ᠨᠡᠪᠲᠡᠷᠡᠨ ᠤᠷᠤᠬᠤ
ᠬᠤᠶᠠᠷ ᠂ ᠪᠠᠭ᠎ᠠ ᠨᠠᠰᠤᠨ ᠤ ᠭᠡᠢ ᠭᠦᠰᠡᠯ

ᠮᠠᠠᠵᠤ ᠴᠢᠩ ᠤᠨ ᠭᠡᠪᠳᠤ ᠶᠤᠰᠤᠳᠤ ᠶᠢᠨ ᠬᠤᠶᠠᠳᠤᠭᠠᠷ ᠣᠨ᠂ ᠴᠠᠭᠠᠨ ᠨᠤᠬᠠᠢ ᠵᠢᠯ (1910) ᠳ᠋ᠤ ᠪᠣᠭᠳᠠ ᠴᠢᠩᠭᠢᠰ ᠬᠠᠭᠠᠨ ᠤ ᠦᠷᠯᠦᠭ᠌ ᠵᠠᠩᠵᠤᠨ ᠣᠷᠢᠶᠠᠩᠬᠠᠢ ᠶᠢᠨ ᠵᠠᠯᠮ᠎ᠠ ᠶᠢᠨ ᠬᠣᠢ᠌ᠴᠢᠰ ᠶᠠᠳᠠᠭᠤ ᠳᠠᠷᠢᠶᠠᠴᠢᠨ ᠳᠤᠭᠳᠤᠩᠭ᠋᠎ᠠ᠂ ᠭᠦᠦᠳᠡᠭᠦᠳᠤ ᠶᠢᠨ ᠳᠦᠷᠪᠠᠳᠦᠭᠡᠷ ᠭᠦᠪᠠᠭᠦᠨ ᠪᠣᠯᠵᠤ ᠵᠠᠶᠠᠭᠠᠭᠰᠠᠨ ᠰᠦᠨ ᠯᠢᠶᠠᠩ ᠭᠡᠮᠡᠭ᠍ᠴᠢ᠂ ᠳᠡᠭᠡᠳᠤ ᠳᠡᠭ᠍ᠷᠢ ᠡᠴᠡ ᠳᠦᠷᠤᠯ ᠣᠯᠭᠤᠵᠤ ᠭᠦᠮᠤᠨ ᠤ ᠶ‍ᠢᠷᠳᠢᠠᠴᠤ ᠳ᠋ᠤ ᠪᠠᠭᠤᠯᠭᠠᠬᠤ ᠳᠤ ᠪᠠᠨ ᠭᠦᠭ᠍ᠵᠢᠮ ᠠᠶ᠎ᠠ ᠲᠡᠶ ᠬᠤᠪᠢ ᠪᠠᠷᠢᠯᠳᠤᠭᠤᠯᠵᠤ᠂ ᠭᠦᠮᠤᠨ ᠳᠦᠷᠤᠯᠭᠢᠳᠠᠨ ᠤ ᠰᠤᠶᠤᠯ ᠣᠷᠠᠯᠢᠭ ᠤᠨ ᠠᠮᠢᠳᠤᠷᠠᠯ ᠢ ᠪᠠᠶᠠᠯᠢᠭᠵᠢᠭᠤᠯᠬᠤ ᠡᠭᠦᠷᠭᠡ ᠳᠠᠭᠠᠭᠠᠯᠭᠠᠪᠣᠷᠢ ᠲᠡᠶ ᠢᠷᠡᠭ᠍ᠰᠡᠨ ᠶᠤᠮ ᠦᠦ ᠭᠡᠮᠡᠷ ᠳᠦᠷᠤᠯᠭᠢ ᠨᠢ ᠬᠤᠭᠤᠷ ᠭᠦᠭ᠍ᠵᠢᠮ ᠲᠡᠶ ᠣᠷᠮ᠎ᠠ ᠪᠠᠬ᠎ᠠ ᠳᠠᠢ ᠪᠠᠢ᠌ᠵᠠᠢ᠃ ᠳᠡᠭᠦᠨ ᠢ ᠳᠦᠷᠦᠭ᠍ᠰᠡᠨ ᠤ ᠵᠠᠭᠤ ᠬᠤᠨᠤᠭ ᠤᠨ ᠣᠢ ᠶᠢ ᠭᠢᠭᠦ ᠳᠤ ᠪᠠᠨ ᠲ᠋ᠡᠭᠦᠨ ᠤ ᠶᠡᠮᠡᠷ ᠶᠠᠭᠤᠮᠠᠨ ᠳᠤ ᠳᠤᠷ᠎ᠠ ᠰᠤᠨᠢᠷᠬᠠᠯ ᠲᠡᠶ ᠪᠣᠯᠬᠤ ᠵᠢ ᠰᠤᠷᠢᠭᠰᠠᠨ ᠪᠣᠳᠠᠰ ᠪᠠᠷᠢᠭᠤᠯᠬᠤ ᠣᠢ᠌ᠯᠠ ᠭᠢᠵᠠᠢ᠃ ᠬᠠᠩᠵᠤᠨ ᠳᠡᠭᠡᠷ᠎ᠡ ᠪᠢᠷ ᠴᠠᠭᠠᠰᠤ᠂ ᠵᠤᠭᠤᠰ ᠮᠥᠩᠭᠦ ᠂ ᠠᠷᠴᠢᠭᠤᠷ ᠬᠠᠳᠤᠭᠤᠷ᠂ ᠣᠷᠬ᠎ᠠ ᠳᠠᠰᠢᠭᠤᠷ ᠵᠢᠴᠢ ᠨᠠᠭᠠᠳᠤᠮ ᠳᠤᠭᠯᠠᠭᠠᠮ ᠤᠨ ᠵᠣᠢ᠌ᠯ ᠢ ᠳᠡᠭᠦᠨ ᠤ ᠡᠮᠦᠨ᠎ᠡ ᠦᠷᠤᠵᠤ ᠳᠠᠯᠪᠢᠭᠠᠤᠨ ᠠᠯᠢ ᠶᠢ ᠨᠢ ᠣᠷᠢᠳᠠᠪᠠᠷ ᠠᠳᠬᠤᠬᠤ ᠶᠢ ᠨᠢ ᠥᠵᠡᠭᠦ ᠳᠤ᠂ ᠳᠠᠷᠠ ᠬᠠᠷᠢᠨ ᠪᠠᠢ᠌ᠰᠢᠩ ᠤᠨ ᠪᠠᠷᠠᠭᠤᠨ ᠬᠠᠨ᠎ᠠ ᠳᠡᠭᠡᠷ᠎ᠡ ᠪᠤᠰᠤᠭ᠎ᠠ ᠡᠯᠭᠦᠭ᠍ᠰᠡᠨ ᠳᠤᠮᠤ ᠳᠦᠷᠪᠠᠨ ᠣᠳᠠᠰᠤᠳᠤ ᠬᠤᠭᠤᠷ ᠢ ᠥᠵᠡᠭᠡᠳ ᠵᠢᠵᠢᠭ᠌ ᠳᠤᠷᠮᠤᠭᠤᠷ ᠨᠢᠳᠤᠨ ᠡᠴᠡ ᠨᠢ ᠣᠠᠴᠠ ᠶᠢᠨ ᠭᠡᠷᠡᠯ ᠰᠠᠴᠤᠷᠠᠵᠤ᠂ ᠵᠢᠮᠢ᠌ᠭ᠍ᠰᠡᠨ ᠪᠢᠴᠢᠬᠠᠨ ᠣᠷᠤᠭᠤᠯ ᠨᠢ ᠣᠮᠤᠯᠵᠠᠨ ᠭᠦᠳᠡᠯᠦᠭᠡᠳ᠂ ᠢᠨᠢᠶᠡᠭᠦ ᠴᠤ ᠰᠢᠭ᠌᠂ ᠳᠠᠭᠤᠯᠠᠬᠤ ᠴᠤ ᠰᠢᠭ ᠣᠠᠴᠠᠭᠠᠢ ᠳᠦᠷᠢ ᠢᠯᠡᠷᠡᠭᠦᠯᠭᠦ ᠡᠴᠡ ᠪᠢᠰᠢ ᠬᠠᠩᠵᠤᠨ ᠳᠡᠭᠡᠷᠡᠭᠢ ᠶᠠᠭᠤᠮᠠᠨ ᠳᠤ ᠣᠭᠳᠤᠬᠠᠨ ᠴᠤ ᠳᠤᠷ᠎ᠠ ᠰᠤᠨᠢᠷᠬᠠᠯ ᠦᠭᠡᠶ ᠪᠠᠢ᠌ᠯ᠎ᠠ᠃

ᠨᠢᠯᠬ᠎ᠠ ᠭᠦᠤ ᠶᠢᠨ ᠶᠢᠡᠨ ᠦᠯᠦ ᠮᠡᠳᠡᠭ᠌ ᠢᠨᠢᠶᠡᠮᠰᠦᠭᠯᠡᠭᠦ ᠶᠢ ᠬᠠᠷᠠᠭᠠᠤᠨ ᠡᠯᠢᠭᠡᠨ ᠳᠤ ᠪᠠᠨ ᠳᠡᠪᠠᠷᠢᠭ᠍ᠰᠡᠨ ᠡᠨᠡᠷᠢᠯᠳᠤ ᠡᠵᠢ ᠨᠢ ᠭᠦᠦᠳᠡᠭᠦᠳᠤ ᠡᠨᠡ ᠳᠦᠷᠢ ᠪᠣᠯ ᠭᠦᠤ ᠶᠢᠨ ᠮᠢᠨᠢ ᠡᠨᠡ ᠬᠤᠷᠸ᠎ᠠ ᠳᠠᠬᠢ ᠭᠦᠮᠤᠨ ᠤ ᠠᠮᠢᠳᠤᠷᠠᠯ ᠤᠨ ᠪᠦᠭᠦᠢᠯᠡ ᠶᠠᠪᠣᠴᠠ ᠳᠤ ᠪᠠᠨ ᠪᠠᠶᠠᠷ ᠵᠢᠷᠭᠠᠯ ᠲᠡᠶ ᠥᠩᠭᠡᠷᠡᠭᠦᠯᠭᠦ ᠶᠢᠨ ᠪᠠᠯᠭᠡ ᠳᠡᠮᠳᠡᠭ᠌ ᠮᠦᠨ ᠭᠡᠵᠤ ᠪᠠᠯᠭᠡᠰᠢᠶᠡᠨ ᠪᠤᠳᠤᠭᠰᠠᠨ ᠪᠣᠯᠤᠯᠳᠠᠢ ᠵᠥᠭᠡᠯᠡᠨ ᠪᠣᠯᠪᠠᠷᠠᠢ ᠪᠣᠷᠤ ᠣᠯᠠᠭᠠᠨ ᠬᠠᠴᠠᠷ ᠳᠤᠨᠢ ᠬᠠᠢ᠌ᠷ᠎ᠠ ᠶᠢᠨ ᠭᠠᠯ ᠨᠢᠯᠴᠢᠭᠢᠨᠡᠭ᠍ᠰᠡᠨ ᠨᠢᠮᠭᠡᠨ ᠣᠷᠤᠭᠤᠯ ᠶᠢᠡᠨ ᠠᠪᠠᠴᠢᠵᠤ ᠥᠭᠦᠭᠡᠷᠳᠡᠨ ᠳᠠᠭᠠᠯᠠᠬᠤ ᠳ᠋ᠤ ᠲ᠋ᠤᠭᠳᠤᠩᠭ᠋᠎ᠠ ᠭᠤᠸᠠᠢ ᠡᠩᠭᠦᠷᠡᠢ ᠭᠦᠤ ᠶᠢᠨ ᠶᠢᠡᠨ ᠬᠤᠭᠤᠷ ᠲᠤ ᠯᠠ ᠬᠠᠮᠤᠭ ᠤᠨ ᠳᠤᠷ᠎ᠠ ᠰᠤᠨᠢᠷᠬᠠᠯ ᠲᠡᠶ ᠪᠠᠢ᠌ᠭ᠎ᠠ ᠶᠢ᠌ ᠮᠡᠳᠡᠭᠡᠳ ᠳᠤᠳᠤᠷ᠎ᠠ ᠨᠢ ᠵᠢᠭ᠍ᠭᠢᠵᠤ ᠠᠪᠴᠠᠢ᠃ ᠠᠩᠬᠠᠨ ᠮᠦᠨ ᠢᠨᠢᠶᠡᠰᠭᠢᠭ᠍ᠰᠡᠨ ᠶᠢᠡᠨ ᠳᠠᠭᠢᠨ ᠭᠦᠮᠦᠰᠭᠡ ᠠᠳᠤᠷᠢᠵᠤ᠂ ᠴᠢᠷᠠᠢ ᠨᠢ ᠪᠠᠷᠤᠰᠭᠢᠭᠠᠳ ᠪᠠᠶᠠᠷ ᠤᠨ ᠡᠳᠦᠷ ᠤᠨ ᠪᠠᠬᠠᠳᠤᠯᠳᠤ ᠰᠡᠳᠬᠢᠯᠭᠡ ᠨᠢ ᠳᠤᠤᠷ᠎ᠠ ᠪᠠᠨ ᠭᠦᠷᠦᠵᠤ ᠬᠠᠩᠵᠤᠨ ᠢᠷᠮᠡᠭ᠌ ᠲᠤ ᠯᠠᠭ ᠰᠠᠭᠤᠵᠤ ᠲ᠋ᠤᠤ ᠳᠡᠭᠡᠰᠤ ᠪᠠᠨ ᠭᠦᠴᠦᠳᠡᠢ ᠭᠦᠴᠦᠳᠡᠢ ᠰᠡᠯᠭᠦᠨ᠎ᠡ᠃ ᠶ‍ᠢᠷᠳᠢᠠᠴᠤ ᠶᠢᠨ ᠭᠦᠮᠤᠨ ᠤ ᠶᠠᠪᠣᠳᠠᠯ ᠡ ︕ ᠡᠴᠢᠭᠡ ᠡᠭᠡ ᠪᠣᠯᠤᠭᠰᠠᠤᠨ ᠤᠨ ᠰᠡᠳᠭᠢᠯ ᠭᠡᠵᠤ ᠥᠨᠡᠭᠡᠷ ᠭᠦᠭᠡᠷᠦᠭᠦᠢ ᠰᠢᠤ ︕ ᠨᠢᠭᠡ ᠳᠠᠯ᠎ᠠ ᠪᠠᠷ ᠭᠦᠤ ᠲᠡᠶ ᠪᠣᠯᠤᠯ᠎ᠠ ᠭᠡᠵᠤ ᠭᠦᠭ᠍ᠰᠡᠵᠤ ᠪᠠᠶᠠᠷᠯᠠᠬᠤ ᠴᠤ ᠳᠤᠬᠠᠢ ᠶᠢᠨ ᠦᠶ᠎ᠡ ᠶᠢᠨ ᠨᠡᠢ᠌ᠭᠡᠮ ᠳᠤ ᠶᠠᠭᠠᠭᠢᠵᠤ ᠳᠡᠵᠢᠭᠡᠭᠡᠳ ᠭᠡᠷᠭᠢᠨ ᠭᠦᠮᠦᠵᠢᠭᠦᠯᠦᠨ᠎ᠡ ᠭᠡᠳᠡᠭ᠌ ᠪᠣᠯ ᠨᠠᠩ ᠶᠡᠭᠡ ᠠᠰᠠᠭᠤᠳᠠᠯ ᠪᠠᠢ᠌ᠯ᠎ᠠ᠃

ᠥᠨᠡ᠊ᠨᠳᠡᠭᠡᠨ ᠭᠦᠮᠤᠨ ᠤ ᠠᠮᠢᠳᠤᠷᠠᠯ ᠳᠤ ᠣᠯᠠᠨ ᠶᠠᠩᠵᠤ ᠳᠦᠷᠤᠯ ᠤᠨ ᠠᠵᠢᠯ ᠣᠢ᠌ᠯᠠᠰ ᠱᠠᠭᠠᠷᠳᠠᠭᠳᠠᠨ᠎ᠠ᠃ ᠣᠶᠤᠨ ᠤ ᠭᠦᠳᠡᠯᠮᠦᠷᠢ ᠭᠢᠭ᠍ᠰᠡᠨ ᠴᠤ ᠳᠠᠷᠠ ᠂ ᠪᠠᠶ᠎ᠠ ᠶᠢᠨ ᠭᠦᠳᠡᠯᠮᠦᠷᠢ ᠭᠢᠭ᠍ᠰᠡᠨ ᠴᠤ ᠳᠠᠷᠠ᠂ ᠨᠢᠭᠳᠠᠯᠠᠵᠤ ᠪᠣᠳᠤᠪᠠᠯ᠂ ᠰᠠᠢ᠌ᠨ ᠮᠠᠭᠤ᠂ ᠡᠷᠭᠢᠮ ᠳᠤᠤᠷᠠᠳᠤ ᠭᠡᠵᠤ ᠪᠠᠢ᠌ᠬᠤ ᠦᠭᠡᠶ ᠪᠢᠯᠠ ᠃ ᠬᠠᠷᠢᠨ ᠳᠠᠯᠠᠨ ᠬᠤᠶᠠᠷ ᠵᠣᠢ᠌ᠯ ᠤᠨ ᠠᠵᠢᠯ ᠳᠦᠷᠤᠯ ᠪᠦᠭᠦᠨ ᠡᠴᠡ ᠴᠦᠮ ᠡᠷᠳᠡᠮᠳᠡᠨ ᠴᠢᠳᠠᠪᠣᠷᠢᠳᠠᠨ ᠴᠤᠯᠭᠤᠷᠠᠨ᠎ᠠ ᠭᠡᠳᠡᠭ᠌ ᠲᠤ ᠥᠩᠭᠡᠷᠡᠭ᠍ᠰᠡᠨ ᠳᠡᠦᠭᠡ ᠨᠢᠭᠡᠨᠲᠡ ᠭᠡᠷᠡᠴᠢᠯᠡᠭ᠍ᠰᠡᠨ ᠶᠤᠮ᠃

ᠡᠪᠦᠭᠡᠨ ᠤ ᠪᠠᠨ ᠴᠢᠷᠠᠢ ᠶᠢᠨ ᠬᠤᠪᠢᠷᠠᠯ ᠢ ᠬᠠᠷᠠᠵᠤ ᠪᠠᠢ᠌ᠭᠰᠠᠨ ᠪᠦᠰᠡᠭᠦᠢ ᠨᠢ ᠭᠦᠦᠳᠡᠭᠦᠳᠤ ᠶᠠᠭᠠᠭᠢᠭᠠᠤᠨ ︖ ᠭᠡᠭᠦ ᠠᠰᠠᠭᠤᠯᠳᠠ ᠶᠢᠨ ᠶᠢᠡᠨ ᠬᠠᠷᠢᠭᠤᠯᠳᠠ ᠶᠢ ᠡᠷᠢᠭᠦ ᠭᠡᠰᠡᠨ ᠪᠣᠯᠤᠯᠳᠠᠢ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠮᠢᠨᠤ ᠭᠦᠤ ᠬᠤᠵᠢᠮ ᠨᠢᠭᠡᠨ ᠰᠠᠢ᠌ᠨ ᠬᠤᠭᠤᠷᠴᠢ ᠪᠣᠯᠬᠤ ᠪᠣᠢ ︕ ᠭᠡᠭᠦᠯᠡᠷ ᠳᠤᠭᠳᠤᠩᠭ᠋᠎ᠠ ᠭᠤᠸᠠᠢ ᠶᠠᠭ ᠰᠢᠷᠬᠠᠨ ᠳᠡᠭᠡᠷ᠎ᠡ ᠪᠠᠨ ᠳᠠᠪᠣᠰᠤ ᠳᠦᠷᠭᠢᠭᠦᠯᠦᠭ᠍ᠰᠡᠨ ᠮᠠᠳᠤ ᠭᠤᠰᠭᠢᠨ ᠠᠭᠤᠷᠯᠠᠵᠤ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠬᠤᠭᠤᠷ ᠰᠤᠷᠤᠭᠠᠤᠨ ᠶᠡᠮᠡᠷ ᠭᠡᠷᠡᠭ᠌ ᠲᠡᠶ ᠶᠤᠮ ︕ ᠶᠠᠭᠠᠭᠢᠨ ᠬᠤᠭᠤᠷ ᠰᠤᠷᠭᠠᠵᠤ ᠪᠣᠯᠬᠤ ᠪᠣᠢ ︕ ᠭᠡᠵᠤ ᠭᠡᠭ᠍ᠵᠡᠭᠦᠨ ᠳᠤᠤᠭᠠᠷᠴᠠᠢ᠃

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠶᠠᠭᠠᠭᠢᠬᠤ ᠳᠤ ᠪᠠᠨ ᠳᠡᠭᠡᠵᠤ ᠭᠡᠯᠡᠭᠦ ᠪᠣᠢ ︕ ᠴᠢ ᠴᠢᠨᠢ ᠪᠠᠰᠠ ᠬᠤᠭᠤᠷ ᠴᠤᠭᠤᠷ ᠭᠡᠪᠠᠯ ᠬᠤᠭᠤᠯᠠ ᠣᠮᠳᠠ ᠪᠠᠨ ᠮᠠᠷᠳᠠᠴᠢᠬᠠᠭᠠᠤᠨ ᠭᠦᠶ‍ᠦᠳᠡᠭ᠌ ᠪᠠᠢ᠌ᠭᠰᠠᠨ ᠪᠢᠰᠢ ᠪᠢᠯᠢᠤ ︕ ᠭᠡᠰᠡᠨ ᠡᠭᠡᠨᠡᠷ ᠤᠨ ᠶᠢᠡᠨ ᠶᠠᠮᠠᠷ ᠰᠠᠨᠠᠭ᠎ᠠ ᠲᠡᠶ ᠡᠨᠡ ᠥᠭᠡ ᠶᠢ ᠭᠠᠷᠭᠠᠵᠤ ᠭᠡᠯᠡᠭ᠍ᠰᠡᠨ ᠢ ᠮᠡᠳᠡᠭ᠍ᠰᠡᠨ ᠦᠭᠡᠶ ᠳᠤᠭᠳᠤᠩᠭ᠋᠎ᠠ ᠭᠤᠸᠠᠢ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠶᠠᠭᠤ ᠶᠢ ᠭᠡᠯᠡᠭᠦ ᠪᠣᠢ ︕ ᠪᠢ ᠯᠠ ᠳᠡᠭᠡᠵᠤ ᠬᠤᠭᠤᠷ ᠴᠤᠭᠤᠷ ᠭᠡᠵᠤ ᠥᠭᠦᠯᠳᠡᠭ᠍ᠰᠡᠭᠡᠷ ᠯᠠ ᠪᠠᠢ᠌ᠭᠠᠤᠨ᠁ ᠭᠡᠵᠤ ᠬᠤᠭᠤᠯᠠᠢ ᠨᠢ ᠡᠭᠡᠳᠡᠷᠡᠨ ᠴᠢᠨᠠᠭᠰᠢ ᠭᠡᠯᠡᠵᠤ ᠳᠡᠢ᠌ᠯᠭᠦ ᠦᠭᠡᠶ 《ᠠᠢ ︕》 ᠭᠡᠵᠤ ᠣᠷᠳᠤᠬᠠᠨ ᠰᠡᠭᠦᠷᠡᠰᠤ ᠠᠯᠳᠠᠵᠠᠢ᠃

ᠡᠨᠡ ᠊ᠭ᠍ᠱᠡᠨ ᠳᠤ ᠳᠡᠭᠦᠨ ᠤ ᠬᠤᠭᠤᠷ ᠶᠢᠡᠨ ᠳᠠᠳᠠᠵᠤ᠂ ᠭᠦᠭ᠍ᠵᠢᠮ ᠳᠠᠭᠠᠷᠠᠭᠤᠯᠤᠭᠠᠤᠨ᠂ ᠠᠢ᠌ᠯ ᠭᠡᠰᠦᠵᠤ᠂ ᠠᠢ᠌ᠬᠤᠪᠳᠤᠷ ᠨᠠᠢ᠌ᠷᠠᠯᠳᠤᠵᠤ ᠶᠠᠪᠣᠭᠰᠠᠭᠠᠷ ᠠᠮᠢᠳᠤᠷᠠᠯᠭ᠎ᠠ ᠪᠠᠨ ᠬᠤᠭᠢᠷᠠᠭᠤᠯᠤᠭᠰᠠᠨ ᠬᠠᠷᠠᠮᠰᠠᠯᠳᠤ ᠣᠴᠢᠷ ᠨᠢ ᠨᠢᠳᠤᠨ ᠡᠮᠦᠨ᠎ᠡ ᠨᠢ ᠣᠳᠤ ᠶᠠᠭ ᠺᠢᠨᠤ᠋ ᠵᠢᠷᠤᠭ ᠰᠢᠭ ᠪᠣᠯᠵᠤ ᠬᠠᠷᠠᠭᠳᠠᠵᠠᠢ᠃

ᠳᠤᠭᠳᠤᠩᠭ᠋᠎ᠠ ᠭᠤᠸᠠᠢ ᠣᠤᠯ ᠨᠢ ᠪᠠᠰᠠ ᠬᠤᠯᠠ ᠤᠢ᠌ᠷ᠎ᠡ ᠳᠤ ᠪᠠᠨ ᠠᠯᠳᠠᠷᠳᠠᠢ ᠬᠤᠭᠤᠷᠴᠢ ᠪᠠᠢ᠌ᠵᠠᠢ᠃ ᠨᠢᠭᠡᠨ ᠣᠳᠠᠭ᠎ᠠ ᠬᠤᠷᠢᠮ ᠬᠤᠷᠠᠯ ᠲ᠋ᠠᠢ ᠨᠢᠭᠡᠨ ᠠᠢ᠌ᠯ ᠳᠤ ᠵᠠᠯᠠᠭᠳᠠᠨ ᠶᠠᠪᠣᠵᠤ ᠬᠤᠭᠤᠷ ᠭᠦᠭ᠍ᠵᠢᠮ ᠳᠠᠭᠠᠷᠠᠭᠤᠯᠪᠠ᠃ ᠬᠤᠭᠤᠷ ᠳᠠᠭᠠᠷᠠᠭᠤᠯᠵᠤ ᠭᠦᠭ᠍ᠵᠢᠮ ᠬᠠᠪᠰᠤᠷᠭᠠᠨ᠎ᠠ ᠭᠡᠳᠡᠭ᠌ ᠴᠢᠨᠢ ᠶᠤᠰᠤᠳᠠᠢ ᠣᠷᠮᠠᠳᠠᠢ ᠪᠠᠬᠠᠳᠠᠢ ᠠᠵᠤ ᠪᠠᠢ᠌ᠵᠠᠢ᠃ ᠰᠢᠪᠠᠷ ᠪᠠᠢ᠌ᠰᠢᠩ ᠤᠨ ᠰᠢᠷᠤᠢ ᠶᠢᠨ ᠬᠠᠩᠵᠤᠨ ᠳᠡᠭᠡᠷ᠎ᠡ ᠭᠡᠳᠦᠭᠦᠯᠡ ᠴᠤᠭᠯᠠᠷᠠᠭᠠᠤᠨ ᠨᠢᠭᠡ ᠭᠦᠭ᠌ ᠨᠡᠢ᠌ᠯᠡᠭᠦᠯᠵᠤ ᠠᠪᠣᠭᠰᠠᠨ ᠴᠢᠨᠢ ᠰᠠᠯᠳᠠᠭ ᠶᠤᠮ ᠪᠢᠰᠢ᠃ ᠳᠠᠷᠠ ᠭᠡᠳᠤᠨ ᠬᠤᠭᠤᠷ ᠭᠦᠭ᠍ᠵᠢᠮ ᠤᠨ ᠨᠠᠢ᠌ᠵᠠᠰ ᠲᠡᠶ ᠪᠠᠨ ᠬᠤᠷᠴᠢᠨ ᠠᠷᠠᠤᠨ ᠤᠨ ᠳᠠᠭᠤᠤ ᠭᠦᠭ᠍ᠵᠢᠮ ᠶᠢᠡᠷ ᠶᠢᠡᠨ ᠬᠤᠷᠠᠭᠰᠠᠨ ᠣᠯᠠᠨ ᠤ ᠪᠠᠨ ᠴᠢᠭᠢᠨ ᠤ ᠰᠤᠨᠤᠷ ᠢ ᠨᠢ ᠪᠠᠶᠠᠰᠬᠠᠨ᠂ ᠰᠡᠳᠭᠢᠯ ᠤᠨ ᠭᠦᠭ᠌ ᠢ ᠨᠢ ᠭᠦᠪᠪᠦᠯᠵᠡᠭᠦᠯᠵᠤ ᠂ ᠶᠡᠳᠡᠭᠤ ᠠᠮᠢᠳᠤᠷᠠᠯ ᠳ᠋ᠤᠨᠢ ᠪᠠᠶᠠᠨ ᠠᠢ᠌ᠵᠢᠮ ᠡᠷᠭᠦᠵᠤ ᠶᠠᠪᠣᠯ᠎ᠠ᠃ ᠡᠨᠡ ᠭᠡᠷ ᠡᠴᠡ ᠳᠡᠷᠡ ᠡᠷᠦᠭᠡ᠂ ᠡᠨᠡ ᠠᠢ᠌ᠯ ᠡᠴᠡ ᠳᠠᠷᠠ ᠳᠤᠰᠬᠤᠨ ᠭᠡᠵᠤ ᠳᠠᠮᠵᠢᠨ ᠶᠠᠪᠣᠭᠰᠠᠭᠠᠷ ᠨᠢᠭᠡ ᠮᠡᠳᠡᠭ᠍ᠰᠡᠨ ᠴᠢᠨᠢ ᠬᠠᠭᠠᠰ ᠰᠠᠷ᠎ᠠ ᠬᠤᠷᠢ ᠬᠤᠨᠤᠭ ᠪᠣᠯᠴᠢᠬᠠᠵᠠᠢ᠃ ᠨᠢᠭᠡᠨ ᠡᠳᠦᠷ ᠳᠠᠷᠠ ᠭᠡᠨᠡᠳᠲᠡ ᠡᠷᠦᠭᠡ ᠭᠡᠷ ᠲᠡᠶ᠂ ᠡᠮᠡᠰ ᠬᠡᠦᠬᠡᠳ ᠲᠡᠶ᠂ ᠠᠳᠠᠯ ᠠᠮᠢᠳᠤᠷᠠᠯᠭ᠎ᠠ ᠲᠡᠶ ᠭᠡᠰᠡᠨ ᠵᠢᠡᠨ ᠰᠡᠭᠡᠰᠭᠢᠵᠤ᠂ ᠬᠤᠭᠤᠷ ᠶᠢᠡᠨ ᠡᠭᠦᠷᠦᠮᠡᠭ᠍ᠴᠡ ᠠᠢ᠌ᠯ ᠭᠡᠷ ᠶᠢᠡᠨ ᠴᠢᠭᠯᠡᠭᠡᠳ ᠭᠦᠶ‍ᠦᠵᠡᠢ᠃

ᠭᠡᠳᠤᠨ ᠡᠳᠦᠷ ᠪᠣᠯᠴᠢᠬᠠᠭᠰᠠᠨ ᠪᠢᠯᠠ︖ ᠳᠠᠷᠠ ᠦᠪᠡᠷ ᠶᠢᠡᠨ ᠴᠤ ᠮᠡᠳᠡᠭᠦ ᠦᠭᠡᠶ ᠪᠣᠯᠵᠠᠢ᠃ ᠶᠠᠭ ᠯᠠ ᠳᠠᠮᠠᠢ ᠣᠳᠠᠭᠰᠠᠨ ᠦᠭᠡᠶ ᠰᠢᠭ᠌ ᠯᠠ ᠳᠡᠭᠦᠨ ᠳᠤ ᠰᠠᠨᠠᠭᠳᠠᠨ᠎ᠠ᠃ ᠭᠡᠳᠡᠯ᠎ᠡ ᠣᠳᠤ ᠨᠢᠭᠡ ᠬᠠᠷᠠᠭᠰᠠᠨ ᠴᠢᠨᠢ ᠠᠢ᠌ᠯ ᠳᠤᠰᠬᠤᠨ ᠤ ᠥᠩᠭᠡ ᠳᠦᠷᠭᠦ ᠨᠢ ᠶᠠᠭ ᠬᠤᠪᠢᠷᠠᠴᠢᠬᠠᠭᠰᠠᠨ ᠮᠠᠳᠤ ᠰᠤᠨᠢᠨ ᠪᠣᠯᠵᠠᠢ᠃ ᠳᠡᠭᠦᠨ ᠤ ᠵᠢᠷᠦᠭᠡ ᠨᠢ ᠳᠦᠭ᠍ᠰᠢᠭᠦ ᠰᠢᠭ᠌ ᠪᠣᠯᠪᠠ᠃ ᠳᠦᠷᠭᠡᠯᠡᠨ ᠶᠠᠪᠣᠵᠤ ᠭᠡᠷ ᠲᠤ ᠪᠠᠨ ᠣᠷᠤᠭᠠᠤᠨ ᠥᠵᠡᠭ᠍ᠰᠡᠨ ᠴᠢᠨᠢ ᠪᠠᠷᠠᠯ᠎ᠠ ᠰᠢᠤ ︕ ᠡᠮᠡᠰ ᠬᠡᠦᠬᠡᠳ ᠨᠢ ᠪᠦᠷ ᠴᠢᠰᠤᠨ ᠨᠢᠳᠤᠨ ᠶᠢᠡᠷ ᠣᠭᠢᠯᠠᠨ ᠰᠠᠭᠤᠵᠤ ᠪᠠᠢ᠌ᠨ᠎ᠠ᠃ ᠳᠡᠭᠦᠨ ᠤ ᠨᠢᠳᠤ ᠨᠢ ᠬᠠᠷᠠᠯᠠᠵᠤ ᠣᠴᠢᠯ᠎ᠠ᠃

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠶᠠᠭᠠᠭᠢᠵᠤ ᠪᠠᠢ᠌ᠬᠤ ᠨᠢ ᠡᠨᠡ ᠪᠣᠢ︖ ᠶᠠᠭᠤ ᠪᠣᠯᠴᠢᠪᠠ ︖ ᠭᠡᠵᠤ ᠪᠠᠢ᠌ᠳᠠᠯ ᠮᠠᠭᠤᠬᠠᠢ ᠪᠣᠯᠤᠭᠰᠠᠨ ᠢ ᠪᠠᠷᠤᠭᠯᠠᠵᠤ ᠮᠡᠳᠡᠭ᠍ᠰᠡᠨ ᠳᠤᠭᠳᠤᠩᠭ᠋᠎ᠠ ᠭᠤᠸᠠᠢ ᠳᠤᠤᠭᠤᠷ ᠬᠠᠷᠠᠵᠤ ᠳᠤᠷᠤᠢ ᠳᠤᠤᠭᠠᠷᠬᠤ ᠳᠤ᠂ ᠡᠷ᠎ᠡ ᠨᠥᠭᠦᠷ ᠶᠢᠡᠨ ᠬᠠᠷᠠᠭᠰᠠᠨ ᠵᠠᠯᠠᠭᠤ ᠪᠦᠰᠡᠭᠦᠢ ᠭᠦᠭᠡᠷᠦᠭᠦᠢ ︕ ᠶᠠᠮᠠᠷ ᠨᠢᠭᠡᠨ ᠳᠡᠭ᠍ᠷᠢ ᠳᠤᠯᠤᠮ᠎ᠠ ᠶᠡᠭᠡ ᠭᠡᠷᠡᠭ᠌ ᠭᠠᠷᠭᠠᠭᠰᠠᠨ ᠬᠡᠦᠬᠡᠳ ᠠᠬᠠᠮᠠᠤᠨ ᠲᠤ ᠪᠠᠨ ᠣᠰᠤᠯ ᠪᠣᠷᠤᠭᠤ ᠪᠠᠨ ᠭᠦᠯᠢᠶᠡᠭᠦ ᠰᠢᠭ᠌ ᠣᠯᠠᠮ ᠶᠡᠭᠡ ᠲ᠋ᠡᠭᠤᠨ ᠢ᠌ᠡᠷ ᠡᠭᠡᠷ ᠳᠠᠳᠠᠨ ᠣᠭᠢᠯᠠᠬᠤ ᠡᠴᠡ ᠪᠢᠰᠢ ᠨᠢᠭᠡ ᠥᠭᠡ ᠴᠤ ᠭᠡᠯᠡᠵᠤ ᠭᠠᠷᠬᠤ ᠦᠭᠡᠶ ᠪᠠᠢ᠌ᠯ᠎ᠠ ᠃ ᠣᠭᠢᠯᠠᠭᠰᠠᠭᠠᠷ ᠨᠢᠰᠤ ᠨᠢᠯᠪᠣᠰᠤ ᠨᠢ ᠪᠢᠯᠳᠠᠵᠤ ᠬᠠᠯᠳᠠᠷ ᠪᠣᠯᠳᠠᠷ ᠴᠢᠷᠠᠢ᠌ᠯᠠᠭᠰᠠᠨ ᠠᠬᠠᠮᠠᠤᠨ ᠭᠦᠪᠠᠭᠦᠨ ᠡᠡᠶ‍ᠦᠯᠭᠦᠢ ᠮᠦᠨ ᠠᠶᠤᠵᠤ ᠡᠮᠢᠶᠡᠭ᠍ᠰᠡᠨ ᠨᠢᠳᠤ ᠪᠠᠷ ᠠᠪᠣ ᠪᠠᠨ ᠬᠠᠷᠠᠭᠠᠤᠨ ᠡᠳ ︕ ᠠᠳ ︕ ᠭᠡᠵᠤ ᠬᠤᠭᠤᠯᠠᠢ ᠨᠢ ᠡᠷᠢᠶᠡᠡᠳᠦᠭᠡᠳ ᠬᠠᠭᠠᠰ ᠥᠭᠡ ᠴᠤ ᠭᠠᠷᠭᠠᠵᠤ ᠳᠡᠢ᠌ᠯᠦᠭ᠍ᠰᠡᠨ ᠦᠭᠡᠶ᠃ ᠶᠠᠭᠤ ᠴᠤ ᠭᠡᠰᠡᠨ ᠳᠤᠮᠤ ᠭᠡᠷᠡᠭ᠌ ᠭᠠᠷᠴᠠᠢ ︕ ᠲ᠋ᠤᠭᠳᠤᠩᠭ᠋᠎ᠠ ᠭᠤᠸᠠᠢ ᠮᠡᠨᠡᠭ᠍ᠷᠡᠵᠤ ᠪᠠᠢ᠌ᠳᠠᠯ᠎ᠠ ᠪᠠᠭ᠎ᠠ ᠭᠦᠪᠠᠭᠦᠨ ᠪᠠᠷᠴᠢᠳᠭᠦᠢ ᠨᠢ ᠨᠠᠰᠤ ᠪᠠᠭ᠎ᠠ ᠪᠣᠯᠬᠤᠷ ᠭᠠᠷᠤᠭᠰᠠᠨ ᠭᠡᠷᠡᠭ᠌ ᠤᠨ ᠭᠦᠡᠳᠤ ᠭᠡᠴᠡᠭᠦᠤ ᠶᠢ ᠮᠡᠳᠡᠭᠦ ᠦᠭᠡᠶ ᠠᠪᠣ ᠶᠢᠨ ᠶᠢᠡᠨ ᠭᠠᠷ ᠡᠴᠡ ᠪᠠᠷᠢᠭᠠᠤᠨ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠥᠭᠡᠷ ᠥᠭᠡᠢ᠌ᠯᠡᠢ ︕ ᠳᠠᠷᠢᠶ᠎ᠠ ᠥᠭᠡᠢ᠌ᠯᠡᠢ᠁ ᠭᠡᠵᠤ ᠬᠤᠶᠠᠷᠬᠠᠨ ᠥᠭᠡ ᠶᠢ ᠳᠠᠭᠢᠨ ᠳᠠᠪᠳᠠᠨ ᠭᠡᠯᠡᠪᠡ᠃ ᠡᠨᠡ ᠥᠭᠡ ᠶᠢ ᠰᠤᠨᠤᠰᠤᠭᠠᠤᠨ ᠴᠤᠬᠤᠮ ᠶᠠᠮᠠᠷ ᠣᠴᠢᠷ ᠪᠣᠯᠤᠭᠰᠠᠨ ᠢ ᠨᠢ᠋ᠮᠠ ᠶ‍ᠢᠰᠤᠨ ᠬᠤᠪᠢ ᠪᠠᠷᠤᠭᠯᠠᠭᠰᠠᠨ ᠳᠠᠷᠠ ᠪᠠᠷ ᠮᠦᠷᠦᠯᠡᠭ᠍ᠰᠡᠨ ᠬᠤᠭᠤᠷ ᠶᠢᠡᠨ ᠶᠠᠭᠠᠷᠠᠨ ᠠᠪᠴᠤ ᠬᠠᠩᠵᠤᠨ ᠳᠡᠭᠡᠷ᠎ᠡ ᠰᠢᠳᠡᠭ᠍ᠰᠡᠨ ᠶᠢᠡᠨ ᠠᠢ᠌ᠯ ᠤᠨ ᠠᠷᠤ ᠶᠢᠨ ᠵᠢᠵᠢᠭ᠌ ᠨᠠᠭᠤᠷ ᠢ ᠴᠢᠭᠯᠡᠨ ᠭᠦᠶ‍ᠦᠯ᠎ᠡ᠃

ᠶᠡᠷᠦᠳᠡᠭᠡᠨ ᠨᠠᠭᠤᠷ ᠤᠨ ᠭᠦᠪᠠᠭᠡᠨ ᠳᠤ ᠪᠠᠯᠴᠢᠭᠡᠷᠯᠡᠭᠦᠯᠳᠡᠭ᠌ ᠭᠡᠳᠤᠨ ᠰᠢᠭᠢᠷ᠎ᠠ ᠨᠢ ᠪᠠᠷ᠎ᠠ ᠰᠤᠷᠠᠭ ᠦᠭᠡᠶ ᠪᠣᠯᠵᠠᠢ᠃ ᠳᠠᠷᠠ ᠡᠳᠦᠷ ᠪᠢᠴᠢᠬᠠᠨ ᠡᠡᠶ‍ᠦᠯᠭᠦᠢ ᠨᠠᠭᠤᠷ ᠤᠨ ᠭᠦᠪᠠᠭᠡᠨ ᠳᠤ ᠥᠭᠡᠷ ᠶᠢᠡᠨ ᠬᠠᠷᠠᠵᠤ ᠪᠠᠢ᠌ᠳᠠᠯ᠎ᠠ ᠫᠣᠤ ᠡᠭᠦᠷᠦᠭ᠍ᠰᠡᠨ ᠭᠡᠳᠤᠨ ᠳᠡᠭᠡᠷᠡᠮ ᠮᠤᠷᠢ ᠳᠤᠪᠳᠤᠯᠭᠠᠨ ᠢᠷᠡᠭᠡᠳ ᠪᠢᠴᠢᠬᠠᠨ ᠭᠦᠤ ᠳᠤ ᠡᠵᠡᠨ ᠳᠤᠯᠤᠭᠠᠢ ᠮᠡᠳᠡᠭᠦᠯᠦᠯ ᠦᠭᠡᠶ ᠥᠭᠡᠷ ᠤᠳ ᠵᠢ ᠨᠢ ᠳᠠᠭᠤᠵᠤ ᠠᠷᠢᠯᠵᠠᠢ᠃ 《ᠵᠤᠪᠠᠯᠠᠩ ᠢᠷᠠᠪᠠᠯ ᠬᠤᠤᠰ ᠶᠢᠡᠷ᠂ ᠵᠢᠷᠭᠠᠯ ᠢᠷᠠᠪᠠᠯ ᠳᠠᠩ ᠶᠢᠡᠷ》 ᠭᠡᠳᠡᠭ᠍ᠴᠢᠯᠡᠨ ᠨᠢᠳᠤᠨ ᠤ ᠭᠢᠨᠢ ᠴᠢᠮᠡᠭ᠌᠂ ᠠᠮᠢᠳᠤᠷᠠᠯᠭ᠎ᠠ ᠶᠢᠨ ᠭᠢᠨᠢ ᠪᠠᠳᠤᠯᠭ᠎ᠠ ᠪᠣᠯᠵᠤ ᠪᠠᠢ᠌ᠭᠰᠠᠨ ᠭᠡᠳᠤᠨ ᠮᠠᠯ ᠶᠢᠡᠨ ᠪᠣᠯᠢᠶᠠᠭᠳᠠᠭᠠᠤᠨ ᠡᠨᠦᠯᠡᠵᠤ ᠰᠢᠨᠠᠯᠠᠵᠤ ᠪᠠᠢ᠌ᠳᠠᠯ᠎ᠠ ᠦᠴᠦᠭᠡᠳᠦᠷ ᠭᠡᠨᠡᠳᠲᠡ ᠶᠡᠭᠡ ᠪᠣᠷᠤᠭᠠᠨ ᠣᠷᠤᠵᠤ ᠥᠶᠡᠷᠯᠡᠭᠡᠳ ᠳᠤᠭᠳᠤᠩᠭ᠋᠎ᠠ ᠶᠢᠨ ᠵᠢᠷᠭᠤᠭᠠᠨ ᠠᠮᠠ ᠭᠦᠮᠦᠰ ᠤᠨ ᠠᠮᠢ ᠵᠠᠭᠤᠳᠠᠭ ᠭᠡᠳᠤᠨ ᠮᠤ ᠳᠠᠷᠢᠶ᠎ᠠ ᠶᠢ ᠨᠢ ᠵᠤᠯᠭ᠎ᠠ ᠣᠷᠤᠰᠬᠠᠵᠤ ᠠᠪᠠᠴᠢᠵᠠᠢ᠃

ᠡᠪᠦᠭᠡ ᠳᠡᠭᠡᠳᠦᠰ ᠤᠨ ᠦᠶ᠎ᠡ ᠡᠴᠡ ᠦᠪᠯᠠᠵᠤ ᠥᠯᠡᠳᠡᠭᠡᠭ᠍ᠰᠡᠨ ᠭᠡᠳᠤᠨ ᠰᠢᠭᠢᠷ᠎ᠠ ᠮᠠᠯ᠂ ᠭᠡᠳᠦᠭᠡᠨ ᠮᠤ ᠳᠠᠷᠢᠶ᠎ᠠ᠃ ᠪᠠᠭ᠎ᠠ ᠪᠣᠯᠪᠠᠴᠤ ᠬᠤᠪᠢ ᠶᠢᠨ ᠭᠦᠷᠦᠩᠭᠡ᠃ ᠭᠡᠳᠤᠨ ᠦᠶ᠎ᠡ ᠶᠢᠨ ᠳᠡᠭᠡᠳᠦᠰ ᠤᠨ ᠴᠢᠰᠤ ᠭᠦᠯᠦᠰᠤ ᠪᠠᠷ ᠶᠢᠡᠨ ᠨᠢᠭᠡ ᠵᠤᠷᠬ᠎ᠠ᠂ ᠨᠢᠭᠡ ᠳᠤᠯᠤᠭᠠᠢ ᠪᠠᠷ ᠴᠤᠭᠯᠠᠭᠤᠯᠵᠤ ᠬᠤᠷᠢᠶᠠᠭᠰᠠᠨ ᠨᠢᠮᠭᠡᠨ ᠦᠪ᠃ ᠡᠨᠡ ᠪᠠᠭ᠎ᠠ ᠶᠠᠭᠤᠮ᠎ᠠ ᠲᠡᠶ ᠪᠠᠢ᠌ᠭᠰᠠᠨ ᠳᠤ ᠪᠠᠨ ᠪᠣᠰᠤᠳ ᠤᠨ ᠴᠢᠷᠠᠢ ᠬᠠᠷᠠᠯ ᠦᠭᠡᠶ᠂ ᠪᠣᠰᠤᠳ ᠤᠨ ᠰᠢᠨᠠᠭ᠎ᠠ ᠳᠤ ᠠᠶᠠᠭ᠎ᠠ ᠳᠤᠰᠤᠯ ᠦᠭᠡᠶ ᠡᠷᠭᠡᠳᠤ ᠠᠮᠢᠳᠤᠷᠠᠯ ᠢ ᠡᠳ᠋ᠯᠡᠵᠤ ᠮᠢᠨᠤ ᠪᠠᠶ᠎ᠠ ᠳᠤ ᠭᠦᠷᠴᠤ ᠢᠷᠠᠵᠠᠢ ᠃ ᠦᠨᠦᠳᠤᠷ ᠮᠢᠨᠤ ᠪᠠᠶ᠎ᠠ ᠳᠡᠭᠡᠷ᠎ᠡ ᠨᠢᠭᠡ ᠵᠤᠷᠬ᠎ᠠ ᠳᠠᠷᠢᠶ᠎ᠠ᠂ ᠨᠢᠭᠡ ᠰᠢᠷᠭᠡᠭ᠌ ᠮᠠᠯ ᠤᠨ ᠦᠰᠦ ᠴᠤ ᠦᠭᠡᠶ ᠱᠠᠯᠳᠠᠩ ᠭᠣᠢ᠌ᠷᠠᠠᠴᠢ ᠪᠣᠯᠤᠯ᠎ᠠ᠃ ᠬᠤᠵᠢᠮ ᠡᠷᠯᠢᠭ᠌ ᠲᠤ ᠣᠴᠢᠪᠠᠯ ᠳᠡᠭᠡᠳᠤ ᠳᠡᠭᠡᠳᠦᠰ ᠲᠤ ᠪᠠᠨ ᠶᠠᠭᠤ ᠪᠠᠨ ᠳᠤᠰᠢᠶᠠᠬᠤ ᠪᠢᠯᠠ ︕ ᠡᠮᠡᠰ ᠬᠡᠦᠬᠡᠳ ᠤᠨ ᠶᠢᠡᠨ ᠡᠮᠦᠨ᠎ᠡ ᠶᠠᠭᠤ ᠪᠠᠨ ᠭᠡᠯᠡᠭᠦ ᠪᠢᠯᠠ ︕ ᠭᠡᠵᠤ ᠪᠣᠳᠤᠭᠰᠠᠭᠠᠷ ᠳᠤᠭᠳᠤᠩᠭ᠋᠎ᠠ ᠭᠤᠸᠠᠢ ᠭᠡᠮᠰᠢᠵᠤ ᠬᠠᠷᠠᠮᠰᠠᠬᠤ ᠶᠢᠨ ᠲᠤᠢ᠌ᠯ ᠳᠤ ᠡᠭᠡᠷᠡᠮ᠎ᠡ ᠳᠠᠯ᠎ᠠ ᠳᠤ᠂ ᠳᠠᠷᠢᠶᠠᠨ ᠤ ᠪᠠᠨ ᠭᠦᠪᠠᠭᠡ ᠳᠤ ᠶᠡᠭᠡ ᠳᠠᠭᠤᠨ ᠶᠢᠡᠷ ᠣᠭᠢᠯᠠᠶ᠎ᠠ ᠭᠡᠵᠤ ᠰᠠᠨᠠᠯ᠎ᠠ᠃ ᠣᠳᠤ ᠶᠠᠭᠠᠭᠢᠶ᠎ᠠ ᠭᠡᠵᠤ ᠪᠣᠳᠤᠪᠠᠯ ᠶᠠᠰᠤ ᠡᠴᠡ ᠨᠢ ᠭᠦᠯᠦᠰᠤ ᠭᠠᠷᠤᠨ᠎ᠠ᠃ ᠨᠢᠭᠡ ᠭᠡᠷ ᠵᠢᠷᠭᠤᠭᠠᠨ ᠠᠮᠠ ᠭᠦᠮᠤᠨ ᠬᠤᠵᠢᠮ ᠶᠠᠭᠤ ᠪᠠᠨ ᠢᠳᠠᠵᠤ᠂ ᠶᠠᠭᠤ ᠪᠠᠨ ᠡᠮᠦᠰᠦᠨ᠎ᠡ ᠭᠡᠵᠤ ᠪᠣᠳᠤᠪᠠᠯ ᠪᠠᠶ᠎ᠠ ᠨᠢ ᠰᠤᠯᠠᠷᠠᠵᠤ ᠡᠪᠦᠳᠦᠭ᠌ ᠤᠨ ᠦᠶ᠎ᠡ ᠪᠠᠷ ᠨᠢ ᠨᠤᠭᠤᠷᠠᠵᠤ ᠢᠷᠠᠨ᠎ᠠ᠃

ᠵᠢᠷᠭᠠᠬᠤ ᠴᠠᠭ ᠲᠤ ᠰᠠᠷᠠᠮᠵᠢ ᠭᠡᠷᠡᠭ᠍ᠳᠡᠢ ᠭᠡᠳᠡᠭ᠌ ᠨᠢ ᠶᠤᠰᠤᠳᠠᠢ ᠣᠨᠤᠭᠠᠵᠤ ᠭᠡᠯᠡᠭ᠍ᠰᠡᠨ ᠥᠭᠡ ᠪᠠᠢ᠌ᠵᠠᠢ᠃ ᠳᠤᠭᠳᠤᠩᠭ᠋᠎ᠠ ᠶᠢᠨ ᠭᠢᠨ ᠳᠡᠵᠢᠭᠡᠭᠦ ᠡᠴᠡ ᠮᠠᠯ ᠲᠡᠶ᠂ ᠳᠠᠷᠢᠬᠤ ᠡᠴᠡ ᠳᠠᠷᠢᠶ᠎ᠠ ᠲᠡᠶ ᠶᠠᠪᠣᠭᠰᠠᠨ ᠨᠢ ᠳᠤᠬᠠᠢ ᠶᠢᠨ ᠦᠶ᠎ᠡ ᠳᠤ ᠪᠠᠨ ᠪᠠᠰᠠ ᠢᠳᠠᠵᠤ ᠡᠮᠦᠰᠭᠦ ᠳᠤ ᠪᠠᠨ ᠵᠦᠪ ᠪᠠᠢ᠌ᠭᠰᠠᠨ ᠪᠣᠯᠬᠤᠷ ᠲ᠋ᠠᠷᠠ ᠶᠡᠭᠡ ᠰᠡᠳᠭᠢᠯ ᠠᠮᠤᠷ ᠪᠠᠢ᠌ᠵᠠᠢ᠃ 《ᠭᠠᠢ ᠭᠠᠵᠠᠷ ᠳᠤᠤᠷ᠎ᠠ ᠡᠴᠡ᠂ ᠭᠠᠬᠠᠢ ᠮᠤᠳᠤᠨ ᠳᠤᠳᠤᠷ᠎ᠠ ᠡᠴᠡ》 ᠭᠡᠵᠤ ᠭᠡᠨ ᠰᠠᠨᠠᠯ᠎ᠠ᠃ ᠬᠤᠭᠤᠷ ᠶᠢᠡᠨ ᠡᠭᠦᠷᠦᠭᠡᠳ ᠭᠠᠷᠤᠭᠰᠠᠭᠠᠷ ᠡᠷᠦᠭᠡ ᠬᠤᠯᠪᠤᠨ᠂ ᠠᠢ᠌ᠯ ᠳᠠᠮᠵᠢᠭᠰᠠᠭᠠᠷ᠂ ᠴᠢᠨᠠᠭᠰᠢᠯᠠᠨ ᠬᠤᠰᠢᠭᠤ ᠠᠯᠤᠰ ᠲᠤ ᠴᠤ ᠭᠡᠳᠤᠨ ᠡᠳᠦᠷ ᠶᠢᠡᠷ᠂ ᠬᠠᠭᠠᠰ ᠰᠠᠷ᠎ᠠ ᠬᠤᠷᠢ ᠬᠤᠨᠤᠭ ᠶᠢᠡᠷ ᠭᠡᠷ ᠤᠨ ᠪᠠᠷ᠎ᠠ ᠦᠵᠡᠯ ᠦᠭᠡᠶ ᠨᠠᠢ᠌ᠷᠯᠠᠨ ᠴᠡᠩᠭᠡᠯᠳᠦᠵᠤ ᠶᠠᠪᠣᠬᠤ ᠳᠤ ᠪᠠᠨ ᠨᠢᠳᠤ ᠢᠷᠮᠡᠭᠦ ᠶᠢᠨ ᠬᠤᠭᠤᠷᠤᠠᠳᠤ ᠠᠳᠠᠯ ᠠᠮᠢᠳᠤᠷᠠᠯᠭ᠎ᠠ ᠪᠠᠨ ᠠᠯᠳᠠᠨ᠎ᠠ ᠭᠡᠵᠤ ᠠᠷᠪᠠᠨ ᠵᠡᠭᠦᠳᠤᠨ ᠳ᠋ᠤᠨᠢ ᠪᠠᠢ᠌ᠭᠰᠠᠨ ᠦᠭᠡᠶ᠃ ᠭᠡᠨᠡᠳᠡᠯ ᠤᠨ ᠬᠣᠢ᠌ᠨ᠎ᠠ ᠭᠡᠮᠰᠢᠯ ᠶᠠᠮᠠᠷ ᠭᠡᠷᠡᠭ᠌ ᠪᠠᠢ᠌ᠬᠤ ᠪᠣᠢ ︖ ᠭᠡᠷᠪᠡ ᠭᠡᠷ ᠲᠤ ᠪᠠᠨ ᠪᠠᠢ᠌ᠭᠠᠤᠨ ᠳᠠᠷᠢᠶᠠᠨ ᠳᠠᠯᠠᠩ ᠶᠢᠡᠨ ᠦᠨᠳᠦᠷ ᠪᠣᠰᠬᠠᠭᠰᠠᠨ ᠪᠣᠯ ︕ ᠭᠡᠷᠪᠡ ᠮᠠᠯ ᠶᠢᠡᠨ ᠥᠪᠠᠷᠳᠡᠭᠡᠨ ᠬᠠᠷᠠᠵᠤ ᠪᠠᠢ᠌ᠭᠰᠠᠨ ᠪᠣᠯ ︕ ᠭᠡᠭᠦ ᠳᠡᠭᠦᠨ ᠤ ᠪᠣᠳᠤᠯ ᠨᠢ ᠦᠨᠦᠳᠤᠷ ᠶᠠᠮᠠᠷᠴᠤ ᠣᠤᠠᠬ᠎ᠠ ᠠᠭᠤᠯᠭ᠎ᠠ ᠦᠭᠡᠶ ᠪᠣᠯᠵᠠᠢ᠃ ᠳᠤᠬᠠᠢ ᠶᠢᠨ ᠦᠶ᠎ᠡ ᠶᠢᠨ ᠨᠡᠢ᠌ᠭᠡᠮ ᠪᠠᠢ᠌ᠭᠠᠯᠢ ᠶᠢᠨ ᠭᠡᠴᠡᠭᠦᠤ ᠪᠠᠢ᠌ᠳᠠᠯ ᠢ ᠳᠠᠷᠠ ᠳᠠᠨᠢᠵᠤ ᠣᠯᠤᠭᠰᠠᠨ ᠦᠭᠡᠶ ᠴᠢᠨᠢ ᠨᠢᠭᠡᠨᠲᠡ ᠣᠷᠣᠢ᠌ᠳᠠᠵᠠᠢ᠃ ᠳᠠᠷᠠ ᠪᠠᠶ᠎ᠠ ᠳᠤ ᠪᠠᠨ ᠬᠤᠷᠤᠰᠴᠤ ᠪᠠᠢ᠌ᠭᠰᠠᠨ ᠡᠴᠡ ᠪᠠᠨ ᠳᠠᠭᠢᠨ ᠬᠤᠭᠤᠷ ᠲᠤ ᠪᠠᠨ ᠬᠤᠷᠤᠰᠤᠨ᠎ᠠ᠃ ᠳᠠᠷᠠ ᠮᠠᠭᠤ ᠶᠢ ᠨᠢᠴᠠ ᠳᠡᠪᠰᠡᠴᠢᠭᠡᠶ᠎ᠡ ᠭᠡᠵᠤ ᠰᠠᠨᠠᠵᠠᠢ᠃ ᠵᠤᠤᠬᠠᠨ ᠠᠮᠠᠰᠠᠷ ᠶᠢᠡᠷ ᠪᠠᠯᠪᠠ ᠴᠢᠭᠢᠴᠢᠭᠡᠶ᠎ᠡ ᠭᠡᠵᠤ ᠪᠣᠳᠤᠵᠠᠢ᠃ ᠬᠤᠭᠤᠷ ᠶᠢᠡᠨ ᠠᠳᠬᠤᠵᠤ ᠠᠳᠬᠤᠭᠠᠤᠨ ᠬᠠᠰᠢᠯᠠ ᠡᠮᠦᠨ᠎ᠡ ᠬᠠᠩᠵᠤᠨ ᠳᠡᠭᠡᠷ᠎ᠡ ᠭᠠᠷᠴᠤ ᠪᠠᠷᠠᠭᠤᠨ ᠬᠠᠨ᠎ᠠ ᠶᠢᠨ ᠮᠤᠳᠤᠨ ᠬᠠᠳᠠᠭᠠᠰᠤ ᠲᠡᠶ ᠣᠷᠤᠨ ᠳ᠋ᠤᠨᠢ ᠵᠠᠯᠠᠵᠤ ᠡᠯᠭᠦᠵᠡᠢ᠃ ᠳᠡᠭᠦᠨ ᠳᠤ ᠪᠠᠯᠪᠠᠵᠤ ᠨᠢᠴᠠᠯᠠᠬᠤ ᠵᠢᠷᠦᠭᠡ ᠪᠠᠢ᠌ᠭᠰᠠᠨ ᠦᠭᠡᠶ᠃ ᠭᠡᠪᠠᠴᠤ ᠡᠭᠦᠨ ᠡᠴᠡ ᠬᠤᠵᠢᠮ ᠳᠠᠭᠢᠵᠤ ᠬᠤᠭᠤᠷ ᠳᠠᠳᠠᠬᠤ ᠦᠭᠡᠶ ᠭᠡᠵᠤ ᠳᠤᠳᠤᠷ᠎ᠠ ᠪᠠᠨ ᠪᠣᠳᠤᠭᠰᠠᠨ ᠨᠢ ᠦᠨᠡᠨ ᠮᠠᠭᠠᠤᠨ ᠃

ᠦᠨᠦᠳᠤᠷ ᠭᠠᠯ ᠭᠤᠯᠤᠮᠳᠠ ᠰᠠᠭᠢᠬᠤ ᠣᠤᠠᠬᠤᠨ ᠭᠦᠤ ᠨᠢ ᠡᠨᠡ ᠬᠤᠭᠤᠷ ᠢ ᠥᠵᠡᠭᠡᠳ ᠪᠢᠴᠢᠬᠠᠨ ᠨᠢᠳᠤ ᠨᠢ ᠡᠳᠡᠭᠡᠳ ᠰᠤᠨᠢᠨ ᠵᠢᠡᠷ ᠭᠡᠷᠡᠯᠳᠦᠵᠤ᠂ ᠡᠪᠳᠡᠢ ᠰᠠᠢ᠌ᠬᠠᠨ ᠢᠨᠢᠶᠡᠭᠦ ᠳᠤ ᠳᠤᠭᠳᠤᠩᠭ᠋᠎ᠠ ᠭᠤᠸᠠᠢ ᠶᠠᠭᠠᠭᠢᠨ ᠡᠷᠭᠢᠴᠡᠭᠦᠯᠤᠨ ᠪᠣᠳᠤᠬᠤ ᠦᠭᠡᠶ ᠪᠠᠢ᠌ᠵᠤ ᠴᠢᠳᠠᠬᠤ ᠪᠣᠢ᠃ ᠭᠦᠪᠠᠭᠦᠨ ᠤ ᠪᠠᠨ ᠬᠤᠭᠤᠷ ᠢ ᠥᠵᠡᠭᠡᠳ ᠪᠠᠶᠠᠷᠯᠠᠭᠰᠠᠨ ᠳᠡᠷᠡ ᠭ᠍ᠱᠡᠨ ᠳᠤ᠂ ᠳᠡᠭᠦᠨ ᠤ ᠨᠢᠭᠡᠳᠦᠭᠡᠷ ᠣᠢ᠌ᠯᠳᠠ ᠨᠢ ᠳᠡᠭᠦᠨ ᠢ ᠪᠠᠶᠠᠰᠬᠠᠬᠤ ᠳᠤ ᠭᠦᠷᠴᠤ᠂ ᠳᠠᠭᠢᠨ ᠬᠤᠭᠤᠷ ᠡᠴᠡ ᠪᠣᠯᠤᠭᠰᠠᠨ ᠬᠠᠷᠠᠰᠠᠯᠳᠤ ᠣᠴᠠᠷᠠᠯ ᠨᠢ ᠬᠤᠶᠠᠳᠤᠭᠠᠷ ᠣᠢ᠌ᠯᠳᠠ ᠶᠢ ᠡᠭᠦᠰᠭᠡᠭᠡᠳ ᠳᠡᠭᠦᠨ ᠢ ᠭᠦᠮᠦᠰᠭᠡ ᠠᠳᠤᠷᠢᠭᠤᠯᠬᠤ ᠳᠤ ᠭᠦᠷᠭᠡᠵᠡᠢ᠃ ᠭᠠᠯ ᠵᠠᠯᠭᠠᠵᠤ᠂ ᠭᠤᠯᠤᠮᠳᠠ ᠰᠠᠭᠢᠬᠤ ᠣᠤᠠᠬᠤᠨ ᠭᠦᠪᠠᠭᠦᠨ ᠳᠤ ᠪᠠᠨ ᠶᠠᠭᠠᠭᠢᠭᠰᠠᠨ ᠴᠤ ᠬᠤᠭᠤᠷ ᠰᠤᠷᠭᠠᠬᠤ ᠦᠭᠡᠶ ᠭᠡᠵᠤ ᠳᠠᠷᠠ ᠳᠠᠰᠤ ᠪᠣᠳᠤᠵᠠᠢ᠃

ᠭᠦᠮᠤᠨ ᠳᠤ ᠳᠦᠷᠤᠯᠭᠢ ᠶᠢᠨ ᠠᠪᠢᠶᠠᠰ ᠭᠡᠵᠤ ᠪᠠᠢ᠌ᠳᠠᠭ ᠭᠡᠵᠢ ᠦᠦ ︕ ᠰᠦᠨ ᠯᠢᠶᠠᠩ ᠥᠨᠡᠭᠡᠷ ᠰᠤᠨᠢᠨ ᠳᠦᠷᠦᠭ᠍ᠰᠡᠨ ᠬᠡᠦᠬᠡᠳ ᠪᠠᠢ᠌ᠵᠠᠢ᠃

ᠠᠢ᠌ᠯ ᠤᠨ ᠨᠠᠰᠤ ᠬᠤᠷᠠᠭ ᠤᠨ ᠬᠡᠦᠬᠡᠳ ᠳᠢᠩᠭ᠋᠎ᠠ ᠴᠤᠭᠢᠬᠤ ᠭᠡᠳ ᠱᠤᠭᠠᠢ ᠡᠷᠢᠭᠡᠳ ᠭᠦᠶ‍ᠦᠭᠦ ᠳᠤ ᠪᠢᠴᠢᠬᠠᠨ ᠰᠦᠨ ᠯᠢᠶᠠᠩ ᠣᠯᠤᠭᠰᠠᠨ ᠱᠤᠭᠠᠢ ᠪᠠᠷ ᠶᠢᠡᠨ ᠳ᠋ᠢᠩᠭ᠋᠎ᠠ ᠴᠤᠭᠢᠵᠤ ᠨᠠᠭᠠᠳᠬᠤ ᠪᠢᠰᠢ᠂ ᠬᠠᠷᠢᠨ ᠭᠦᠭᠡᠷᠦᠯᠳᠤᠨ ᠳᠤᠭᠯᠠᠬᠤ ᠬᠡᠦᠬᠡᠳ ᠤᠨ ᠬᠠᠵᠠᠭᠤ ᠶᠢᠨ ᠦᠨᠳᠦᠷ ᠰᠢᠭ᠌ ᠭᠠᠵᠠᠷ ᠳᠤ ᠵᠠᠪᠢᠯᠠᠨ ᠰᠠᠭᠤᠵᠤ ᠨᠠᠷᠢᠨ ᠱᠤᠭᠠᠢ ᠶᠢᠨ ᠵᠢᠠᠨ ᠬᠠᠯᠢᠰᠤ ᠶᠢ ᠱᠠᠭᠠᠯᠠᠨ ᠠᠪᠴᠤ ᠴᠠᠭᠠᠨ ᠥᠭᠡᠭᠦ ᠶᠢ ᠨᠢ ᠳᠠᠭᠢᠨ ᠬᠠᠯᠢᠰᠤ ᠪᠠᠷ ᠨᠢ ᠭᠡᠯᠭᠢᠵᠤ ᠬᠤᠯᠪᠣᠭᠠᠤᠨ᠂ ᠭᠡᠷ ᠲᠤ ᠪᠠᠨ ᠡᠯᠭᠦᠵᠤ ᠪᠠᠢ᠌ᠭ᠎ᠠ ᠬᠤᠭᠤᠷ ᠢ ᠳᠠᠭᠤᠷᠢᠶᠠᠵᠤ ᠬᠤᠭᠤᠷ ᠤᠨ ᠳᠤᠯᠤᠭᠠᠢ᠂ ᠠᠷᠠᠯ᠂ ᠴᠢᠭᠢ᠂ ᠨᠤᠮᠤ ᠵᠡᠷᠭᠡ ᠪᠠᠷ ᠪᠦᠷᠢᠯᠳᠦᠭ᠍ᠰᠡᠨ ᠳᠦᠷᠪᠠᠨ ᠣᠳᠠᠰᠤᠳᠤ ᠬᠤᠭᠤᠷ ᠰᠢᠭ ᠲᠦᠯᠤᠪ ᠲᠡᠶ ᠶᠠᠭᠤᠮ᠎ᠠ ᠵᠦᠭᠢᠶᠡᠨ ᠂ ᠡᠷᠳᠡᠮᠳᠡᠨ ᠬᠤᠭᠤᠷᠴᠢᠨ ᠤ ᠳᠦᠷᠢ ᠭᠠᠷᠭᠠᠵᠤ ᠭᠢᠷᠦᠭᠡᠳᠡᠵᠤ ᠰᠠᠭᠤᠳᠠᠭ᠃

ᠣᠷᠢᠶᠠᠩᠬᠠᠢ ᠶᠢᠨ ᠰᠦᠨ ᠯᠢᠶᠠᠩ ᠤᠨ ᠪᠠᠭ᠎ᠠ ᠨᠠᠰᠤ ᠨᠢ ᠦᠯᠦᠰᠴᠤ ᠳᠠᠭᠠᠷᠠᠬᠤ᠂ ᠡᠮᠭᠡᠨᠢᠯ ᠵᠤᠪᠠᠨᠢᠯ ᠵᠢᠡᠷ ᠳᠦᠭᠦᠷᠦᠭ᠍ᠰᠡᠨ ᠪᠠᠢ᠌ᠪᠡ ᠃ ᠭᠡᠪᠠᠴᠤ 《ᠥᠭᠡᠭᠦᠤ ᠭᠡᠷ ᠤᠨ ᠬᠡᠦᠬᠡᠳ ᠣᠬᠠᠭ᠎ᠠ ᠣᠷᠤᠬᠤ ᠨᠢ ᠡᠷᠳᠡ᠂ ᠶᠠᠳᠠᠭᠤ ᠠᠢ᠌ᠯ ᠤᠨ ᠭᠦᠮᠦᠰ ᠶᠠᠰᠤ ᠬᠠᠳᠠᠭᠤ ᠪᠠᠢ᠌ᠳᠠᠭ 》 ᠭᠡᠵᠤ ᠦᠨᠡᠨ ᠥᠭᠡ ᠪᠠᠢ᠌ᠵᠠᠢ᠃ ᠨᠢᠭᠡ ᠵᠠᠬ᠎ᠠ ᠬᠤᠪᠴᠠᠰᠤ ᠶᠢ ᠠᠬ᠎ᠠ ᠳᠡᠭᠦᠤ ᠳᠦᠷᠪᠠᠭᠦᠯᠡ ᠪᠠᠨ ᠡᠮᠦᠰᠦᠨ᠎ᠡ᠃ ᠳᠠᠷᠤᠢ ᠡᠨᠡ ᠵᠢᠯ ᠶᠡᠭᠡ ᠠᠬ᠎ᠠ ᠳᠤ ᠨᠢᠭᠡ ᠵᠠᠬ᠎ᠠ ᠬᠤᠪᠴᠠᠰᠤ ᠭᠢᠪᠠᠯ ᠡᠮᠦᠰᠴᠤ ᠪᠠᠢ᠌ᠭᠰᠠᠨ ᠢ ᠨᠢ ᠬᠤᠶᠠᠳᠤᠭᠠᠷ ᠠᠬ᠎ᠠ᠂ ᠬᠤᠶᠠᠳᠤᠭᠠᠷ ᠠᠬ᠎ᠠ ᠶᠢᠨ ᠭᠢ ᠶᠢ ᠭᠤᠷᠪᠠᠳᠤᠭᠠᠷ ᠠᠬ᠎ᠠ ᠭᠡᠳᠡᠭ᠍ᠴᠢᠯᠡᠨ ᠳᠠᠮᠵᠢᠭᠰᠠᠭᠠᠷ ᠰᠦᠨ ᠯᠢᠶᠠᠩ ᠤᠨ ᠪᠠᠶ᠎ᠠ ᠳᠤ ᠢᠷᠡᠭᠦ ᠳᠤ ᠦᠨᠦᠭᠢ ᠬᠤᠪᠴᠡᠰᠤ ᠭᠡᠳᠦᠢᠨ ᠭᠡᠳᠤᠨ ᠵᠢᠯ ᠶᠢᠡᠷ ᠨᠥᠭᠦᠵᠤ ᠳᠤᠪᠭᠢᠭᠰᠠᠭᠠᠷ ᠵᠤᠵᠠᠭᠠᠷᠠᠵᠤ ᠠᠷᠠᠰᠤ ᠰᠢᠷᠢ ᠰᠢᠭ ᠬᠠᠳᠠᠭᠤᠷᠠᠭᠠᠤᠨ ᠬᠤᠶᠠᠭ ᠳᠤᠭᠤᠯᠭ᠎ᠠ ᠰᠢᠭ ᠭᠦᠪ ᠭᠦᠡᠳᠤ ᠪᠣᠯᠵᠤ ᠣᠷᠭᠢᠳᠠᠭ᠃

ᠶᠠᠳᠠᠭᠤ ᠠᠢ᠌ᠯ ᠤᠨ ᠡᠷᠡᠭ᠍ᠳᠡᠢ ᠬᠡᠦᠬᠡᠳ ᠠᠷᠪᠠᠭᠠᠳ ᠨᠠᠰᠤᠯᠠᠳᠠᠯ᠎ᠠ ᠵᠤᠨ ᠴᠠᠭ ᠪᠣᠯ ᠬᠤᠪᠴᠠᠰᠤ ᠡᠮᠦᠰᠳᠡᠭ᠌ ᠦᠭᠡᠶ ᠨᠢᠴᠦᠭᠦᠨ ᠱᠠᠯᠳᠠᠩ ᠭᠦᠶ‍ᠦᠳᠡᠭ᠌ ᠨᠢ ᠪᠠᠰᠠ ᠨᠢᠭᠡ ᠰᠠᠢ᠌ᠨ ᠳᠠᠯ᠎ᠠ ᠪᠠᠢ᠌ᠵᠠᠢ᠃ ᠳᠤᠮᠤ ᠰᠢᠭ ᠬᠡᠦᠬᠡᠳ ᠨᠢ ᠨᠢᠭᠡ ᠣᠬᠤᠷ ᠦᠮᠦᠳᠦ ᠲᠡᠶ ᠪᠣᠯ ᠨᠢᠭᠡ ᠵᠤᠨ ᠢ ᠠᠮᠠᠷᠬᠠᠨ ᠥᠩᠭᠡᠷᠡᠭᠡᠴᠢᠭᠡᠨ᠎ᠡ᠃ ᠥᠨᠡᠨᠳᠡᠭᠡᠨ ᠨᠢᠴᠦᠭᠦᠨ ᠱᠠᠯᠳᠠᠩ ᠭᠦᠶ‍ᠦᠳᠡᠭ᠌ ᠨᠢ ᠳᠠᠳᠠᠨᠤᠰ ᠲᠤ ᠵᠤᠪᠠᠯᠠᠩ ᠭᠡᠵᠤ ᠪᠣᠳᠤᠭᠳᠠᠳᠠᠭ ᠦᠭᠡᠶ᠂ ᠬᠠᠷᠢᠨ ᠨᠢᠭᠡ ᠵᠣᠢ᠌ᠯ ᠤᠨ ᠪᠠᠢ᠌ᠭᠠᠯᠢᠯᠢᠭ ᠡᠷᠭᠡ ᠴᠢᠯᠦᠭᠡ ᠪᠣᠯᠵᠤ ᠵᠤᠯ ᠵᠢᠷᠭᠠᠯ ᠲᠡᠶ ᠰᠠᠨᠠᠭᠳᠠᠳᠠᠭ ᠪᠠᠢ᠌ᠯ᠎ᠠ᠃ ᠳᠠᠳᠠᠨᠠᠷ ᠠᠢ᠌ᠯ ᠤᠨ ᠡᠮᠦᠨᠡᠭᠦᠷ ᠭᠦᠡᠳᠡᠯᠡᠨ ᠣᠷᠤᠰᠬᠤ ᠨᠠᠷᠢᠨ ᠭᠤᠤᠯ ᠤᠨ ᠣᠰᠤᠨ ᠳᠤ ᠨᠤᠭᠤᠰᠤᠨ ᠵᠤᠯᠵᠠᠭ᠎ᠠ ᠰᠢᠭ ᠣᠮᠪᠠᠨ ᠨᠠᠭᠠᠳᠬᠤ ᠳᠤ ᠪᠠᠨ ᠬᠤᠪᠴᠠᠰᠤ ᠳᠠᠢ᠌ᠯᠬᠤ ᠡᠮᠦᠰᠭᠦ ᠮᠠᠳᠤ ᠶᠢᠨ ᠶᠠᠷᠰᠢᠭ ᠪᠠᠢ᠌ᠬᠤ ᠥᠭᠡᠢ ᠃ ᠰᠥᠨ ᠯᠢᠶᠠᠩ ᠪᠠᠭ᠎ᠠ ᠡᠴᠡ ᠪᠠᠨ ᠣᠰᠤᠨ ᠳᠤ ᠶᠡᠭᠡ ᠰᠠᠢ᠌ᠨ᠃ ᠪᠢᠴᠢᠬᠠᠨ ᠨᠠᠢ᠌ᠵᠠ ᠨᠡᠷ ᠲᠤ ᠪᠠᠨ ᠨᠤᠬᠠᠢ ᠶᠢᠨ ᠣᠮᠤᠳᠠᠯ᠂ ᠮᠡᠯᠡᠭᠡᠢ ᠶᠢᠨ ᠣᠮᠤᠳᠠᠯ᠂ ᠠᠷᠤ ᠣᠮᠤᠳᠠᠯ᠂ ᠱᠤᠩᠪᠠᠯᠳᠠ᠂ ᠳᠤᠨᠤᠯᠳᠠ᠂ ᠭᠦᠪᠪᠦᠯᠳᠡ ᠭᠡᠭᠦ ᠮᠠᠳᠤ ᠶᠢᠨ ᠣᠮᠪᠠᠬᠤ ᠠᠷᠭ᠎ᠠ ᠶᠢ ᠵᠢᠭᠠᠵᠤ ᠥᠭ᠍ᠳᠡᠭ᠌᠃ ᠰᠦᠨ ᠯᠢᠶᠠᠩ ᠭᠡᠷᠭᠢᠨ ᠪᠠᠶᠡᠨ ᠠᠢ᠌ᠯ ᠤᠨ ᠬᠡᠦᠬᠡᠳ ᠰᠢᠭ᠌ ᠡᠷᠭᠡ ᠳᠠᠩᠬᠠᠢ ᠠᠭᠠᠰᠢᠯᠠᠬᠤ ᠪᠣᠢ᠃ ᠳᠠᠷᠠ ᠦᠯᠦᠰᠴᠤ ᠳᠠᠭᠠᠷᠠᠬᠤ ᠶᠢᠨ ᠣᠢ᠌ᠯᠠ ᠳᠠᠮᠤ ᠶᠢ ᠳᠦᠭᠦᠭᠡ ᠣᠷᠤᠬᠤ ᠲᠡᠶ ᠪᠠᠨ ᠵᠡᠷᠭᠡ ᠪᠠᠷ ᠠᠮᠰᠠᠵᠤ ᠡᠭᠢᠯᠡᠭ᠍ᠰᠡᠨ ᠪᠣᠯᠪᠠᠴᠤ ᠶᠠᠷᠤᠨᠢ ᠦᠯᠦᠰᠴᠤ ᠪᠠᠢ᠌ᠨ᠎ᠠ᠂ ᠳᠠᠭᠠᠷᠠᠵᠤ ᠪᠠᠢ᠌ᠨ᠎ᠠ ᠭᠡᠵᠤ ᠡᠴᠢᠭᠡ ᠡᠭᠡ ᠪᠠᠨ ᠭᠠᠰᠠᠯᠭᠠᠬᠤ ᠶᠤᠮ ᠪᠢᠰᠢ᠂ ᠬᠠᠷᠢᠨ ᠳᠤᠳᠤᠷ ᠪᠣᠳᠤᠯᠭ᠎ᠠ ᠬᠠᠳᠠᠭᠤ ᠳᠠᠷᠠ ᠪᠠᠷ ᠶᠠᠮᠠᠷ ᠨᠢᠭᠡᠨ ᠵᠤᠪᠠᠭᠤᠷᠢ ᠪᠣᠯᠤᠭᠰᠠᠭᠠᠷ ᠯᠠ ᠪᠢᠴᠢᠬᠠᠨ 《ᠬᠤᠭᠤᠷ》 ᠶ᠋ᠢᠡᠨ ᠠᠪᠴᠤ 《ᠭᠢ ︕ ᠭᠨ ︕》 ᠭᠢᠯᠭᠡᠨ ᠭᠢᠷᠦᠭᠡᠳᠡᠵᠤ ᠳᠤᠤᠭᠠᠷᠭᠠᠭᠰᠠᠭᠠᠷ ᠯᠠ ᠦᠯᠦᠰᠴᠤ ᠳᠠᠭᠠᠷᠠᠬᠤ ᠶᠢᠨ ᠭᠦᠴᠢᠷ ᠵᠤᠪᠠᠯᠠᠩ ᠶᠢᠡᠨ ᠣᠷᠤ ᠦᠭᠡᠶ ᠣᠮᠠᠷᠳᠠᠨ ᠂ ᠶᠠᠭ ᠳᠤᠰᠤ ᠭᠦᠯᠭᠦᠵᠤ ᠳᠤᠷᠭ᠎ᠠ ᠭᠡᠳᠦᠷᠡᠴᠢᠭᠡᠭ᠍ᠰᠡᠨ ᠮᠠᠳᠤ ᠭᠦᠭ᠍ᠰᠡᠨ ᠪᠠᠶᠠᠷᠯᠠᠵᠤ᠂ ᠪᠠᠶ᠎ᠠ ᠮᠠᠬᠠᠪᠣᠤᠨ ᠤᠨ ᠳᠠᠷᠴᠢᠯᠭᠠᠯ ᠶᠢᠡᠨ ᠣᠶᠤᠨ ᠰᠠᠨᠠᠭᠠᠨ ᠤ ᠳᠡᠵᠢᠭᠡᠯ ᠶᠢᠡᠷ ᠨᠥᠭᠦᠪᠦᠷᠢᠯᠡᠭᠡᠳ ᠪᠠᠢ᠌ᠳᠠᠭ᠃

ᠥᠭᠡᠭᠦᠴᠦᠳ ᠤᠨ ᠬᠠᠮᠤᠭ ᠤᠨ ᠵᠤᠪᠠᠯᠠᠩ ᠲᠡᠶ ᠴᠠᠭ ᠦᠶ᠎ᠡ ᠪᠣᠯ ᠡᠪᠦᠯ ᠤᠨ ᠣᠯᠠᠷᠢᠯ ᠪᠣᠯᠬᠤ ᠶᠤᠮ᠃ ᠳᠠᠳᠠᠨᠤᠰ ᠨᠢᠭᠡ ᠡᠪᠦᠯ ᠢ ᠥᠩᠭᠡᠷᠡᠭᠦ ᠪᠣᠯ ᠴᠤᠬᠤᠮ ᠥᠭᠦᠯ ᠤᠨ ᠳᠠᠪᠠᠭ᠎ᠠ ᠶᠢ ᠳᠠᠪᠠᠵᠤ ᠪᠠᠢ᠌ᠨ᠎ᠠ ᠭᠡᠪᠠᠯ ᠨᠢᠭᠡᠯᠡ ᠥᠭᠡ ᠡ ︕ ᠥᠯᠦᠰᠭᠦᠯᠡᠩ ᠭᠦᠮᠦᠰ ᠤᠨ ᠲ᠋ᠠᠭᠠᠷᠠᠬᠤ ᠨᠢ ᠪᠠᠰᠠ ᠭᠡᠴᠡᠭᠦᠤ᠃ ᠦᠯᠦᠰᠴᠤ ᠳᠠᠭᠠᠷᠠᠬᠤ ᠨᠢ ᠡᠪᠡᠳᠴᠢᠨ ᠣᠯᠬᠤ ᠶᠢᠨ ᠦᠨᠳᠦᠰᠦ᠃ ᠠᠯᠢ ᠴᠤ ᠵᠢᠯ ᠤᠨ ᠡᠪᠦᠯ ᠢ ᠥᠩᠭᠡᠷᠡᠭᠦ ᠳᠤ ᠰᠦᠨ ᠯᠢᠶᠠᠩ ᠤᠨ ᠪᠠᠭ᠎ᠠ ᠶᠢᠨ ᠨᠠᠢ᠌ᠵᠠ ᠨᠢ ᠨᠢᠭᠡ ᠬᠤᠶᠠᠷ ᠬᠤᠷᠤᠭᠳᠠᠭᠠᠤᠨ ᠪᠠᠢ᠌ᠳᠠᠭ᠃ ᠠᠩ ᠠᠪᠠ ᠵᠥᠭᠡᠷ ᠪᠣᠯ ᠪᠠᠰᠠ ᠠᠮᠢ ᠵᠢᠭᠤᠬᠤ ᠵᠠᠮ ᠲᠡᠶ᠃ ᠳᠠᠴᠢᠷ ᠭᠠᠴᠢᠭ ᠪᠣᠯᠴᠢᠬᠠᠪᠠᠯ ᠥᠨᠡᠭᠡᠷ ᠶᠠᠭᠠᠭᠢᠬᠤ ᠶᠢᠨ ᠴᠤ ᠠᠷᠭ᠎ᠠ ᠣᠯᠳᠠᠳᠠᠭ ᠦᠭᠡᠶ ᠶᠤᠮ᠃

ᠰᠢᠷᠭ᠎ᠠ ᠭᠡᠭᠦᠤ ᠶᠢᠨ ᠣᠨᠠᠭ᠎ᠠ ᠨᠤᠭᠤᠭᠠᠨ ᠳᠤ ᠪᠠᠨ ᠣᠷᠤᠭᠰᠠᠭᠠᠷ ᠥᠩᠭᠡᠵᠢᠨ᠎ᠡ᠃

ᠥᠭᠡᠭᠦᠤ ᠬᠡᠦᠬᠡᠳ ᠬᠠᠪᠣᠷ ᠪᠣᠯᠵᠤ ᠬᠠᠭᠳᠠ ᠣᠷᠭᠤᠭᠰᠠᠭᠠᠷ ᠠᠮᠢ ᠪᠠᠨ ᠳᠡᠵᠢᠭᠡᠴᠢᠭᠡᠨ᠎ᠡ᠃

ᠲ᠋ᠠᠳᠠ ᠵᠥᠯᠭᠡᠨ ᠳᠠᠯ᠎ᠠ ᠪᠠᠷ ᠣᠪᠤᠨ ᠴᠤᠪᠤᠨ ᠭᠦᠶ‍ᠦᠯᠳᠦᠵᠤ ᠡᠪᠠᠰᠤᠨ ᠦᠨᠳᠦᠰᠦ ᠮᠠᠯᠳᠠᠨ᠎ᠠ᠃ ᠯᠠᠼᠠᠢ ᠨᠤᠭᠤᠭ᠎ᠠ ᠭᠤᠰᠤᠭᠤᠨ ᠪᠣᠯᠪᠠᠴᠤ ᠢᠳᠠᠵᠤ ᠪᠣᠯᠤᠨ᠎ᠠ᠃ ᠬᠠᠳᠠᠭᠤ ᠭᠠᠵᠠᠷ ᠣᠷᠭᠤᠬᠤ ᠳᠤ ᠥᠵᠦᠭᠦᠷ ᠲᠡᠶ ᠮᠤᠳᠤ ᠪᠠᠷ ᠡᠳᠦᠵᠤ ᠠᠪᠣᠨ᠎ᠠ᠃ ᠮᠠᠠᠵᠤᠤᠬᠠᠢ ᠰᠢᠭᠢᠷᠰᠢᠭᠦᠨ ᠠᠮᠳᠠᠳᠠᠢ ᠪᠣᠯᠬᠤᠷ ᠬᠡᠦᠬᠡᠳ ᠳᠤᠩ ᠢᠳᠡᠭᠦ ᠳᠤᠷᠠᠳᠠᠢ᠃ ᠣᠯᠠᠭᠠᠨ ᠨᠠᠪᠴᠢ ᠲᠡᠶ᠂ ᠣᠯᠠᠭᠠᠨ ᠣᠷᠳᠤ ᠪᠠᠶ᠎ᠠ ᠲᠡᠶ᠂ ᠭᠤᠤᠯ ᠨᠢ ᠶᠠᠭᠠᠨ ᠣᠯᠠᠭᠠᠨ ᠪᠠᠢ᠌ᠳᠠᠭ ᠨᠢ ᠳᠤᠩ ᠭᠤᠶᠤ ᠪᠦᠭᠡᠳ ᠢᠳᠠᠰᠢᠨ ᠤ ᠳᠤᠷᠠᠰᠢᠯ ᠢ ᠭᠦᠳᠡᠯᠭᠡᠳᠡᠭ᠌᠃ ᠳᠠᠷᠠ ᠨᠢ ᠡᠯᠡᠰᠦᠷᠭᠡᠭ᠌ ᠭᠠᠵᠠᠷ ᠣᠷᠭᠤᠬᠤ ᠪᠣᠯᠬᠤᠷ ᠬᠡᠦᠬᠡᠳ 《ᠮᠠᠠᠵᠤᠤᠬᠠᠢ ᠵᠤᠭ ᠵᠤᠭ ︕ ᠮᠠᠠᠵᠤᠤᠬᠠᠢ ᠵᠤᠭ ᠵᠤᠭ ︕》 ᠭᠡᠵᠤ ᠳᠠᠭᠤᠯᠠᠵᠤ ᠪᠠᠢ᠌ᠭᠠᠤᠨ ᠵᠤᠭᠤᠯᠤᠨ᠎ᠠ᠃ ᠡᠪᠳᠡᠢ ᠰᠠᠢ᠌ᠬᠠᠨ ᠴᠢᠩᠭ᠋ᠠᠭᠠᠵᠤ᠂ ᠠᠶᠠᠳᠠᠢ ᠰᠠᠢ᠌ᠬᠠᠨ ᠳᠠᠭᠤᠯᠠᠵᠤ ᠥᠭ᠍ᠪᠠᠯ ᠰᠠᠪᠬ᠎ᠠ ᠶᠢᠨ ᠭᠢᠷᠢ ᠪᠦᠳᠦᠭᠦᠨ᠂ ᠳᠤᠬᠤᠢ ᠭᠢᠷᠢ ᠣᠷᠳᠤ ᠮᠠᠠᠵᠤᠤᠬᠠᠢ ᠶᠢ ᠵᠤᠭᠤᠯᠤᠨ ᠭᠠᠷᠭᠠᠵᠤ᠂ ᠮᠠᠠᠵᠤᠤᠬᠠᠢ ᠶᠢᠨ ᠸᠠᠩ ᠢ ᠣᠯᠤᠭᠰᠠᠨ ᠪᠣᠯᠵᠤ ᠪᠣᠰᠤᠳ ᠬᠡᠦᠬᠡᠳ ᠤᠨ ᠭᠢ ᠲᠡᠶ ᠠᠳᠠᠯᠢᠳᠬᠠᠵᠤ ᠮᠠᠵᠤᠭᠤᠯᠳᠠᠭ᠃ ᠳᠡᠭᠡᠭᠡᠳ ᠦᠪᠡᠷ ᠤᠨ ᠪᠠᠶ᠎ᠠ ᠪᠠᠨ ᠶᠡᠭᠡ ᠡᠷᠳᠡᠮ ᠲᠡᠶ᠂ ᠠᠷᠭ᠎ᠠ ᠳᠠᠮ ᠲᠡᠶ ᠭᠡᠵᠤ ᠪᠣᠳᠤᠭᠠᠤᠨ ᠣᠮᠤᠭᠰᠢᠳᠠᠭ ᠨᠢ ᠪᠠᠰᠠᠨ ᠨᠢᠭᠡᠨ ᠴᠠᠭ ᠤᠨ ᠵᠢᠷᠭᠠᠯ ᠪᠠᠢ᠌ᠯ᠎ᠠ᠃ ᠣᠯᠵᠠ ᠣᠮᠤᠭ ᠰᠠᠢ᠌ᠨ ᠪᠣᠯᠤᠭᠠᠤᠨ ᠨᠢᠭᠡ ᠠᠳᠬᠤ ᠣᠯᠤᠭᠠᠤᠨ ᠢᠳᠠᠪᠠᠯ ᠪᠠᠰᠠ ᠨᠢᠭᠡ ᠴᠠᠭ ᠤᠨ ᠥᠯᠦᠰᠭᠦᠯᠡᠩ ᠡᠴᠡ ᠵᠠᠢ᠌ᠯᠠᠵᠤ ᠪᠣᠯᠤᠨ᠎ᠠ᠃ ᠭᠡᠪᠠᠴᠤ ᠬᠤᠷᠤᠰᠤᠯᠳᠠᠢ ᠨᠢ᠂ ᠳᠡᠭ᠍ᠷᠢ ᠳᠤᠤᠭᠠᠷᠤᠭᠰᠠᠭᠠᠷ ᠳᠠᠭᠢᠵᠤ ᠢᠳᠠᠵᠤ ᠪᠣᠯᠬᠤ ᠦᠭᠡᠶ ᠭᠡᠨ᠎ᠡ᠃ ᠢᠳᠠᠪᠠᠯ ᠭᠡᠳᠡᠰᠤᠨ ᠳ᠋ᠤ ᠬᠤᠷᠤᠬᠠᠢ ᠪᠦᠳᠦᠨ᠎ᠡ ᠭᠡᠵᠤ ᠭᠡᠷ ᠤᠨ ᠠᠬᠠᠮᠠᠤᠨ ᠢᠳᠡᠭᠦᠯᠳᠡᠭ᠌ ᠦᠭᠡᠶ᠃

ᠳᠠᠪᠣᠳᠤᠭᠠᠷ ᠰᠠᠷ᠎ᠠ ᠶᠢᠨ ᠳᠠᠪᠤᠨ ᠪᠣᠯᠬᠤ ᠪᠠᠷ ᠨᠠᠭᠤᠷ ᠣᠰᠤᠨ ᠤ ᠨᠤᠭᠤᠰᠤ ᠰᠢᠪᠠᠭᠤ ᠪᠠᠰᠠ ᠥᠡᠳᠡᠭᠡᠯᠡᠴᠢᠭᠡᠨ᠎ᠡ᠃

ᠣᠳᠤ ᠥᠡᠳᠡᠭᠡ ᠢᠳᠠᠨ᠎ᠠ᠂ ᠨᠤᠭᠤᠭ᠎ᠠ ᠢᠳᠠᠨ᠎ᠠ᠂ ᠮᠢᠬ᠎ᠠ ᠪᠠᠰᠠ ᠣᠯᠤᠭᠠᠤᠨ ᠢᠳᠡᠴᠢᠭᠡᠨ᠎ᠡ᠃

ᠭᠤᠤᠯ ᠨᠠᠭᠤᠷ ᠤᠨ ᠭᠦᠪᠠᠭᠡ ᠪᠠᠷ ᠰᠢᠪᠠᠭᠤᠨ ᠥᠡᠳᠡᠭᠡ ᠳᠡᠭᠦᠨ᠎ᠡ᠃ ᠳᠠᠯ᠎ᠠ ᠵᠤ᠋ ᠶᠢᠨ ᠪᠠᠶ᠎ᠠ ᠪᠠᠷ ᠢᠮᠠᠭ᠎ᠠ ᠶᠢᠨ ᠡᠪᠠᠷ᠂ ᠳᠡᠮᠡᠭᠡᠨ ᠭᠦᠭᠦ᠂ ᠳᠡᠮᠡᠭᠡᠨ ᠡᠪᠦᠳᠦᠭ᠌᠂ ᠬᠠᠢ᠌ᠯᠠᠰᠤᠨ ᠵᠤᠭ᠎ᠠ ᠵᠡᠷᠭᠡ ᠣᠷᠭᠤᠮᠠᠯ ᠪᠦᠷ ᠠᠮᠳᠠᠳᠤ ᠢᠳᠡᠭᠡᠨ ᠪᠣᠯᠬᠤ ᠶᠤᠮ᠃

ᠭᠤᠤᠯ ᠤᠨ ᠵᠢᠭᠠᠰᠤ᠂ ᠳᠠᠯ᠎ᠠ ᠶᠢᠨ ᠵᠤᠷᠠᠮ᠎ᠠ᠂ ᠮᠠᠩᠬᠠᠨ ᠤ ᠠᠯᠠᠭᠳᠠᠭ᠎ᠠ ᠪᠦᠷ ᠰᠢᠮ᠎ᠠ ᠳᠡᠵᠢᠭᠡᠯ ᠰᠠᠢ᠌ᠳᠠᠢ ᠬᠤᠭᠤᠯᠠ ᠪᠣᠯᠤᠨ᠎ᠠ᠃

ᠥᠨᠡ᠊ᠨᠳᠡᠭᠡᠨ ᠭᠡᠷ ᠤᠨ ᠠᠬᠠᠮᠠᠤᠨ ᠬᠡᠦᠬᠡᠳ ᠤᠨ ᠶᠢᠡᠨ ᠭᠡᠭᠡᠷ᠎ᠡ ᠶᠢᠨ ᠰᠢᠪᠠᠭᠤ ᠶᠢᠨ ᠥᠡᠳᠡᠭᠡ ᠢᠳᠡᠭᠦ ᠶᠢ ᠴᠡᠭᠡᠷᠯᠡᠨ ᠬᠤᠷᠢᠭᠯᠠᠳᠠᠭ᠃ 《ᠭᠡᠭᠡᠷ᠎ᠡ ᠶᠢᠨ ᠵᠢᠭᠦᠷᠳᠡᠨ ᠤ ᠠᠯᠠᠭ ᠴᠤᠬᠤᠷ ᠥᠡᠳᠡᠭᠡ ᠶᠢ ᠢᠳᠠᠪᠠᠯ ᠬᠡᠦᠬᠡᠳ ᠤᠨ ᠴᠢᠷᠠᠢ ᠳᠡᠭᠡᠷ᠎ᠡ ᠪᠦᠳᠦᠭᠦᠨ ᠴᠤᠬᠤᠷ ᠭᠠᠷᠦᠨ᠎ᠡ 》 ᠭᠡᠨ᠎ᠡ᠃ ᠬᠠᠢ᠂ ᠮᠠᠨ ᠤ ᠮᠤᠩᠭ᠋ᠤᠯᠴᠤᠳ ᠤᠨ ᠡᠪᠦᠭᠡ ᠳᠡᠭᠡᠳᠦᠰ ᠡᠷᠳᠡ ᠣᠵᠤᠭᠤᠷ ᠦᠶ᠎ᠡ ᠡᠴᠡ ᠪᠠᠨ ᠡᠭᠡ ᠪᠠᠢ᠌ᠭᠠᠯᠢ᠂ ᠠᠮᠢ ᠠᠬᠤᠢ ᠪᠠᠨ ᠬᠠᠮᠠᠭᠠᠯᠠᠬᠤ ᠭᠡᠵᠤ ᠳᠡᠭᠡᠵᠤ ᠴᠡᠭᠡᠷ ᠣᠬᠠᠭᠠᠨ ᠭᠠᠷᠭᠠᠭᠰᠠᠨ ᠪᠠᠢ᠌ᠵᠤ ᠮᠠᠳᠠᠨ᠎ᠠ᠃ ᠭᠡᠪᠠᠴᠤ ᠮᠤᠩᠭ᠋ᠤᠯᠴᠤᠳ ᠤᠨ ᠬᠣᠢ᠌ᠴᠢᠰ ᠴᠢᠨᠢ ᠦᠨᠦᠳᠤᠠᠷ ᠥᠯᠦᠰᠴᠤ ᠥᠯᠪᠠᠷᠡᠭᠦ ᠶᠠᠪᠣᠳᠠᠯ ᠭᠠᠷᠤᠨ᠎ᠠ ᠭᠡᠳᠡᠭ᠌ ᠢ ᠳᠠᠨᠠᠷ ᠤᠨ ᠲᠦᠮᠡᠨ ᠵᠡᠭᠦᠳᠤᠨ ᠳᠤ ᠪᠠᠢ᠌ᠭᠰᠠᠨ ᠦᠭᠡᠶ ᠪᠠ ︕

ᠡᠷᠢᠶᠡᠨ ᠭᠡᠳᠡᠰᠤ ᠨᠢ ᠦᠯᠦᠰᠴᠤ ᠡᠨᠡᠯᠦᠵᠤ ᠪᠠᠢ᠌ᠭ᠎ᠠ ᠴᠠᠭ ᠲᠤ ᠨᠢᠭᠤᠷ ᠳᠡᠭᠡᠷ᠎ᠡ ᠪᠦᠳᠦᠭᠦᠨ ᠴᠤᠬᠤᠷ ᠭᠠᠷᠬᠤ ᠪᠠᠢ᠌ᠳᠤᠭᠠᠢ ᠪᠦᠭᠦ ᠪᠠᠶ᠎ᠠ ᠳᠡᠭᠡᠷ᠎ᠡ ᠭᠠᠷᠤᠭᠰᠠᠨ ᠴᠤ ᠶᠠᠭᠠᠭᠢᠬᠤᠪ ︕

ᠪᠢᠴᠢᠬᠠᠨ ᠰᠠᠭᠰᠤ ᠦᠭᠡᠶ ᠨᠢ ᠭᠠᠷ ᠶᠢᠡᠨ ᠰᠠᠵᠢᠭᠠᠤᠨ ᠭᠦᠶ‍ᠦᠨ᠎ᠡ᠃ ᠶᠠᠩᠰᠢᠯᠳᠠᠢ ᠳᠦᠷᠪᠠ ᠳᠦᠷᠦᠭ᠍ᠰᠡᠨ ᠪᠣᠯ ᠠᠪᠴᠤ ᠪᠣᠯᠬᠤ ᠦᠭᠡᠶ ᠭᠡᠵᠤ ᠠᠬ᠎ᠠ ᠨᠢ ᠰᠤᠷᠭᠠᠳᠠᠭ᠃ ᠨᠤᠭᠤᠰᠤ ᠠᠷᠪᠠᠭᠠᠤᠨ ᠥᠡᠳᠡᠭᠡᠯᠡᠳᠡᠭ᠌᠃ ᠣᠬᠤᠷ ᠤᠨ ᠥᠡᠳᠡᠭᠡ ᠶᠢ ᠳᠡᠭᠦᠶ᠎ᠡ ᠭᠡᠪᠠᠯ ᠡᠷᠭᠡᠪᠰᠢ ᠦᠨᠳᠦᠷ ᠬᠤᠯᠤᠰᠤ ᠲᠡᠶ ᠣᠰᠤᠨ ᠳᠤ ᠣᠷᠤᠬᠤ ᠭᠡᠷᠡᠭ᠍ᠳᠡᠢ᠃ ᠳᠤᠭᠤᠳᠠᠭ ᠨᠠᠭᠤᠷ ᠤᠨ ᠠᠷᠤ ᠶᠢᠨ ᠮᠠᠩᠬᠠᠨ ᠤ ᠪᠣᠳᠠ ᠪᠣᠳᠠᠷᠭᠠᠨ᠎ᠠ ᠶᠢᠨ ᠳᠤᠮᠳᠠ ᠡᠭᠦᠷᠯᠡᠨ᠎ᠡ᠃ ᠠᠩ ᠠᠪᠠ ᠶᠢᠨ ᠣᠯᠠᠨ ᠡᠷᠳᠡᠮ ᠢ ᠡᠵᠡᠮᠰᠢᠭ᠍ᠰᠡᠨ ᠬᠡᠦᠬᠡᠳ ᠦᠮᠦᠳᠦᠨ ᠰᠢᠷᠬᠤᠨᠠᠭ ᠶᠢᠡᠨ ᠡᠪᠠᠰᠤ ᠪᠠᠷ ᠣᠶᠠᠵᠤ ᠪᠢᠳᠡᠭᠦᠯᠦᠭᠡᠳ ᠬᠤᠶᠠᠷ ᠳᠠᠰᠢ ᠰᠠᠪᠠᠯᠠᠵᠤ᠂ ᠮᠦᠷᠤᠨ ᠳᠡᠭᠡᠷ᠎ᠡ ᠪᠠᠨ ᠠᠴᠢᠭᠠᠤᠨ ᠠᠷᠠᠤᠨ ᠤᠨ ᠳᠠᠭᠤᠤ ᠪᠠᠨ ᠳᠠᠭᠤᠯᠠᠨ᠂ ᠭᠠᠠᠵᠤᠭ᠎ᠠ ᠳᠦᠭᠦᠷᠡᠩ ᠭᠡᠷ ᠭᠡᠷ ᠲᠤ ᠪᠠᠨ ᠬᠠᠷᠢᠵᠠᠭᠠᠨ᠎ᠠ᠃

ᠲ᠋ᠠᠷᠠ ᠥᠯᠦᠰᠭᠦᠯᠡᠩ ᠵᠤᠪᠠᠯᠠᠩ ᠲᠡᠶ ᠦᠶ᠎ᠡ ᠳᠤ 《ᠬᠤᠭᠤᠷ》 ᠶ᠋ᠢᠡᠨ ᠳᠠᠳᠠᠵᠤ᠂ 《ᠬᠠᠢ ᠯᠢ ᠬᠠᠢ ᠳ᠋ᠠᠨ》 ᠭᠡᠭᠦ ᠠᠷᠠᠤᠨ ᠤᠨ ᠳᠠᠭᠤᠤ ᠶᠢᠨ ᠠᠶ᠎ᠠ ᠶᠢ ᠠᠶᠠᠯᠠᠭᠤᠯᠤᠨ᠂ ᠦᠪᠡᠷ ᠤᠨ ᠭᠤᠨᠢᠭᠳᠤ ᠰᠡᠳᠬᠢᠯᠭᠡ ᠪᠠᠨ ᠢᠯᠡᠷᠡᠭᠦᠯᠦᠨ᠎ᠡ᠂ ᠥᠢᠳᠭᠠᠷᠳᠤ ᠪᠣᠳᠤᠯ ᠶᠢᠡᠨ ᠰᠡᠷᠭᠦᠭᠡᠨ᠎ᠡ᠃

ᠲ᠋ᠠᠷᠠ ᠪᠠᠶᠠᠷ ᠪᠠᠶᠠᠰᠬᠤᠯᠠᠩ ᠲᠡᠶ ᠦᠶ᠎ᠡ ᠳ᠋ᠤ ᠪᠠᠰᠠᠯᠠ 《ᠬᠤᠭᠤᠷ》 ᠶ᠋ᠢᠡᠨ ᠪᠠᠷᠢᠵᠤ 《ᠳᠠᠮᠤᠷ᠎ᠠ》 ᠭᠡᠭᠦ ᠠᠷᠠᠤᠨ ᠤᠨ ᠪᠠᠭᠠᠳᠤᠷ ᠳᠠᠭᠤᠤ ᠶᠢ ᠭᠦᠭᠯᠡᠵᠤ ᠴᠤᠭ ᠵᠤᠷᠢᠭ ᠶᠢᠡᠨ ᠨᠡᠮᠡᠭ᠍ᠳᠡᠭᠦᠯᠦᠨ᠎ᠡ᠂ ᠤᠷᠮ᠎ᠡ ᠪᠠᠬᠠᠳᠤᠯ ᠶᠢᠡᠨ ᠭᠦᠭ᠍ᠵᠢᠭᠡᠨ᠎ᠡ᠃

ᠲ᠋ᠠᠷᠠ ᠬᠠᠷᠠᠬᠠᠨ ᠪᠠᠭ᠎ᠠ ᠡᠴᠡ ᠥᠭᠡ ᠲ᠋ᠡᠭᠤ ᠴᠥᠭᠡᠨ᠃ ᠭᠡᠷᠡᠭ᠌ ᠦᠭᠡᠶ ᠥᠭᠡ ᠶᠠᠷᠢᠳᠠᠭ ᠦᠭᠡᠶ᠂ ᠭᠡᠷᠡᠭ᠌ ᠦᠭᠡᠶ ᠶᠠᠭᠤᠮ᠎ᠠ ᠥᠢᠯᠡᠳᠦᠳᠡᠭ᠌ ᠦᠭᠡᠶ᠃ ᠶᠠᠭᠤ ᠭᠢᠪᠠᠯ ᠶᠠᠭᠤᠨ ᠳᠤ ᠪᠠᠨ ᠰᠠᠨᠠᠭ᠎ᠠ ᠰᠡᠳᠭᠢᠯ ᠶᠢᠡᠨ ᠳᠦᠪᠯᠡᠷᠡᠭᠦᠯᠵᠤ ᠶᠠᠭᠠᠭᠢᠭᠠᠤᠨ ᠡᠢ᠌ᠮᠤ ᠪᠣᠯᠤᠭᠰᠠᠨ ︖ ᠢᠩᠭᠢᠪᠠᠯ ᠶᠠᠭᠠᠭᠢᠳᠠᠭ ᠪᠢᠯᠠ ︖ ᠭᠡᠵᠤ ᠡᠷᠭᠢᠭᠦᠯᠵᠤ ᠳᠤᠭᠤᠷᠢᠭᠤᠯᠤᠨ ᠰᠠᠳᠭᠢᠵᠤ᠂ ᠡᠪᠯᠡᠭᠦᠯᠵᠤ ᠰᠢᠡᠵᠢᠯᠡᠭᠦ ᠵᠠᠩ ᠲᠡᠶ᠂ ᠳᠤᠳᠤᠷ ᠳᠠᠮᠢᠷ ᠴᠢᠩᠭ᠋᠎ᠠ᠂ ᠳᠤᠮᠳᠠ ᠴᠢᠮᠦᠭᠡ ᠳᠦᠭᠦᠷᠡᠩ ᠬᠡᠦᠬᠡᠳ ᠪᠠᠢ᠌ᠯ᠎ᠠ᠃


(ᠦᠷᠭᠦᠯᠵᠢᠯᠡᠯ ᠪᠣᠢ)


ᠵᠤᠬᠢᠶᠠᠭᠴᠢ ᠶᠢᠨ ᠬᠠ‍‌ᠶᠢᠭ ᠄ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠱᠸᠪᠠᠷᠳᠤ ᠮᠤᠩᠭ᠋ᠤᠯ ᠦᠨᠳᠦᠰᠦᠳᠠᠨ ᠤ ᠳᠤᠮᠳᠠᠳᠤ ᠰᠤᠷᠭᠠᠭᠤᠯᠢ

ᠵᠤᠬᠢᠶᠠᠭᠴᠢ᠄ ᠲᠠᠩᠨᠤᠳ ᠬᠠᠢ᠌ᠬᠤ
ᠳᠠᠷᠤᠮ᠄ 2885
ᠴᠠᠭ᠄ 2012 ᠤᠨ ᠤ 09 ᠰᠠᠷ᠎ᠠ ᠶᠢᠨ 07
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ