ᠨᠡᠪᠲᠡᠷᠡᠨ ᠤᠷᠤᠬᠤ

ᠡᠨᠡ ᠦᠶ᠎ᠡ ᠳᠤ ᠶᠠᠭ ᠠᠯᠳᠠᠨ ᠵᠤᠤ (ᡀᠠᠰᠠ) ᠵᠢ ᠪᠠᠢ᠌ᠭᠤᠯᠵᠤ ᠪᠠᠢ᠌ᠭᠰᠠᠨ ᠴᠠᠭ ᠭᠡᠨ᠎ᠡ᠃ ᠣᠷᠳᠤᠨ ᠢ ᠪᠠᠢ᠌ᠭᠤᠯᠬᠤ ᠳᠡᠭᠡᠷ᠎ᠡ ᠳᠠᠩᠭ᠋ᠤᠳ ᠤᠨ ᠣᠷᠠᠴᠤᠳ ᠪᠦᠭᠦᠳᠡ ᠴᠤᠭᠯᠠᠭᠰᠠᠨ ᠪᠣᠯᠪᠠᠴᠤ ᠪᠦᠳᠦᠭᠡᠵᠤ ᠴᠢᠳᠠᠬᠤ ᠦᠭᠡᠶ ᠣᠢ᠌ᠯᠠ ᠪᠠᠨ ᠦᠵᠡᠵᠤ ᠦᠰᠦ ᠪᠠᠨ ᠳᠤᠭᠠᠯᠠᠵᠤ ᠪᠠᠢ᠌ᠭᠰᠠᠨ ᠭᠡᠨ᠎ᠡ᠃ ᠣᠷᠳᠤᠨ ᠢ ᠡᠳᠦᠷ ᠨᠢ ᠪᠠᠷᠢᠭᠠᠤᠨ ᠳᠠᠯᠪᠢᠬᠤ ᠳᠤ ᠰᠦᠨᠢ ᠨᠢ ᠨᠤᠷᠠᠵᠤ᠂ ᠰᠢᠪᠠᠷ ᠨᠢ ᠰᠢᠪᠠᠷ ᠲᠠᠭᠠᠨ᠂ ᠴᠢᠯᠠᠭᠤ ᠨᠢ ᠴᠢᠯᠠᠭᠤ ᠳᠠᠭᠠᠨ ᠢᠯᠭᠠᠷᠠᠭᠠᠤᠨ ᠶᠠᠪᠣᠴᠢᠬᠠᠳᠠᠭ ᠭᠡᠨ᠎ᠡ᠃ ᠶᠠᠭ ᠠᠷᠭ᠎ᠠ ᠶᠠᠳᠠᠬᠤ ᠳᠠᠭᠠᠨ ᠳᠠᠯᠠᠢ ᠯᠠᠮᠠ᠂ ᠪᠠᠠᠴᠢᠨ ᠡᠷᠳᠡᠨᠢ ᠬᠤᠶᠠᠭᠤᠯᠠ ᠪᠠᠳᠠᠷᠴᠢᠨ ᠯᠠᠮᠠ ᠶᠢᠨ ᠶᠠᠩᠵᠤ ᠪᠠᠷ ᠬᠤᠴᠠᠯᠠᠭᠠᠤᠨ᠂ ᠮᠡᠷᠭᠡᠨ ᠳᠠᠮᠠᠨᠠ ᠡᠴᠡ ᠠᠷᠭ᠎ᠠ ᠮᠡᠷᠭᠡᠵᠢᠯ ᠢ ᠨᠢ ᠬᠤᠯᠠᠭᠠᠢ᠌ᠯᠠᠬᠤ ᠪᠠᠷ ᠡᠭᠦᠷᠭᠡ ᠳᠡᠭᠦᠷᠭᠡ ᠪᠠᠨ ᠡᠭᠦᠷᠤᠨ ᠴᠢᠷᠤᠨ ᠭᠦᠷᠴᠤ ᠢᠷᠠᠪᠠ ᠭᠡᠨ᠎ᠡ᠃ ᠮᠡᠷᠭᠡᠨ ᠳᠠᠮᠠᠨᠠ᠄

— ᠵᠠ ᠳᠠᠨᠤᠰ ᠬᠠᠮᠢᠭ᠎ᠠ ᠡᠴᠡ ᠢᠷᠠᠪᠠ︖ ᠭᠡᠵᠤ ᠰᠤᠷᠠᠬᠤ ᠳᠤ ᠬᠤᠶᠠᠷ ᠯᠠᠮᠠ᠄

— ᠮᠠᠨᠤᠰ ᠠᠯᠳᠠᠨ ᠵᠤᠤ ᠡᠴᠡ ᠢᠷᠠᠯ᠎ᠠ ᠭᠡᠵᠤ ᠭᠡᠨ᠎ᠡ᠃

— ᠠᠯᠳᠠᠨ ᠵᠤᠤ ᠶᠢ ᠪᠠᠷᠢᠭᠠᠤᠨ ᠪᠠᠷᠠᠭᠰᠠᠨ ᠦᠦ ᠭᠡᠵᠤ ᠯᠠᠪᠯᠠᠨ ᠠᠰᠠᠭᠤᠬᠤ ᠳᠤ᠂

— ᠪᠣᠳᠠᠯᠠ ᠣᠷᠳᠤᠨ ᠢ ᠨᠢ ᠭᠦᠷᠳᠡᠯ᠎ᠡ ᠠᠯᠢ ᠭᠡᠵᠢᠶᠡᠨᠢ ᠪᠠᠷᠢᠵᠤ ᠪᠠᠷᠠᠭᠰᠠᠨ ᠭᠡᠵᠤ ᠬᠤᠳᠠᠯ ᠭᠡᠯᠡᠵᠡᠢ᠃ ᠮᠡᠷᠭᠡᠨ ᠳᠠᠮᠠᠨᠠ᠄

— ᠶᠠᠮᠠᠷ ᠳᠦᠷᠭᠡᠨ ᠶᠤᠮ ᠳ᠋ᠠ ᠁ ᠲ᠋ᠠᠢ᠌ᠮᠤ ᠠᠮᠠᠷᠬᠠᠨ᠂ ᠳᠠᠢ᠌ᠮᠤ ᠳᠦᠷᠭᠡᠨ ᠭᠡᠵᠤ ᠦᠦ︖ ᠭᠡᠵᠤ ᠪᠠᠰᠠ ᠰᠤᠷᠠᠵᠤ ᠭᠡᠨ᠎ᠡ᠃

ᠠᠯᠳᠠᠨ ᠵᠤᠤ ᠪᠣᠳᠠᠯᠠ ᠣᠷᠳᠤᠨ ᠲᠡᠶ ᠪᠠᠨ ᠠᠯᠢ ᠭᠡᠳᠥᠢᠨᠢ ᠪᠠᠢ᠌ᠭᠤᠯᠤᠭᠳᠠᠴᠢᠬᠠᠯ᠎ᠠ ᠭᠡᠭᠦ ᠶᠢ ᠮᠡᠷᠭᠡᠨ ᠳᠠᠮᠠᠨᠠ ᠪᠠᠬᠠᠨ ᠢᠳᠡᠭᠡᠭᠦ ᠦᠭᠡᠶ ᠪᠠᠢ᠌ᠵᠠᠢ᠃ ᠳᠠᠢ᠌ᠮᠤ ᠡᠴᠡ ᠳᠠᠯᠠᠢ ᠯᠠᠮᠠ ᠳᠤ ᠬᠤᠷᠴᠠ ᠳᠤᠩᠭ᠋ᠤᠷᠠᠭ ᠥᠭ᠍ᠴᠤ ᠦᠰᠦ ᠪᠠᠨ ᠬᠤᠰᠤᠭᠤᠯᠬᠤ ᠶᠢᠨ ᠳᠠᠭᠤ ᠪᠠᠠᠴᠢᠨ ᠡᠷᠳᠡᠨᠢ ᠶᠢᠨ ᠬᠤᠶᠠᠷ ᠭᠠᠷ ᠤᠨ ᠬᠤᠶᠠᠷ ᠬᠤᠶᠠᠷ ᠬᠤᠷᠤᠭᠤ ᠶᠢ ᠨᠢ ᠳᠠᠰᠢᠷ (ᠲ᠋ᠠᠪᠬᠤᠷ) ᠠᠤᠠᠬᠤᠵᠤ ᠠᠪᠣᠭᠠᠤᠨ᠄

— ᠳᠠᠨᠤᠰ ᠳᠡᠭᠡᠭᠡᠤᠨ ᠪᠠᠷᠰ ᠵᠢᠯ ᠤᠨ ᠪᠠᠷᠰ ᠰᠠᠷ᠎ᠠ ᠶᠢᠨ ᠪᠠᠷᠰ ᠡᠳᠦᠷ ᠤᠨ ᠪᠠᠷᠰ ᠴᠠᠭ ᠲᠤ ᠭᠠᠷᠤᠭᠰᠠᠨ ᠳᠤᠯᠤᠭᠠᠨ ᠨᠠᠰᠤᠳᠠᠢ ᠭᠦᠤ ᠶᠢ ᠪᠣᠳᠠᠯᠠ ᠣᠷᠳᠤᠨ ᠤ ᠭᠤᠤᠯ ᠳᠤᠯᠭᠠᠭᠤᠷᠢ ᠳᠤᠤᠷ᠎ᠠ ᠪᠣᠯᠠᠪᠠ ᠦᠦ ᠦᠭᠡᠶ ᠦᠦ︖ ᠭᠡᠭᠦ ᠳᠤ ᠳᠠᠯᠠᠢ ᠯᠠᠮᠠ᠄

— ᠣᠤ᠂ ᠳᠡᠭᠡᠯ᠎ᠡ ᠳᠡᠭᠡᠯ᠎ᠡ︕ ᠭᠡᠭᠦ ᠵᠠᠭᠤᠷ᠎ᠠ ᠭᠦᠯ ᠤᠨ ᠬᠤᠷᠤᠭᠤ ᠳᠠᠭᠠᠨ ᠪᠢᠷ ᠬᠠᠪᠴᠢᠭᠤᠯᠵᠤ ᠪᠠᠢ᠌ᠭᠠᠤᠨ ᠰᠠᠶ‍ᠢ ᠶᠢᠨ ᠥᠭᠡᠰ ᠢ ᠳᠡᠮᠳᠡᠭᠯᠡᠵᠤ ᠠᠪᠴᠠᠢ᠃ ᠡᠨᠡ ᠮᠠᠳᠤ ᠪᠠᠷ ᠮᠡᠷᠭᠡᠨ ᠳᠠᠮᠠᠨᠠ ᠢᠩᠭᠢᠵᠤ ᠭᠢᠪᠠ ᠦᠦ ᠦᠭᠡᠶ ᠦᠦ︖ ᠴᠢᠩᠭᠢᠵᠤ ᠭᠢᠪᠠ ᠦᠦ ᠦᠭᠡᠶ ᠦᠦ︖ ᠭᠡᠵᠤ ᠰᠤᠷᠠᠭᠠᠤᠨ ᠪᠠᠢ᠌ᠬᠤ ᠳ᠋ᠤᠨᠢ ᠳᠠᠯᠠᠢ ᠯᠠᠮᠠ᠄

— ᠠ ᠳᠠᠢ᠌ᠮᠤ ᠳᠡᠢ᠌ᠮᠤ᠂ ᠢᠩᠭᠢᠭ᠍ᠰᠡᠨ᠂ ᠴᠢᠩᠭᠢᠭ᠍ᠰᠡᠨ ᠭᠡᠵᠤ ᠬᠠᠷᠢᠭᠤᠯᠬᠤ ᠶᠢᠨ ᠳᠠᠭᠠᠤ ᠭᠡᠯᠡᠭ᠍ᠰᠡᠨ ᠪᠦᠭᠦᠳᠡ ᠶᠢ ᠨᠢ ᠭᠦᠯ ᠶᠢᠡᠷ ᠶᠢᠡᠨ ᠳᠡᠮᠳᠡᠭᠯᠡᠭᠡᠤᠨ ᠪᠠᠢ᠌ᠵᠤ ᠭᠡᠨ᠎ᠡ᠃ ᠳᠡᠭᠡᠭᠡᠤᠨ ᠣᠳᠠᠬᠤ ᠦᠭᠡᠶ ᠪᠠᠷᠠᠬᠤ ᠭᠡᠵᠤ ᠪᠠᠢ᠌ᠬᠤ ᠳᠤ ᠳᠠᠯᠠᠢ ᠯᠠᠮᠠ ᠪᠠᠶᠠᠷᠯᠠᠭᠠᠤᠨ ᠳᠡᠰᠭᠦ ᠦᠭᠡᠶ ᠳᠤᠯᠠ ᠰᠠᠨᠠᠮᠰᠠᠷ ᠦᠭᠡᠶ ᠪᠠᠷ ᠭᠦᠯ ᠶᠢᠡᠨ ᠴᠢᠩᠭ᠋᠎ᠠ ᠭᠦᠳᠡᠯᠭᠡᠭᠡᠤᠨ ᠴᠠᠭᠠᠰᠤ ᠪᠠᠨ ᠳᠤᠤᠭᠠᠷᠭᠠᠴᠢᠬᠠᠵᠤ ᠭᠡᠨ᠎ᠡ᠃ ᠭᠦᠯ ᠶᠢᠡᠷ ᠶᠢᠡᠨ ᠪᠢᠴᠢᠵᠤ ᠪᠠᠢ᠌ᠭ᠎ᠠ ᠶᠢ ᠨᠢ ᠮᠡᠷᠭᠡᠨ ᠳᠠᠮᠠᠨᠠ ᠮᠠᠳᠠᠳᠠᠯ᠎ᠠ ᠨᠢ᠂ ᠪᠠᠠᠴᠢᠨ ᠡᠷᠳᠡᠨᠢ ᠬᠤᠷᠤᠭᠤ ᠪᠠᠨ ᠣᠭᠵᠠ ᠳᠠᠳᠠᠭᠠᠤᠨ ᠴᠠᠭᠠᠰᠤ ᠶᠢ ᠰᠢᠭᠦᠷᠴᠤ ᠠᠪᠣᠭᠠᠤᠨ ᠳᠠᠯᠠᠢ ᠯᠠᠮᠠ ᠪᠠᠨ ᠴᠢᠷᠦᠭᠡᠤᠨ ᠵᠤᠯᠠᠨ ᠭᠠᠷᠴᠤ ᠭᠡᠨ᠎ᠡ᠃ ᠭᠡᠷᠡᠭ᠌ ᠨᠢᠭᠡᠨᠳᠡ ᠬᠠᠵᠠᠢ᠌ᠭᠰᠠᠨ ᠢ ᠮᠡᠳᠡᠮᠡᠭ᠍ᠴᠡ ᠮᠡᠷᠭᠡᠨ ᠳᠠᠮᠠᠨᠠ ᠭᠦᠤ ᠪᠠᠨ ᠳᠠᠭᠤᠳᠠᠨ᠄

— ᠭᠦᠪᠠᠭᠦᠨ ᠭᠦᠪᠠᠭᠦᠨ᠂ ᠬᠤᠶᠡᠷ ᠭᠡᠢ᠌ᠴᠢᠨ ᠠᠪᠣ ᠶᠢᠨ ᠴᠢᠨᠢ ᠭᠡᠯᠡ ᠶᠢ ᠰᠤᠭᠤᠯᠤᠭᠠᠤᠨ ᠶᠠᠪᠣᠴᠢᠬᠠᠯ᠎ᠠ᠂ ᠪᠣᠯᠢᠶᠠᠭᠠᠤᠨ ᠢᠷ᠎ᠠ︕ ᠭᠡᠵᠡᠢ᠃ ᠠᠷᠠᠪᠰᠠᠷ ᠳᠠᠳᠠ ᠬᠤᠶᠠᠷ ᠢ ᠭᠦᠢᠴᠡᠵᠤ ᠭᠦᠷᠦᠭᠡᠤᠨ᠄

— ᠠᠪᠣ ᠶᠢᠨ ᠭᠡᠯᠡ ᠶᠢ ᠭᠠᠷᠭᠠᠵᠤ ᠥᠭ᠌︕ ᠭᠡᠭᠦ ᠳᠤ ᠳᠠᠳᠠ ᠨᠢᠭᠡᠨ ᠭᠤᠷᠭᠢ ᠶᠢᠨ ᠭᠡᠯᠡ ᠦᠭ‍ᠭᠦᠭᠡᠤᠨ ᠪᠣᠴᠠᠭᠠᠴᠢᠬᠠᠵᠤ ᠭᠡᠨ᠎ᠡ᠃ ᠠᠪᠣ ᠨᠢ ᠳᠠᠮᠳᠠᠷᠢᠵᠤ ᠥᠵᠡᠭᠡᠤᠨ᠄ ᠢᠱᠢ︕ ᠭᠦᠤ ᠮᠢᠨᠢ᠂ ᠳᠠᠳᠠ ᠠᠪᠣ ᠶᠢᠨ ᠴᠢᠨᠢ ᠭᠡᠯᠡᠭ᠍ᠰᠡᠨ ᠥᠭᠡ ᠶᠢ ᠪᠢᠴᠢᠭᠡᠤᠨ ᠶᠠᠪᠣᠴᠢᠬᠠᠯ᠎ᠠ ᠰᠢᠤ᠂ ᠡᠢ᠌ᠮᠤ ᠭᠡᠯᠡ ᠭᠡᠰᠡᠨ ᠪᠢᠰᠢ᠃ ᠵᠠ ᠣᠳᠤ ᠶᠠᠭᠠᠭᠢᠬᠤᠪ᠂ ᠡᠨᠡ ᠬᠤᠶᠠᠷ ᠠᠮᠢᠳᠠᠨ ᠭᠠᠳᠠᠨ᠎ᠠ ᠶᠠᠭᠤᠮ᠎ᠠ ᠣᠷᠭᠢᠵᠤ ᠦᠦ ᠦᠭᠡᠶ ᠦᠦ︖ ᠭᠡᠭᠦ ᠳᠤ ᠠᠷᠠᠪᠰᠠᠷ ᠭᠠᠷᠴᠤ ᠣᠴᠢᠭᠠᠤᠨ ᠭᠡᠷ ᠳᠦᠰᠢᠭᠦᠯᠵᠤ ᠣᠷᠭᠢᠭᠰᠠᠨ ᠬᠤᠶᠠᠷ ᠭᠦᠪ ᠭᠦᠡᠳᠤ ᠳᠠᠶᠠᠭ ᠢ ᠨᠢ ᠠᠪᠴᠢᠷᠠᠨ ᠠᠪᠣ ᠳᠠᠭᠠᠨ ᠪᠠᠷᠢᠭᠤᠯᠵᠠᠢ᠃ ᠠᠪᠣ ᠨᠢ ᠪᠠᠷᠢᠵᠤ ᠥᠵᠡᠭᠡᠤᠨ᠄

— ᠨᠠᠳᠠᠳᠤ ᠥᠯᠡᠳᠡᠭᠡᠭ᠍ᠰᠡᠨ ᠱᠠᠩ ᠡᠨᠡ ᠪᠠᠢ᠌ᠬᠤ᠂ ᠳᠤᠳᠤᠷ᠎ᠠ ᠨᠢ ᠳᠠᠭ ᠳᠦᠭᠦᠷᠡᠩ ᠥᠷᠮᠦᠭ᠌ ᠠᠯᠳᠠ ᠪᠠᠢ᠌ᠭ᠎ᠠ ᠶᠤᠮ ᠰᠢᠤ ᠭᠡᠵᠤ ᠭᠡᠨ᠎ᠡ᠃

ᠳᠠᠯᠠᠢ᠂ ᠪᠠᠠᠴᠢᠨ ᠬᠤᠶᠠᠷ ᠬᠠᠷᠢᠵᠤ ᠭᠦᠷᠦᠭᠡᠤᠨ ᠣᠳᠠᠭᠰᠠᠨ ᠳᠦᠳᠡᠭ᠍ᠰᠡᠨ ᠦᠭᠡᠶ ᠪᠣᠳᠠᠯᠠ ᠣᠷᠳᠤᠨ ᠢ ᠪᠠᠢ᠌ᠭᠤᠯᠵᠤ ᠪᠠᠷᠠᠪᠠ ᠭᠡᠨ᠎ᠡ᠂ ᠭᠡᠳᠡᠯ᠎ᠡ ᠬᠠᠮᠤᠭ ᠰᠡᠭᠦᠯ ᠤᠨ ᠪᠠᠷᠠᠭᠤᠨ ᠬᠣᠢ᠌ᠳᠤ ᠥᠡᠴᠦᠭ᠌ ᠤᠨ ᠪᠠᠷᠢᠯᠭ᠎ᠠ ᠶᠢ ᠶᠠᠭᠠᠭᠢᠵᠤ ᠪᠠᠷᠢᠳᠠᠭ ᠢ ᠮᠡᠷᠭᠡᠨ ᠳᠠᠮᠠᠨᠠ ᠡᠴᠡ ᠳᠡᠮᠳᠡᠭᠯᠡᠵᠤ ᠠᠮᠵᠢᠭᠰᠠᠨ ᠦᠭᠡᠶ ᠳᠤᠯᠠ ᠪᠠᠬᠠᠨ ᠡᠪ ᠬᠠᠪᠣ ᠦᠭᠡᠶ ᠪᠠᠷᠢᠭᠰᠠᠨ ᠪᠦᠭᠡᠤᠨ ᠳᠠᠷᠠ ᠨᠢ ᠣᠳᠤ ᠪᠣᠯᠳᠠᠯ᠎ᠠ ᠣᠭ ᠭᠡᠪ ᠶᠢᠡᠷ ᠶᠢᠡᠨ ᠪᠠᠢ᠌ᠭᠰᠠᠭᠠᠷ ᠭᠡᠨ᠎ᠡ᠃ ᠳᠡᠭᠡᠭᠡᠤᠨ ᠳᠠᠩᠭ᠋ᠤᠳ ᠤᠨ ᠣᠷᠤᠨ ᠳᠤ ᠠᠯᠳᠠᠨ ᠵᠤᠤ ᠳᠤᠭᠳᠠᠭᠰᠠᠨ ᠤ ᠪᠠᠨ ᠶᠡᠭᠡ ᠪᠠᠶᠠᠷ ᠭᠢᠭᠦ ᠪᠠᠷ ᠪᠣᠯᠵᠤ᠂ ᠰᠤᠷᠢᠠᠵᠢᠨ ᠭᠤᠮᠪᠣ ᠬᠠᠭᠠᠨ ᠪᠠᠶ᠎ᠠ ᠪᠠᠷ ᠶᠢᠡᠨ ᠭᠦᠮᠤᠨ ᠳᠤᠮᠢᠯᠠᠨ ᠮᠡᠷᠭᠡᠨ ᠳᠠᠮᠠᠨᠠ ᠶᠢ ᠶᠡᠭᠡ ᠪᠠᠶᠠᠷ ᠲᠠᠭᠠᠨ ᠵᠠᠯᠠᠵᠤ ᠭᠡᠨ᠎ᠡ᠃ ᠮᠡᠷᠭᠡᠨ ᠳᠠᠮᠠᠨᠠ ᠳᠠᠠᠳᠠ ᠭᠦᠷᠦᠭᠡᠤᠨ ᠰᠤᠷᠢᠠᠵᠢᠨ ᠭᠤᠮᠪᠣ ᠬᠠᠭᠠᠨ ᠤ ᠡᠮᠦᠨ᠎ᠡ ᠣᠴᠢᠵᠤ ᠭᠡᠷᠡᠭ᠌ ᠶᠢᠡᠨ ᠴᠠᠭᠠᠤᠠᠬᠠᠨ ᠭᠡᠯᠡᠭ᠍ᠰᠡᠨ ᠨᠢ᠄

— ᠳᠠᠨ ᠤ ᠬᠠᠳᠤᠨ ᠢ ᠵᠠᠯᠠᠬᠤ ᠶᠢᠨ ᠳᠦᠯᠦᠭᠡ ᠪᠢ ᠳᠠᠮᠤ ᠲᠡᠶ ᠬᠤᠯᠠ ᠭᠠᠵᠠᠷ ᠶᠠᠪᠣᠵᠤ᠂ ᠳᠠᠷᠢᠭᠢ ᠳᠤᠯᠤᠭᠠᠢ ᠳᠠᠮᠢᠷ ᠭᠦᠴᠤ ᠪᠠᠨ ᠰᠢᠪᠬᠠᠭᠰᠠᠨ ᠪᠢᠰᠢ ᠦᠦ︖ ᠳᠠᠷᠠ ᠰᠦᠨᠢ ᠭᠢᠳᠠᠤᠨ ᠡᠴᠡ ᠬᠤᠤᠷᠳᠤ ᠮᠤᠭᠠᠢ ᠳᠠᠯᠪᠢᠭᠰᠠᠨ ᠳᠤ ᠪᠢ ᠣᠠᠳᠠᠬᠤ ᠨᠣᠢ᠌ᠷ ᠦᠭᠡᠶ ᠪᠠᠷ ᠳᠠᠨ ᠤ ᠡᠭᠦᠳᠡᠨ ᠳᠡᠭᠡᠷ᠎ᠡ ᠰᠠᠭᠢᠵᠤ ᠪᠠᠢ᠌ᠭᠠᠤᠨ ᠢᠷᠡᠭᠦ ᠮᠤᠭᠠᠢ ᠶᠢ ᠴᠠᠪᠴᠢᠭᠰᠠᠨ ᠳᠤ ᠴᠢᠰᠤ ᠨᠢ ᠰᠠᠴᠤᠷᠠᠭᠠᠤᠨ (ᠥᠰᠦᠷᠦᠭᠡᠤᠨ) ᠨᠤᠭᠤᠭᠠᠨ ᠳᠠᠷᠢ ᠡᠭᠡ ᠶᠢᠨ ᠬᠠᠴᠠᠷ ᠳᠡᠭᠡᠷ᠎ᠡ ᠳᠤᠰᠴᠢᠬᠠᠯ᠎ᠠ᠃ ᠪᠢ ᠳᠠᠨ ᠤ ᠬᠠᠳᠤᠨ ᠲᠡᠶ ᠬᠠᠨᠢᠯᠠᠭᠰᠠᠨ ᠦᠭᠡᠶ᠂ ᠬᠠᠷᠢᠨ ᠰᠠᠯᠠᠮ᠎ᠠ ᠪᠠᠷ ᠴᠢᠰᠤ ᠶᠢ ᠬᠤᠰᠤᠵᠤ ᠠᠪᠬᠤ ᠡᠴᠡ ᠠᠶᠤᠭᠠᠤᠨ ᠭᠡᠯᠡ ᠪᠠᠷ ᠶᠢᠡᠨ ᠳᠤᠯᠢᠶᠠᠵᠤ ᠠᠷᠢᠯᠭᠠᠭᠰᠠᠨ ᠶᠤᠮ᠃ ᠭᠡᠳᠡᠯ᠎ᠡ ᠳᠠ ᠨᠠᠮᠢ᠋ᠢ ᠬᠠᠳᠤᠨ ᠳᠤ ᠬᠠᠯᠳᠠᠯ᠎ᠠ ᠭᠡᠵᠤ ᠭᠡᠯᠡᠭᠡᠤᠨ ᠬᠤᠶᠠᠷ ᠨᠢᠳᠤ ᠶᠢ ᠮᠢᠨᠢ ᠰᠤᠬᠤᠯᠵᠤ ᠬᠠᠶᠠᠭᠰᠠᠨ ᠪᠢᠰᠢ ᠦᠦ︖ ᠳᠠᠷᠠ ᠦᠨᠡᠨ ᠢ ᠣᠳᠤ ᠪᠢ ᠳᠠᠨ ᠳᠤ ᠭᠡᠷᠡᠴᠢᠯᠡᠨ᠎ᠡ︕ ᠭᠡᠤᠨ᠂ ᠭᠦᠮᠤᠨ ᠤ ᠦᠰᠦ᠋ (ᠰᠥ᠋)᠂ ᠰᠠᠷᠯᠤᠭ ᠤᠨ ᠦᠰᠥ᠋᠂ ᠢᠮᠠᠭᠠᠨ ᠤ ᠦᠰᠥ᠋ ᠶᠢ ᠬᠤᠯᠢᠵᠤ ᠠᠶᠠᠭ᠎ᠠ ᠳᠦᠭᠦᠷᠭᠡᠨ ᠡᠮᠦᠨ᠎ᠡ ᠪᠠᠨ ᠳᠠᠯᠪᠢᠴᠢᠬᠠᠪᠠ ᠭᠡᠨ᠎ᠡ᠃ ᠳᠠᠷᠠᠭ᠎ᠠ ᠨᠢ ᠰᠠᠭᠠᠳᠠᠭ ᠶᠢᠡᠨ ᠠᠪᠤᠨ ᠳᠡᠭ᠍ᠷᠢ ᠥᠭᠡᠳᠡ ᠨᠢᠭᠡ ᠬᠠᠷᠪᠣᠭᠠᠤᠨ᠄

— ᠵᠠ ᠬᠠᠭᠠᠨ ᠮᠢᠨᠢ ᠦᠵᠡᠵᠤ ᠪᠠᠢ᠂ ᠭᠡᠮᠡᠷᠭᠡᠨ (ᠭᠡᠷᠪᠡ) ᠳᠠᠷᠠ ᠦᠶ᠎ᠡ ᠳᠤ ᠪᠢ ᠬᠠᠳᠤᠨ ᠲᠡᠶ ᠴᠢᠨᠢ ᠬᠠᠨᠢᠯᠠᠭᠰᠠᠨ ᠦᠨᠡᠨ ᠪᠣᠯ ᠡᠨᠡ ᠰᠠᠭᠠᠳᠠᠭ ᠤᠨ ᠰᠦᠮᠪᠣ ᠨᠢ ᠡᠷᠭᠢᠵᠤ ᠢᠷᠡᠭᠡᠤᠨ ᠮᠢᠨᠤ ᠣᠷᠤᠢ ᠣᠷᠤᠭᠤ ᠳᠤᠰᠴᠤ᠂ ᠪᠢ ᠥᠭᠦᠭᠦ ᠶᠤᠮ᠃ ᠭᠡᠮᠡᠷᠭᠡᠨ ᠬᠠᠨᠢᠯᠠᠭᠰᠠᠨ ᠦᠭᠡᠶ ᠪᠠᠢ᠌ᠪᠠᠯ ᠡᠨᠡ ᠰᠦᠮᠪᠣ ᠠᠶᠠᠭ᠎ᠠ ᠲᠡᠶ ᠦᠰᠦ᠋ ᠳᠤ ᠳᠤᠰᠴᠤ᠂ ᠦᠰᠦ᠋ ᠨᠢ ᠮᠢᠨᠤ ᠥᠭᠡᠳᠡ ᠰᠠᠴᠤᠷᠠᠭᠠᠤᠨ ᠪᠢ ᠳᠠᠭᠢᠨ ᠬᠠᠷᠠᠭ᠎ᠠ ᠲᠡᠶ ᠪᠣᠯᠬᠤ ᠶᠤᠮ ᠭᠡᠵᠤ ᠭᠡᠨ᠎ᠡ᠃

ᠢᠩᠭᠢᠵᠤ ᠪᠠᠢ᠌ᠳᠠᠯ᠎ᠠ ᠰᠠᠭᠠᠳᠠᠭ ᠤᠨ ᠰᠦᠮᠪᠣ ᠨᠢ ᠥᠨᠡᠭᠡᠷ ᠠᠶᠠᠭ᠎ᠠ ᠲᠡᠶ ᠦᠰᠦ᠋ ᠣᠷᠤᠭᠤ ᠨᠢ ᠣᠨᠠᠵᠤ ᠢᠷᠡᠭᠡᠤᠨ ᠦᠰᠦ᠋ ᠨᠢᠳᠤ ᠥᠭᠡᠳᠡ ᠨᠢ ᠰᠠᠴᠤᠷᠠᠵᠤ᠂ ᠬᠣᠢ᠌ᠳᠤ ᠮᠡᠷᠭᠡᠨ ᠳᠠᠮᠠᠨᠠ ᠳᠠᠭᠢᠨ ᠣᠭ ᠤᠨ ᠠᠳᠠᠯᠢ ᠬᠠᠷᠠᠭ᠎ᠠ ᠲᠡᠶ ᠪᠣᠯᠵᠤ ᠭᠡᠨ᠎ᠡ᠃ ᠡᠭᠦᠨ ᠳᠤ ᠬᠠᠭᠠᠨ ᠶᠠᠭᠠᠭᠢᠬᠤ ᠠᠷᠭ᠎ᠠ ᠦᠭᠡᠶ ᠢᠳᠡᠭᠡᠵᠤ᠂ ᠭᠡᠮ ᠬᠤᠤᠷ ᠦᠭᠡᠶ ᠠᠴᠢᠳᠠᠢ ᠭᠦᠮᠤᠨ ᠶᠢᠡᠨ ᠭᠢᠯᠢᠰᠳᠡᠭᠦᠯᠵᠤ ᠭᠡᠳᠤᠨ ᠵᠢᠯ ᠵᠤᠪᠠᠭᠠᠭᠰᠠᠨ ᠳᠠᠭᠠᠨ ᠭᠤᠮᠤᠳᠠᠬᠤ ᠶᠢᠨ ᠶᠡᠭᠡ ᠪᠠᠷ ᠭᠤᠮᠤᠳᠠᠵᠤ ᠮᠡᠷᠭᠡᠨ ᠳᠠᠮᠠᠨᠠ ᠶᠢᠨ ᠡᠮᠦᠨ᠎ᠡ ᠪᠣᠷᠤᠭᠤ ᠭᠦᠯᠢᠶᠡᠨ ᠰᠥᠭᠦᠦᠡᠴᠤ ᠭᠡᠨ᠎ᠡ᠃ ᠳᠡᠭᠡᠴᠢᠭᠡᠭᠡᠤᠨ ᠮᠡᠷᠭᠡᠨ ᠳᠠᠮᠠᠨᠠ ᠶᠢᠨ ᠭᠦᠷ (ᠭᠦᠵᠢᠷ) ᠭᠢᠯᠢᠰ ᠢ ᠴᠠᠭᠠᠤᠠᠬᠠᠨ ᠣᠷᠳᠤᠨ ᠳᠠᠭᠠᠨ ᠵᠠᠯᠠᠨ ᠭᠦᠡᠳᠦᠯᠡᠵᠤ᠂ ᠶᠡᠭᠡ ᠪᠠᠯᠡᠭ᠌ ᠰᠠᠯᠳᠠ ᠱᠠᠩ ᠭᠦᠷᠳᠡᠭᠡᠮᠵᠢ ᠦᠭ‍ᠭᠦᠭᠡᠤᠨ ᠬᠠᠷᠢᠬᠤ ᠦᠶ᠎ᠡ ᠳ᠋ᠤᠨᠢ ᠳᠤᠰᠬᠠᠢ ᠭᠦᠮᠦᠰ ᠳᠤᠮᠢᠯᠠᠨ ᠭᠡᠷ ᠳᠤᠨᠢ ᠭᠦᠷᠭᠡᠭᠦᠯᠵᠤ ᠭᠡᠨ᠎ᠡ᠃ ᠭᠦᠤ ᠪᠠᠷᠢ ᠬᠤᠶᠠᠷ ᠨᠢ ᠠᠪᠣ ᠶᠢᠨ ᠶᠢᠡᠨ 《ᠬᠠᠷᠠᠭ᠎ᠠ ᠨᠢᠳᠤ ᠪᠠᠨ ᠣᠯᠵᠤ᠂ ᠬᠠᠷ᠎ᠠ ᠭᠦᠷ ᠡᠴᠡ ᠰᠠᠯᠤᠭᠠᠤᠨ ᠪᠠᠶᠠᠨ ᠪᠠᠷᠠᠭ᠎ᠠ ᠲᠡᠶ᠂ ᠨᠤᠶᠠᠨ ᠪᠠᠶ᠎ᠠ ᠲᠡᠶ》 ᠬᠠᠷᠢᠵᠤ ᠢᠷᠡᠭᠦ ᠶᠢ ᠥᠵᠡᠭᠡᠤᠨ ᠣᠬᠠᠭᠠᠨ ᠦᠭᠡᠶ ᠪᠠᠶᠠᠷᠯᠠᠵᠤ ᠭᠡᠨ᠎ᠡ᠃

ᠵᠠ ᠡᠭᠦᠨ ᠡᠴᠡ ᠬᠣᠢ᠌ᠰᠢ ᠬᠣᠢ᠌ᠳᠤ ᠮᠡᠷᠭᠡᠨ ᠳᠠᠮᠠᠨᠠ ᠪᠠᠰᠠ ᠯᠠ ᠠᠩ ᠭᠦᠷᠦᠭᠡ ᠭᠢᠵᠤ ᠠᠮᠢᠳᠤᠷᠠᠬᠤ ᠪᠣᠯᠵᠤ ᠭᠡᠨ᠎ᠡ᠃ ᠨᠢᠭᠡᠨ ᠡᠳᠦᠷ ᠭᠦᠤ ᠨᠢ ᠭᠠᠷᠤᠭᠠᠤᠨ ᠪᠠᠰᠠ ᠨᠢᠭᠡ 《ᠮᠡᠯᠡᠭᠡᠢ᠌ᠳᠤ ᠪᠣᠭᠤ》 ᠠᠯᠠᠭᠠᠤᠨ ᠢᠷᠠᠵᠠᠢ᠃ ᠠᠪᠣ ᠨᠢ ᠥᠵᠡᠭᠡᠤᠨ ᠮᠦᠨ ᠣᠭ ᠤᠨ ᠶᠢᠡᠨ ᠠᠳᠠᠯᠢ ᠬᠤᠷᠳᠤᠬᠠᠨ ᠣᠴᠢᠵᠤ ᠮᠢᠬ᠎ᠠ ᠶᠢ ᠨᠢ ᠵᠢᠭᠠᠬᠠᠨ ᠴᠤ ᠥᠯᠡᠳᠡᠭᠡᠯ ᠦᠭᠡᠶ ᠪᠣᠷᠴᠠᠯᠠᠵᠤ ᠭᠡᠨ᠎ᠡ᠃ ᠴᠤᠬᠤᠮ ᠶᠠᠮᠠᠷ ᠣᠴᠢᠷ ᠡᠴᠡ ᠢᠩᠭᠢᠳᠡᠭ᠌ ᠢ ᠭᠡᠴᠢᠨᠠᠨ ᠰᠤᠷᠠᠭᠠᠤᠨ ᠴᠤ ᠭᠡᠯᠡᠵᠤ ᠥᠭ᠍ᠳᠡᠭ᠌ ᠦᠭᠡᠶ ᠶᠢ ᠭᠦᠤ ᠪᠠᠷᠢ ᠬᠤᠶᠠᠷ ᠨᠢ ᠮᠡᠳᠡᠭᠦ ᠪᠣᠯᠬᠤᠷ ᠵᠥᠭᠡᠷ ᠯᠠ ᠣᠬᠠᠭᠠᠨ ᠢ ᠨᠢ ᠣᠯᠬᠤ ᠦᠭᠡᠶ ᠬᠠᠷᠠᠵᠤ ᠬᠤᠴᠤᠷᠴᠠᠢ᠃

ᠨᠢᠭᠡᠨ ᠡᠳᠦᠷ ᠠᠷᠠᠪᠰᠠᠷ ᠪᠠᠢ᠌ᠬᠤ ᠦᠭᠡᠶ ᠳᠤ ᠪᠠᠷᠢ ᠨᠢ᠄

— 《ᠮᠡᠯᠡᠭᠡᠢ᠌ᠳᠤ ᠪᠣᠭᠤ》 ᠶᠢᠨ ᠮᠢᠬ᠎ᠠ ᠶᠢ ᠵᠠᠪᠠᠯ ᠪᠣᠷᠴᠠᠯᠠᠨ ᠢᠳᠡᠳᠡᠭ᠌ ᠨᠢ ᠶᠠᠮᠠᠷ ᠣᠬᠠᠭᠠᠨ ᠲᠡᠶ ᠶᠤᠮ ᠪᠣᠢ ᠭᠡᠵᠤ ᠠᠪᠣ ᠡᠴᠡ ᠪᠠᠨ ᠠᠰᠠᠭᠤᠵᠤ ᠭᠡᠨ᠎ᠡ᠃ ᠮᠡᠷᠭᠡᠨ ᠳᠠᠮᠠᠨᠠ ᠭᠡᠰᠡᠭ᠌ ᠪᠣᠳᠤᠵᠤ ᠰᠠᠭᠤᠭᠰᠠᠨ ᠶᠢᠡᠨ᠄

— ᠮᠡᠯᠡᠭᠡᠢ᠌ᠳᠤ ᠪᠣᠭᠤ ᠶᠢᠨ ᠮᠢᠬ᠎ᠠ ᠭᠦᠮᠤᠨ ᠤ ᠳᠠᠷᠢᠭᠢ ᠳᠤ ᠶᠡᠭᠡ ᠰᠠᠢ᠌ᠨ ᠪᠠᠢ᠌ᠳᠠᠭ ᠪᠢᠯᠠ᠃ ᠡᠢ᠌ᠮᠤ ᠡᠴᠡ ᠪᠣᠷᠴᠠᠯᠠᠨ ᠢᠳᠡᠭᠦ ᠦᠭᠡᠶ ᠪᠣᠯ ᠭᠦᠮᠤᠨ ᠪᠦᠷ ᠥᠩᠭᠡᠷᠡᠤ ᠬᠤᠷᠴᠠ ᠣᠬᠠᠭᠠᠨ ᠲᠡᠶ ᠪᠣᠯᠳᠠᠭ ᠭᠡᠵᠤ ᠭᠡᠯᠡᠭᠡᠤᠨ ᠥᠭ᠍ᠴᠡᠢ᠃ ᠳᠡᠭᠡᠭᠦ ᠳᠤ ᠪᠠᠷᠢ ᠨᠢ᠄

— ᠭᠦᠶ‍ᠢ ᠳᠠᠢ᠌ᠮᠤ ᠪᠣᠯᠪᠠᠯ ᠪᠣᠷᠴᠠᠯᠠᠭᠰᠠᠨ ᠦᠭᠡᠶ ᠮᠢᠬ᠎ᠠ ᠡᠴᠡ ᠨᠢ ᠡᠭᠦᠨ ᠳᠤ (ᠠᠷᠠᠪᠰᠠᠷ ᠢ ᠵᠢᠭᠠᠵᠠᠢ) ᠵᠢᠭᠠᠬᠠᠨ ᠢᠳᠡᠭᠦᠯᠴᠢᠭᠡᠪᠠᠯ ᠣᠬᠠᠭ᠎ᠠ ᠰᠠᠨᠠᠭ᠎ᠠ ᠵᠢᠭᠠᠬᠠᠨ ᠨᠡᠮᠡᠭ᠍ᠳᠡᠭᠦ ᠪᠣᠯᠪᠠ ᠦᠦ ᠭᠡᠵᠤ ᠰᠤᠷᠠᠬᠤ ᠳᠤ ᠮᠡᠷᠭᠡᠨ ᠳᠠᠮᠠᠨᠠ᠄

— ᠣᠬᠠᠭ᠎ᠠ ᠰᠠᠨᠠᠭ᠎ᠠ ᠨᠡᠮᠡᠭ᠍ᠳᠡᠭᠦ ᠪᠠᠷ ᠴᠤ ᠯᠠᠪ ᠨᠡᠮᠡᠭ᠍ᠳᠡᠨ᠎ᠡ᠂ ᠭᠡᠪᠠᠴᠤ ᠳᠡᠭᠡᠵᠤ ᠪᠣᠯᠬᠤ ᠦᠭᠡᠶ ᠭᠡᠵᠤ ᠳᠤᠯᠤᠭᠠᠢ ᠪᠠᠨ ᠰᠠᠵᠢᠵᠤ ᠭᠡᠨ᠎ᠡ᠃

— ᠶᠠᠭᠠᠭᠢᠭᠠᠤᠨ ᠳᠠᠷᠠ ᠪᠣᠢ︖ ᠭᠡᠭᠦ ᠳᠤ

— ᠪᠢ ᠦᠪᠡᠷ ᠤᠨ ᠦᠷ᠎ᠡ ᠳᠡᠭᠡᠨ ᠬᠠᠷ᠎ᠠ ᠰᠠᠨᠠᠵᠤ ᠪᠠᠢ᠌ᠭ᠎ᠠ ᠪᠢᠰᠢ᠂ ᠬᠠᠷᠢᠨ ᠴᠠᠭ᠎ᠠ ᠰᠠᠨᠠᠭ᠎ᠠ ᠪᠠᠢ᠌ᠨ᠎ᠠ᠃ ᠭᠡᠮᠡᠷᠭᠡᠨ ᠠᠷᠠᠪᠰᠠᠷ ᠪᠠᠰᠠ ᠪᠢᠳᠠ ᠬᠤᠶᠠᠷ ᠲᠡᠶ ᠠᠳᠠᠯᠢ ᠭᠦᠮᠤᠨ ᠡᠴᠡ ᠭᠡᠳᠤ ᠣᠬᠠᠭ᠎ᠠ ᠲᠡᠶ ᠪᠣᠯᠴᠢᠬᠠᠪᠠᠯ ᠡᠨᠡ ᠭᠡᠷ ᠵᠠᠳᠠᠷᠠᠵᠤ ᠰᠠᠷᠨᠢᠬᠤ ᠨᠢ ᠳᠠᠷᠠ᠃

— ᠨᠢᠭᠡ ᠭᠡᠷ ᠲᠤ ᠭᠤᠷᠪᠠᠨ ᠠᠳᠠᠯᠢ ᠣᠬᠠᠭᠠᠨ ᠲᠡᠶ ᠭᠦᠮᠤᠨ ᠬᠠᠮᠳᠤ ᠠᠮᠢᠳᠤᠷᠠᠵᠤ ᠴᠢᠳᠠᠳᠠᠭ ᠶᠤᠰᠤᠨ ᠦᠭᠡᠶ ᠶᠤᠮ ᠭᠡᠵᠤ ᠠᠪᠣ ᠨᠢ ᠭᠡᠯᠡᠵᠤ ᠭᠡᠨ᠎ᠡ᠃

ᠳᠡᠭᠦᠨ ᠡᠴᠡ ᠬᠣᠢ᠌ᠰᠢ ᠪᠠᠷᠢ ᠨᠢ ᠪᠣᠳᠤᠭᠠᠤᠨ ᠪᠣᠳᠤᠭᠠᠤᠨ ᠪᠠᠢ᠌ᠬᠤ ᠳᠤ ᠡᠷ᠎ᠡ ᠨᠥᠭᠦᠷ ᠨᠢ ᠠᠷᠠᠢ ᠴᠤ ᠨᠢᠭᠡ ᠭᠡᠳᠦᠷᠡᠭᠦᠤ ᠳᠡᠨᠡᠭ᠌ ᠪᠠᠢ᠌ᠬᠤ ᠰᠢᠭ ᠪᠣᠳᠤᠭᠳᠠᠵᠤ 《 ᠦᠭᠡᠶ ᠶᠠᠷᠤ ᠳᠠᠢ᠌ᠮᠤ ᠴᠤ ᠶᠡᠭᠡ ᠣᠬᠠᠭ᠎ᠠ ᠭᠡᠷᠡᠭ᠌ ᠦᠭᠡᠶ᠂ ᠵᠢᠭᠠᠬᠠᠨ ᠯᠠ ᠣᠬᠠᠭᠠᠠᠳᠠᠢ ᠪᠣᠯᠪᠠᠯ ᠪᠣᠯᠴᠢᠬᠠᠨ᠎ᠠ》 ᠭᠡᠵᠤ ᠭᠦᠰᠡᠭᠡᠤᠨ᠂ ᠠᠪᠣ ᠡᠴᠡ ᠪᠠᠨ ᠨᠢᠭᠤᠨ ᠪᠠᠢ᠌ᠵᠤ ᠪᠣᠷᠴᠠᠯᠠᠭ᠎ᠠ ᠦᠭᠡᠶ 《ᠮᠡᠯᠡᠭᠡᠢ᠌ᠳᠤ ᠪᠣᠭᠤ》 ᠶᠢᠨ ᠮᠢᠬ᠎ᠠ ᠡᠴᠡ ᠨᠢᠭᠡ ᠵᠢᠭᠠᠬᠠᠨ ᠠᠪᠴᠤ ᠴᠢᠨᠠᠭᠠᠤᠨ ᠠᠷᠠᠪᠰᠠᠷ ᠲᠤ ᠢᠳᠡᠭᠦᠯᠵᠤ ᠭᠡᠨ᠎ᠡ᠃ ᠡᠭᠦᠨ ᠡᠴᠡ ᠯᠠ ᠡᠭᠢᠯᠡᠭᠡᠤᠨ ᠠᠷᠠᠪᠰᠠᠷ ᠤᠨ ᠣᠬᠠᠭ᠎ᠠ ᠥᠨᠡᠭᠡᠷ ᠡᠳᠦᠷ ᠡᠴᠡ ᠡᠳᠦᠷ ᠰᠠᠷᠠᠭᠤᠯᠳᠠᠵᠤ᠂ ᠶᠠᠭᠤᠮᠠᠨ ᠤ ᠣᠬᠠᠭᠠᠨ ᠢ ᠪᠣᠳᠤᠵᠤ ᠰᠠᠤᠠᠭᠢᠵᠤ ᠴᠢᠳᠠᠬᠤ ᠪᠦᠭᠡᠤᠨ ᠥᠪᠠᠷᠡᠭᠡᠨ (ᠥᠪᠠᠷᠳᠡᠭᠡᠨ) ᠴᠤ ᠠᠷᠭ᠎ᠠ ᠣᠬᠠᠭᠠᠨ ᠭᠠᠷᠭᠠᠵᠤ ᠴᠢᠳᠠᠳᠠᠭ ᠪᠣᠯᠪᠠ ᠭᠡᠨ᠎ᠡ᠃ ᠨᠢᠭᠡᠨ ᠡᠳᠦᠷ ᠠᠷᠠᠪᠰᠠᠷ ᠪᠠᠰᠠ ᠯᠠ ᠣᠭ ᠤᠨ ᠠᠳᠠᠯᠢ ᠭᠠᠳᠠᠭᠰᠢ ᠭᠠᠷᠤᠭᠠᠤᠨ ᠵᠡᠭᠡᠷ᠎ᠡ ᠬᠠᠷᠪᠤᠨ ᠳᠠᠪᠭᠢᠵᠤ ᠪᠠᠢ᠌ᠳᠠᠯ᠎ᠠ ᠰᠠᠭᠠᠳᠠᠭ ᠤᠨ ᠰᠦᠮᠪᠤᠨ ᠳ᠋ᠤᠨᠢ ᠨᠢᠭᠡ ᠭᠡᠭᠡᠯ ᠲᠡᠶ ᠰᠢᠷᠠᠭᠴᠢᠨ ᠣᠨᠤᠭᠳᠠᠭᠠᠤᠨ ᠭᠡᠪᠠᠯᠢ ᠨᠢ ᠵᠠᠳᠠᠷᠠᠵᠤ ᠳᠤᠳᠤᠷ᠎ᠠ ᠡᠴᠡ ᠨᠢ ᠨᠢᠭᠡ ᠡᠳᠦᠷ ᠰᠠᠷ᠎ᠠ ᠨᠢ ᠭᠦᠢᠴᠡᠭᠡ ᠦᠭᠡᠶ ᠢᠠᠵᠠᠭ᠎ᠠ ᠭᠠᠷᠤᠭᠠᠤᠨ ᠣᠨᠠᠴᠢᠬᠠᠪᠠ ᠭᠡᠨ᠎ᠡ᠃ ᠠᠷᠠᠪᠰᠠᠷ ᠤᠨ ᠵᠢᠷᠦᠭᠡ 《ᠭᠦᠪ》 ᠭᠡᠵᠤ ᠳᠤᠯᠭᠢᠰᠤᠨ ᠬᠠᠷᠠᠵᠤ ᠴᠢᠳᠠᠮᠠᠷ ᠦᠭᠡᠶ ᠪᠣᠯᠬᠤ ᠳᠠᠭᠠᠨ ᠨᠢᠳᠤ ᠪᠠᠨ ᠠᠨᠢᠵᠤ ᠭᠡᠨ᠎ᠡ᠃ ᠠᠨᠢᠵᠤ ᠪᠠᠢ᠌ᠭᠠᠤᠨ ᠳᠠᠭᠢᠨ ᠨᠢᠭᠡ ᠬᠠᠷᠠᠬᠤ ᠳᠤ ᠰᠠᠶ‍ᠢᠭᠢ ᠢᠠᠵᠠᠭ᠎ᠠ ᠮᠤᠷᠢᠨ ᠤ ᠭᠢᠨᠢ ᠣᠮᠤᠷᠤᠤ ᠳᠤᠤᠷ᠎ᠠ ᠣᠨᠠᠵᠤ ᠪᠣᠰᠤᠨ ᠡᠭᠡ ᠶᠢᠨ ᠶᠢᠡᠨ ᠬᠣᠢ᠌ᠨ᠎ᠠ ᠡᠴᠡ ᠵᠤᠯᠠᠵᠤ ᠪᠠᠢ᠌ᠨ᠎ᠠ ᠭᠡᠨ᠎ᠡ᠃ ᠠᠷᠠᠪᠰᠠᠷ ᠤᠨ ᠦᠷᠦ ᠵᠢᠷᠦᠭᠡ ᠨᠢ ᠭᠤᠤᠯ ᠡᠴᠡ ᠪᠠᠨ ᠣᠶᠠᠷᠠᠵᠤ 《ᠠᠪᠠᠢ ᠭᠦᠭᠡᠷᠦᠭᠦᠢ᠂ ᠡᠢ᠌ᠮᠤ ᠥᠭᠦᠭᠡᠷᠦᠭᠡᠨ (ᠭᠦᠭᠡᠷᠦᠭᠦᠨ) ᠠᠮᠢᠳᠠᠨ ᠢ ᠪᠢ ᠶᠠᠭᠤᠨ ᠳᠤ ᠬᠠᠷᠪᠣᠯ᠎ᠠ ᠳ᠋ᠠ》 ᠭᠡᠵᠤ ᠪᠣᠳᠤᠨ ᠪᠣᠳᠤᠨ ᠭᠤᠮᠤᠳᠠᠭᠰᠠᠭᠠᠷ ᠳᠠᠷᠠ ᠮᠦᠷ ᠶᠢᠡᠷ ᠶᠢᠡᠨ ᠭᠡᠷ ᠲᠡᠭᠡᠨ ᠬᠠᠷᠢᠵᠤ ᠭᠡᠨ᠎ᠡ᠃ ᠳᠡᠭᠦᠨ ᠡᠴᠡ ᠬᠣᠢ᠌ᠰᠢ ᠳᠠᠷᠠ᠂ ᠠᠩ ᠭᠢᠵᠤ ᠠᠮᠢᠳᠠᠨ ᠠᠯᠠᠬᠤ ᠵᠤᠷᠢᠭ ᠦᠭᠡᠶ ᠪᠣᠯᠵᠠᠢ᠃ 《ᠬᠠᠯᠠᠭᠤᠨ ᠬᠤᠰᠢᠭᠤ ᠲᠡᠶ ᠠᠮᠢᠳᠠᠨ ᠢ ᠠᠯᠠᠬᠤ ᠮᠢᠨᠢ ᠶᠠᠭᠤᠨ ᠪᠢᠯᠠ᠃ ᠦᠭᠡᠶ ᠪᠢ ᠶᠠᠷᠤ ᠡᠢ᠌ᠮᠤ ᠨᠢᠭᠦᠯ ᠭᠢᠯᠢᠠᠴᠠ ᠭᠢᠵᠤ ᠠᠮᠢᠳᠤᠷᠠᠬᠤ ᠶᠢᠨ ᠣᠷᠤᠨ ᠳᠤ ᠬᠤᠯᠠ ᠭᠠᠵᠠᠷ ᠶᠠᠪᠣᠵᠤ ᠡᠷᠳᠡᠮ ᠨᠤᠮ ᠰᠤᠷᠤᠯᠴᠠᠭᠠᠤᠨ ᠯᠠᠮᠠ ᠪᠣᠯᠵᠤ ᠠᠮᠢᠳᠤᠷᠠᠪᠠᠯ ᠳᠡᠭᠡᠷ᠎ᠡ ᠦᠭᠡᠶ ᠦᠦ︖》 ᠭᠡᠵᠤ ᠪᠣᠳᠤᠬᠤ ᠳᠤᠰᠤᠮ ᠳᠡᠰᠭᠡᠯ ᠦᠭᠡᠶ ᠶᠠᠪᠣᠮᠠᠷ ᠰᠠᠨᠠᠭᠳᠠᠵᠤ ᠭᠡᠨ᠎ᠡ᠃ ᠳᠡᠭᠡᠭᠡᠤᠨ ᠨᠢᠭᠡᠨ ᠡᠳᠦᠷ ᠠᠪᠣ ᠶᠢᠨ ᠶᠢᠡᠨ ᠡᠮᠦᠨ᠎ᠡ ᠣᠴᠢᠵᠤ᠄

— ᠣᠳᠤ ᠪᠢ ᠠᠮᠢᠳᠠᠨ ᠠᠯᠠᠵᠤ ᠨᠢᠭᠦᠯ ᠭᠢᠭᠦ ᠦᠭᠡᠶ᠂ ᠬᠤᠯᠠ ᠶᠠᠪᠣᠵᠤ ᠨᠤᠮ ᠬᠠᠷ᠎ᠠ ᠴᠡᠭᠡᠵᠢᠯᠡᠭᠡᠤᠨ ᠯᠠᠮᠠ ᠪᠣᠯᠤᠨ᠎ᠠ ᠭᠡᠵᠤ ᠭᠡᠯᠡᠭᠡᠤᠨ ᠠᠯᠳᠠᠨ ᠵᠤᠤ ᠶᠢ ᠴᠢᠭᠯᠡᠨ ᠮᠤᠷᠳᠠᠵᠤ ᠭᠡᠨ᠎ᠡ᠃ ᠳᠡᠭᠡᠭᠦ ᠳᠤ ᠠᠪᠣ ᠨᠢ᠄ 《ᠳᠠᠷᠠ ᠳᠡᠨᠡᠭ᠌ ᠠᠮᠢᠳᠠᠨ ᠶᠠᠪᠣᠵᠤ ᠶᠠᠪᠣᠵᠤ ᠡᠰᠡ ᠪᠣᠯᠬᠤ ᠳᠠᠭᠠᠨ ᠪᠣᠴᠠᠭᠠᠤᠨ ᠢᠷᠡᠭᠦ ᠪᠠᠢ᠌ᠯᠭᠦᠢ》 ᠭᠡᠵᠤ ᠪᠣᠳᠤᠭᠠᠤᠨ ᠰᠠᠨᠠᠭ᠎ᠠ ᠳᠠᠢ᠌ᠪᠣᠩ ᠰᠠᠭᠤᠵᠤ ᠪᠠᠢ᠌ᠵᠤ ᠭᠡᠨ᠎ᠡ᠃ ᠭᠡᠳᠡᠯ᠎ᠡ ᠣᠴᠢᠷ ᠲᠡᠶ ᠪᠠᠷᠢ ᠨᠢ ᠯᠠ ᠰᠠᠨᠠᠭ᠎ᠠ ᠠᠮᠤᠷ ᠦᠭᠡᠶ ᠪᠠᠢ᠌ᠵᠤ ᠪᠠᠢ᠌ᠨ ᠳᠠᠭᠢᠨ ᠳᠤᠷᠠᠰᠤᠨ ᠡᠳᠦᠷ ᠬᠤᠨᠤᠭ ᠳᠤᠭᠠᠯᠠᠭᠠᠤᠨ ᠪᠠᠢ᠌ᠳᠠᠭ ᠭᠡᠨ᠎ᠡ᠃ ᠭᠦᠯᠢᠶᠡᠭᠡᠤᠨ ᠭᠦᠯᠢᠶᠡᠭᠡᠤᠨ ᠰᠠᠷ᠎ᠠ ᠵᠢᠯ ᠪᠣᠯᠪᠠ ᠭᠡᠨ᠎ᠡ᠂ ᠠᠷᠠᠪᠰᠠᠷ ᠡᠷᠭᠢᠵᠤ ᠢᠷᠡᠭ᠍ᠰᠡᠨ ᠦᠭᠡᠶ᠂ ᠳᠡᠭᠡᠭᠦ ᠳᠤ ᠪᠠᠷᠢ ᠨᠢ᠄

— ᠠᠷᠤ ᠡᠴᠡ ᠨᠢ ᠶᠠᠪᠣᠯ ᠦᠭᠡᠶ ᠳᠤᠰᠠ ᠦᠭᠡᠶ ᠪᠣᠯᠤᠯ᠎ᠠ᠂ ᠪᠢ ᠣᠯᠵᠤ ᠠᠪᠣᠭᠠᠤᠨ ᠳᠠᠭᠠᠭᠤᠯᠤᠭᠠᠤᠨ ᠢᠷᠠᠶ᠎ᠠ᠂ ᠠᠪᠣ ᠭᠦᠯᠢᠶᠡᠵᠤ ᠪᠠᠢ ᠭᠡᠵᠤ ᠭᠡᠯᠡᠭᠡᠤᠨ ᠭᠡᠦᠭᠡᠰ ᠶᠢᠡᠨ ᠡᠭᠦᠷᠤᠨ ᠡᠷ᠎ᠡ ᠶᠢᠨ ᠶᠢᠡᠨ ᠶᠠᠪᠣᠭᠰᠠᠨ ᠵᠥᠭ᠌ ᠢ ᠮᠦᠷᠳᠠᠨ ᠮᠤᠷᠳᠠᠵᠤ ᠭᠡᠨ᠎ᠡ᠂ ᠠᠪᠣ ᠨᠢ ᠭᠠᠭᠴᠠᠭᠠᠷ ᠰᠠᠭᠤᠵᠤ ᠬᠤᠴᠤᠷᠤᠨ ᠭᠦᠯᠢᠶᠡᠵᠤ ᠭᠡᠨ᠎ᠡ᠃ ᠵᠢᠯ ᠤᠨ ᠵᠢᠯ ᠳᠤ ᠴᠢᠮᠡᠭᠡ ᠰᠤᠷᠠᠭ ᠳᠠᠭ ᠶᠠᠭ ᠭᠡᠨ᠎ᠡ᠃

ᠭᠡᠳᠤᠨ ᠵᠢᠯ ᠤᠨ ᠠᠷᠤ ᠳᠤ (ᠲ᠋ᠠᠷᠠᠭ᠎ᠠ) ᠦᠷ᠎ᠡ ᠶᠢᠨ ᠶᠢᠡᠨ ᠬᠣᠢ᠌ᠨ᠎ᠠ ᠡᠴᠡ ᠬᠠᠷᠠᠭ᠎ᠠ ᠪᠠᠨ ᠰᠢᠪᠬᠠᠨ ᠭᠦᠯᠢᠶᠡᠭᠦ ᠶᠢᠨ ᠴᠥᠭᠦᠯ ᠢ ᠠᠮᠰᠠᠵᠤ ᠰᠠᠭᠤᠭᠰᠠᠨ ᠬᠣᠢ᠌ᠳᠤ ᠮᠡᠷᠭᠡᠨ ᠳᠠᠮᠠᠨᠠ ᠪᠠᠰᠠ ᠨᠡᠭᠦᠭᠡᠤᠨ ᠶᠠᠪᠣᠭᠰᠠᠨ ᠭᠡᠨ᠎ᠡ᠃ ᠴᠤᠬᠤᠮ ᠬᠠᠮᠢᠭᠠᠷ᠎ᠠ ᠪᠠᠨ ᠨᠡᠭᠦᠭ᠍ᠰᠡᠨ ᠢ ᠭᠡᠨ ᠴᠤ ᠮᠡᠳᠡᠳᠡᠭ᠌ ᠦᠭᠡᠶ ᠣᠴᠢᠷ ᠡᠴᠡ ᠥᠯᠢᠭᠡᠷ ᠢᠭᠡᠵᠤ (ᠢᠩᠭᠢᠵᠤ) ᠬᠠᠷᠠᠮᠰᠠᠯᠳᠠᠢ ᠳᠠᠰᠤᠷᠠᠳᠠᠭ ᠪᠢᠯᠠ᠃


(ᠲ᠋ᠡᠭᠦᠰᠪᠡ)


᠊᠊᠊᠊᠊᠊᠊᠊᠊᠊᠊᠊᠊᠊᠊ ᠳᠠᠢ᠌ᠯᠪᠣᠷᠢ᠄

ᠡᠨᠡ ᠭᠦ ᠣᠷᠳᠤᠬᠠᠨ ᠳᠤᠮᠤᠭ ᠥᠯᠢᠭᠡᠷ ᠢ ᠵᠤᠬᠢᠶᠠᠭᠴᠢ ᠭᠤᠴᠢᠭᠠᠤᠨ ᠵᠢᠯ ᠤᠨ ᠡᠮᠦᠨ᠎ᠡ ᠡᠪᠦᠭᠡ ᠰᠤᠠᠳᠠᠷᠵᠠ᠂ ᠠᠪᠠᠭ᠎ᠠ ᠠᠪᠣ ᠳ᠋ᠤᠪᠵᠢ ᠵᠡᠷᠭᠡ ᠣᠯᠠᠨ ᠭᠦᠮᠦᠰ ᠡᠴᠡ ᠰᠤᠨᠤᠰᠤᠭᠰᠠᠨ ᠶᠢᠡᠨ ᠡᠮᠭᠢᠯᠡᠭ᠍ᠰᠡᠨ ᠳᠡᠮᠳᠡᠭᠯᠡᠯ ᠪᠣᠯᠤᠨ᠎ᠠ᠃ ᠬᠤᠵᠢᠮ ᠨᠢ ᠡᠨᠡ ᠳᠤᠮᠤᠭ 《ᠮᠤᠩᠭ᠋ᠤᠯ ᠳᠡᠦᠭᠡ ᠶᠢᠨ ᠳᠤᠯᠭᠤᠷ ᠪᠢᠴᠢᠭ᠌ ᠶ‍ᠢᠰᠤᠨ ᠵᠣᠢ᠌ᠯ》 (ᠠᠯᠳᠠᠠᠠᠤᠷᠭᠢᠯ᠂ ᠭᠦᠭᠡᠬᠤᠳᠡ ᠶᠢᠨ ᠮᠤᠩᠭ᠋ᠤᠯ ᠭᠡᠯᠡ ᠳᠡᠦᠭᠡ ᠶᠢᠨ ᠨᠡᠢ᠌ᠭᠡᠮᠯᠢᠭ᠌᠂ 1983 ᠣᠨ)᠂ 《ᠳᠡᠭᠡᠳᠤ ᠮᠤᠩᠭ᠋ᠤᠯ ᠤᠨ ᠥᠯᠢᠭᠡᠷ ᠳᠤᠮᠤᠭ》 (ᠴᠡᠪᠰᠢᠭ᠌᠂ ᠰᠡᠷᠡᠡᠭᠡᠷᠡᠯ᠂ ᠦᠨᠳᠦᠰᠦᠳᠠᠨ ᠤ ᠭᠡᠪᠯᠡᠯ ᠤᠨ ᠬᠤᠷᠢᠶ᠎ᠠ᠂ 1986 ᠣᠨ) ᠵᠡᠷᠭᠡ ᠨᠤᠮ ᠳᠤ ᠭᠡᠪᠯᠡᠭ᠍ᠳᠡᠭ᠍ᠰᠡᠨ ᠪᠠ ᠮᠤᠩᠭ᠋ᠤᠯ ᠣᠯᠤᠰ ᠲᠤ 《ᠬᠣᠢ᠌ᠳᠤ ᠮᠡᠷᠭᠡᠨ ᠳᠠᠮᠠᠨᠠ ᠶᠢᠨ ᠥᠯᠢᠭᠡᠷ》 ᠭᠡᠭᠦ ᠨᠠᠷ᠎ᠠ ᠪᠠᠷ ᠺᠢᠷᠢᠯ ᠪᠢᠴᠢᠭ᠌ ᠶᠢᠡᠷ ᠳᠠᠩ ᠳᠠᠪᠳᠠᠷ ᠶᠢᠡᠷ ᠭᠡᠪᠯᠡᠭ᠍ᠳᠡᠨ ᠳᠠᠷᠬᠠᠵᠠᠢ᠃

ᠵᠤᠬᠢᠶᠠᠭᠴᠢ᠄ ᠴᠡᠪᠰᠢᠭ᠌
ᠳᠠᠷᠤᠮ᠄ 8817
ᠴᠠᠭ᠄ 2006 ᠤᠨ ᠤ 07 ᠰᠠᠷ᠎ᠠ ᠶᠢᠨ 20
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ