ᠭᠤᠷᠪᠠ ᠂ ᠡᠷᠳᠡᠮ ᠤᠨ ᠡᠷᠢᠯ᠂ ᠮᠡᠳᠡᠯᠭᠡ ᠶᠢᠨ ᠭᠦᠰᠡᠯ
ᠠᠷᠪᠠ ᠶᠢᠰᠦᠳᠦᠭᠡᠷ ᠵᠠᠭᠤᠨ ᠤ ᠰᠡᠭᠦᠯᠴᠢ ᠶᠢᠨ ᠳᠠᠷᠠ ᠭᠡᠳᠤᠨ ᠵᠢᠯ ᠳᠤ ᠮᠤᠩᠭ᠋ᠤᠯᠵᠢᠨ ᠬᠤᠰᠢᠭᠤᠨ ᠤ ᠪᠠᠢ᠌ᠭᠠᠯᠢ ᠨᠡᠢ᠌ᠭᠡᠮ ᠤᠨ ᠠᠭᠤᠷ ᠠᠮᠢᠰᠬᠤᠯ ᠡᠳᠡᠭᠡᠳ ᠵᠢᠪᠠᠭᠦᠨ ᠪᠠᠢ᠌ᠭᠰᠠᠨ ᠶᠤᠮ᠃ ᠳᠡᠦᠭᠡᠨ ᠳᠤ ᠭᠠᠷᠤᠭ᠎ᠠ ᠦᠭᠡᠶ᠂ ᠢᠷᠡᠭᠡᠳᠦᠢ ᠳᠤ ᠴᠤ ᠭᠠᠷᠴᠤ ᠪᠣᠯᠤᠰᠢ ᠦᠭᠡᠶ ᠥᠭᠦᠯ ᠤᠨ ᠠᠶᠤᠯ᠂ ᠮᠥᠭᠦᠯ ᠤᠨ ᠭᠠᠮᠰᠢᠭ᠂ ᠪᠠᠯᠠᠨ ᠶᠢᠡᠨ ᠢᠳᠠᠵᠤ᠂ ᠵᠢᠯᠠᠨ ᠶᠢᠡᠨ ᠥᠵᠡᠭ᠍ᠰᠡᠨ ᠰᠢᠳᠤᠷᠭᠤ ᠮᠤᠩᠭ᠋ᠤᠯᠴᠤᠳ ᠲᠤ ᠨᠢᠳᠤ ᠴᠦᠳᠤ ᠦᠭᠡᠶ ᠬᠠᠷ᠎ᠠ ᠪᠠᠷ ᠴᠦᠯᠳᠤ ᠳᠠᠭᠠᠷᠢᠭᠠᠤᠨ ᠢᠷᠡᠭᠦᠯᠡᠷ ᠭᠠᠰᠠᠯᠠᠩ ᠵᠤᠪᠠᠯᠠᠩ ᠤᠨ ᠬᠠᠷ᠎ᠠ ᠡᠭᠦᠯᠡ ᠳᠠᠳᠠᠨ ᠤ ᠳᠤᠯᠤᠭᠠᠢ ᠳᠡᠭᠡᠷᠡᠭᠢ ᠨᠡᠷ᠎ᠡ ᠶᠢ ᠨᠠᠢ᠌ᠳᠠᠮ ᠬᠠᠯᠬᠠᠯᠠᠭᠰᠠᠨ ᠶᠤᠮ᠃ ᠢᠩᠭᠢᠭᠡᠳ ᠡ᠊ᠨᠳᠡᠭᠢ ᠶᠢᠨ ᠮᠤᠩᠭ᠋ᠤᠯᠴᠤᠳ ᠤᠨ ᠣᠯᠠᠩᠭᠢ ᠨᠢ ᠠᠮᠢᠳᠤᠷᠠᠯ ᠤᠨ ᠭᠦᠯ ᠣᠯᠠ ᠪᠠᠨ ᠠᠯᠳᠠᠵᠤ ᠪᠢᠯᠠ ︕
ᠪᠣᠷᠤᠭᠠᠨ ᠠᠬᠠᠳᠠᠵᠤ᠂ ᠦᠶᠡᠷ ᠪᠠᠭᠤᠭᠠᠤᠨ ᠳᠠᠷᠢᠶ᠎ᠠ ᠲᠦᠮᠦᠰᠦ ᠶᠢ ᠪᠠᠨ ᠵᠤᠯᠭ᠎ᠠ ᠣᠷᠤᠰᠬᠠᠭᠤᠯᠤᠭᠰᠠᠨ ᠡᠴᠡ ᠮᠥᠭᠦᠯᠢᠭ᠌ ᠠᠮᠤ ᠣᠯᠵᠤ ᠬᠤᠷᠢᠶᠠᠭᠰᠠᠨ ᠦᠭᠡᠶ ᠡᠷᠦᠭᠡ ᠮᠤᠩ ᠦᠭᠡᠶ ᠣᠯᠠᠨ ᠪᠠᠢ᠌ᠯ᠎ᠠ᠃ ᠬᠤᠩᠬᠤᠰ ᠳᠡᠭᠡᠷᠡᠮ ᠰᠠᠮᠠᠭᠤᠷᠠᠨ᠂ ᠬᠤᠯᠠᠭᠠᠢ᠌ᠯᠠᠵᠤ ᠪᠣᠯᠢᠶᠠᠬᠤ᠂ ᠠᠯᠠᠵᠤ ᠭᠢᠳᠤᠬᠤ ᠥᠵᠡᠭ᠍ᠳᠡᠯ ᠰᠤᠨᠢᠨ ᠪᠢᠰᠢ ᠶᠠᠷᠤᠳᠠ ᠶᠢᠨ ᠭᠡᠷᠡᠭ᠌ ᠪᠣᠯᠵᠠᠢ᠃
ᠲ᠋ᠤᠭᠳᠤᠩᠭ᠋᠎ᠠ ᠭᠤᠸᠠᠢ ᠵᠢᠨ ᠭᠢᠨ ᠳᠤ ᠴᠤ ᠰᠠᠯᠭᠢ ᠳᠤᠭᠤᠰᠤᠨ ᠡᠴᠡ ᠳᠠᠯᠳᠠᠯᠠᠵᠤ᠂ ᠰᠠᠮᠠᠭᠤᠨ ᠭᠦᠯ ᠡᠴᠡ ᠵᠡᠢ᠌ᠯᠡᠵᠤ ᠳᠡᠢ᠌ᠯᠭᠦ ᠰᠠᠢ᠌ᠬᠠᠨ ᠬᠤᠪᠢ ᠳᠠᠪᠢᠯᠠᠩ ᠪᠠᠢ᠌ᠭᠰᠠᠨ ᠦᠭᠡᠶ᠃ ᠭᠡᠳᠤᠨ ᠮᠤ ᠳᠠᠷᠢᠶ᠎ᠠ ᠨᠢ᠂ ᠭᠡᠳᠤᠨ ᠰᠢᠭᠢᠷ᠎ᠠ ᠮᠠᠯ ᠨᠢ ᠣᠷᠤᠰᠬᠠᠭᠳᠠᠬᠤ ᠨᠢ ᠣᠷᠤᠰᠬᠠᠭᠳᠠᠭᠠᠤᠨ᠂ ᠳᠤᠨᠤᠭᠳᠠᠬᠤ ᠨᠢ ᠳᠤᠨᠤᠭᠳᠠᠭᠠᠤᠨ ᠥᠯᠡᠳᠡᠭ᠍ᠰᠡᠨ ᠶᠠᠭᠤᠮ᠎ᠠ ᠦᠭᠡᠶ᠃ ᠴᠤᠬᠤᠮ ᠳᠤᠭᠤᠭᠠᠨ ᠳᠤ ᠪᠠᠨ ᠥᠢᠭᠦ ᠪᠣᠳᠠᠭ᠎ᠠ ᠦᠭᠡᠶ᠂ ᠳᠠᠩᠬᠤ ᠳᠤ ᠪᠠᠨ ᠪᠣᠴᠠᠯᠭᠠᠬᠤ ᠴᠠᠢ ᠦᠭᠡᠶ ᠪᠣᠯᠳᠠᠯ᠎ᠠ ᠬᠤᠭᠤᠰᠤᠷᠠᠵᠤ᠂ ᠠᠷᠭ᠎ᠠ ᠪᠠᠨ ᠪᠠᠷᠠᠭᠠᠤᠨ ᠠᠯᠠᠭ᠎ᠠ ᠪᠠᠨ ᠨᠤᠬᠤᠯᠠᠭᠰᠠᠨ ᠳᠠᠷᠠ ᠪᠠᠷ ᠰᠦᠨ ᠯᠢᠶᠠᠩ ᠤᠨ ᠠᠬ᠎ᠠ ᠠᠷᠪᠠᠭᠠᠤᠨ ᠨᠠᠰᠤᠳᠠᠢ ᠡᠡᠶᠦᠯᠭᠦᠢ ᠪᠠᠨ ᠳᠠᠭᠠᠭᠤᠯᠵᠤ ᠳᠤᠰ ᠠᠢ᠌ᠯ ᠤᠨ ᠳᠠᠢ᠌ᠫᠢᠩ ᠭᠡᠭᠦ ᠨᠠᠷᠠᠳᠠᠢ ᠪᠠᠶᠠᠨ ᠤ ᠭᠢᠨ ᠳᠤ ᠭᠠᠳᠠᠷ ᠭᠦᠴᠤ ᠫᠡᠩᠴᠢᠩ ᠶᠡᠪᠦᠬᠤ ᠪᠣᠯᠤᠭᠰᠠᠨ ᠪᠠᠢ᠌ᠨ᠎ᠠ᠃ ᠪᠣᠰᠤᠳ ᠤᠨ ᠴᠢᠷᠠᠢ ᠬᠠᠷᠠᠵᠤ᠂ ᠪᠣᠭᠤᠯ ᠤᠨ ᠠᠮᠢᠳᠤᠷᠠᠯ ᠭᠢᠨ᠎ᠠ ᠭᠡᠵᠤ ᠴᠤᠬᠤᠮ ᠬᠤᠪᠢ ᠪᠠᠨ ᠭᠦᠭᠡᠭᠡᠵᠤ᠂ ᠬᠤᠯᠠ ᠪᠠᠨ ᠣᠨᠤᠵᠤ ᠳᠠᠳᠤᠭᠰᠠᠨ ᠨᠤᠮᠤᠬᠠᠨ ᠠᠮᠢᠳᠤᠷᠠᠯ ᠲᠡᠶ ᠳᠤᠭᠳᠤᠩᠭ᠋᠎ᠠ ᠶᠢᠨ ᠭᠢᠨ ᠳᠤ ᠠᠪᠴᠤ ᠬᠡᠯᠡᠪᠠᠯ ᠨᠢᠭᠤᠷ ᠶᠢᠡᠨ ᠪᠠᠷᠠᠵᠤ ᠨᠢᠳᠠᠷ ᠶᠢᠡᠨ ᠭᠡᠭᠡᠭ᠍ᠰᠡᠨ ᠭᠡᠷᠡᠭ᠌ ᠪᠣᠯᠵᠤ ᠠᠢ᠌ᠯ ᠭᠦᠷᠰᠢ ᠳᠤ ᠪᠠᠨ ᠭᠡᠷᠭᠢᠨ ᠳᠤᠯᠤᠭᠠᠢ ᠦᠨᠳᠠᠢ᠌ᠵᠤ᠂ ᠳᠤᠭᠤᠰᠤ ᠳᠠᠳᠠᠭᠤᠯᠵᠤ ᠶᠠᠪᠣᠵᠤ ᠴᠢᠳᠠᠬᠤ ᠪᠢᠯᠠ ︕ ᠠᠮᠠᠨ ᠳᠤᠭ᠎ᠠ ᠨᠢ ᠠᠷᠪᠢᠨ᠂ ᠭᠦᠳᠡᠯᠮᠦᠷᠢ ᠭᠦᠴᠤ ᠨᠢ ᠴᠥᠭᠡᠨ᠃ ᠠᠪᠣ ᠭᠦᠤ ᠬᠤᠶᠠᠭᠤᠯᠠ ᠪᠠᠨ ᠭᠡᠳᠥᠢᠪᠠᠷ ᠦᠷᠯᠦᠭᠡ ᠦᠳᠡᠰᠢ ᠶᠢᠨ ᠬᠤᠶᠠᠷ ᠥᠵᠦᠭᠦᠷ ᠤᠨ ᠨᠠᠷᠠ ᠶᠢ ᠣᠯᠵᠤ ᠦᠵᠡᠯ ᠦᠭᠡᠶ᠂ ᠣᠷᠤᠢ ᠶᠢᠨ ᠭᠦᠯᠦᠰᠤ ᠪᠠᠨ ᠣᠯᠠ ᠳᠤ ᠪᠠᠨ ᠳᠤᠯᠳᠠᠯ᠎ᠠ ᠣᠷᠤᠰᠬᠠᠨ᠂ ᠣᠯᠠ ᠶᠢᠨ ᠳᠤᠭᠤᠰᠤ ᠶᠢ ᠣᠷᠤᠢ ᠳᠤ ᠪᠠᠨ ᠭᠠᠷᠳᠠᠯ᠎ᠠ ᠪᠣᠳᠠᠷᠭᠠᠵᠤ᠂ ᠬᠠᠷ᠎ᠠ ᠠᠵᠢᠯ᠂ ᠬᠠᠳᠠᠭᠤ ᠭᠦᠳᠡᠯᠮᠦᠷᠢ ᠳᠤ ᠰᠢᠷᠪᠣᠰᠤ ᠪᠠᠨ ᠰᠤᠠᠳᠠᠯ᠎ᠠ᠂ ᠴᠢᠮᠦᠭᠡ ᠪᠠᠨ ᠳᠤᠠᠳᠤᠷᠠᠳᠠᠯᠠ ᠵᠢᠳᠭᠦᠪᠠᠴᠤ ᠣᠯᠵᠤ ᠠᠪᠴᠢᠷᠠᠬᠤ ᠨᠢ ᠡᠳᠦᠢ ᠳᠡᠳᠥᠢᠭᠡᠨ᠃ ᠳᠠᠭᠢᠨ ᠪᠠᠰᠠ ᠬᠤᠷᠢᠶᠠᠵᠤ ᠬᠤᠷᠠᠮᠳᠤᠭᠤᠯᠤᠭᠰᠠᠨ ᠶᠠᠭᠤᠮ᠎ᠠ ᠭᠡᠵᠤ ᠣᠭᠳᠤᠬᠠᠨ ᠴᠤ ᠪᠠᠢ᠌ᠬᠤ ᠦᠭᠡᠶ ᠪᠣᠯᠬᠤᠷ ᠨᠢᠭᠡ ᠭᠡᠷ ᠭᠦᠮᠦᠰ ᠤᠨ ᠭᠡᠳᠡᠰᠤ ᠴᠠᠳᠬᠤᠯᠠᠩ᠂ ᠮᠦᠷᠤ ᠪᠦᠳᠤᠨ ᠶᠠᠪᠣᠬᠤ ᠶᠢᠨ ᠬᠠᠮᠤᠭ ᠨᠠᠭᠠᠳᠤ ᠵᠠᠬ᠎ᠠ ᠶᠢᠨ ᠨᠥᠭᠦᠴᠡᠯ ᠪᠣᠯᠤᠮᠵᠢ ᠶᠢ ᠴᠤ ᠪᠠᠳᠤᠯᠠᠵᠤ ᠳᠡᠢ᠌ᠯᠭᠦ ᠦᠭᠡᠶ᠃ ᠦᠷᠯᠦᠭᠡ ᠢᠳᠠᠪᠠᠯ ᠦᠳᠡᠰᠢ ᠬᠤᠭᠤᠰᠤᠷᠠᠵᠤ᠂ ᠦᠮᠦᠳᠦ ᠭᠢᠪᠠᠯ ᠬᠠᠠᠳᠠᠭᠠᠰᠤ ᠥᠭᠡᠢ᠌ᠳᠡᠭᠡᠳ ᠥᠯᠦᠰᠭᠦᠯᠡᠩ ᠨᠢᠴᠦᠭᠦᠨ ᠤ ᠭᠠᠰᠢᠭᠤᠨ ᠵᠤᠪᠠᠯᠠᠩᠳᠤ ᠰᠢᠷ᠎ᠠ ᠡᠳᠦᠷ ᠪᠣᠷᠤ ᠬᠤᠨᠤᠭ ᠢ ᠥᠩᠭᠡᠷᠡᠭᠦᠯᠵᠤ ᠪᠠᠢ᠌ᠯ᠎ᠡ᠃
《ᠮᠤᠳᠤ ᠨᠡᠭᠦᠪᠠᠯ ᠥᠭᠦᠨ᠎ᠡ᠂ ᠭᠦᠮᠤᠨ ᠨᠡᠭᠦᠪᠠᠯ ᠠᠮᠢᠳᠤᠷᠠᠨ᠎ᠠ》 ᠃
ᠰᠦᠨ ᠯᠢᠶᠠᠩ ᠢ ᠳᠠᠪᠣ ᠵᠢᠷᠭᠤᠭᠠᠨ ᠨᠠᠰᠤᠨ ᠤ ᠦᠶ᠎ᠡ ᠳ᠋ᠤ ᠲ᠋ᠤᠭᠳᠤᠩᠭ᠋᠎ᠠ ᠭᠤᠸᠠᠢ ᠵᠤᠷᠢᠭ ᠰᠢᠭᠤᠳᠴᠤ ᠪᠠᠭ᠎ᠠ ᠰᠠᠭ᠎ᠠ ᠪᠠᠨ ᠪᠦᠭᠡᠮᠨᠡᠵᠤ ᠪᠠᠭᠴᠠᠯᠠᠭᠠᠤᠨ᠂ ᠡᠮᠡᠰ ᠬᠡᠦᠬᠡᠳ ᠶᠢᠡᠨ ᠳᠠᠭᠠᠭᠤᠯᠵᠤ ᠂ 《ᠳᠦᠷᠪᠠᠨ ᠳ᠋ᠸᠤ ᠶᠢᠨ ᠬᠡᠤᠳᠠᠢ ᠮᠤᠬᠤᠷᠠᠬᠤ ᠡᠴᠡ ᠪᠢᠰᠢ᠂ ᠳᠦᠴᠢ ᠶᠢᠰᠤᠨ ᠬᠤᠰᠢᠭᠤ ᠮᠤᠬᠤᠷᠠᠬᠤ ᠦᠭᠡᠶ ᠶᠦᠮ 》 ᠭᠡᠵᠤ ᠳᠠᠷᠬᠠᠨ ᠬᠤᠰᠢᠭᠤ ᠭᠡᠳᠡᠭ᠌ ᠴᠢᠨᠢ ᠳᠠᠪᠠᠭᠤ ᠭᠠᠵᠠᠷ ᠭᠡᠨ᠎ᠡ ᠭᠡᠳ ᠳᠠᠯᠪᠢᠭᠠᠤᠨ ᠢᠷᠠᠯ᠎ᠠ᠃
ᠠᠩᠬᠠᠨ ᠤ ᠳᠠᠷᠬᠠᠨ ᠬᠤᠰᠢᠭᠤᠨ ᠤ ᠱᡁᠢᠵᠢᠶᠠᠽᠢ ᠠᠢ᠌ᠯ ᠤᠨ ᠭᠡᠰᠢᠭ᠌ ᠨᠠᠷᠠᠳᠤ ᠪᠠᠶᠠᠨ ᠤ ᠭᠡᠷ ᠲᠤ ᠭᠦᠯ ᠳᠤᠭᠳᠠᠨ ᠭᠦᠴᠤ ᠶᠠᠪᠣᠵᠠᠢ᠃ ᠭᠡᠰᠢᠭ᠌ ᠪᠠᠶᠠᠨ ᠴᠤ ᠶᠡᠭᠡ ᠰᠠᠢ᠌ᠨ ᠰᠡᠳᠭᠢᠯ ᠲᠡᠶ ᠭᠦᠮᠤᠨ ᠶᠤᠮ᠃ ᠲ᠋ᠠᠳᠠᠨᠤᠰ ᠢ ᠦᠷᠤ ᠡᠪᠦᠳᠤᠨ ᠦᠷᠤᠰᠢᠶᠠᠨ ᠬᠠᠢ᠌ᠷᠠᠯᠠᠭᠠᠤᠨ᠂ ᠵᠢᠭᠦᠷ ᠤᠨ ᠬᠤᠶᠠᠷ ᠳᠠᠰᠤᠯᠭ᠎ᠠ ᠮᠠᠵᠢᠶᠠᠽᠢ ᠭᠡᠷ ᠲᠤ ᠪᠠᠨ ᠰᠠᠭᠤᠯᠭᠠᠵᠤ᠂ ᠪᠠᠰᠠ ᠶᠡᠭᠡ ᠡᠡᠬ᠎ᠠ ᠠᠶᠦᠯᠭᠦᠢ ᠳᠦᠨᠢ ᠪᠠᠷᠢ ᠭᠡᠯᠡᠯᠴᠡᠵᠤ ᠥᠭ᠍ᠴᠡᠢ᠃
ᠶᠡᠭᠡ ᠠᠬ᠎ᠠ ᠠᠶᠦᠯᠭᠦᠢ ᠭᠡᠵᠤ ᠴᠤᠬᠤᠮ ᠬᠠᠤᠯᠢ ᠪᠠᠨ ᠰᠠᠭᠢᠵᠤ᠂ ᠬᠠᠮᠠᠷ ᠶᠢᠡᠨ ᠱᠠᠭᠠᠢ᠌ᠭᠰᠠᠨ᠂ ᠨᠤᠮᠤᠬᠠᠨ ᠵᠠᠯᠠᠭᠤ᠂ ᠰᠢᠳᠤᠷᠭᠤ ᠡᠷ᠎ᠡ ᠪᠠᠢ᠌ᠯ᠎ᠠ᠃ ᠳᠦᠷᠢ ᠲᠦᠯᠤᠪ ᠳᠦᠪᠯᠡᠭᠦᠨ᠂ ᠣᠪᠣᠷ ᠪᠠᠢ᠌ᠳᠠᠯ ᠯᠠᠪᠳᠠᠭᠤᠨ ᠪᠠᠢ᠌ᠳᠠᠭ ᠨᠢ ᠠᠢ᠌ᠯ ᠤᠨ ᠭᠡᠦᠭᠡᠡᠴᠦᠳ ᠤᠨ ᠨᠢᠳᠤᠨ ᠳᠤ ᠬᠤᠪᠢᠳᠠᠢ᠂ ᠪᠣᠯᠪᠠᠰᠤᠨ᠂ 《ᠠᠶᠦᠯᠭᠦᠢ》 ᠳᠦᠷᠦᠭ᠍ᠳᠡᠯ ᠦᠭᠭᠦᠨ᠎ᠡ᠃ ᠭᠡᠰᠢᠭ᠌ ᠪᠠᠶᠠᠨ ᠤ ᠵᠠᠭᠤᠴᠢ ᠣᠷᠤᠬᠤ ᠭᠡᠵᠤ ᠪᠠᠢ᠌ᠭ᠎ᠠ ᠠᠢ᠌ᠯ ᠤᠨ ᠳᠠᠷᠠ ᠭᠡᠦᠭᠡᠨ ᠴᠤ ᠮᠦᠨ ᠣᠬᠠᠭᠠᠨ ᠰᠠᠨᠠᠭ᠎ᠠ ᠲᠡᠶ᠂ ᠠᠵᠢᠯᠴᠢ ᠭᠦᠳᠡᠯᠮᠦᠷᠢᠴᠢ᠂ ᠣᠶᠤᠳᠠᠯ ᠠᠳᠠᠯ ᠳᠤ ᠪᠠᠨ ᠰᠠᠢ᠌ᠨ᠂ ᠪᠣᠷᠤᠭᠵᠢᠭᠤᠨ ᠰᠠᠢ᠌ᠬᠠᠨ ᠵᠠᠩ ᠲᠡᠶ ᠰᠠᠢ᠌ᠨ ᠭᠡᠦᠭᠡᠨ ᠪᠠᠢ᠌ᠨ᠎ᠠ᠃ ᠥᠨᠡᠨᠳᠡᠭᠡᠨ ᠳᠠᠳᠠ ᠬᠤᠶᠠᠭᠤᠯᠠ ᠪᠠᠨ ᠡᠷᠳᠡ ᠳᠤ ᠳᠠᠨᠢᠯᠴᠠᠵᠤ᠂ ᠵᠢᠰᠤ ᠵᠢᠰᠤ ᠪᠠᠨ ᠦᠵᠡᠯᠴᠠᠨ᠂ ᠵᠢᠷᠦᠭᠡ ᠰᠡᠳᠭᠢᠯ ᠶᠢᠡᠷ ᠶᠢᠡᠨ ᠣᠢ᠌ᠯᠠᠭᠠᠯᠴᠠᠭᠠᠤᠨ ᠢᠨᠠᠭ ᠤᠨ ᠭᠦᠰᠡᠯ ᠪᠠᠢ᠌ᠭ᠎ᠠ ᠴᠤ ᠳᠤᠬᠠᠢ ᠶᠢᠨ ᠨᠡᠢ᠌ᠭᠡᠮ ᠤᠨ ᠣᠷᠤᠭ ᠬᠤᠷᠢᠮ ᠤᠨ ᠳᠦᠷᠢᠮ ᠭᠡᠵᠤ ᠶᠤᠰᠤᠳᠠᠢ ᠴᠠᠪᠠᠷ ᠠᠷᠢᠭᠤᠨ ᠨᠢᠮᠭᠡᠨ ᠴᠠᠭᠠᠨ ᠡᠭᠦᠯᠡ ᠶᠢ ᠨᠠᠢ᠌ᠳᠠᠮ ᠪᠦᠷᠭᠦᠭ᠍ᠰᠡᠨ ᠬᠠᠷ᠎ᠠ ᠡᠭᠦᠯᠡ ᠰᠢᠭ᠌ ᠵᠠᠯᠠᠭᠤᠴᠤᠳ ᠤᠨ ᠢᠨᠠᠭ ᠳᠤᠷᠠᠯᠠᠯ ᠤᠨ ᠡᠷᠭᠡ ᠴᠢᠯᠦᠭᠡ ᠶᠢ ᠭᠦᠯᠢᠶᠡᠰᠦᠯᠡᠵᠤ ᠪᠠᠢ᠌ᠪᠠ᠃
ᠭᠦᠦᠳᠡᠭᠦᠳᠤ ᠡᠵᠢ ᠭᠡᠵᠤ ᠨᠢᠭᠡᠨ ᠭᠦᠳᠡᠭᠡ ᠶᠢᠨ ᠶᠠᠳᠠᠭᠤ ᠠᠮᠢᠳᠤᠷᠠᠯ ᠲᠡᠶ ᠪᠣᠷᠤᠭᠵᠢᠭᠤᠨ ᠪᠦᠰᠡᠭᠦᠢ ᠭᠡᠪᠠᠴᠤ ᠮᠦᠨ ᠶᠡᠭᠡ ᠭᠢᠷᠠᠬᠠᠢ ᠭᠦᠮᠤᠨ ᠪᠠᠢ᠌ᠵᠤ ᠰᠢᠤ ︕ ᠬᠤᠶᠠᠷ ᠬᠡᠦᠬᠡᠳ ᠤᠨ ᠪᠠᠢ᠌ᠳᠠᠯ ᠤᠨ ᠣᠠᠴᠠᠭᠠᠢ ᠶᠢ ᠦᠵᠡᠵᠤ ᠭᠠᠷᠤᠭᠠᠳ ᠭᠦᠯ ᠨᠢ ᠭᠠᠵᠠᠷ ᠭᠦᠷᠭᠦ ᠦᠭᠡᠶ ᠪᠠᠶᠠᠷᠯᠠᠵᠠᠢ᠃ ᠢᠳᠠᠵᠤ ᠡᠮᠦᠰᠭᠦ ᠪᠠᠨ ᠠᠷᠪᠢᠯᠠᠵᠤ ᠪᠠᠢ᠌ᠭᠠᠤᠨ ᠴᠤᠭᠯᠠᠭᠤᠯᠤᠭᠰᠠᠨ ᠭᠡᠳᠤᠨ ᠵᠤᠭᠤᠰ ᠶᠢᠡᠷ ᠵᠢᠠᠨ ᠬᠤᠶᠠᠷ ᠯᠤᠩᠬᠤ ᠠᠷᠢᠭᠢ᠂ ᠨᠢᠭᠡ ᠠᠮᠠ ᠬᠠᠳᠠᠭ ᠲᠡᠶ ᠭᠡᠰᠢᠭ᠌ ᠪᠠᠶᠠᠨ ᠢ ᠵᠠᠭᠤᠴᠢ ᠳᠤ ᠭᠤᠶᠤᠬᠤ ᠪᠠᠷ ᠭᠡᠷ ᠲᠤᠨᠢ ᠳᠠᠯᠪᠢᠭᠠᠤᠨ ᠭᠦᠷᠴᠡᠢ᠃
ᠭᠡᠰᠢᠭ᠌ ᠪᠠᠶᠠᠨ ᠶᠡᠭᠡ ᠳᠤᠷᠠᠳᠠᠢ ᠬᠡᠳᠡᠭ ᠭᠦᠯᠢᠶᠡᠨ ᠠᠪᠴᠠᠢ᠃ ᠳᠠᠷᠠ ᠡᠳᠡᠨᠦᠰ ᠢ ᠰᠢᠳᠤᠷᠭᠤ ᠭᠦᠮᠦᠰ᠂ ᠠᠵᠢᠯᠴᠢ ᠭᠦᠳᠡᠯᠮᠦᠷᠢᠴᠢ ᠣᠯᠤᠰ ᠭᠡᠵᠤ ᠳᠤᠩ ᠳᠤᠭᠤᠨ᠎ᠠ᠃ ᠭᠡᠷᠪᠡ ᠭᠦᠤ ᠳ᠋ᠤᠨᠢ ᠪᠠᠷᠢ ᠭᠡᠯᠡᠯᠴᠡᠵᠤ ᠭᠡᠷ ᠪᠦᠯᠢ ᠲᠡᠶ ᠪᠣᠯᠭᠠᠴᠢᠬᠠᠪᠠᠯ ᠳᠡᠨᠦᠳᠡᠭ᠌ ᠭᠦᠮᠦᠰ ᠤᠨ ᠭᠦᠯ ᠶᠢ ᠨᠢ ᠳᠤᠱᠠᠵᠤ ᠦᠨᠢᠳᠠ ᠶᠢᠨ ᠭᠦᠴᠤᠨ ᠤ ᠭᠦᠮᠤᠨ ᠶᠢᠡᠨ ᠣᠯᠴᠢᠬᠠᠨ᠎ᠠ ᠭᠡᠵᠤ ᠪᠣᠳᠤᠵᠤ ᠭᠡᠨ᠎ᠡ᠃
ᠨᠤᠨ ᠬᠤᠷᠴᠢᠨ ᠮᠤᠩᠭ᠋ᠤᠯᠴᠤᠳ ᠤᠨ ᠣᠷᠤᠭ ᠬᠤᠷᠢᠮ ᠤᠨ ᠳᠦᠷᠢᠮ ᠳᠤ ᠵᠠᠭᠤᠴᠢ ᠶᠢᠨ ᠣᠢ᠌ᠯᠠᠳᠤᠯ ᠳᠤᠩ ᠴᠢᠬᠤᠯᠠ ᠪᠠᠢ᠌ᠳᠠᠭ᠃ ᠵᠠᠭᠤᠴᠢ ᠭᠦᠮᠤᠨ ᠡᠷᠭᠡᠪᠰᠢ ᠠᠢ᠌ᠯ ᠠᠢ᠌ᠮᠠᠭ ᠲᠤ ᠪᠠᠨ ᠨᠠᠷᠠ ᠭᠦᠡᠳᠦᠳᠡᠢ᠂ ᠡᠷᠡᠭᠦᠯ ᠴᠢᠭᠢᠷᠠᠭ᠂ ᠡᠯᠢᠭᠡ ᠪᠦᠳᠤᠨ᠂ ᠥᠭᠡ ᠭᠡᠯᠡ ᠣᠷᠠᠨ᠂ ᠣᠶᠠᠨ ᠰᠡᠨᠠᠭ᠎ᠠ ᠲ᠋ᠡᠭᠦᠯᠳᠡᠷ ᠪᠠᠢ᠌ᠬᠤ ᠶᠤᠰᠤᠳᠠᠢ᠃ ᠭᠡᠦᠭᠡᠨ ᠤ ᠳᠠᠯ᠎ᠠ ᠶᠢᠨ ᠭᠢᠨ 《ᠣᠯᠠᠠᠳᠠ ᠭᠤᠶᠤᠭᠤᠯᠵᠤ ᠥᠭ᠍ᠪᠠᠰᠤ ᠳᠡᠭᠡᠵᠢᠯᠡᠭ᠍ᠳᠡᠭᠦ᠂ ᠴᠥᠭᠡᠨᠳᠡ ᠭᠤᠶᠤᠭᠤᠯᠵᠤ ᠥᠭ᠍ᠪᠠᠰᠤ ᠳᠤᠷᠤᠮᠵᠢᠯᠠᠭᠳᠠᠬᠤ 》 ᠭᠡᠭᠦ ᠣᠯᠠᠮᠵᠢᠯᠠᠯᠳᠤ ᠭᠡᠪ ᠰᠤᠷᠳᠠᠯ ᠶᠢᠡᠨ ᠪᠠᠷᠢᠮᠳᠠᠯᠠᠨ ᠂ ᠠᠷᠪᠢᠨ ᠠᠷᠪᠢᠨ ᠨᠥᠭᠦᠴᠡᠯ ᠰᠢᠯᠳᠠᠭ ᠲ᠋ᠤᠷᠠᠳᠴᠤ᠂ ᠭᠡᠰᠢᠭ᠌ ᠪᠠᠶᠠᠨ ᠢ ᠭᠡᠴᠡᠭᠦᠤ ᠵᠤᠪᠠᠭᠠᠵᠤ ᠪᠠᠢ᠌ᠪᠠ᠃
ᠭᠡᠰᠢᠭ᠌ ᠪᠠᠶᠠᠨ ᠢ ᠰᠠᠶᠢ ᠭᠦᠷᠭᠦ ᠳᠤ ᠭᠡᠦᠭᠡᠨ ᠤ ᠠᠪᠣ ᠡᠵᠢ ᠨᠢ ᠶᠡᠭᠡᠯ᠎ᠡ ᠳᠤᠷ᠎ᠠ ᠦᠭᠡᠶ ᠪᠠᠢ᠌ᠳᠠᠯ ᠥᠵᠡᠭᠦᠯᠵᠤ᠂ ᠡᠷᠭᠢᠭᠦᠯᠵᠤ ᠳᠤᠭᠤᠷᠢᠭᠤᠯᠵᠤ ᠭᠡᠯᠡᠯᠴᠡᠭ᠍ᠰᠡᠭᠡᠷ ᠪᠠᠢ᠌ᠭᠠᠤᠨ ᠡᠴᠦᠰ ᠲᠤ ᠪᠠᠨ ᠬᠡᠦᠬᠡᠳ ᠤᠨ ᠨᠠᠭᠠᠴᠤ ᠨᠡᠷ ᠡᠴᠡ ᠨᠢ ᠠᠰᠠᠭᠤᠵᠤ ᠦᠵᠡᠶ᠎ᠠ ᠭᠡᠵᠤ ᠰᠢᠯᠳᠠᠭ ᠭᠡᠯᠡᠭ᠍ᠡᠤᠨ ᠳᠡᠭᠦᠨ ᠢ ᠪᠣᠴᠠᠭᠠᠯᠠ᠃ ᠥᠨᠡ᠊ᠨᠳᠡᠭᠡᠨ ᠨᠤᠨ ᠬᠤᠷᠴᠢᠨ ᠨᠤᠳᠤᠭ ᠲᠤ ᠠᠢ᠌ᠮᠠᠭ ᠳᠦᠷᠦᠭ᠍ᠰᠡᠨ ᠤ ᠶᠡᠰᠤᠨ ᠬᠢᠯᠭᠢᠶᠡ ᠴᠢᠰᠤᠨ ᠬᠤᠯᠪᠣᠭᠠᠳᠠᠨ ᠤ ᠪᠠᠨ ᠳᠤᠳᠤᠷ᠎ᠠ ᠪᠠᠨ ᠨᠠᠭᠠᠴᠤ ᠶᠢᠨ ᠪᠠᠢ᠌ᠷᠢ ᠰᠠᠭᠤᠷᠢ ᠳᠤᠩ ᠦᠨᠳᠦᠷ ᠪᠠᠢ᠌ᠳᠠᠭ᠃ ᠨᠠᠩ ᠢᠯᠠᠩᠭ᠋ᠤᠶ᠎ᠠ ᠬᠡᠦᠬᠡᠳ ᠤᠨ ᠡᠷᠦᠭᠡ ᠠᠮᠠ ᠰᠠᠯᠵᠤ ᠡᠭᠦᠳᠡ ᠡᠷᠦᠭᠡ ᠪᠣᠰᠬᠠᠬᠤ ᠳᠤ᠂ ᠭᠦᠤ ᠳᠤ ᠪᠠᠨ ᠪᠠᠷᠢ ᠭᠤᠶᠤᠬᠤ᠂ ᠭᠡᠦᠭᠡᠨ ᠶᠢᠡᠨ ᠬᠠᠷᠢ ᠳᠤ ᠦᠭᠭᠦ ᠵᠡᠷᠭᠡ ᠶᠢᠨ ᠳᠤᠮᠤ ᠴᠢᠬᠤᠯᠠ ᠠᠰᠠᠭᠤᠳᠠᠯ ᠳᠤ ᠶᠡᠭᠡ ᠨᠠᠭᠠᠴᠤ ᠶᠢᠨ ᠰᠢ᠌ᠤᠠᠪᠣᠷᠢ ᠨᠥᠯᠦᠭᠡ ᠵᠠᠷᠢᠮ ᠦᠶ᠎ᠡ ᠳᠤ ᠠᠪᠣ ᠡᠵᠢ ᠡᠴᠡ ᠨᠢ ᠳᠠᠪᠠᠳᠠᠭ᠃ ᠡᠢ᠌ᠮᠤ ᠡᠴᠡ ᠡᠷᠭᠡᠪᠰᠢ ᠶᠡᠭᠡ ᠨᠠᠭᠠᠴᠤ ᠶᠢᠨ ᠭᠢᠨᠢ ᠠᠮᠠᠨ ᠠᠭᠤᠷ ᠢ ᠭᠦᠯᠢᠶᠡᠭᠦ ᠭᠡᠷᠡᠭ᠍ᠳᠡᠢ᠃ 《ᠨᠠᠭᠠᠴᠤ ᠶᠢᠨ ᠰᠢᠷ᠎ᠠ ᠨᠤᠬᠠᠢ ᠨᠠᠳᠠ ᠡᠴᠡ ᠠᠬ᠎ᠠ》 ᠭᠡᠵᠤ ᠭᠡᠯᠡᠳᠡᠭ᠌ ᠨᠢ ᠴᠤ ᠡᠭᠦᠨ ᠡᠴᠡ ᠢᠷᠡᠭ᠍ᠰᠡᠨ ᠥᠭᠡ ᠪᠣᠯᠤᠯᠳᠠᠢ᠃
ᠭᠡᠳᠤᠨ ᠡᠳᠦᠷ ᠥᠩᠭᠡᠷᠡᠯ᠎ᠡ᠃ 《ᠢᠮᠠᠭ᠎ᠠ ᠶᠢᠨ ᠮᠢᠬ᠎ᠠ ᠬᠠᠯᠠᠭᠤᠨ ᠳᠤ ᠪᠠᠨ ᠲ᠋ᠡᠭᠡᠷ᠎ᠡ᠂ ᠶᠡᠪᠦᠳᠡᠯ ᠣᠴᠢᠷ ᠬᠤᠷᠳᠤᠨ ᠳᠤ ᠪᠠᠨ ᠲ᠋ᠡᠭᠡᠷ᠎ᠡ》 ᠭᠡᠳᠡᠭ᠍ᠴᠢᠯᠡᠨ ᠠᠶᠦᠯᠭᠦᠢ ᠶᠢᠨ ᠡᠵᠢ ᠮᠦᠨ ᠯᠠ ᠯᠤᠩᠬᠤ ᠲᠡᠶ ᠠᠷᠢᠭᠢ᠂ ᠪᠠᠭᠯᠠᠭ᠎ᠠ ᠲᠡᠶ ᠪᠣᠭᠤᠷᠰᠤᠭ ᠵᠡᠷᠭᠡ ᠪᠠᠯᠡᠭ᠌ ᠳᠠᠯ᠎ᠠ ᠶᠢᠨ ᠶᠠᠭᠤᠮ᠎ᠠ ᠪᠠᠨ ᠳᠦᠭᠦᠭᠡᠷᠴᠤ᠂ ᠭᠡᠰᠢᠭ᠌ ᠪᠠᠶᠠᠨ ᠢ ᠲ᠋ᠠᠭᠢᠭᠠᠤᠨ ᠣᠴᠢᠬᠤ ᠶᠢ ᠭᠤᠶᠤᠯ᠎ᠠ᠃ ᠭᠡᠰᠢᠭ᠌ ᠪᠠᠶᠠᠨ ᠴᠤ ᠳᠠᠢ᠌ᠮᠤ ᠭᠦᠯᠢᠶᠡᠭᠡᠳ ᠠᠪᠴᠢᠬᠠᠭᠰᠠᠨ ᠣᠴᠢᠷ ᠢ ᠬᠠᠭᠠᠰ ᠳᠤᠳᠠᠭᠤ ᠣᠷᠭᠢᠬᠤ ᠭᠦᠮᠤᠨ ᠪᠢᠰᠢ᠃ ᠡᠨᠡ ᠣᠳᠠᠭ᠎ᠠ ᠥᠩᠭᠡᠷᠡᠭ᠍ᠰᠡᠨ ᠢ ᠪᠣᠳᠤᠪᠠᠯ ᠶᠡᠭᠡ ᠵᠥᠭᠡᠷ ᠪᠣᠯᠵᠠᠢ᠃ ᠴᠠᠢ ᠲᠡᠶ ᠳᠡᠭᠡᠷ᠎ᠡ ᠪᠠᠨ ᠴᠢᠷᠠᠢ ᠲᠡᠶ᠃ ᠭᠡᠰᠢᠭ᠌ ᠪᠠᠶᠠᠨ ᠴᠤ ᠶᠡᠭᠡ ᠪᠠᠶᠠᠷᠯᠠᠵᠤ ᠴᠠᠢ ᠶᠢᠨ ᠰᠢᠷᠡᠭᠡᠨ ᠡᠴᠡ ᠨᠢ ᠰᠢᠯᠵᠢᠵᠤ ᠳᠠᠷᠠᠰᠤᠨ ᠰᠢᠷᠡᠭᠡᠨ ᠳ᠋ᠤᠨᠢ ᠵᠠᠯᠠᠷᠠᠨ᠂ ᠬᠠᠯᠠᠰᠳᠠᠯ᠎ᠠ ᠣᠤᠭᠤᠵᠤ ᠬᠠᠨᠤᠳᠠᠯ᠎ᠠ ᠭᠡᠯᠡᠯᠴᠡᠵᠡᠢ᠃ ᠭᠡᠪᠠᠴᠤ ᠭᠡᠦᠭᠡᠨ ᠤ ᠡᠵᠢ ᠠᠪᠣ ᠥᠨᠡᠭᠡᠷ ᠠᠮᠠ ᠴᠢᠩᠭ᠋᠎ᠠ ᠣᠯᠤᠰ ᠪᠠᠢ᠌ᠵᠠᠢ᠃ ᠭᠡᠦᠭᠡᠨ ᠡᠴᠡ ᠪᠠᠨ ᠠᠰᠠᠭᠤᠵᠤ ᠦᠵᠡᠶ᠎ᠠ ᠭᠡᠳ ᠪᠠᠰᠠ ᠠᠮᠠ ᠠᠯᠳᠠᠭᠰᠠᠨ ᠦᠭᠡᠶ᠃ ᠥᠨᠡ᠊ᠨᠳᠡᠭᠡᠨ ᠳᠠᠷᠠ ᠦᠶ᠎ᠡ ᠶᠢᠨ ᠣᠷᠤᠭ ᠤᠨ ᠣᠴᠢᠷ ᠶᠠᠮᠠᠷ ᠭᠡᠦᠭᠡᠨ ᠤ ᠰᠠᠨᠠᠯ ᠢ ᠠᠪᠬᠤ ᠶᠤᠰᠤ ᠪᠠᠢ᠌ᠬᠤ ᠪᠣᠢ ︕ ᠠᠪᠣ ᠡᠵᠢ ᠨᠢ ᠳᠤᠯᠤᠭᠠᠢ ᠳᠠᠷᠤᠭᠠᠤᠨ ᠥᠭ᠍ᠴᠢᠭᠡᠭᠦ ᠴᠠᠭ᠃ ᠭᠡᠳᠡᠯ᠎ᠡ ᠭᠦᠮᠤᠨ ᠤ ᠡᠴᠢᠭᠡ ᠡᠭᠡ ᠪᠣᠯᠤᠭᠰᠠᠤᠨ ᠭᠡᠷᠭᠢᠨ ᠭᠡᠦᠭᠡᠨ ᠶᠢᠡᠨ ᠬᠠᠷᠢ ᠶᠢᠨ ᠭᠠᠵᠠᠷ ᠳᠤ ᠭᠦᠡᠳᠤ ᠲᠡᠶ ᠣᠴᠢᠬᠤ ᠶᠢ ᠰᠠᠨᠠᠬᠤ ᠦᠭᠡᠶ ᠪᠣᠢ ︕ ᠭᠢᠯᠪᠠᠷᠭᠡᠨ ᠣᠯᠤᠭᠰᠠᠨ ᠶᠠᠭᠤᠮ᠎ᠠ ᠶᠢ ᠭᠢᠮᠠᠭᠠᠳᠠᠬᠤ ᠦᠭᠡᠶ ᠪᠠᠢ᠌ᠳᠠᠭ ᠨᠢ ᠶᠠᠷᠤ ᠶᠢᠨ ᠣᠴᠢᠷ᠃ ᠰᠢᠯᠳᠠᠭ ᠭᠡᠯᠡᠵᠤ ᠵᠤᠷᠢᠭᠤᠳᠠ ᠣᠳᠠᠭᠠᠰᠢᠷᠠᠭᠤᠯᠵᠤ ᠪᠠᠢ᠌ᠭ᠎ᠠ ᠶᠢ ᠭᠡᠰᠢᠭ᠌ ᠪᠠᠶᠠᠨ ᠴᠠᠭᠠᠨ᠎ᠠ ᠨᠢ ᠭᠠᠷᠳᠠᠯ᠎ᠠ ᠮᠠᠳᠠᠵᠤ ᠪᠠᠢ᠌ᠭ᠎ᠠ ᠪᠣᠯᠬᠤᠷ ᠲ᠋ᠤᠳᠤᠷ᠎ᠠ ᠪᠠᠨ ᠳᠤᠭ᠎ᠠ ᠲᠡᠶ ᠪᠣᠯᠵᠤ ᠂ ᠣᠳᠤ ᠨᠢ᠋ᠮᠠ ᠶᠢᠰᠤᠨ ᠬᠤᠪᠢ ᠪᠣᠯᠤᠯ᠎ᠠ ᠭᠡᠵᠤ ᠪᠠᠷᠤᠭᠯᠠᠭᠠᠤᠨ ᠶᠡᠭᠡᠯ᠎ᠡ ᠪᠠᠶᠠᠷᠳᠠᠢ ᠪᠣᠴᠠᠵᠤ ᠢᠷᠠᠵᠠᠢ᠃
ᠠᠶᠦᠯᠭᠦᠢ ᠠᠬ᠎ᠠ ᠣᠷᠤᠭᠯᠠᠬᠤ ᠪᠣᠯᠤᠯ᠎ᠠ᠃ ᠶᠠᠳᠠᠭᠤ ᠭᠦᠮᠤᠨ ᠤ ᠣᠷᠤᠭ ᠬᠤᠷᠢᠮ ᠳᠤ ᠶᠠᠮᠠᠷ ᠯᠠ ᠶᠡᠭᠡ ᠰᠢ ᠪᠠᠢ᠌ᠬᠤ ᠪᠢᠯᠠ ︕ ᠵᠡᠭᠦᠨ ᠭᠡᠷ ᠡᠴᠡ ᠵᠢᠭᠡᠯᠡᠨ᠂ ᠪᠠᠷᠠᠭᠤᠨ ᠭᠡᠷ ᠡᠴᠡ ᠳᠠᠮᠵᠢᠭᠰᠠᠭᠠᠷ ᠣᠷᠤᠭ ᠬᠤᠷᠢᠮ ᠤᠨ ᠶᠠᠪᠣᠳᠠᠯ ᠶᠢᠡᠨ ᠪᠦᠳᠦᠭᠡᠵᠤ᠂ ᠪᠠᠰᠠ ᠨᠢᠭᠡ ᠠᠢ᠌ᠯ ᠡᠷᠦᠭᠡ ᠪᠣᠰᠬᠤ ᠪᠣᠯᠵᠠᠢ᠃ ᠨᠢᠭᠡᠨ ᠶᠠᠳᠠᠭᠤ ᠠᠢ᠌ᠯ ᠳᠤ ᠭᠦᠤ ᠳᠤ ᠪᠠᠨ ᠪᠠᠷᠢ ᠠᠪᠣᠨ᠎ᠠ ᠭᠡᠳᠡᠭ᠌ ᠴᠢᠨᠢ ᠶᠤᠰᠤᠳᠠᠢ ᠶᠡᠭᠡ ᠪᠠᠶᠠᠷ ᠡ ︕ ᠭᠡᠪᠠᠴᠤ ᠳᠤᠭᠳᠤᠩᠭ᠋᠎ᠠ ᠶᠢᠨ ᠭᠢᠨ ᠤ ᠦᠷᠢ ᠰᠢᠷᠢ ᠨᠢ ᠣᠯᠠᠮ ᠨᠡᠮᠡᠭ᠍ᠳᠡᠵᠤ᠂ ᠠᠮᠢᠳᠤᠷᠠᠯ ᠨᠠᠩ ᠭᠦᠴᠢᠷᠳᠡᠢ ᠪᠣᠯᠪᠠ᠃ ᠬᠤᠵᠢᠮ ᠣᠯᠠᠮ ᠢᠯᠡᠭᠦᠤ ᠬᠤᠭᠤᠯᠠᠢ ᠪᠠᠨ ᠭᠢᠬᠠᠵᠤ᠂ ᠭᠦᠷᠢᠶᠡᠳᠡᠩ ᠶᠢᠡᠨ ᠴᠢᠩᠭ᠋ᠠᠯᠠᠬᠤ ᠭᠡᠷᠡᠭ᠍ᠳᠡᠢ ᠭᠡᠳᠡᠭ᠌ ᠶᠢᠡᠨ ᠪᠦᠭᠦᠳᠡᠭᠡᠷ ᠳᠤᠳᠤᠷᠬᠠᠢ ᠪᠠᠢ᠌ᠯ᠎ᠠ᠃
ᠶᠠᠳᠠᠭᠤ ᠠᠢ᠌ᠯ ᠤᠨ ᠠᠮᠢᠳᠤᠷᠠᠯ ᠳᠤ ᠴᠤ ᠶᠠᠳᠠᠭᠤ ᠪᠠᠶᠠᠷ ᠪᠠᠶᠠᠰᠬᠤᠯᠠᠩ ᠪᠠᠢ᠌ᠳᠠᠭ᠃ ᠪᠣᠳᠠᠰ ᠤᠨ ᠠᠮᠢᠳᠤᠷᠠᠯ ᠤᠨ ᠵᠤᠪᠠᠭᠤᠷᠢ ᠵᠥᠳᠡᠭᠦᠷᠢ ᠪᠠᠨ ᠣᠶᠤᠨ ᠰᠠᠨᠠᠭᠠᠨ ᠤ ᠠᠮᠢᠳᠤᠷᠠᠯ ᠤᠨ ᠪᠠᠶᠠᠷ ᠪᠠᠶᠠᠰᠬᠤᠯᠠᠩ ᠶᠢᠡᠷ ᠶᠢᠡᠨ ᠨᠥᠭᠦᠪᠦᠷᠢᠯᠡᠵᠤ ᠵᠤᠭᠢᠬᠤ ᠭᠡᠮᠵᠢᠶᠡᠨ ᠤ ᠳᠡᠩᠴᠡᠭᠦᠷᠢ ᠪᠠᠨ ᠣᠯᠵᠤ ᠪᠠᠢ᠌ᠬᠤ ᠣᠴᠢᠷᠳᠠᠢ᠃
ᠡᠷᠳᠡ ᠣᠵᠤᠭᠤᠷ ᠡᠴᠡ ᠠᠪᠣᠭᠠᠤᠨ ᠮᠤᠩᠭ᠋ᠤᠯ ᠣᠷᠤᠨ ᠶᠢᠡᠷ ᠨᠢᠭᠡ ᠪᠦᠯᠦᠭ᠌ ᠭᠦᠭ᠍ᠵᠢᠮ ᠤᠨ ᠠᠶ᠎ᠠ ᠣᠯᠠᠮᠵᠢᠯᠠᠭᠳᠠᠨ ᠳᠠᠷᠬᠠᠵᠤ ᠪᠠᠢ᠌ᠭᠰᠠᠨ ᠭᠡᠨ᠎ᠡ᠃ ᠣᠠᠴᠠᠭᠠᠢ᠌ᠯᠠᠨ ᠦᠪᠣᠷ ᠮᠤᠩᠭ᠋ᠤᠯ ᠤᠨ ᠨᠤᠨ ᠬᠤᠷᠴᠢᠨ ᠨᠤᠳᠤᠭ ᠵᠢᠴᠢ ᠬᠠᠷᠠᠴᠢᠨ ᠮᠤᠩᠭ᠋ᠤᠯᠵᠢᠨ ᠨᠤᠳᠤᠭᠳᠠᠢ ᠮᠤᠩᠭ᠋ᠤᠯᠴᠤᠳ ᠤᠨ ᠳᠤᠮᠳᠠ ᠨᠢᠭᠡ ᠳᠦᠷᠤᠯ ᠤᠨ ᠬᠠᠮᠳᠤ ᠶᠢᠨ ᠭᠦᠭ᠍ᠵᠢᠮᠳᠡᠯ ᠤᠨ ᠭᠡᠯᠪᠠᠷᠢ ᠣᠯᠠᠮᠵᠢᠯᠠᠭᠳᠠᠵᠤ ᠪᠠᠢ᠌ᠭᠰᠠᠨ ᠶᠢᠠᠨ ᠡ᠊ᠨᠳᠡᠭᠢ ᠶᠢᠨ ᠮᠤᠩᠭ᠋ᠤᠯᠴᠤᠳ 《ᠬᠤᠭᠤᠷ ᠭᠦᠭ᠍ᠵᠢᠮ ᠳᠠᠭᠠᠷᠠᠭᠤᠯᠬᠤ》 ᠭᠡᠯᠴᠡᠳᠡᠭ᠌᠃ (ᠡᠷᠳᠡᠮᠳᠡᠨ ᠯᠤᠪᠰᠠᠩᠴᠣᠢ᠌ᠳᠠᠨ ᠡᠴᠡ 《ᠮᠤᠩᠭ᠋ᠤᠯ ᠤᠨ ᠵᠠᠩ ᠠᠭᠠᠯᠢ ᠶᠢᠨ ᠣᠢ᠌ᠯᠠᠪᠣᠷᠢ》 ᠭᠡᠭᠦ ᠨᠤᠮ ᠳᠤ ᠪᠠᠨ 《ᠰᠦᠨᠢ ᠪᠣᠯᠬᠤ ᠳᠤ ᠶᠠᠷᠤ ᠳᠡᠭᠡᠨ ᠠᠷᠢᠭᠢ ᠳᠠᠷᠠᠰᠤ ᠪᠡᠯᠡᠳᠭᠡᠵᠤ᠂ ᠠᠷᠪᠠ ᠬᠤᠷᠢ ᠪᠠᠷ ᠴᠤᠭᠯᠠᠷᠠᠵᠤ᠂ ᠠᠷᠢᠭᠢ ᠣᠤᠭᠤᠵᠤ ᠭᠦᠭ᠍ᠵᠢᠮ ᠡᠭᠦᠰᠭᠡᠮᠦᠢ᠂ ᠳᠠᠭᠤᠤ ᠭᠦᠭ᠍ᠵᠢᠮ ᠳᠤ ᠳᠤᠷ᠎ᠠ ᠪᠠᠬᠠᠳᠠᠢ ᠭᠡᠷ ᠤᠨ ᠭᠦᠮᠦᠰ ᠡᠮᠡᠭ᠍ᠳᠡᠢ ᠪᠦᠰᠡᠭᠦᠢᠴᠦᠳ ᠯᠢᠩᠪᠣ᠂ ᠶᠠᠳᠤᠭ᠎ᠠ᠂ ᠫᠢᠫᠠ᠂ ᠬᠤᠭᠤᠷ᠂ ᠮᠤᠳᠤᠨ ᠴᠤᠭᠤᠷ᠂ ᠱᠠᠠᠵᠠ᠂ ᠠᠮᠠᠨ ᠬᠤᠭᠤᠷ ᠵᠡᠷᠭᠡ ᠣᠯᠠᠨ ᠭᠦᠭ᠍ᠵᠢᠮᠴᠢᠳ ᠬᠠᠮᠳᠤ ᠭᠦᠭ᠍ᠵᠢᠮ ᠡᠭᠦᠰᠭᠡᠵᠤ᠂ ᠣᠶᠠᠩᠭ᠋ᠠᠯᠢᠭ ᠳᠠᠭᠤᠤ ᠨᠡᠢ᠌ᠯᠡᠭᠦᠯᠳᠡᠭ᠌ ᠠᠵᠠᠢ᠃ ᠳᠠᠷᠠ ᠦᠶ᠎ᠡ ᠭᠦᠮᠦᠰ ᠰᠤᠨᠤᠰᠬᠤ ᠶᠢᠨ ᠭᠢᠷᠢ ᠰᠡᠳᠭᠢᠯ ᠭᠦᠳᠡᠯᠵᠤ᠂ ᠠᠷᠢᠭᠢᠳᠠᠨ ᠳᠠᠭᠤᠯᠠᠯᠳᠤᠵᠤ ᠦᠯᠦ ᠵᠤᠭᠰᠤᠮᠦᠢ 》 ᠭᠡᠵᠤ ᠬᠤᠷᠴᠢᠨ ᠠᠷᠠᠤᠨ ᠤᠨ ᠣᠶᠤᠨ ᠤ ᠠᠮᠢᠳᠤᠷᠠᠯ ᠤᠨ ᠦᠨᠡᠨ ᠮᠦᠨ ᠪᠠᠢ᠌ᠳᠠᠯ ᠢ ᠳᠤᠰᠬᠠᠨ ᠳᠡᠮᠳᠡᠭᠯᠡᠭ᠍ᠰᠡᠨ ᠪᠠᠢ᠌ᠳᠠᠭ᠃)
ᠲ᠋ᠠᠢ᠌ᠮᠤ ᠡ ︕ ᠦᠪᠣᠷ ᠮᠤᠩᠭ᠋ᠤᠯ ᠤᠨ ᠵᠡᠭᠦᠨ ᠣᠷᠤᠨ ᠤ ᠭᠦᠳᠡᠭᠡ ᠳᠤᠰᠬᠤᠨ ᠤ ᠮᠤᠩᠭ᠋ᠤᠯᠴᠤᠳ ᠤᠨ ᠬᠠᠯᠠᠭᠤᠨ ᠬᠠᠩᠵᠤᠨ ᠳᠡᠭᠡᠷ᠎ᠡ᠂ ᠳᠤᠰᠤᠨ ᠳ᠋ᠸᠩ ᠤᠨ ᠳᠤᠤᠷᠠᠭᠢ ᠰᠦᠨᠢ ᠶᠢᠨ ᠣᠷᠠᠯᠢᠭ ᠤᠨ ᠠᠮᠢᠳᠤᠷᠠᠯ ᠭᠡᠵᠤ ᠮᠠᠰᠢ ᠡᠯᠪᠠᠭ᠌ ᠪᠠᠶᠠᠯᠢᠭ ᠣᠴᠢᠷ ᠣᠤᠠᠬ᠎ᠠ ᠲᠡᠶ᠂ ᠭᠦᠭ᠍ᠵᠢᠶᠡᠨ ᠨᠠᠷᠭᠢᠶᠠᠠᠳᠤ ᠠᠭᠤᠷ ᠠᠮᠢᠰᠬᠤᠯ ᠲᠡᠶ᠂ ᠡᠷᠭᠡ ᠴᠢᠯᠦᠭᠡᠳᠤ ᠣᠷᠴᠢᠨ ᠲ᠋ᠤᠭᠤᠷᠢᠨ ᠢ ᠪᠦᠷᠢᠯᠳᠦᠭᠦᠯᠳᠡᠭ᠌᠃ ᠣᠠᠴᠠᠭᠠᠢ᠌ᠯᠠᠨ ᠡᠪᠦᠯ ᠤᠨ ᠣᠷᠳᠤ ᠰᠦᠨᠢ ᠶᠢ ᠠᠷᠠᠤᠨ ᠤᠨ ᠳᠠᠭᠤᠤ ᠪᠠᠨ ᠳᠠᠭᠤᠯᠠᠵᠤ᠂ ᠠᠶᠠᠯᠭᠤ ᠭᠦᠭ᠍ᠵᠢᠮ ᠶᠢᠡᠨ ᠠᠶᠠᠯᠠᠭᠤᠯᠤᠭᠠᠤᠨ ᠥᠩᠭᠡᠷᠡᠭᠦᠯᠳᠡᠭ᠌ ᠨᠢ ᠪᠠᠰᠠ ᠴᠤ ᠨᠢᠭᠡ ᠴᠠᠭ ᠤᠨ ᠵᠢᠷᠭᠠᠯ ᠭᠡᠯᠳᠡᠢ᠃
ᠬᠤᠭᠤᠷᠴᠢ ᠭᠦᠮᠦᠰ ᠪᠣᠯ ᠦᠨᠦᠷ ᠨᠢᠭᠡᠳᠡᠨ ᠭᠡᠨ᠎ᠡ᠃ ᠥᠩᠭᠡᠷᠡᠭ᠍ᠰᠡᠨ ᠳᠤ ᠬᠤᠭᠤᠷ ᠤᠨ ᠥᠯᠢᠭᠡᠷ ᠲᠤ ᠳᠤᠷ᠎ᠠ ᠪᠠᠬᠠᠳᠠᠢ ᠭᠦᠮᠦᠰ᠂ ᠨᠢᠭᠡ ᠠᠢ᠌ᠯ ᠰᠠᠭᠠᠬᠠᠯᠳᠠ ᠶᠢᠨ ᠭᠢᠨ᠂ ᠡᠰᠡᠭᠦᠯ᠎ᠡ ᠭᠦᠷᠰᠢ ᠵᠡᠷᠭᠡᠯᠳᠡᠭᠡ ᠳᠤᠰᠬᠤᠨ ᠤ ᠭᠢᠨ᠂ ᠨᠠᠩ ᠴᠢᠨᠠᠭᠰᠢᠯᠠᠨ ᠬᠤᠰᠢᠭᠤ ᠠᠯᠤᠰ ᠪᠠᠢ᠌ᠯ᠎ᠠ ᠴᠤ ᠭᠡᠰᠡᠨ ᠦᠨᠦᠷ ᠶᠢᠡᠷ ᠶᠢᠡᠨ ᠨᠠᠢ᠌ᠯᠠᠵᠤ᠂ ᠥᠪᠠᠷᠳᠡᠭᠡᠨ ᠴᠤᠭᠯᠠᠷᠠᠭᠠᠤᠨ᠂ ᠬᠤᠭᠤᠷ ᠭᠦᠭ᠍ᠵᠢᠮ ᠳᠠᠭᠠᠷᠠᠭᠤᠯᠤᠨ ᠥᠯᠢᠭᠡᠷ ᠬᠤᠯᠪᠤᠭ᠎ᠠ ᠭᠡᠯᠡᠭᠦ᠂ ᠳᠠᠭᠤᠤ ᠳᠠᠭᠤᠯᠠᠬᠤ᠂ ᠰᠢᠯᠦᠭ᠌ ᠰᠢᠯᠦᠭᠯᠡᠭᠦ᠂ ᠰᠠᠴᠠ ᠪᠣᠯᠢᠶᠠᠯᠳᠤᠬᠤ᠂ ᠣᠨᠢᠰᠤᠭ᠎ᠠ ᠳᠠᠭᠠᠬᠤ ᠵᠡᠷᠭᠡ ᠣᠷᠠᠨ ᠰᠠᠢ᠌ᠬᠠᠨ ᠤ ᠣᠢ᠌ᠯᠠ ᠭᠦᠳᠡᠯᠭᠡᠭᠡᠨ ᠶᠢᠡᠷ ᠨᠠᠢ᠌ᠷᠠᠯᠳᠤᠵᠤ ᠴᠡᠩᠭᠡᠯᠳᠦᠭᠡᠳ ᠡᠳᠡᠭᠡᠳ ᠡᠷᠭᠡ ᠴᠢᠯᠦᠭᠡ ᠵᠤᠯ ᠵᠢᠷᠭᠠᠯᠳᠠᠢ ᠪᠠᠢ᠌ᠳᠠᠭ᠃ ᠥᠯᠢᠭᠡᠷ ᠰᠤᠨᠤᠰᠤᠭᠴᠢᠳ ᠶᠡᠭᠡ ᠡᠮᠭᠢ ᠵᠢᠷᠤᠮ ᠲᠡᠶ᠃ ᠨᠠᠰᠤᠳᠠᠢ᠌ᠴᠤᠳ ᠶᠢᠡᠨ ᠬᠠᠩᠵᠤᠨ ᠭᠤᠤᠯ ᠳᠤ ᠪᠠᠨ ᠵᠠᠯᠠᠴᠢᠬᠠᠭᠠᠤᠨ ᠲ᠋ᠠᠭᠢᠨ ᠪᠣᠰᠤᠳ ᠨᠢ ᠦᠶ᠎ᠡ ᠵᠡᠷᠭᠡ ᠪᠠᠨ ᠢᠯᠭᠠᠯᠴᠠᠨ ᠪᠠᠷᠠᠭᠤᠨ ᠡᠴᠡ ᠵᠡᠭᠦᠡᠰᠢ ᠳᠠᠷᠠᠭᠠᠯᠠᠨ ᠰᠠᠭᠤᠯᠴᠠᠵᠤ᠂ ᠣᠢ᠌ᠮᠠᠵᠤ ᠳᠦᠷᠪᠠᠯ ᠦᠭᠡᠶ ᠨᠠᠮ ᠵᠢᠮ ᠰᠡᠳᠭᠢᠯ ᠳᠠᠯᠪᠢᠨ ᠰᠤᠨᠤᠰᠳᠠᠭ᠃ ᠥᠯᠢᠭᠡᠷ ᠤᠨ ᠣᠢ᠌ᠯᠠ ᠶᠠᠪᠣᠳᠠᠯ ᠨᠢ ᠪᠠᠶᠠᠷ ᠲᠡᠶ ᠦᠶ᠎ᠡ ᠳᠤ ᠪᠦᠭᠦᠳᠡᠭᠡᠷ ᠪᠠᠶᠠᠰᠤᠯᠴᠠᠨ ᠭᠦᠭ᠍ᠰᠡᠵᠤ᠂ ᠰᠢᠳᠤᠷᠭᠤ ᠰᠠᠢ᠌ᠳ᠂ ᠮᠡᠷᠭᠡᠨ ᠲᠦᠰᠢᠮᠠᠯ᠂ ᠪᠠᠭᠠᠳᠤᠷ ᠵᠠᠩᠵᠤᠨ ᠢ ᠡᠷᠡᠭᠡᠢ ᠬᠤᠷᠤᠭᠤ ᠭᠤᠵᠣᠢ᠌ᠯᠭᠠᠨ ᠰᠠᠮ ᠶᠢᠡᠷ ᠮᠠᠭᠳᠠᠨ ᠰᠠᠢ᠌ᠰᠢᠶᠠᠨᠠ᠃ ᠰᠠᠢ᠌ᠨ ᠭᠦᠮᠤᠨ ᠵᠤᠪᠠᠯᠠᠩ ᠳᠤ ᠣᠴᠠᠷᠠᠭᠰᠠᠨ᠂ ᠦᠨᠦᠴᠢᠨ ᠭᠦᠮᠤᠨ ᠭᠠᠰᠠᠯᠠᠩ ᠳᠤ ᠳᠤᠯᠭᠠᠷᠠᠭᠰᠠᠨ ᠣᠢ᠌ᠯᠠ ᠶᠠᠪᠣᠳᠠᠯ ᠳᠤ ᠪᠦᠭᠦᠳᠡᠭᠡᠷ ᠦᠷᠤ ᠡᠪᠠᠦᠡᠴᠤ᠂ ᠰᠡᠳᠭᠢᠯ ᠣᠶᠠᠷᠠᠨ ᠨᠢᠯᠪᠣᠰᠤ ᠠᠰᠬᠠᠷᠠᠭᠤᠯᠤᠨ ᠵᠤᠪᠠᠵᠤ ᠪᠠᠢ᠌ᠳᠠᠭ᠃ ᠢᠩᠭᠢᠵᠤ ᠡᠪᠦᠯ ᠤᠨ ᠡᠳᠦᠷ ᠤᠨ ᠰᠡᠯᠡᠭᠦᠤ ᠴᠠᠭ ᠲᠤ᠂ ᠣᠷᠳᠤ ᠰᠦᠨᠢ ᠶᠢᠨ ᠭᠦᠢᠳᠡᠨ ᠳᠤ᠂ ᠵᠤᠨ ᠤ ᠣᠯᠠᠷᠢᠯ ᠤᠨ ᠪᠣᠷᠤᠭᠠᠨ ᠲᠡᠶ ᠡᠳᠦᠷ ᠲᠤ᠂ ᠨᠠᠮᠵᠢᠭᠤᠨ ᠰᠠᠢ᠌ᠬᠠᠨ ᠰᠠᠷ᠎ᠠ ᠲᠡᠶ ᠰᠦᠨᠢ ᠳᠤ ᠪᠦᠷ ᠳᠤᠭᠳᠠᠭᠰᠠᠨ ᠭᠠᠵᠠᠷ ᠲᠤ ᠪᠠᠨ ᠴᠤᠭᠯᠠᠷᠠᠵᠤ᠂ ᠨᠠᠢ᠌ᠷ ᠨᠠᠭᠠᠳᠤᠮ ᠶᠢᠡᠨ ᠡᠭᠦᠰᠭᠡᠵᠤ ᠪᠠᠢ᠌ᠳᠠᠭ ᠨᠢ ᠡᠨᠡᠭᠦ ᠠᠢ᠌ᠯ᠂ ᠡᠨᠡᠭᠦ ᠠᠢ᠌ᠮᠠᠭ᠂ ᠡᠨᠡᠭᠦ ᠦᠨᠳᠦᠰᠦᠳᠠᠨ ᠤ ᠴᠤᠭ ᠵᠢᠪᠬᠤᠭ᠎ᠠ᠂ ᠰᠦᠷ ᠰᠦᠯᠳᠡ᠂ ᠭᠡᠢ᠌ᠮᠦᠷᠢ ᠶᠢᠨ ᠮᠠᠠᠳᠤᠯᠳᠠ ᠶᠢᠨ ᠭᠢᠨᠢ ᠢᠯᠡᠷᠡᠭᠦᠨ ᠪᠣᠯᠵᠤ᠂ ᠢᠷᠡᠭᠡᠳᠦᠢ ᠶᠢᠨ ᠭᠦᠭ᠍ᠵᠢᠯ ᠳᠡᠭ᠍ᠵᠢᠷᠡᠯ ᠶᠢᠨ ᠭᠢᠨᠢ ᠳᠠᠯᠠᠯᠭ᠎ᠠ ᠪᠣᠯᠳᠠᠭ᠃
ᠨᠤᠨ ᠬᠤᠷᠴᠢᠨ ᠮᠤᠩᠭ᠋ᠤᠯᠴᠤᠳ ᠤᠨ ᠭᠦᠭ᠍ᠵᠢᠮ ᠤᠨ ᠵᠡᠪᠰᠡᠭ᠌ ᠳᠤ ᠬᠤᠭᠤᠷ᠂ ᠴᠤᠭᠤᠷ᠂ ᠱᠣ᠊᠂ ᠯᠢᠩᠪᠣ᠂ ᠱᠠᠠᠵᠠ (ᠪᠠᠰᠠ ᠰᠢᠳᠤᠷᠭᠤ ᠭᠡᠳᠡᠭ᠌) ᠵᠡᠷᠭᠡ ᠪᠠᠢ᠌ᠬᠤ ᠪᠠ ᠰᠦᠮ᠎ᠡ ᠭᠡᠢ᠌ᠤᠨ ᠲᠤ ᠪᠠᠰᠠ ᠴᠠᠩ᠂ ᠭᠡᠩᠭᠡᠷᠭᠡ᠂ ᠪᠢᠰᠭᠢᠭᠦᠷ᠂ ᠪᠦᠷᠢᠶ᠎ᠡ᠂ ᠬᠠᠩᠨᠠᠭ᠂ ᠪᠠᠭᠯᠠᠭᠠᠳᠤ ᠪᠢᠰᠭᠢᠭᠦᠷ᠂ ᠭᠤᠤᠷᠰᠤᠨ ᠭᠦᠭ᠍ᠵᠢᠮ᠂ ᠶᠢᠰᠤᠨ ᠳᠤᠯᠢ᠂ ᠪᠠᠭ᠎ᠠ ᠬᠠᠷᠠᠩᠭ᠋ᠠ ᠵᠡᠷᠭᠡ ᠯᠠᠮᠠ ᠪᠦᠭᠡ ᠶᠢᠨ ᠭᠦᠭ᠍ᠵᠢᠮ ᠤᠨ ᠪᠠᠭᠠᠵᠢ ᠪᠠᠢ᠌ᠳᠠᠭ᠃ ᠡᠭᠦᠨ ᠤ ᠳᠤᠳᠤᠷ᠎ᠠ ᠬᠤᠭᠤᠷ᠂ ᠴᠤᠭᠤᠷ᠂ ᠱᠠᠠᠵᠠ᠂ ᠯᠢᠩᠪᠣ ᠵᠡᠷᠭᠡ ᠪᠣᠯ ᠮᠤᠩᠭ᠋ᠤᠯ ᠦᠨᠳᠦᠰᠦᠳᠠᠨ ᠤ ᠳᠡᠭᠡᠳᠤ ᠢᠵᠠᠭᠤᠷ ᠦᠶ᠎ᠡ ᠡᠴᠡ ᠣᠯᠠᠮᠵᠢᠯᠠᠵᠤ ᠢᠷᠡᠭ᠍ᠰᠡᠨ ᠳᠦᠷᠪᠠᠨ ᠶᠡᠭᠡ ᠭᠦᠭ᠍ᠵᠢᠮ ᠤᠨ ᠪᠠᠭᠠᠵᠢ ᠪᠣᠯᠬᠤ ᠶᠤᠮ᠃ ᠡᠳᠡᠭᠡᠷ ᠭᠦᠭ᠍ᠵᠢᠮ ᠤᠨ ᠪᠠᠭᠠᠵᠢ ᠤᠳ ᠤᠨ ᠨᠠᠢ᠌ᠷᠠᠯ ᠭᠦᠭ᠍ᠵᠢᠮᠳᠡᠯᠭᠡ ᠪᠣᠯ ᠶᠤᠰᠤᠳᠠᠢ ᠭᠦᠮᠦᠰ ᠲᠤ ᠰᠡᠳᠭᠢᠯ ᠰᠠᠨᠠᠭᠠᠨ ᠤ ᠭᠤᠸ᠎ᠠ ᠰᠠᠢ᠌ᠬᠠᠨ ᠤ ᠭᠦᠷᠳᠡᠭᠡᠮᠵᠢ᠂ ᠣᠶᠤᠨ ᠪᠢᠯᠢᠭ᠌ ᠤᠨ ᠰᠢᠮ᠎ᠠ ᠳᠡᠵᠢᠭᠡᠯ ᠪᠣᠯᠬᠤ ᠶᠤᠮ᠃ ᠢᠩᠭᠢᠭᠡᠳ ᠠᠮᠢᠳᠤᠷᠠᠯ ᠤᠨ ᠡᠷᠴᠢᠮ ᠴᠢᠩᠭ᠋ᠠᠷᠠᠵᠤ᠂ ᠳᠠᠮᠠᠴᠠᠯ ᠤᠨ ᠵᠤᠷᠢᠭ ᠡᠷᠴᠢᠮᠯᠡᠭ᠍ᠳᠡᠭᠦ ᠣᠴᠢᠷᠳᠠᠢ᠃
ᠣᠷᠠᠯᠢᠭᠴᠢᠨ ᠪᠣᠯ ᠣᠷᠠᠯᠢᠭ ᠢ ᠵᠤᠬᠢᠶᠠᠨ ᠪᠦᠳᠦᠭᠡᠭᠦ ᠳᠤᠰᠬᠠᠢ ᠮᠡᠷᠭᠡᠵᠢᠯ ᠤᠨ ᠭᠤᠤᠯ ᠭᠦᠴᠤᠨ ᠮᠦᠨ᠃ ᠳᠠᠳᠠ ᠠᠷᠠᠤᠨ ᠲᠦᠮᠡᠨ ᠤ ᠠᠮᠢᠳᠤᠷᠠᠯ ᠤᠨ ᠭᠤᠸ᠎ᠠ ᠰᠠᠢ᠌ᠬᠠᠨ ᠢ ᠳᠦᠪᠯᠡᠷᠡᠭᠦᠯᠤᠨ ᠢᠯᠡᠷᠡᠭᠦᠯᠵᠤ᠂ ᠠᠷᠠᠤᠨ ᠲᠦᠮᠡᠨ ᠤ ᠦᠵᠡᠯᠳᠠ ᠳᠠᠨᠢᠯᠳᠠ᠂ ᠪᠣᠳᠤᠯ ᠰᠡᠳᠭᠢᠯ᠂ ᠭᠦᠰᠡᠯ ᠮᠦᠷᠦᠭᠡᠳᠦᠯ ᠢ ᠳᠤᠰᠬᠠᠨ ᠢᠯᠡᠳᠭᠡᠭᠡᠳ᠂ ᠠᠷᠠᠤᠨ ᠲᠦᠮᠡᠨ ᠤ ᠡᠷᠭᠢᠮ ᠳᠡᠭᠡᠳᠤ ᠭᠤᠸ᠎ᠠ ᠰᠠᠢ᠌ᠬᠠᠨ ᠤ ᠭᠦᠰᠡᠯ ᠣᠷᠮᠠᠰᠢᠯ ᠪᠠ ᠡᠷᠡᠭᠦᠯ ᠰᠠᠷᠠᠭᠤᠯ ᠣᠷᠠᠯᠢᠭ ᠤᠨ ᠳᠤᠷ᠎ᠠ ᠰᠤᠨᠢᠷᠬᠠᠯ ᠢ ᠰᠢᠰᠲ᠋ᠸᠮ ᠲᠡᠶ ᠬᠤᠷᠢᠶᠠᠩᠭ᠋ᠣᠢ᠌ᠯᠠᠨ᠂ ᠠᠭᠤᠯᠭ᠎ᠠ ᠭᠡᠯᠪᠠᠷᠢ ᠶᠢᠨ ᠳᠡᠭᠦᠯᠳᠡᠷ ᠰᠠᠢ᠌ᠬᠠᠨ ᠣᠶᠠᠯᠳᠤᠯ ᠶᠢᠡᠷ ᠣᠷᠠᠯᠢᠭᠵᠢᠭᠤᠯᠤᠨ ᠪᠦᠳᠦᠭᠡᠵᠤ᠂ ᠠᠷᠠᠤᠨ ᠲᠦᠮᠡᠨ ᠤ ᠳᠠᠭᠠᠰᠢᠶᠠᠯᠳᠤ ᠰᠡᠳᠬᠢᠯᠭᠡ ᠶᠢᠨ ᠱᠠᠭᠠᠷᠳᠠᠯᠭ᠎ᠠ ᠶᠢ ᠬᠠᠩᠭ᠋ᠠᠬᠤ ᠪᠠᠷ ᠡᠭᠦᠷᠭᠡ ᠵᠤᠷᠢᠯᠭ᠎ᠠ ᠪᠠᠨ ᠪᠣᠯᠭᠠᠭᠰᠠᠨ ᠶᠤᠮ᠃
ᠬᠤᠷᠴᠢᠨ ᠠᠷᠠᠤᠨ ᠤᠨ ᠣᠷᠠᠯᠢᠭᠴᠢ᠂ ᠬᠤᠭᠤᠷᠴᠢᠳ ᠤᠨ ᠳᠠᠳᠠᠳᠠᠭ ᠠᠶ᠎ᠠ ᠨᠢ ᠭᠤᠤᠯᠳᠠᠭᠤ ᠵᠡᠭᠦᠨ ᠣᠷᠤᠨ ᠤ ᠠᠷᠠᠤᠨ ᠤᠨ ᠳᠤᠮᠳᠠ ᠣᠷᠳᠤ ᠣᠳᠠᠭᠠᠨ ᠵᠢᠯ ᠤᠨ ᠳᠡᠦᠭᠡ ᠲᠡᠶ᠂ ᠳᠠᠯᠠᠢ ᠮᠠᠳᠤ ᠦᠨᠢᠷ ᠪᠠᠶᠠᠯᠢᠭ ᠵᠠᠬ᠎ᠠ ᠭᠢᠵᠠᠭᠠᠷ ᠦᠭᠡᠶ ᠳᠡᠯᠭᠡᠷᠡᠭ᠍ᠰᠡᠨ ᠮᠤᠩᠭ᠋ᠤᠯ ᠠᠷᠠᠤᠨ ᠤᠨ ᠳᠠᠭᠤᠤ ᠶᠢᠨ ᠢᠷᠠᠭᠤ ᠰᠠᠢ᠌ᠬᠠᠨ ᠠᠶ᠎ᠠ ᠨᠤᠭᠤᠳ ᠪᠣᠯᠤᠨ᠎ᠠ᠃ ᠡᠨᠡ ᠪᠣᠯ ᠮᠤᠩᠭ᠋ᠤᠯᠴᠤᠳ ᠤᠨ ᠣᠵᠤᠭᠤᠷ ᠰᠤᠶᠤᠯ ᠪᠣᠯᠬᠤ ᠶᠤᠮ᠃ ᠴᠢᠩᠭᠢᠰ ᠬᠠᠭᠠᠨ ᠳᠠᠮᠤᠵᠢᠨ ᠤ ᠡᠪᠦᠭᠡ ᠪᠠᠷᠳᠠᠠ ᠪᠠᠭᠠᠳᠤᠷ ᠤᠨ ᠳᠡᠭᠦᠤ ᠬᠤᠳᠠᠯᠠ ᠬᠠᠭᠠᠨ ᠰᠠᠭᠤᠷᠢᠨ ᠳᠤ ᠰᠠᠭᠤᠬᠤ ᠳᠤ ᠬᠠᠮᠤᠭ ᠮᠤᠩᠭ᠋ᠤᠯ ᠳᠠᠢ᠌ᠴᠢᠭᠤᠳ ᠶᠢᠠᠷ ᠶᠢᠡᠨ ᠪᠣᠷᠠᠬᠠᠨ ᠬᠠᠯᠳᠤᠨ ᠤ ᠡᠩᠭᠡᠷ᠂ ᠬᠤᠷᠬᠤᠨᠠᠭ ᠵᠦᠪᠣᠷ ᠤᠨ ᠰᠠᠭᠯᠠᠭᠠᠷ ᠮᠤᠳᠤᠨ ᠤ ᠳᠤᠭᠤᠷᠢᠨ ᠳᠤ ᠬᠠᠪᠢᠷᠭ᠎ᠠ ᠳᠤᠯᠤᠮ᠎ᠠ ᠬᠠᠯᠴᠢᠷᠠᠭᠤᠯᠵᠤ᠂ ᠡᠪᠦᠳᠦᠭ᠌ ᠳᠠᠪᠠᠳᠠᠯ᠎ᠠ ᠪᠣᠵᠢᠭᠢᠨᠠᠭᠤᠯᠵᠤ ᠳᠠᠭᠤᠯᠠᠨ ᠪᠦᠵᠢᠭᠯᠡᠵᠤ ᠬᠤᠷᠢᠮᠯᠠᠭᠰᠠᠨ ᠭᠦᠭ᠍ᠵᠢᠶᠡᠨ ᠨᠠᠷᠭᠢᠶᠠᠨ ᠨᠢ ᠦᠨᠦᠳᠤᠷ ᠤᠨ ᠬᠤᠷᠴᠢᠨ ᠮᠤᠩᠭ᠋ᠤᠯᠴᠤᠳ ᠤᠨ ᠳᠠᠭᠤᠤ ᠭᠦᠭ᠍ᠵᠢᠮ ᠤᠨ ᠭᠦᠷᠦᠩᠭᠡ ᠦᠪ ᠪᠣᠯᠵᠤ ᠠᠯᠤᠰ ᠤᠨ ᠠᠯᠤᠰ ᠡᠴᠡ ᠴᠤᠦᠷᠢᠶᠡᠳᠦᠨᠡ᠃
ᠠᠷᠠᠤᠨ ᠤᠨ ᠳᠠᠭᠤᠤ ᠪᠣᠯ ᠨᠡᠢ᠌ᠭᠡᠮ ᠤᠨ ᠪᠣᠳᠠᠳᠤ ᠠᠮᠢᠳᠤᠷᠠᠯ ᠳᠠᠮᠠᠴᠠᠯ ᠤᠨ ᠦᠨᠡᠨ ᠮᠦᠨ ᠳᠤᠰᠬᠠᠯ ᠪᠣᠯᠤᠨ᠎ᠠ᠃ ᠡᠩ ᠤᠨ ᠥᠭᠡᠨ ᠳᠤ ᠠᠷᠠᠤᠨ ᠤᠨ ᠠᠮᠢᠳᠤᠷᠠᠯ ᠢ ᠤᠢᠯᠠᠭᠠᠶᠠ ᠭᠡᠪᠠᠯ ᠠᠷᠠᠤᠨ ᠤᠨ ᠳᠠᠭᠤᠤ ᠳᠠᠭᠤᠯᠠᠵᠤ ᠰᠤᠷ ᠭᠡᠳᠡᠭ᠌᠃ ᠮᠤᠩᠭ᠋ᠤᠯ ᠤᠨ ᠡᠷᠳᠡᠨ ᠤ ᠠᠷᠠᠤᠨ ᠤᠨ ᠳᠠᠭᠤᠤ ᠳᠤ ᠮᠤᠩᠭ᠋ᠤᠯ ᠤᠨ ᠳᠤᠬᠠᠢ ᠶᠢᠨ ᠨᠡᠢ᠌ᠭᠡᠮ ᠤᠨ ᠠᠬᠤᠢ ᠪᠠᠢ᠌ᠳᠠᠯ᠂ ᠠᠩᠭᠢ ᠲ᠋ᠠᠪᠬᠤᠷᠭᠠ ᠵᠢᠨ ᠬᠠᠷᠢᠴᠠᠭ᠎ᠠ ᠪᠠ ᠠᠮᠢᠳᠤᠷᠠᠯ ᠳᠠᠮᠠᠴᠠᠯ ᠤᠨ ᠣᠯᠠ ᠮᠦᠷ ᠠᠭᠤᠰᠤᠭᠰᠠᠨ ᠶᠤᠮ᠃ 《ᠬᠤᠩᠭᠢᠷᠠᠤᠨ ᠤᠨ ᠠᠷᠠᠤᠨ ᠤᠨ ᠳᠠᠭᠤᠤ》᠂ 《ᠴᠢᠯᠭᠡᠷ ᠪᠦᠭᠡ ᠶᠢᠨ ᠳᠠᠭᠤᠤ》᠂ 《ᠵᠠᠮᠤᠬ᠎ᠠ ᠶᠢᠨ ᠳᠠᠭᠤᠤ》 ᠵᠡᠷᠭᠡ ᠨᠢ ᠠᠯᠢ ᠡᠷᠳᠡ ᠨᠢᠭᠡᠳᠦᠮᠡᠯ ᠮᠤᠩᠭ᠋ᠤᠯ ᠣᠯᠤᠰ ᠢ ᠪᠠᠢ᠌ᠭᠤᠯᠤᠭᠳᠠᠬᠤ ᠡᠴᠡ ᠡᠮᠦᠨ᠎ᠡ ᠨᠢᠭᠡᠨᠲᠡ ᠠᠷᠠᠤᠨ ᠤᠨ ᠠᠮᠠ ᠪᠠᠷ ᠣᠯᠠᠮᠵᠢᠯᠠᠭᠳᠠᠨ ᠳᠠᠭᠤᠯᠠᠭᠳᠠᠵᠤ ᠪᠠᠢ᠌ᠭᠰᠠᠨ ᠬᠠᠮᠤᠭ ᠠᠩᠬᠠᠨ ᠤ ᠠᠷᠠᠤᠨ ᠤᠨ ᠳᠠᠭᠤᠤ ᠶᠢᠨ ᠣᠯᠠ ᠮᠦᠷ ᠪᠣᠯᠬᠤ ᠪᠦᠭᠡᠳ ᠶᠡᠭᠡ ᠮᠤᠩᠭ᠋ᠤᠯ ᠣᠯᠤᠰ ᠪᠠᠢ᠌ᠭᠤᠯᠤᠭᠳᠠᠭᠰᠠᠨ ᠤ ᠰᠡᠭᠦᠯᠡᠷ ᠪᠠᠰᠠ ᠠᠷᠠᠤᠨ ᠲᠦᠮᠡᠨ ᠤ ᠳᠠᠢ᠌ᠨ ᠳᠠᠵᠢᠨ ᠤ ᠭᠠᠰᠠᠯᠠᠩ ᠵᠤᠪᠠᠯᠠᠩ ᠠᠮᠰᠠᠵᠤ ᠪᠠᠢ᠌ᠭᠰᠠᠨ ᠪᠣᠳᠠᠳᠠᠢ ᠪᠠᠢ᠌ᠳᠠᠯ ᠢ ᠳᠤᠰᠬᠠᠭᠰᠠᠨ 《ᠡᠭᠡ ᠭᠦᠪᠠᠭᠦᠨ ᠤ ᠳᠠᠭᠤᠤ》᠂ 《ᠠᠯᠠᠢ᠌ᠴᠢᠮᠪᠣᠤ ᠶᠢᠨ ᠳᠠᠭᠤᠤ》᠂ 《ᠳᠠᠢ᠌ᠨ ᠳᠤ ᠮᠤᠷᠳᠠᠬᠤ ᠳᠠᠭᠤᠤ 》 ᠵᠡᠷᠭᠡ ᠠᠷᠠᠤᠨ ᠤᠨ ᠳᠠᠭᠤᠤ ᠨᠤᠭᠤᠳ ᠨᠢ ᠦᠨᠦᠳᠤᠷ ᠤᠨ ᠬᠤᠷᠴᠢᠨ ᠠᠷᠠᠤᠨ ᠤᠨ ᠳᠠᠭᠤᠤ ᠶᠢᠨ ᠭᠦᠭ᠍ᠵᠢᠯᠳᠡ ᠵᠢᠨ ᠥᠩᠭᠡ ᠰᠢᠮᠡᠯᠢᠭ᠌ ᠭᠦᠷᠦᠰᠤ ᠰᠢᠷᠤᠢ ᠨᠢ ᠪᠣᠯᠤᠭᠰᠠᠨ ᠣᠴᠢᠷᠳᠠᠢ᠃
ᠠᠷᠠᠤᠨ ᠤᠨ ᠳᠠᠭᠤᠤ ᠨᠢ ᠠᠷᠠᠤᠨ ᠤᠨ ᠠᠮᠠ ᠪᠠᠷ ᠴᠢᠯᠦᠭᠡᠳᠡᠢ ᠣᠠᠯᠮᠵᠢᠯᠠᠭᠳᠠᠵᠤ᠂ ᠪᠠᠶᠠᠯᠢᠭ ᠰᠠᠢ᠌ᠬᠠᠨ ᠠᠭᠤᠯᠭ᠎ᠠ ᠪᠡᠷ ᠣᠷᠤᠨ ᠨᠤᠳᠤᠭ ᠤᠨ ᠣᠠᠴᠠᠯᠢᠭ ᠪᠠ ᠦᠨᠳᠦᠰᠦᠳᠠᠨ ᠤ ᠦᠪᠡᠷᠮᠢᠴᠠ ᠰᠤᠶᠤᠯ ᠤᠨ ᠭᠣᠢ᠌ᠳᠠ ᠰᠠᠢ᠌ᠬᠠᠨ ᠢ ᠭᠠᠢ᠌ᠬᠠᠭᠤᠯᠤᠨ᠂ ᠨᠢᠭᠡᠨ ᠰᠤᠶᠤᠯ ᠣᠷᠠᠯᠢᠭ ᠤᠨ ᠦᠪᠡᠷ ᠤᠨ ᠭᠡᠪ ᠨᠠᠮᠪᠠ ᠪᠦᠭᠦᠢ ᠰᠢᠰᠲ᠋ᠸᠮ ᠢ ᠪᠦᠷᠢᠯᠳᠦᠭᠦᠯᠦᠭ᠍ᠰᠡᠨ ᠶᠤᠮ᠃
ᠵᠡᠭᠦᠨ ᠣᠷᠤᠨ ᠤ ᠠᠷᠠᠤᠨ ᠤᠨ ᠳᠠᠭᠤᠤ ᠶᠢᠨ ᠭᠡᠯᠡ ᠭᠡᠯᠡᠯᠭᠡ ᠨᠢ ᠡᠭᠡᠯ ᠪᠣᠷᠤᠭᠵᠢᠭᠤᠨ᠂ ᠠᠮᠢᠳᠤ ᠴᠤᠪᠣᠭᠤᠯᠢᠭ᠂ ᠬᠤᠱᠦᠩ ᠶᠦᠮᠦᠷᠯᠢᠭ᠌ ᠭᠦᠭ᠌ ᠠᠢᠵᠢᠮ ᠲᠡᠶ᠃ ᠣᠶᠠᠷᠠᠭᠤᠨ ᠵᠢᠪᠬᠤᠯᠠᠩᠳᠤ᠂ ᠠᠯᠢᠶ᠎ᠠ ᠳᠡᠭ᠍ᠵᠢᠨ᠂ ᠴᠤᠪᠣᠭᠤ ᠴᠤᠯᠭᠢᠨ ᠭᠡᠪ ᠨᠠᠮᠪᠠ ᠲᠡᠶ ᠪᠠᠷ ᠦᠷᠦᠭᠡᠯ ᠪᠣᠰᠤᠳ ᠡᠴᠡ ᠢᠯᠭᠠᠭᠳᠠᠬᠤ ᠦᠪᠡᠷᠮᠢᠴᠠ ᠣᠠᠴᠠᠯᠢᠭ ᠶᠢᠠᠷ ᠶᠢᠡᠨ ᠬᠤᠷᠴᠢᠨ ᠰᠤᠶᠤᠯ ᠤᠨ ᠣᠭᠢ ᠱᠦᠯᠲᠦ ᠪᠣᠯᠵᠤ ᠬᠤᠭᠤᠷ ᠴᠤᠭᠤᠷ ᠤᠨ ᠭᠦᠭ᠌ ᠠᠢ᠌ᠵᠢᠮ ᠳᠤ ᠪᠠᠯᠠᠨ ᠮᠠᠲ᠋ᠸᠷᠢᠶᠠᠯ ᠬᠠᠩᠭ᠋ᠠᠭᠰᠠᠨ ᠶᠤᠮ᠃
ᠡᠢ᠌ᠮᠦᠷᠭᠦ ᠳᠠᠭᠤᠤ ᠭᠦᠭ᠍ᠵᠢᠮ ᠤᠨ ᠭᠤᠶᠤ ᠰᠠᠢ᠌ᠬᠠᠨ ᠣᠷᠴᠢᠨ ᠳᠤᠭᠤᠷᠢᠨ ᠳᠤ ᠦᠰᠦᠨ ᠪᠣᠢ᠌ᠵᠢᠭ᠎ᠠ ᠰᠦᠨ ᠯᠢᠶᠠᠩ ᠳᠤ ᠠᠪᠴᠤ ᠭᠡᠯᠡᠪᠠᠯ᠂ ᠡᠨᠡᠭᠦ ᠰᠤᠶᠤᠯ ᠣᠷᠠᠯᠢᠭ ᠤᠨ ᠣᠭᠢ ᠰᠢᠯᠢᠳᠡᠭ᠌ ᠰᠢᠮ᠎ᠠ ᠳᠡᠵᠢᠭᠡᠯ ᠵᠢᠠᠷ ᠨᠢᠯᠬ᠎ᠠ ᠪᠣᠯᠪᠠᠷᠠᠢ ᠣᠶᠤᠨ ᠰᠠᠨᠠᠭ᠎ᠠ᠂ ᠰᠤᠷᠬᠤᠢ ᠳᠤ ᠳᠤᠷᠠᠳᠠᠢ ᠭᠦᠰᠡᠯ ᠰᠡᠳᠭᠢᠯ ᠶᠢᠡᠨ ᠪᠣᠷᠳᠤᠨ ᠳᠡᠵᠢᠭᠡᠵᠤ᠂ ᠣᠷᠠᠯᠢᠭ ᠰᠡᠳᠭᠢᠭᠦᠢ ᠪᠠᠨ ᠪᠠᠶᠠᠯᠢᠭᠵᠢᠭᠤᠯᠤᠨ᠂ ᠣᠷᠠᠯᠠᠬᠤ ᠴᠢᠳᠠᠪᠭᠢ ᠪᠠᠨ ᠢᠳᠡᠭ᠌ ᠢᠳᠡᠭ᠌ ᠶᠢᠡᠷ ᠨᠡᠮᠡᠭ᠍ᠳᠡᠭᠦᠯᠵᠤ ᠪᠠᠢ᠌ᠪᠠ᠃
ᠪᠢᠴᠢᠬᠠᠨ ᠬᠡᠦᠬᠡᠳ ᠤᠨ ᠪᠣᠳᠤᠯ ᠭᠡᠭ᠍ᠴᠢ ᠶᠠᠮᠠᠷ ᠴᠤ ᠭᠦᠯᠢᠶᠡᠰᠤ ᠳᠤᠱᠠ ᠭᠡᠵᠤ ᠪᠠᠢ᠌ᠬᠤ ᠦᠭᠡᠶ᠃ ᠠᠰ ᠰᠢᠯᠤᠭᠤᠨ᠂ ᠴᠠᠪᠠᠷ ᠴᠠᠢ᠌ᠯᠭᠠᠨ᠂ ᠭᠢᠷᠢ ᠪᠣᠷᠳᠠᠭ ᠦᠭᠡᠶ ᠴᠤᠯᠤ ᠴᠠᠭᠠᠨ ᠴᠠᠭᠠᠰᠤ ᠪᠣᠯ ᠰᠡᠶᠢ ᠬᠡᠦᠬᠡᠳ ᠤᠨ ᠪᠣᠳᠤᠯ ᠰᠡᠳᠭᠢᠯ ᠪᠤᠯᠤᠨ᠎ᠠ ᠃ ᠭᠡᠷᠪᠡ ᠳᠡᠭᠦᠨ ᠤ ᠭᠦᠰᠡᠯ ᠰᠡᠳᠭᠢᠯ᠂ ᠰᠠᠨᠠᠭ᠎ᠠ ᠰᠡᠳᠭᠢᠭᠦᠢ ᠶᠢ ᠨᠢ ᠭᠡᠢ ᠭᠦᠰᠡᠯ ᠭᠡᠪᠠᠯ ᠳᠠᠷᠤᠢ ᠡᠨᠡᠭᠦ ᠭᠤᠸ᠎ᠠ ᠰᠠᠢ᠌ᠬᠠᠨ ᠭᠡᠢ ᠭᠦᠰᠡᠯ ᠨᠢ ᠳᠡᠭᠦᠨ ᠤ ᠵᠢᠩᠭᠢᠨᠢ ᠭᠦᠰᠡᠯ ᠵᠤᠷᠢᠯᠭ᠎ᠠ ᠶᠢᠨ ᠭᠢᠨᠢ ᠡᠭᠢ ᠡᠭᠦᠰᠦᠯ ᠪᠠᠢ᠌ᠬᠤ ᠶᠤᠰᠤᠳᠠᠢ᠃ ᠳᠤᠯᠤᠭᠠᠨ ᠨᠠᠰᠤ ᠭᠦᠷᠦᠭ᠍ᠰᠡᠨ ᠵᠢᠭᠠᠯ ᠰᠦᠨ ᠯᠢᠶᠠᠩ ᠤᠨ ᠭᠡᠦᠭᠡᠳᠯᠢᠭ᠌ ᠣᠶᠤᠨ ᠳᠤ ᠪᠠᠨ ᠠᠩᠬ᠎ᠠ ᠭᠦᠪᠦᠷᠡᠭᠦᠯᠦᠭ᠍ᠰᠡᠨ ᠭᠦᠰᠡᠯ ᠤᠨ ᠰᠤᠶᠤᠭ᠎ᠠ ᠪᠣᠯ ᠳᠦᠷᠪᠠᠨ ᠣᠳᠠᠰᠤᠳᠤ ᠬᠤᠭᠤᠷ ᠤᠨ ᠡᠷᠭᠡᠳᠤ ᠡᠵᠡᠨ ᠪᠣᠯᠵᠤ᠂ ᠦᠪᠡᠷ ᠤᠨ ᠡᠷᠭᠡ ᠲ᠋ᠦᠷᠡ ᠪᠠᠷ ᠶᠢᠡᠨ ᠭᠦᠭᠯᠡᠭᠦᠯᠵᠤ ᠴᠢᠳᠠᠬᠤ ᠶᠠᠪᠣᠳᠠᠯ ᠪᠣᠯᠤᠨ᠎ᠠ᠃ ᠮᠦᠨ ᠡᠨᠡᠭᠦ ᠠᠩᠬ᠎ᠠ ᠠᠯᠬᠤᠮ ᠤᠨ᠂ ᠪᠣᠯᠪᠠᠰᠤᠷᠠᠵᠤ ᠳᠡᠭᠦᠯᠳᠡᠷᠵᠢᠭᠡ ᠦᠭᠡᠶ᠂ ᠡᠭᠡᠯ ᠪᠣᠰᠤ ᠵᠢᠨ ᠡᠷᠢᠯ ᠭᠦᠰᠡᠯ ᠶᠢᠡᠨ ᠪᠠᠶᠡᠯᠡᠭᠦᠯᠭᠦ ᠶᠢᠨ ᠲᠦᠯᠦᠭᠡ ᠬᠠᠯᠠᠭᠤᠨ ᠴᠢᠯᠠᠭᠤ ᠳᠤᠯᠢᠶᠠᠵᠤ᠂ ᠬᠠᠷ᠎ᠠ ᠰᠦᠰᠦ ᠡᠡᠮᠳᠡᠯᠡᠬᠤ ᠡᠴᠡ ᠬᠣᠢ᠌ᠰᠢ ᠦᠭᠡᠶ ᠵᠤᠷᠢᠭ ᠳᠡᠭᠦᠨ ᠤ ᠲᠦᠷᠤᠯᠭᠢ ᠶᠢᠨ ᠪᠣᠯᠬᠤ ᠶᠢ ᠦᠷᠦᠭᠡᠯ ᠪᠣᠰᠤᠳ ᠭᠡᠷᠭᠢᠨ ᠮᠡᠳᠡᠭᠦ ᠠᠵᠠᠢ ︕
ᠳᠠᠷᠠ ᠣᠳᠤ ᠱᠤᠭᠠᠢ ᠶᠢᠨ ᠬᠤᠭᠤᠷ ᠶᠢᠡᠷ ᠪᠠᠶ᠎ᠠ ᠪᠠᠨ ᠬᠤᠭᠤᠷᠬᠤ ᠳᠤᠷ᠎ᠠ ᠦᠭᠡᠶ ᠪᠣᠯᠵᠠᠢ᠃ ᠪᠠᠢ᠌ᠨ ᠪᠠᠢ᠌ᠨ ᠡᠴᠢᠭᠡ ᠡᠭᠡ ᠪᠠᠨ ᠡᠵᠡᠭᠦᠢ ᠳᠤ ᠪᠠᠷᠠᠭᠤᠨ ᠬᠠᠶᠠᠭ᠎ᠠ ᠳᠤ ᠡᠯᠭᠦᠭᠡᠰᠦᠳᠡᠢ᠂ ᠪᠠᠶ᠎ᠠ ᠡᠴᠡ ᠨᠢ ᠦᠨᠳᠦᠷ ᠳᠤᠮᠤ ᠬᠤᠭᠤᠷ ᠲᠤ ᠰᠠᠨᠠᠭ᠎ᠠ ᠣᠷᠭᠢᠵᠤ᠂ ᠵᠠᠪ ᠳᠠᠭᠠᠷᠠᠵᠤ ᠵᠠᠪᠰᠢᠶᠠᠨ ᠲᠤᠬᠢᠶᠠᠯᠳᠤᠮᠠᠭᠴᠠ ᠰᠡᠮᠡᠭᠡᠷ ᠪᠠᠭᠤᠯᠭᠠᠨ ᠠᠪᠴᠤ ᠭᠢᠷᠦᠭᠡᠳᠡᠵᠤ ᠣᠷᠤᠯᠳᠤᠵᠤ ᠡᠭᠢᠯᠡᠯ᠎ᠡ᠃
ᠳᠡᠭᠦᠨ ᠳᠤ ᠬᠠᠮᠤᠭ ᠠᠩᠬ᠎ᠠ ᠭᠠᠷ ᠢ ᠨᠢ ᠠᠳᠬᠤᠵᠤ᠂ ᠬᠤᠷᠤᠭᠤ ᠶᠢ ᠨᠢ ᠭᠦᠳᠡᠯᠭᠡᠨ ᠬᠤᠭᠤᠷ ᠳᠠᠳᠠᠬᠤ ᠶᠢ ᠵᠢᠭᠠᠵᠤ ᠦᠭᠭᠦᠭ᠍ᠰᠡᠨ ᠭᠦᠮᠤᠨ ᠪᠣᠯ ᠵᠡᠷᠭᠡᠯᠡᠳᠡᠭᠡ ᠭᠡᠷ ᠤᠨ ᠳ᠋ᠤᠤ ᠢ ᠨᠠᠰᠤᠳᠠᠨ ᠪᠣᠯᠤᠨ᠎ᠠ᠃ ᠭᠡᠳᠥᠢᠪᠠᠷ ᠬᠤᠯᠠ ᠤᠢ᠌ᠷ᠎ᠡ ᠳᠤ ᠪᠠᠨ ᠠᠯᠳᠠᠷᠰᠢᠭᠰᠠᠨ ᠨᠠᠷᠠᠳᠤ ᠬᠤᠭᠤᠷᠴᠢ ᠪᠢᠰᠢ ᠪᠣᠯᠪᠠᠴᠤ ᠳᠠᠷᠠ ᠠᠢᠯ ᠳᠤ ᠪᠠᠨ ᠪᠣᠯ ᠳᠠᠷᠤᠢ ᠬᠠᠮᠤᠭ ᠰᠠᠢ᠌ᠨ ᠬᠤᠭᠤᠷᠴᠢ ᠪᠠᠢ᠌ᠵᠠᠢ᠃ ᠨᠠᠰᠤᠳᠠᠨ ᠭᠤᠸᠠᠢ ᠪᠢᠴᠢᠬᠠᠨ ᠰᠦᠨ ᠯᠢᠶᠠᠩ ᠤᠨ ᠳᠦᠷᠤᠯᠭᠢ ᠶᠢᠨ ᠬᠤᠭᠤᠷ ᠭᠦᠭ᠍ᠵᠢᠮ ᠳᠤ ᠠᠪᠢᠶᠠᠰ ᠲᠡᠶ ᠪᠣᠯᠬᠤ ᠶᠢ᠌ ᠦᠵᠡᠵᠤ ᠭᠠᠷᠤᠭᠠᠤᠨ ᠢᠷᠡᠭᠡᠳᠦᠢ ᠳᠤ ᠨᠢᠭᠡᠨ ᠰᠠᠢ᠌ᠨ ᠬᠤᠭᠤᠷᠴᠢ ᠪᠣᠯᠭᠠᠵᠤ ᠭᠦᠮᠦᠵᠢᠭᠦᠯᠭᠦ ᠶᠢᠨ ᠰᠠᠢ᠌ᠬᠠᠨ ᠭᠦᠰᠡᠯ ᠡᠪᠦᠷᠯᠡᠵᠤ ᠪᠠᠢ᠌ᠪᠠ᠃ ᠰᠦᠨ ᠯᠢᠶᠠᠩ ᠴᠤ ᠡᠳᠦᠷ ᠤᠨ ᠮᠠᠷᠭᠠᠰᠢ ᠨᠠᠰᠤᠳᠠᠨ ᠤ ᠭᠢᠨ ᠳᠤ ᠡᠷᠭᠢᠴᠡᠨ᠎ᠡ᠃ ᠭᠦᠭᠡᠷᠦᠭᠦᠢ ︕ ᠪᠠᠭ᠎ᠠ ᠨᠠᠰᠤᠨ ᠤ ᠬᠡᠦᠬᠡᠳ ᠭᠡᠵᠤ ᠠᠰᠪᠣᠷᠢ ᠭᠡᠳᠡᠭ᠌ ᠨᠢ ᠭᠡᠯᠡᠭᠦ ᠭᠠᠵᠠᠷ ᠦᠭᠡᠶ᠃ ᠨᠠᠰᠤᠳᠠᠨ ᠢ ᠪᠠᠭ᠎ᠠ ᠯᠠ ᠴᠢᠯᠦᠭᠡ ᠲᠡᠶ ᠪᠣᠯᠤᠭᠰᠠᠭᠠᠷ ᠬᠤᠭᠤᠷ ᠵᠢᠭᠠᠯᠭᠠᠬᠤ ᠭᠡᠳ ᠱᠠᠯᠠᠭᠠᠤᠨ ᠠᠮᠠᠷ ᠰᠠᠭᠤᠯᠭᠠᠬᠤ ᠦᠭᠡᠶ᠃
ᠰᠦᠨ ᠯᠢᠶᠠᠩ ᠪᠠᠭᠰᠢ ᠪᠠᠨ ᠮᠡᠰᠢ ᠭᠦᠡᠳᠦᠳᠭᠡᠨ᠎ᠡ᠃ ᠬᠤᠵᠢᠮ ᠨᠢ ᠳᠠᠷᠠ ᠬᠤᠭᠤᠷ ᠤᠨ ᠡᠷᠳᠡᠮᠳᠡᠨ ᠪᠣᠯᠤᠭᠰᠠᠨ ᠤ ᠰᠡᠭᠦᠯᠡᠷ ᠴᠤ ᠦᠷᠭᠦᠯᠵᠢ ᠭᠦᠮᠦᠰ ᠲᠤ 《ᠮᠢᠨᠤ ᠪᠠᠭᠰᠢ ᠪᠣᠯ ᠳ᠋ᠤᠤ ᠢ ᠭᠡᠳᠡᠭ᠌》 ᠭᠡᠵᠤ ᠡᠷᠭᠦᠨ ᠮᠠᠭᠳᠠᠵᠤ ᠳᠤᠷᠠᠰᠤᠨ ᠮᠦᠷᠦᠭᠡᠳᠴᠤ ᠪᠠᠢ᠌ᠭᠰᠠᠨ ᠭᠡᠨ᠎ᠡ᠃ ᠭᠡᠪᠠᠴᠤ ᠳ᠋ᠤᠤ ᠢ ᠪᠠᠭᠰᠢ ᠶᠢᠨ ᠶᠢᠡᠨ ᠳᠤᠬᠠᠢ ᠶᠠᠮᠠᠷ ᠴᠤ ᠠᠵᠢᠯ ᠭᠢᠵᠤ ᠳᠡᠢ᠌ᠯᠦᠭ᠍ᠰᠡᠨ ᠦᠭᠡᠶ ᠳᠤ ᠪᠠᠨ᠂ ᠪᠠᠭᠰᠢ ᠳᠤ ᠪᠠᠨ ᠶᠠᠮᠠᠷᠴᠤ ᠳᠤᠰᠠ ᠭᠦᠷᠭᠡᠵᠤ ᠴᠢᠳᠠᠭᠰᠠᠨ ᠦᠭᠡᠶ ᠳᠤ ᠪᠠᠨ᠂ ᠳᠠᠷᠠ ᠪᠠᠭᠰᠢ ᠶᠢᠨ ᠠᠴᠢ ᠶᠢ ᠬᠠᠷᠢᠭᠤᠯᠵᠤ ᠳᠡᠢ᠌ᠯᠦᠭ᠍ᠰᠡᠨ ᠦᠭᠡᠶ ᠭᠡᠵᠤ ᠴᠠᠭ ᠢᠮᠠᠭᠳᠠ ᠬᠠᠷᠠᠮᠰᠠᠵᠤ ᠪᠠᠢ᠌ᠭᠰᠠᠨ ᠭᠡᠳᠡᠭ᠌᠃
ᠳᠠᠢ᠌ᠮᠤ ᠡ ︕ ᠳ᠋ᠤᠤ ᠢ ᠪᠠᠭᠰᠢ ᠵᠢᠨ ᠲ᠋ᠤᠬᠠᠢ ᠶᠠᠮᠠᠷᠴᠤ ᠳᠡᠮᠳᠡᠭᠯᠡᠯ ᠥᠯᠡᠳᠡᠭᠡᠵᠤ ᠴᠢᠳᠠᠬᠤ ᠦᠭᠡᠶ ᠪᠣᠯᠤᠭᠰᠠᠨ ᠳᠤ ᠪᠠᠨ ᠪᠢᠳᠠ ᠴᠤ ᠳᠤᠩ ᠬᠠᠷᠠᠮᠰᠠᠵᠤ ᠪᠠᠢ᠌ᠨ᠎ᠠ᠃
ᠦᠷᠭᠦᠯᠵᠢᠯᠡᠯ ᠪᠣᠢ
ᠵᠤᠬᠢᠶᠠᠭᠴᠢ ᠶᠢᠨ ᠬᠠᠶᠢᠭ ᠄ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠱᠸᠪᠠᠷᠳᠤ ᠮᠤᠩᠭ᠋ᠤᠯ ᠲ᠋ᠤᠮᠳᠠᠳᠤ ᠰᠤᠷᠭᠠᠭᠤᠯᠢ
ᠵᠤᠬᠢᠶᠠᠭᠴᠢ᠄ ᠲᠠᠩᠨᠤᠳ ᠬᠠᠢ᠌ᠬᠤ
ᠳᠠᠷᠤᠮ᠄ 2467
ᠴᠠᠭ᠄ 2012 ᠤᠨ ᠤ 10 ᠰᠠᠷ᠎ᠠ ᠶᠢᠨ 22