᠃
ᠵᠤᠬᠢᠶᠠᠭᠴᠢ᠄ ᠳ·ᠮᠠᠮᠠ
ᠳᠠᠷᠤᠮ᠄ 8418
ᠴᠠᠭ᠄ 2007 ᠤᠨ ᠤ 03 ᠰᠠᠷ᠎ᠠ ᠶᠢᠨ 21