ᠨᠡᠪᠲᠡᠷᠡᠨ ᠤᠷᠤᠬᠤ

ᠬᠣᠢ᠌ᠳᠤ ᠮᠡᠷᠭᠡᠨ ᠳᠠᠮᠠᠨᠠ ᠳᠠᠩᠭ᠋ᠤᠳ ᠲᠤ ᠬᠠᠷᠢᠭᠠᠤᠨ ᠢᠷᠡᠭ᠍ᠰᠡᠨ ᠵᠠᠩᠭᠢ (ᠰᠤᠷᠠᠭ ᠴᠢᠮᠡᠭᠡ) ᠵᠢ᠌ ᠪᠠᠷᠢ ᠨᠢ ᠳᠤᠤᠷ᠎ᠠ ᠪᠠᠨ ᠣᠯᠤᠭᠠᠤᠨ ᠰᠤᠨᠤᠰᠴᠤ ᠭᠡᠨ᠎ᠡ᠃ ᠭᠡᠪᠠᠴᠤ ᠭᠦᠯᠢᠶᠡᠭᠡᠤᠨ ᠬᠠᠯᠢᠶᠠᠭᠠᠤᠨ ᠭᠤᠷᠪᠠᠨ ᠵᠢᠯ ᠪᠣᠯᠳᠠᠯ᠎ᠠ ᠪᠠᠷ᠎ᠠ ᠴᠢᠮᠡᠭᠡ ᠦᠭᠡᠶ ᠳᠤ ᠨᠢᠭᠡ ᠭᠡᠷᠡᠭ᠌ ᠭᠠᠷᠤᠭᠰᠠᠨ ᠢ ᠨᠢ ᠮᠠᠳᠠᠵᠤ᠂ ᠶᠠᠭᠠᠭᠢᠵᠤ ᠠᠪᠣᠷᠠᠵᠤ ᠠᠪᠬᠤ ᠠᠷᠭ᠎ᠠ ᠪᠠᠨ ᠪᠣᠳᠤᠵᠤ ᠪᠠᠢ᠌ᠳᠠᠯ᠎ᠠ ᠨᠢᠭᠡᠨ ᠡᠳᠦᠷ ᠳᠠᠩᠭ᠋ᠤᠳ ᠤᠨ ᠤᠷᠤᠨ ᠡᠴᠡ ᠭᠡᠳᠤᠨ ᠭᠦᠮᠤᠨ ᠢᠷᠠᠵᠤ᠂ ᠬᠠᠭᠠᠨ ᠤ ᠣᠷᠳᠤᠨ ᠤ ᠠᠴᠢᠶ᠎ᠠ ᠠᠶᠠᠨ ᠳ᠋ᠤ ᠬᠠᠮᠤᠭ ᠰᠠᠢ᠌ᠨ ᠱᠠᠷ ᠠᠪᠣᠨ᠎ᠠ ᠭᠡᠤᠨ ᠶᠠᠪᠣᠵᠤ ᠪᠠᠢ᠌ᠭᠰᠠᠨ ᠳ᠋ᠤᠨᠢ ᠰᠠᠶ‍ᠢᠭᠢ ᠬᠤᠷᠳᠤᠨ ᠱᠠᠷ 《ᠬᠠᠷ᠎ᠠ ᠭᠡᠯᠡᠨ ᠰᠤᠭᠰᠤᠷ》 ᠵᠢᠡᠨ ᠬᠤᠳᠠᠯᠳᠤᠭᠠᠤᠨ ᠶᠠᠪᠣᠭᠤᠯᠵᠤ ᠭᠡᠨ᠎ᠡ᠃ ᠳᠡᠭᠡᠭᠡᠤᠨ᠄ 《ᠡᠡᠪᠦ ᠮᠢᠨᠢ 〈ᠬᠠᠷ᠎ᠠ ᠭᠡᠯᠡᠨ ᠰᠤᠭᠰᠤᠷ〉ᠵᠢᠡᠨ ᠳᠠᠨᠢᠵᠤ ᠠᠪᠣᠭᠠᠤᠨ ᠣᠨᠤᠵᠤ ᠵᠤᠯᠠᠪᠠᠯ (ᠲ᠋ᠤᠳᠠᠭᠠᠪᠠᠯ) ᠯᠠᠪ ᠭᠠᠷᠴᠤ ᠢᠷᠠᠵᠤ ᠴᠢᠳᠠᠨ᠎ᠠ》 ᠭᠡᠵᠤ ᠪᠣᠳᠤᠵᠠᠢ᠃ ᠡᠨᠡ ᠪᠦᠭᠦᠨ ᠶᠢ ᠨᠢ ᠠᠷᠠᠪᠰᠠᠷ ᠮᠡᠳᠡᠭ᠍ᠰᠡᠨ ᠴᠤ ᠦᠭᠡᠶ ᠭᠡᠨ᠎ᠡ᠃ ᠪᠦᠰᠡᠭᠦᠢ ᠨᠢ ᠬᠠᠷᠢᠨ᠄ 《ᠡᠡᠯᠢ ᠡᠳᠦᠷ ᠡᠡᠪᠦ ᠮᠢᠨᠢ ᠬᠠᠷ᠎ᠠ ᠭᠡᠯᠡᠨ ᠰᠤᠭᠰᠤᠷ ᠶᠢᠡᠨ ᠣᠨᠤᠭᠠᠤᠨ ᠭᠡᠨᠡᠳᠲᠡ ᠭᠦᠷᠦᠭᠡᠤᠨ ᠢᠷᠡᠭᠦ ᠪᠠᠢ᠌ᠬ᠎ᠠ》 ᠭᠡᠵᠤ ᠪᠠᠶᠠᠷᠯᠠᠨ ᠬᠤᠷᠤᠭᠤ ᠳᠠᠷᠤᠵᠤ ᠬᠤᠨᠤᠭ ᠳᠤᠭᠠᠯᠠᠭᠰᠠᠭᠠᠷ ᠪᠠᠢ᠌ᠪᠠ ᠭᠡᠨ᠎ᠡ᠃ ᠭᠡᠳᠡᠯ᠎ᠡ ᠠᠪᠣ ᠨᠢ ᠢᠷᠡᠭ᠍ᠰᠡᠨ ᠦᠭᠡᠶ ᠬᠠᠷᠢᠨ ᠳᠠᠩᠭ᠋ᠤᠳ ᠤᠨ ᠬᠠᠭᠠᠨ ᠤ ᠣᠷᠳᠤᠨ ᠡᠴᠡ ᠭᠤᠷᠪᠠᠨ ᠬᠤ ᠬᠤ (ᠬᠤᠲᠤᠩ) ᠡᠯᠴᠢ ᠭᠦᠷᠦᠭᠡᠤᠨ ᠢᠷᠠᠵᠤ ᠭᠡᠨ᠎ᠡ᠃ ᠳᠠᠳᠠ ᠬᠠᠭᠠᠨ ᠤ ᠵᠦᠪᠰᠢᠶᠠᠷᠠᠯ ᠵᠢᠡᠷ ᠮᠡᠷᠭᠡᠨ ᠳᠠᠮᠠᠨᠠ ᠶᠢᠨ ᠭᠡᠷ ᠲᠡᠭᠡᠨ ᠭᠡᠯᠡᠭᠦᠯᠦᠭ᠍ᠰᠡᠨ ᠥᠭᠡ ᠶᠢ ᠠᠪᠴᠢᠷᠠᠭᠰᠠᠨ ᠪᠠᠢ᠌ᠵᠠᠢ᠃ ᠮᠡᠷᠭᠡᠨ ᠳᠠᠮᠠᠨᠠ ᠡᠨᠡ ᠭᠤᠷᠪᠠᠨ ᠢᠯᠴᠢ ᠪᠠᠷ ᠶᠠᠮᠠᠷ ᠥᠭᠡ ᠭᠡᠯᠡᠭᠦᠯᠦᠭ᠍ᠰᠡᠨ ᠪᠤᠢ︖ ᠭᠡᠭᠦᠯ᠎ᠡ᠄

ᠲ᠋ᠠᠨᠠᠷ ᠣᠴᠢᠭᠠᠤᠨ ᠨᠠᠮᠢ᠋ᠢ ᠶᠤᠰᠤᠳᠠᠢ ᠰᠠᠢ᠌ᠨ ᠰᠠᠢ᠌ᠬᠠᠨ ᠠᠮᠢᠳᠤᠷᠠᠵᠤ ᠪᠠᠢ᠌ᠨ᠎ᠠ ᠭᠡᠵᠤ ᠭᠡᠯᠡ᠃ ᠤᠭᠤᠰᠤᠷ ᠪᠦᠴᠡ ᠦᠭᠡᠶ ᠦᠨᠳᠦᠷ ᠴᠠᠭᠠᠨ ᠥᠷᠭᠦᠭᠡ ᠳᠤ ᠰᠠᠭᠤᠵᠤ᠂ ᠴᠡᠩᠭᠡᠷ ᠳᠤᠷᠭ᠎ᠠ ᠪᠠᠷ ᠬᠤᠴᠢᠵᠤ ᠭᠦᠭᠡ ᠭᠡᠪᠢᠰᠤᠨ ᠳᠡᠭᠡᠷ᠎ᠡ ᠭᠦᠯᠪᠠᠷᠢᠵᠤ ᠪᠠᠢ᠌ᠨ᠎ᠠ ᠭᠡᠵᠤ ᠭᠡᠯᠡ᠃ ᠶᠡᠰᠤ ᠦᠭᠡᠶ ᠮᠢᠬ᠎ᠠ ᠰᠢᠭᠠᠷᠤ ᠦᠭᠡᠶ ᠴᠠᠢ ᠣᠤᠭᠤᠵᠤ ᠪᠠᠢ᠌ᠨ᠎ᠠ ᠭᠡ᠃ ᠡᠳᠦᠷ ᠶᠢᠠᠷ ᠬᠤᠶᠠᠷ ᠵᠤᠯᠠ ᠪᠠᠷᠢᠵᠤ ᠡᠪᠦᠷ ᠳᠤᠳᠤᠷ᠎ᠠ ᠪᠠᠨ ᠵᠡᠭᠦᠤ ᠰᠦᠪᠠᠯᠠᠵᠤ ᠪᠠᠢ᠌ᠨ᠎ᠠ ᠭᠡ ᠁ ᠮᠠᠨ ᠤ ᠳᠤ ᠪᠠᠰᠠ ᠭᠤᠷᠪᠠᠨ ᠮᠤᠬᠤᠷ ᠬᠠᠯᠳᠠᠷ ᠢᠷᠭᠡ ᠪᠣᠢ᠂ ᠨᠢᠭᠡ ᠶᠢ ᠨᠢ ᠭᠡᠢ᠌ᠴᠢᠨ ᠳᠤ ᠰᠢᠭᠦᠰᠤ ᠭᠠᠷᠭ᠎ᠠ ᠭᠡ᠂ ᠨᠢᠭᠡ ᠶᠢ ᠨᠢ ᠵᠠᠮ ᠳᠤᠮᠳᠠ ᠰᠢᠭᠦᠰᠤ ᠪᠠᠷᠢ ᠭᠡ᠂ ᠪᠠᠰᠡ ᠨᠢᠭᠡ ᠶᠢ ᠨᠢ ᠡᠭᠦᠳᠡ ᠳᠠᠨᠢᠭᠤᠯᠵᠤ ᠠᠪᠣᠭᠠᠤᠨ ᠰᠢᠭᠦᠰᠤ ᠪᠠᠷᠢ ᠭᠡ᠃ ᠢᠷᠡᠭᠦ ᠳᠡᠭᠡᠨ ᠨᠠᠳᠠᠳᠤ ᠪᠠᠯᠡᠭ᠌ ᠰᠠᠯᠳᠠ ᠭᠡᠷᠡᠭ᠌ ᠦᠭᠡᠶ᠂ ᠵᠥᠪᠭᠡᠨ ᠵᠠᠭᠤᠨ ᠭᠡᠷᠢᠶᠡᠨ ᠤ ᠣᠷᠠᠨ ᠬᠤᠩᠰᠢᠶᠠᠷ ᠳᠠᠭᠠᠷᠠᠭᠤᠯᠵᠤ ᠢᠷ᠎ᠠ ᠭᠡᠵᠤ ᠭᠡᠯᠡ᠃ ᠪᠠᠷᠡᠭᠤᠨ ᠪᠠᠶ᠎ᠠ ᠶᠢᠨ ᠪᠠᠭᠢᠷ ᠬᠠᠷ᠎ᠠ ᠳᠤᠩᠭ᠋ᠤᠷᠠᠭ ᠢ ᠵᠡᠭᠦᠨ ᠪᠠᠶ᠎ᠠ ᠶᠢᠨ ᠵᠦᠨᠠᠷ ᠣᠯᠠᠭᠠᠨ ᠪᠢᠯᠡᠭᠦᠤ ᠳᠤ ᠰᠠᠢ᠌ᠨ ᠪᠢᠯᠡᠭᠦᠳᠡ᠂ ᠬᠠᠳᠤᠭᠤᠷ ᠶᠢᠡᠨ ᠪᠠᠳᠤ ᠬᠠᠪᠴᠢᠭᠤᠯ᠂ ᠬᠠᠢ᠌ᠰᠤ ᠶᠢᠨ ᠬᠠᠯᠢᠪ ᠶᠢᠡᠨ ᠪᠠᠳᠤ ᠳᠠᠷᠤ ᠭᠡ᠁ ᠭᠡᠵᠤ ᠭᠡᠯᠡᠭᠦᠯᠦᠭ᠍ᠰᠡᠨ ᠪᠠᠢ᠌ᠵᠤ ᠭᠡᠨ᠎ᠡ᠃

ᠠᠷᠠᠪᠰᠠᠷ᠂ ᠠᠪᠣ ᠨᠢ ᠰᠡᠢ᠌ᠨ ᠪᠠᠢ᠌ᠨ᠎ᠡ ᠭᠡᠭᠦ ᠶᠢ ᠰᠤᠨᠤᠰᠤᠭᠠᠳ ᠡᠡᠷᠭ᠎ᠠ ᠥᠭᠡᠢ ᠶᠡᠭᠡ ᠪᠠᠶᠡᠷᠯᠡᠬᠤ ᠳᠤ᠂ ᠪᠠᠷᠢ ᠨᠢ ᠰᠤᠨᠤᠰᠤᠭᠠᠤᠨ ᠪᠠᠷᠭᠡ ᠵᠤᠪᠠᠵᠤ ᠭᠡᠨ᠎ᠡ᠃ ᠳᠡᠭᠡᠭᠡᠤᠨ ᠠᠷᠠᠪᠰᠠᠷ ᠶᠢᠡᠨ ᠭᠠᠳᠠᠨ᠎ᠠ ᠳᠠᠭᠤᠳᠠᠵᠤ ᠭᠠᠷᠤᠭᠠᠤᠨ᠄

— ᠠᠪᠣ ᠮᠢᠨᠢ ᠶᠠᠭᠤᠨᠠᠢ ᠰᠠᠢ᠌ᠨ ᠰᠠᠢ᠌ᠬᠠᠨ ᠵᠢᠷᠭᠠᠵᠤ ᠪᠠᠢ᠌ᠬᠤ ᠪᠢᠯᠠ᠂ ᠬᠠᠷᠢᠨ ᠬᠤᠶᠠᠷ ᠨᠢᠳᠤ ᠨᠢ ᠰᠤᠬᠤᠷᠠᠭᠠᠤᠨ ᠦᠨᠳᠦᠷ ᠭᠦᠷᠢᠶ᠎ᠡ ᠳᠤᠳᠤᠷ᠎ᠠ ᠥᠭᠡᠷ ᠮᠡᠯ ᠰᠢᠩᠭᠢ (ᠰᠢᠭ) ᠬᠤᠷᠢᠭᠳᠠᠵᠤ ᠪᠠᠢ᠌ᠭ᠎ᠠ ᠶᠤᠮ ᠪᠠᠢ᠌ᠨ᠎ᠠ ᠰᠢᠤ᠃ 《ᠣᠭᠤᠰᠤᠷ ᠥᠭᠡᠢ ᠥᠷᠭᠦᠭᠡ ᠴᠠᠭᠠᠨ ᠭᠡᠷ》 ᠭᠡᠳᠡᠭ᠌ ᠨᠢ ᠭᠡᠷᠡᠮ ᠶᠢᠡᠨ ᠭᠡᠯᠡᠵᠡᠢ᠃ 《ᠴᠡᠩᠭᠡᠷ ᠳᠤᠷᠭ᠎ᠠ ᠪᠠᠷ ᠬᠤᠴᠢᠵᠤ ᠭᠦᠭᠡ ᠭᠡᠪᠢᠰᠤᠨ ᠳᠡᠭᠡᠷ᠎ᠡ ᠭᠦᠯᠪᠠᠷᠢᠵᠤ ᠪᠠᠢ᠌ᠨ᠎ᠡ》 ᠭᠡᠳᠡᠭ᠌ ᠨᠢ ᠲ᠋ᠡᠭ᠍ᠷᠢ ᠪᠠᠷ ᠬᠤᠴᠢᠯᠭ᠎ᠠ ᠪᠣᠯᠭᠠᠭᠠᠤᠨ ᠦᠨᠡᠰᠤᠨ ᠳᠡᠭᠡᠷ᠎ᠡ ᠭᠡᠪᠳᠡᠵᠤ ᠪᠠᠢ᠌ᠨ᠎ᠠ ᠭᠡᠰᠡᠨ ᠥᠭᠡ᠃ ᠳᠠᠷᠠ 《ᠶᠠᠰᠤ ᠥᠭᠡᠢ ᠮᠢᠬ᠎ᠠ ᠢᠳᠡᠵᠤ ᠰᠢᠭᠠᠷᠤ ᠦᠭᠡᠶ ᠴᠠᠢ ᠣᠤᠭᠤᠵᠤ ᠪᠠᠢ᠌ᠨ᠎ᠠ》 ᠭᠡᠰᠡᠨ ᠨᠢ ᠪᠠᠭᠠᠰᠤ ᠰᠢᠩᠭᠢ ᠬᠤᠭᠤᠯᠠ ᠢᠳᠡᠵᠤ ᠰᠢᠭᠡᠰᠤ ᠰᠢᠩᠭᠢ ᠣᠮᠳᠠ ᠣᠤᠭᠤᠵᠤ ᠪᠠᠢ᠌ᠨ᠎ᠠ ᠭᠡᠰᠡᠨ ᠥᠭᠡ᠃ ᠬᠠᠷᠢᠨ 《ᠡᠳᠦᠷ ᠶᠢᠠᠷ ᠬᠤᠶᠠᠷ ᠵᠤᠯᠠ ᠪᠠᠷᠢᠵᠤ ᠡᠪᠦᠷ ᠳᠤᠳᠤᠷ᠎ᠠ ᠪᠠᠨ ᠵᠡᠭᠦᠤ ᠰᠦᠪᠠᠯᠠᠵᠤ ᠪᠠᠢ᠌ᠨ᠎ᠠ》 ᠭᠡᠰᠡᠨ ᠨᠢ ᠬᠤᠶᠠᠷ ᠨᠢᠳᠤ ᠰᠤᠬᠤᠷᠠᠭᠰᠠᠨ ᠪᠣᠯᠪᠠᠴᠤ ᠰᠠᠨᠠᠭ᠎ᠠ ᠣᠬᠠᠭ᠎ᠠ ᠰᠠᠷᠠᠭᠤᠯ ᠡᠷᠡᠭᠦᠯ ᠪᠠᠢ᠌ᠭᠰᠠᠭᠠᠷ᠂ ᠴᠡᠭᠡᠵᠢᠨ ᠳᠤᠳᠤᠷ᠎ᠠ ᠪᠠᠨ ᠨᠠᠷᠢᠨ ᠣᠬᠠᠭ᠎ᠠ ᠪᠢᠰᠢᠯᠭᠠᠨ ᠰᠠᠭᠤᠵᠤ ᠪᠠᠢ᠌ᠨ᠎ᠡ ᠭᠡᠳᠡᠭ᠌ ᠶᠢᠡᠨ ᠭᠡᠯᠡᠵᠡᠢ᠃ ᠳᠡᠭᠡᠪᠠᠯ ᠲ᠋ᠡᠷᠡ 《ᠭᠤᠷᠪᠠᠨ ᠮᠤᠬᠤᠷ ᠬᠠᠯᠲᠠᠷ ᠢᠷᠭᠡ》 ᠭᠡᠳᠡᠭ᠌ ᠨᠢ ᠮᠦᠨ ᠡᠨᠡ ᠭᠤᠷᠪᠠᠨ ᠡᠯᠴᠢ ᠵᠢ ᠭᠡᠯᠡᠵᠤ ᠪᠠᠢ᠌ᠨ᠎ᠡ᠃ ᠨᠢᠭᠡ ᠶᠢ ᠨᠢ ᠭᠡᠷ ᠲᠡᠭᠡᠨ ᠡᠡᠯᠡ᠂ ᠨᠢᠭᠡ ᠶᠢ ᠨᠢ ᠵᠠᠮ ᠳᠠᠭᠠᠨ ᠠᠯᠠ᠂ ᠪᠠᠰᠡ ᠨᠢᠭᠡ ᠶᠢ ᠨᠢ ᠠᠪᠣ ᠶᠢᠨ ᠬᠤᠷᠢᠭᠳᠠᠵᠤ ᠪᠠᠢ᠌ᠭ᠎ᠠ ᠭᠦᠷᠢᠶᠡᠨ ᠡᠭᠦᠳᠡ ᠶᠢ ᠭᠡᠯᠡᠭᠦᠯᠵᠤ ᠠᠪᠣᠭᠠᠤᠨ ᠠᠯᠠ ᠭᠡᠰᠡᠨ ᠶᠤᠮ ᠪᠠᠢ᠌ᠨ᠎ᠠ᠃ 《ᠵᠠᠭᠤᠨ ᠭᠡᠷᠢᠶᠡᠨ ᠤ ᠤᠷᠠᠨ ᠬᠤᠩᠰᠢᠶᠠᠷ ᠲ᠋ᠠᠭᠠᠷᠠᠭᠤᠯᠵᠤ ᠢᠷ᠎ᠠ》 ᠭᠡᠰᠡᠨ ᠨᠢ ᠵᠠᠭᠤᠨ ᠶᠠᠩᠵᠤ ᠶᠢᠨ ᠣᠨᠢᠰᠤᠨ ᠳᠤ ᠳᠠᠭᠠᠷᠠᠬᠤ ᠳᠦᠯᠭᠢᠭᠦᠷ ᠣᠯᠵᠤ ᠢᠷ᠎ᠠ ᠭᠡᠰᠡᠨ ᠪᠠᠢ᠌ᠨ᠎ᠠ᠃ ᠳᠡᠭᠡᠪᠠᠯ 《ᠪᠠᠷᠠᠭᠤᠨ ᠪᠠᠶ᠎ᠠ ᠶᠢᠨ ᠪᠠᠭᠢᠷ ᠬᠠᠷ᠎ᠠ ᠲ᠋ᠤᠩᠭ᠋ᠤᠷᠠᠭ》 ᠭᠡᠳᠡᠭ᠌ ᠨᠢ ᠴᠢᠮᠢ᠋ᠢ᠂ 《ᠵᠡᠭᠦᠨ ᠪᠠᠶ᠎ᠠ ᠶᠢᠨ ᠵᠦᠨᠠᠷ ᠣᠯᠠᠭᠠᠨ ᠪᠢᠯᠡᠭᠦᠤ》 ᠭᠡᠳᠡᠭ᠌ ᠨᠢ ᠨᠡᠮᠢ᠋ᠢ ᠭᠡᠯᠡᠵᠤ 《ᠰᠡᠢ᠌ᠨ ᠪᠢᠯᠡᠭᠦᠳᠡ》 ᠭᠡᠳᠡᠭ᠌ ᠨᠢ ᠨᠠᠮᠢ᠋ᠢ ᠴᠢᠮᠠᠳᠤ ᠣᠬᠠᠭ᠎ᠠ ᠪᠠᠨ ᠰᠠᠢ᠌ᠨ ᠭᠡᠯᠡᠵᠤ ᠥᠭ᠌ ᠭᠡᠰᠡᠨ ᠪᠠᠢ᠌ᠨ᠎ᠠ᠃ 《ᠬᠠᠳᠤᠭᠤᠷ ᠶᠢᠠᠨ ᠰᠠᠢ᠌ᠨ ᠬᠠᠪᠴᠢᠭᠤᠯ᠂ ᠬᠠᠢ᠌ᠰᠤᠨ ᠤ ᠬᠠᠯᠢᠪ ᠶᠢᠡᠨ ᠪᠠᠳᠤ ᠳᠠᠷᠤ》 ᠭᠡᠳᠡᠭ᠌ ᠨᠢ ᠴᠢᠮᠢ᠋ᠢ ᠭᠤᠨᠠᠨ (ᠭᠤᠷᠪᠠᠨ) ᠳ᠋ᠤ ᠡ᠊ᠨᠳᠡ ᠡᠴᠡ ᠭᠠᠷᠴᠤ ᠠᠷᠪᠠᠨ ᠳᠠᠪᠤᠨ ᠳᠤ ᠳᠡᠨᠳᠡ ᠭᠦᠷᠴᠤ ᠢᠷ᠎ᠠ ᠭᠡᠰᠡᠨ ᠶᠤᠮ ᠭᠡᠵᠤ ᠠᠪᠣ ᠶᠢᠨ ᠶᠢᠡᠨ ᠶᠤᠭᠳᠠ ᠳᠠᠯᠳᠠ ᠥᠭᠡ ᠶᠢ ᠪᠦᠭᠦᠳᠡ ᠶᠢ ᠵᠦᠪ ᠳᠠᠢ᠌ᠯᠤᠭᠰᠠᠨ ᠪᠠᠢ᠌ᠵᠤ ᠭᠡᠨ᠎ᠡ᠃

ᠲ᠋ᠡᠭᠡᠭᠡᠤᠨ ᠰᠢᠨ᠎ᠠ ᠶᠢᠨ ᠭᠤᠨᠠᠨ ᠤ ᠬᠠᠳᠤᠭᠤᠷ ᠰᠠᠷᠠ ᠲᠡᠶ ᠰᠦᠨᠢ ᠠᠷᠠᠪᠰᠠᠷ ᠨᠢᠭᠡ ᠡᠯᠴᠢ ᠶᠢ ᠨᠢ ᠠᠯᠠᠵᠤ ᠬᠤᠶᠠᠷ ᠡᠯᠴᠢ ᠶᠢ ᠨᠢ ᠪᠠᠭᠯᠠᠵᠤ ᠭᠠᠠᠵᠤᠭᠠᠯᠠᠭᠠᠤᠨ ᠮᠤᠷᠳᠠᠪᠠ ᠭᠡᠨ᠎ᠡ᠃ ᠮᠤᠷᠳᠠᠬᠤ ᠶᠢᠨ ᠡᠮᠦᠨ᠎ᠡ ᠪᠦᠰᠡᠭᠦᠢ ᠨᠢ ᠵᠠᠭᠢᠬᠤ ᠵᠣᠢ᠌ᠯᠠᠰ ᠶᠢᠡᠨ ᠳᠠᠭᠢᠨ ᠳᠤᠯᠤᠭ᠎ᠠ ᠰᠠᠢ᠌ᠨ ᠵᠠᠭᠢᠨ ᠮᠤᠷᠳᠠᠭᠤᠯᠤᠭᠰᠠᠨ ᠪᠣᠯᠪᠠᠴᠤ᠂ ᠶᠠᠮᠠᠷ ᠣᠬᠠᠭᠠᠠᠳᠤ ᠪᠠᠷᠢ ᠴᠤ ᠭᠡᠤᠨ ᠵᠠᠪᠠᠯ ᠨᠢᠭᠡ ᠡ᠊ᠨᠳᠡᠳᠡᠭ᠌ ᠶᠤᠮ ᠪᠠᠢ᠌ᠵᠤ ᠭᠡᠨ᠎ᠡ᠂ ᠶᠡᠭᠤ ᠡ᠊ᠨᠳᠡᠪᠡ︖ ᠭᠡᠪᠠᠯ᠄ ᠬᠤᠷᠳᠤᠨ ᠱᠠᠷ 《ᠬᠠᠷ᠎ᠡ ᠭᠡᠯᠡᠨ ᠰᠤᠭᠰᠦᠷ》 ᠨᠢ ᠣᠳᠤ ᠳᠠᠩᠭ᠋ᠤᠳ ᠤᠨ ᠬᠠᠭᠠᠨ ᠤ ᠣᠷᠳᠤᠨ ᠤ ᠰᠥᠷᠦᠭ᠌ ᠲᠤ ᠪᠠᠢ᠌ᠭ᠎ᠠ ᠪᠠᠨ ᠠᠷᠠᠪᠰᠠᠷ ᠲᠤ ᠭᠡᠯᠡᠭᠦ ᠪᠠᠨ ᠮᠠᠷᠳᠠᠴᠢᠬᠠᠵᠤ ᠭᠡᠨ᠎ᠡ᠃

ᠡᠡᠷᠡᠪᠰᠡᠷ ᠨᠢᠭᠡ ᠡᠯᠴᠢ ᠶᠢ ᠨᠢ ᠵᠠᠮ ᠳᠠᠭᠠᠨ ᠠᠯᠠᠵᠤ᠂ ᠪᠠᠰᠠ ᠨᠢᠭᠡ ᠶᠢ ᠨᠢ ᠪᠦᠰᠡᠭᠦᠢ ᠶᠢᠨ ᠶᠢᠡᠨ ᠵᠠᠭᠢᠭᠰᠠᠨ ᠶᠤᠰᠤᠭᠠᠷ᠄

— ᠴᠢ᠂ ᠠᠪᠣ ᠶᠢᠨ ᠬᠤᠷᠢᠭᠳᠠᠵᠤ ᠪᠠᠢ᠌ᠭ᠎ᠠ ᠭᠦᠷᠢᠶᠡᠨ ᠤ ᠡᠭᠦᠳᠡ ᠶᠢ ᠭᠡᠯᠡᠵᠤ ᠥᠭ᠍ᠪᠠᠯ ᠠᠮᠢ ᠶᠢ ᠴᠢᠨᠢ ᠭᠡᠯᠳᠦᠷᠢᠭᠦᠯᠦᠨ᠎ᠡ᠂ ᠦᠭᠡᠶ ᠪᠣᠯ ᠠᠯᠠᠨ᠎ᠠ ᠭᠡᠵᠤ ᠰᠥᠷᠳᠡᠭᠦᠯᠤᠨ ᠪᠠᠢ᠌ᠵᠤ ᠭᠡᠯᠡᠭᠦᠯᠵᠤ ᠠᠪᠣᠭᠠᠤᠨ ᠰᠠᠶ‍ᠢ ᠠᠯᠠᠭᠰᠠᠨ ᠭᠡᠨ᠎ᠡ᠃ ᠳᠡᠭᠡᠭᠡᠤᠨ ᠠᠪᠣ ᠲᠡᠶ ᠪᠠᠨ ᠳᠤᠳᠠᠭᠠᠨ ᠭᠠᠷᠬᠤ ᠶᠢᠨ ᠡᠭᠢᠨ ᠳᠡᠭᠡᠷ᠎ᠡ ᠬᠠᠷᠠᠭᠤᠯ ᠳ᠋ᠤᠨᠢ ᠮᠡᠳᠡᠭ᠍ᠳᠡᠵᠤ ᠭᠡᠨ᠎ᠡ᠂ ᠡᠭᠦᠨ ᠳᠤ ᠮᠡᠷᠭᠡᠨ ᠳᠠᠮᠠᠨᠠ᠄

— ᠬᠠᠯᠠᠭ ᠶᠠᠭᠠᠯᠠᠢ︕ 《ᠬᠠᠷ᠎ᠡ ᠭᠡᠯᠡᠨ ᠰᠤᠭᠰᠦᠷ》 ᠮᠢᠨᠢ ᠪᠠᠢ᠌ᠭᠰᠠᠨ ᠪᠣᠯ ᠬᠠᠮᠢᠭ᠎ᠠ ᠡᠢ᠌ᠮᠤ ᠯᠠᠢ ᠳᠤ ᠬᠠᠷᠭᠤᠬᠤ ᠪᠣᠢ︖ ᠬᠠᠷᠢᠵᠤ ᠪᠣᠴᠠᠶ᠎ᠠ ᠭᠦᠤ ᠮᠢᠨᠢ︕ ᠭᠡᠤᠨ ᠬᠠᠷᠠᠭᠤᠯ ᠢ ᠨᠢ ᠲᠠᠭᠠᠨ ᠬᠠᠷ᠎ᠠ 《ᠣᠷᠳᠤᠨ》 ᠳ᠋ᠤ ᠳᠠᠭᠢᠵᠤ ᠣᠷᠤᠭᠰᠠᠨ ᠭᠡᠨ᠎ᠡ᠃

ᠲ᠋ᠡᠭᠦᠨ ᠡᠴᠡ ᠬᠤᠢ᠌ᠰᠢ ᠭᠦᠤ ᠲ᠋ᠡᠢ ᠪᠠᠨ ᠬᠤᠶᠠᠭᠤᠯᠠ ᠠᠷᠭᠠᠰᠤ ᠬᠠᠳᠠᠭᠠᠬᠤ ᠵᠠᠷᠤᠴᠠ ᠨᠢ ᠪᠣᠯᠤᠭᠰᠠᠨ ᠶᠤᠮ ᠪᠠᠢ᠌ᠵᠠᠢ᠃ ᠨᠢᠭᠡᠨ ᠡᠳᠦᠷ ᠬᠤᠶᠠᠭᠤᠯᠠ ᠳᠠᠩᠰᠤ ① ᠳᠡᠯᠭᠡᠵᠤ ᠪᠠᠢ᠌ᠬᠤ ᠳᠠᠭᠠᠨ ᠡᠡᠪᠦ ᠨᠢ ᠭᠡᠨᠡᠳᠲᠡ ᠨᠢᠭᠡ ᠰᠠᠷᠯᠤᠭ ᠤᠨ ᠪᠠᠭᠠᠰᠤᠨ ᠳᠡᠭᠡᠷᠡᠭᠢ ᠳᠤᠷᠤᠭᠤ (ᠲ᠋ᠤᠭᠤᠷᠠᠢ) ᠶᠢᠨ ᠮᠦᠷ ᠢ ᠳᠠᠮᠳᠠᠷᠢᠵᠤ ᠥᠵᠡᠭᠡᠤᠨ᠂ ᠠᠷᠠᠪᠰᠠᠷ ᠶᠢᠡᠨ ᠳᠠᠭᠤᠳᠠᠵᠤ ᠢᠷᠠᠨ᠄

— ᠭᠦᠤ ᠮᠢᠨᠢ᠂ ᠡᠨᠡ ᠪᠠᠭᠠᠰᠤᠨ ᠳᠡᠭᠡᠷᠡᠭᠢ ᠮᠦᠷ ᠢ ᠰᠠᠢ᠌ᠨ ᠦᠵᠡᠵᠤ ᠠᠪ᠂ ᠳᠡᠭᠡᠭᠡᠤᠨ ᠠᠯᠢ ᠱᠠᠷ ᠨᠢ ᠡᠢ᠌ᠮᠤ ᠮᠦᠷ ᠲᠡᠶ ᠪᠠᠢ᠌ᠬᠤ ᠵᠢ ᠰᠠᠢ᠌ᠨ ᠠᠵᠢᠭᠯᠠᠵᠤ ᠪᠠᠢ᠂ ᠥᠵᠡᠭ᠍ᠳᠡᠯ᠎ᠡ ᠯᠠ ᠭᠡᠪᠠᠯ ᠡᠡᠪᠦ ᠳᠠᠭᠠᠨ ᠳᠤᠤᠭᠤᠷ ᠭᠡᠯᠡ ᠭᠡᠵᠤ ᠵᠠᠭᠢᠵᠤ ᠭᠡᠨ᠎ᠡ᠃ ᠨᠢᠭᠡᠨ ᠠᠰᠬᠠᠨ ᠭᠦᠤ ᠠᠷᠠᠪᠰᠠᠷ ᠨᠢ᠄

— ᠪᠢ ᠳᠠᠷᠠ ᠱᠠᠷ ᠢ ᠣᠯᠤᠭᠠᠤᠨ ᠡᠡᠪᠦᠯ᠎ᠡ︕ ᠭᠡᠴᠢᠭᠡᠭ᠍ᠰᠡᠨ ᠪᠠᠶᠠᠷᠳᠠᠢ ᠭᠦᠷᠦᠭᠡᠤᠨ ᠢᠷᠠᠪᠠ ᠭᠡᠨ᠎ᠡ᠃

— ᠵᠠ᠂ ᠭᠦᠤ ᠮᠢᠨᠢ᠂ ᠲ᠋ᠠᠷᠠ ᠱᠠᠷ ᠢ ᠬᠠᠮᠢᠭ᠎ᠠ ᠣᠶᠠᠬᠤ ᠶᠢ ᠨᠢ ᠰᠠᠢ᠌ᠨ ᠥᠵᠡᠭᠡᠤᠨ ᠠᠪ᠂ ᠬᠤᠶᠠᠭᠤᠯᠠ ᠪᠠᠨ ᠡᠨᠡ ᠰᠦᠨᠢ ᠳᠠᠷᠠ ᠱᠠᠷ ᠶᠢᠠᠷ ᠵᠤᠯᠠᠶ᠎ᠠ᠂ ᠲ᠋ᠠᠷᠠ ᠴᠢᠨᠢ ᠮᠠᠨ ᠤ 《ᠬᠠᠷ᠎ᠡ ᠭᠡᠯᠡᠨ ᠰᠤᠭᠰᠦᠷ》 ᠪᠠᠢ᠌ᠭ᠎ᠠ ᠰᠢᠤ ᠭᠡᠵᠤ ᠭᠡᠦᠭᠡᠰ ᠰᠢᠩᠭᠢ ᠪᠠᠶᠠᠷᠯᠠᠪᠠ ᠭᠡᠨ᠎ᠡ᠃

ᠴᠢᠩᠭᠢᠭᠡᠤᠨ ᠬᠤᠶᠠᠭᠤᠯᠠ ᠪᠠᠨ ᠮᠦᠨ ᠰᠥᠨᠢ ᠳᠡᠭᠡᠨ 《ᠬᠠᠷ᠎ᠠ ᠭᠡᠯᠡᠨ ᠰᠤᠭᠰᠤᠷ》 ᠵᠢᠡᠷ ᠶᠢᠡᠨ ᠵᠤᠯᠠᠭᠠᠤᠨ ᠭᠠᠷᠴᠤ ᠭᠡᠨ᠎ᠡ᠃ ᠬᠠᠷᠠᠭᠤᠯ ᠮᠡᠳᠡᠭ᠍ᠰᠡᠨ ᠪᠣᠯᠪᠠᠴᠤ ᠬᠣᠢ᠌ᠨ᠎ᠠ ᠡᠴᠡ ᠨᠢ ᠭᠦᠭᠡᠭᠡᠤᠨ ᠳᠤᠭᠤᠰᠤ ᠶᠢ ᠨᠢ ᠴᠤ ᠡᠰᠡ ᠦᠵᠡᠵᠠᠢ᠃ ᠠᠷᠠᠪᠰᠠᠷ ᠬᠠᠷ᠎ᠠ ᠭᠡᠯᠡᠨ ᠰᠤᠭᠰᠤᠷ ᠲᠠᠭᠠᠨ ᠠᠪᠣ ᠪᠠᠨ ᠰᠤᠠᠳᠠᠯᠠᠨ ᠵᠤᠯᠠᠭᠠᠤᠨ ᠯᠠ ᠪᠠᠢ᠌ᠵᠠᠢ᠂ ᠭᠡᠴᠢᠨᠡᠨ ᠵᠤᠯᠠᠭᠰᠠᠨ ᠶᠢᠡᠨ ᠴᠤ ᠡᠰᠡ ᠮᠠᠳᠠᠨ᠎ᠠ᠃ ᠭᠡᠨᠡᠳᠲᠡ ᠠᠪᠣ ᠨᠢ᠄

— 《ᠬᠠᠷ᠎ᠠ ᠭᠡᠯᠡᠨ ᠰᠤᠭᠰᠤᠷ》 ᠭᠠᠵᠠᠷ ᠦᠨᠦᠷᠯᠠᠵᠤ ᠪᠠᠢ᠌ᠨ᠎ᠠ ᠦᠦ︖ᠭᠡᠵᠤ ᠭᠡᠨ᠎ᠡ᠃

— ᠦᠭᠡᠶ ᠪᠠᠢ᠌ᠨ᠎ᠠ ᠭᠡᠵᠤ ᠭᠡᠨ᠎ᠡ᠃ ᠪᠠᠭ᠎ᠠ ᠶᠡᠪᠤᠰᠭᠢᠭᠠᠤᠨ᠄

— ᠤᠳᠤ︖ ᠭᠡᠵᠤ ᠭᠡᠨ᠎ᠡ᠃

— ᠪᠠᠰᠠ ᠯᠠ ᠦᠭᠡᠶ ᠪᠠᠢ᠌ᠨ᠎ᠠ ᠭᠡᠵᠤ ᠭᠡᠨ᠎ᠡ᠃

ᠡᠨᠡ ᠮᠠᠳᠤ ᠪᠠᠷ ᠶᠡᠪᠤᠰᠭᠢᠭᠠᠤᠨ ᠶᠡᠪᠤᠰᠭᠢᠭᠠᠤᠨ ᠰᠤᠷᠠᠭᠠᠤᠨ ᠪᠠᠢ᠌ᠵᠤ ᠭᠡᠨ᠎ᠡ᠃ ᠳᠡᠭᠡᠵᠤ ᠪᠠᠢ᠌ᠳᠠᠯ᠎ᠠ 《ᠬᠠᠷ᠎ᠠ ᠭᠡᠯᠡᠨ ᠰᠤᠭᠰᠦᠷ》 ᠨᠢ ᠭᠡᠨᠡᠳᠲᠡ ᠶᠠᠪᠣᠭ᠎ᠠ ᠪᠠᠷ ᠶᠢᠡᠨ ᠭᠠᠵᠠᠷ ᠦᠨᠦᠷᠯᠠᠨ ᠡᠭᠢᠯᠡᠪᠡ ᠭᠡᠨ᠎ᠡ᠃

—ᠠᠪᠣ ᠡ᠂ 《ᠬᠠᠷ᠎ᠠ ᠭᠡᠯᠡᠨ ᠰᠤᠭᠰᠤᠷ》 ᠣᠳᠤ ᠯᠠ ᠭᠠᠵᠠᠷ ᠦᠨᠦᠷᠯᠠᠵᠤ ᠪᠠᠢ᠌ᠨ᠎ᠠ ᠭᠡᠭᠦ ᠳᠤ ᠠᠪᠣ ᠨᠢ᠄

— ᠪᠠᠭᠤ ᠪᠠᠭᠤ᠂ ᠥᠨᠦᠷᠯᠡᠭ᠍ᠰᠡᠨ ᠭᠠᠵᠠᠷ ᠢ ᠨᠢ ᠮᠠᠯᠳᠠᠭᠠᠤᠨ ᠦᠵᠡ᠂ ᠶᠠᠭᠤ ᠥᠵᠡᠭ᠍ᠳᠡᠵᠤ ᠪᠠᠢ᠌ᠨ᠎ᠡ︖ ᠭᠡᠵᠤ ᠭᠦᠤ ᠪᠠᠨ ᠪᠠᠭᠤᠯᠭᠠᠵᠤ ᠭᠡᠨ᠎ᠡ᠃

— ᠳᠡᠭᠡᠷᠮ᠎ᠡ ᠰᠢᠭ ᠭᠦᠭᠡ ᠴᠢᠯᠠᠭᠤ ᠥᠵᠡᠭ᠍ᠳᠡᠵᠤ ᠪᠠᠢ᠌ᠨ᠎ᠠ᠃

— ᠠ ᠮᠦᠨ ᠪᠠᠢ᠌ᠨ᠎ᠠ︕ ᠲ᠋ᠤᠭᠤᠷᠢᠭᠤᠯᠤᠨ ᠮᠠᠯᠳᠠᠵᠤ ᠪᠠᠢ᠌ᠵᠤ ᠠᠪᠣᠭᠠᠤᠨ ᠬᠠᠶᠠᠵᠤ ᠤᠷᠭᠢ᠂ ᠲ᠋ᠡᠭᠡᠪᠠᠯ ᠶᠠᠭᠤ ᠥᠵᠡᠭ᠍ᠳᠡᠳᠡᠭ᠌ ᠶᠤᠮ ᠪᠠᠢ᠌ᠨ᠎ᠠ︖

— ᠁ ᠵᠠ ᠣᠳᠤ ᠠᠪᠣᠭᠠᠤᠨ ᠬᠠᠶᠠᠯ᠎ᠠ︕ ᠳᠤᠦᠷ᠎ᠡ ᠡᠴᠡ ᠨᠢ ᠭᠦᠭᠡ ᠴᠠᠭᠠᠨ ᠬᠤᠶᠠᠷ ᠦᠨᠳᠦᠰᠦᠨ ᠭᠠᠷᠤᠭᠠᠤᠨ ᠢᠷᠠᠪᠠ᠃

— ᠵᠠ ᠳᠠᠭᠠᠷᠠᠯ᠎ᠠ᠂ ᠳᠠᠷᠠ ᠴᠢᠨᠢ ᠦᠨᠳᠦᠰᠦᠨ ᠪᠢᠰᠢ᠂ ᠣᠰᠤᠨ ᠤ ᠰᠤᠳᠠᠰᠤᠨ ᠪᠠᠢ᠌ᠨ᠎ᠠ᠂ ᠳᠠᠷᠠ ᠭᠦᠭᠡ ᠶᠢ ᠨᠢ ᠳᠠᠮᠠᠨᠠ ᠪᠠᠷ ᠬᠠᠤᠠᠬᠤᠴᠢᠬᠠᠭᠠᠤᠨ ᠬᠠᠷ᠎ᠠ ᠬᠠᠢ᠌ᠰᠤ ᠪᠠᠨ ᠳᠤᠰᠤᠭᠠᠤᠨ ᠣᠷᠭᠢ᠂ ᠬᠤᠶᠠᠭᠤᠯᠠ ᠪᠠᠨ ᠨᠢᠭᠡ ᠴᠠᠢ ᠴᠢᠨᠠᠵᠤ ᠣᠤᠭᠤᠶ᠎ᠠ ᠭᠡᠵᠡᠢ᠃

ᠵᠨ ᠳᠡᠭᠡᠭᠡᠤᠨ ᠬᠤᠶᠠᠭᠤᠯᠠ ᠪᠠᠨ ᠴᠠᠢ ᠴᠢᠨᠠᠵᠤ ᠥᠳᠡᠯᠡᠭᠡᠤᠨ ᠮᠤᠷᠳᠠᠵᠠᠢ᠃ ᠶᠠᠪᠣᠵᠤ ᠪᠠᠢ᠌ᠭᠠᠤᠨ ᠠᠪᠣ ᠨᠢ ᠭᠡᠨᠡᠳᠲᠡ ᠠᠷᠤ ᠳᠠᠭᠠᠨ ᠡᠷᠭᠢᠵᠤ ᠥᠨᠦᠷᠯᠡᠭᠡᠤᠨ᠄

— ᠭᠦᠪᠠᠭᠦᠨ ᠭᠦᠪᠠᠭᠦᠨ ᠠᠷᠤ ᠳᠠᠭᠠᠨ ᠬᠠᠯᠢᠶᠠ (ᠬᠠᠷᠠ) ᠣᠰᠤᠨ ᠤ ᠦᠨᠦᠷ ᠭᠠᠷᠴᠤ ᠪᠠᠢ᠌ᠳᠠᠭ ᠶᠠᠭᠤ ᠪᠢᠯᠡ︖ ᠭᠡᠭᠦ ᠳᠤ ᠠᠷᠠᠪᠰᠠᠷ ᠡᠷᠭᠢᠵᠤ ᠬᠠᠷᠠᠭᠠᠤᠨ᠄

— ᠠ ᠳᠡᠭ᠍ᠷᠢ ᠭᠠᠵᠠᠷ ᠨᠡᠢ᠌ᠯᠡᠭ᠍ᠰᠡᠨ ᠭᠦᠭᠡ ᠣᠰᠤᠨ ᠭᠦᠢᠴᠡᠭᠡᠤᠨ ᠢᠷᠠᠵᠤ ᠪᠠᠢ᠌ᠨ᠎ᠠ ᠭᠡᠵᠡᠢ᠃

— ᠭᠦᠶ‍ᠢ ᠴᠢ ᠳᠠᠷᠠ ᠳᠦᠭᠦᠷᠢᠭ᠌ ᠭᠦᠭᠡ ᠴᠢᠯᠠᠭᠤ ᠶᠢ ᠣᠷᠤᠮ ᠳ᠋ᠤᠨᠢ ᠳᠠᠯᠪᠢᠬᠤ ᠪᠠᠨ ᠮᠠᠷᠳᠠᠭᠰᠠᠨ ᠪᠢᠰᠢ ᠪᠢᠵᠠ︖

— ᠣᠤ︕ ᠲ᠋ᠠᠯᠪᠢᠭᠰᠠᠨ ᠦᠭᠡᠶ᠃

— ᠵᠠ ᠠᠪᠣ ᠨᠢ ᠪᠠᠬᠠᠨ ᠳᠡᠨᠡᠭ᠍ᠳᠡᠯ᠎ᠡ᠂ ᠬᠤᠷᠳᠤᠨ ᠵᠤᠯᠠ (ᠲ᠋ᠤᠳᠠᠭ᠎ᠠ)᠃

ᠢᠩᠭᠢᠭᠡᠤᠨ 《ᠬᠠᠷ᠎ᠠ ᠭᠡᠯᠡᠨ ᠰᠤᠭᠰᠤᠷ》 ᠊ᠤᠨ ᠶᠢᠡᠨ ᠬᠠᠷ᠎ᠠ ᠬᠤᠷᠳᠤ ᠪᠠᠷ ᠵᠤᠯᠠᠵᠤ ᠡᠭᠢᠯᠡᠪᠡ ᠭᠡᠨ᠎ᠡ᠃

— ᠭᠦᠪᠠᠭᠦᠨ ᠭᠦᠪᠠᠭᠦᠨ︕ ᠤᠰᠤᠨ ᠣᠳᠤ ᠬᠠᠮᠢᠭ᠎ᠠ ᠢᠷᠠᠵᠤ ᠪᠠᠢ᠌ᠨ᠎ᠠ︖

— ᠮᠠᠨᠤᠰ ᠢ ᠭᠡᠳᠥᠢ᠌ᠨ ᠭᠦᠢᠴᠡᠭᠡᠤᠨ ᠬᠠᠷ᠎ᠠ ᠭᠡᠯᠡᠨ ᠰᠤᠭᠰᠤᠷ ᠤᠨ ᠳᠤᠷᠤᠭᠤ ᠳᠠᠯᠳᠠᠷᠠᠵᠤ (ᠭᠦᠷᠴᠤ) ᠪᠠᠢ᠌ᠨ᠎ᠡ᠃

— ᠳᠦᠷᠭᠡᠨ ᠭᠦᠶ‍ᠦᠯᠭᠡ︕ ᠤᠳᠤ ᠬᠠᠮᠢᠭ᠎ᠠ ᠢᠷᠠᠵᠤ ᠪᠠᠢ᠌ᠨ᠎ᠠ︖

— ᠬᠠᠷ᠎ᠠ ᠭᠡᠯᠡᠨ ᠰᠤᠭᠰᠤᠷ ᠤᠨ ᠪᠣᠷᠪᠢ ᠴᠤᠭᠢᠵᠤ ᠪᠠᠢ᠌ᠨ᠎ᠠ᠃

— ᠭᠦᠶ‍ᠦᠯᠭᠡ ᠭᠦᠶ‍ᠦᠯᠭᠡ︕ ᠣᠳᠤ ᠬᠠᠮᠢᠭ᠎ᠠ ᠢᠷᠠᠵᠤ ᠪᠠᠢ᠌ᠨ᠎ᠠ︖

— ᠣᠳᠤ ᠪᠦᠷ ᠪᠣᠯᠬᠤ ᠪᠠᠨ ᠪᠠᠢ᠌ᠯ᠎ᠠ᠂ ᠭᠡᠳᠡᠰᠤᠨ ᠳ᠋ᠤᠨᠢ ᠳᠤᠯᠪᠠ︕

— ᠬᠠᠷ᠎ᠠ ᠬᠤᠷᠳᠤ ᠪᠠᠷ ᠨᠢ ᠬᠠᠮᠤᠭ ᠬᠤᠷᠳᠤ ᠪᠠᠷ ᠨᠢ ᠭᠦᠶ‍ᠦᠯᠭᠡ︕ ᠁ ᠤᠳᠤ︖

— ᠣᠤ︕ ᠨᠠᠮᠳᠠᠭᠠᠤᠨ ᠤᠳᠦᠯ᠎ᠡ᠂ ᠳᠡᠭᠢᠨ ᠪᠤᠷᠪᠢ ᠳ᠋ᠤᠨᠢ ᠭᠦᠷᠪᠡ᠃ ᠵᠨ ᠣᠯᠠᠮ ᠨᠠᠮᠳᠠᠯ᠎ᠠ᠂ ᠣᠳᠤ ᠳᠤᠷᠤᠭᠤ ᠨᠢ ᠥᠵᠡᠭ᠍ᠳᠡᠪᠡ᠃

— ᠠ ᠳᠡᠭᠡᠪᠠᠯ ᠵᠦᠢ ᠪᠣᠯᠵᠠᠢ︕ ᠣᠳᠤ ᠶᠠᠭᠤ ᠥᠵᠡᠭ᠍ᠳᠡᠵᠤ ᠪᠠᠢ᠌ᠨ᠎ᠠ︖

— ᠳᠡᠭ᠍ᠷᠢ ᠶᠢᠨ ᠵᠠᠬ᠎ᠠ ᠳᠤ ᠬᠤᠶᠠᠷ ᠬᠠᠷ᠎ᠠ ᠰᠢᠪᠠᠭᠤ ᠨᠢᠰᠴᠤ ᠪᠠᠢ᠌ᠨ᠎ᠠ᠃

ᠡᠨᠡ ᠦᠶ᠎ᠡ ᠳᠤ ᠣᠷᠴᠢᠯᠠᠩ ᠤᠨ ᠦᠷᠦᠴᠠᠨ ᠳᠤ ᠣᠰᠤᠨ ᠭᠠᠮᠰᠢᠭ ᠪᠣᠯᠵᠤ ᠪᠠᠢ᠌ᠬᠤ ᠶᠢ ᠳᠡᠭ᠍ᠷᠢ ᠶᠢᠨ ᠬᠠᠭᠠᠨ ᠥᠵᠡᠭᠡᠤᠨ 《ᠳᠡᠭᠦᠨ ᠢ ᠲ᠋ᠠᠷᠤᠭᠠᠤᠨ ᠢᠷ᠎ᠠ》 ᠭᠡᠵᠤ ᠬᠤᠶᠠᠷᠬᠠᠨ ᠭᠠᠷᠤᠳᠢ ᠪᠠᠨ ᠶᠠᠪᠣᠭᠤᠯᠤᠭᠰᠠᠨ ᠨᠢ ᠲ᠋ᠠᠷᠠ ᠪᠠᠢ᠌ᠵᠠᠢ᠃ ᠬᠤᠶᠠᠷᠬᠠᠨ ᠭᠠᠷᠤᠳᠢ ᠳ᠋ᠠᠠᠴᠢᠨ ᠠᠭᠤᠯᠠ ② ᠵᠢᠨ ᠣᠷᠤᠢ ᠶᠢ ᠳᠠᠰᠤᠯᠤᠨ ᠴᠢᠯᠠᠭᠤᠳᠠᠭᠠᠤᠨ ᠰᠠᠶ‍ᠢᠭᠢ ᠣᠰᠤᠨ ᠰᠤᠳᠠᠰᠤ ᠶᠢ ᠪᠦᠭᠯᠡᠵᠡᠢ᠃ ᠡᠨᠡ ᠨᠢ ᠣᠳᠤ ᠶᠢᠨ ᠭᠦᠭᠡᠨᠡᠭᠤᠷ ᠤᠨ ᠭᠦᠢᠰᠤ ᠪᠣᠯᠵᠤ᠂ ᠭᠠᠷᠤᠭᠰᠠᠨ ᠣᠰᠤ ᠨᠢ ᠭᠦᠭᠡ ᠨᠠᠭᠤᠷ ᠪᠣᠯᠤᠭᠰᠠᠨ ᠳᠠᠷᠠ ᠭᠡᠵᠤ ᠭᠡᠯᠡᠳᠡᠭ᠌᠂ ᠳ᠋ᠠᠠᠴᠢᠨ ᠠᠭᠤᠯᠠ ᠴᠤ ᠣᠳᠤ ᠪᠣᠯᠳᠠᠯ᠎ᠠ ᠣᠷᠤᠢ ᠪᠠᠷ ᠵᠢᠠᠨ ᠲ᠋ᠠᠰᠤᠷᠬᠠᠢ ᠪᠠᠢ᠌ᠭᠰᠠᠭᠠᠷ᠃

ᠪᠠᠰᠠ ᠨᠢᠭᠡ ᠥᠯᠢᠭᠡᠷ ᠪᠣᠯ ᠳᠠᠷᠠ ᠦᠶ᠎ᠡ ᠳᠤ 《ᠰᠦᠮᠨᠤ ᠰᠥᠨᠦᠭᠡᠮ》 ᠭᠡᠭ᠍ᠴᠢ ᠰᠢᠮᠨᠤ᠄

— ᠣᠷᠴᠢᠯᠠᠩ ᠤᠨ ᠦᠷᠦᠴᠠᠨ ᠢ ᠣᠰᠤᠨ ᠠᠪᠬᠤ ᠭᠡᠵᠤ ᠪᠠᠢ᠌ᠭᠰᠠᠨ ᠶᠤᠮ᠂ ᠮᠢᠨᠤ ᠵᠠᠶᠠᠭᠠᠨ ᠪᠣᠯᠳᠠᠭ ᠦᠭᠡᠶ ᠪᠠᠢ᠌ᠨ᠎ᠠ᠂ ᠳᠡᠭᠦᠨ ᠤ ᠪᠦᠭᠯᠡᠭᠡ ᠶᠢ ᠨᠢ ᠠᠪᠣᠭᠠᠤᠨ ᠬᠠᠶᠠᠬᠤ ᠳᠤ ᠶᠠᠭᠠᠭᠢᠨ᠎ᠠ ᠭᠡᠤᠨ ᠬᠠᠳᠠ ᠶᠢᠨ ᠭᠡᠯᠳᠡᠷᠭᠡᠢ ᠪᠠᠷ ᠳᠦᠦᠭᠡᠦᠷᠳᠡᠭᠦ ᠳᠤ ᠴᠢᠯᠠᠭᠤ ᠨᠢ ᠭᠦᠷᠦᠭ᠍ᠰᠡᠨ ᠥᠭᠡᠢ ᠨᠡᠭᠠᠨ᠎ᠡ ᠨᠢ ᠣᠨᠠᠵᠤ᠂ ᠣᠳᠤ ᠶᠢᠨ ᠭᠦᠭᠡ ᠨᠠᠭᠤᠷ ᠤᠨ ᠭᠦᠢᠰᠤᠨ ᠡᠴᠡ ᠬᠤᠢ᠌ᠨᠠᠬᠠᠨ ᠴᠤᠪᠦᠷᠡᠨ ᠥᠵᠡᠭ᠍ᠳᠡᠵᠤ ᠪᠠᠢ᠌ᠭ᠎ᠠ ᠴᠠᠭᠠᠨ ᠬᠠᠳᠠ ᠨᠤᠭᠤᠳ ᠪᠣᠯᠤᠭᠰᠠᠨ ᠭᠡᠳᠡᠭ᠌ ᠶᠤᠮ᠃

ᠵᠠ ᠳᠡᠭᠡᠭᠡᠤᠨ ᠠᠪᠣ ᠭᠦᠤ ᠬᠤᠶᠠᠭᠤᠯᠠ ᠭᠡᠷ ᠲᠡᠭᠡᠨ ᠬᠠᠷᠢᠵᠤ ᠭᠦᠷᠦᠭᠡᠤᠨ ᠬᠠᠮᠳᠤ ᠪᠠᠷ ᠶᠢᠡᠨ ᠠᠮᠢᠳᠤᠷᠠᠵᠠᠭᠠᠬᠤ ᠪᠣᠯᠪᠠ ᠭᠡᠨ᠎ᠡ᠃ ᠭᠦᠤ ᠨᠢ ᠡᠳᠦᠷ ᠲ᠋ᠡᠭᠡᠨ ᠠᠩ ᠭᠦᠷᠦᠭᠡᠭᠡᠳᠡᠭ᠌᠃ ᠨᠢᠭᠡᠨ ᠡᠳᠦᠷ ᠨᠢᠭᠡ ᠪᠣᠭᠤ ᠠᠯᠠᠭᠠᠤᠨ ᠦᠪᠴᠢᠵᠤ ᠦᠵᠡᠪᠠᠯ ᠥᠭᠡᠭᠦ ᠨᠢ ᠪᠦᠷ ᠮᠡᠯᠡᠭᠡᠢ ᠪᠠᠢ᠌ᠵᠤ ᠭᠡᠨ᠎ᠡ᠃ ᠠᠷᠠᠪᠰᠠᠷ ᠳᠡᠭᠦᠨ ᠡᠴᠡ ᠨᠢ ᠵᠢᠭ᠍ᠰᠢᠭᠦ ᠳᠡᠭᠡᠨ ᠪᠣᠭᠤ ᠶᠢᠨ ᠶᠢᠡᠨ ᠮᠢᠬ᠎ᠠ ᠶᠢ ᠭᠡᠭᠡᠷ᠎ᠡ ᠬᠠᠶᠠᠭᠠᠤᠨ᠂ ᠢᠷᠡᠵᠤ ᠪᠦᠰᠡᠭᠦᠢ ᠳᠡᠭᠡᠨ ᠭᠡᠯᠡᠭᠦ ᠳᠤ ᠪᠦᠰᠡᠭᠦᠢ ᠨᠢ ᠣᠴᠢᠵᠤ ᠥᠭᠡᠭᠦ ᠡᠴᠡ ᠨᠢ ᠵᠢᠭᠠᠬᠠᠨ ᠠᠪᠴᠢᠷᠠᠨ ᠳᠠᠮᠤᠷ ᠰᠢᠨᠠᠭ᠎ᠠ ᠳᠤ ᠳᠠᠯᠪᠢᠵᠤ᠂ ᠭᠠᠯ ᠳᠤ ᠣᠩᠭ᠋ᠤᠤᠠᠬᠠᠭᠠᠤᠨ (ᠣᠩᠭ᠋ᠠᠰᠬᠠᠭᠠᠤᠨ) ᠣᠳᠤᠭ᠎ᠠ ᠶᠢ ᠨᠢ ᠠᠪᠣ ᠶᠢᠨ ᠶᠢᠡᠨ ᠡᠮᠦᠨ᠎ᠡ ᠡᠴᠡ ᠡᠪᠳᠡᠢ᠌ᠭᠡᠨ ᠦᠯᠢᠶᠠᠪᠠ ᠭᠡᠨ᠎ᠡ᠃ ᠠᠪᠣ ᠨᠢ ᠭᠡᠩᠰᠢᠭᠦᠤ ᠥᠨᠦᠷᠳᠦᠮᠡᠭ᠍ᠴᠡ ᠦᠨᠳᠠᠢ᠌ᠵᠤ ᠢᠷᠡᠭᠡᠤᠨ᠄

— ᠭᠦᠶ‍ᠢ ᠭᠦᠶ‍ᠢ 《ᠮᠡᠯᠡᠭᠡᠢ᠌ᠳᠤ ᠪᠣᠭᠤ》 ᠭᠡᠵᠤ ᠠᠮᠠ ᠠᠯᠳᠠᠭᠠᠤᠨ᠂

— ᠭᠡᠨ ᠡᠡᠯᠡᠪᠡ︖ ᠭᠡᠵᠤ ᠰᠤᠷᠡᠵᠡᠢ᠃ ᠭᠦᠤ ᠪᠠᠷᠢ ᠬᠤᠶᠠᠷ ᠮᠡᠯᠡᠭᠡᠢ᠌ᠳᠤ ᠪᠣᠭᠤ ᠴᠤᠬᠤᠮ ᠶᠠᠮᠠᠷ ᠣᠴᠢᠷ ᠲᠡᠶ᠂ ᠶᠠᠭᠠᠭᠢᠭᠰᠠᠨ ᠪᠣᠭᠤ ᠪᠣᠯᠬᠤ ᠶᠢ ᠠᠪᠣ ᠡᠴᠡ ᠪᠠᠨ ᠭᠡᠴᠢᠨᠡᠨ ᠰᠤᠷᠠᠭᠠᠤᠨ ᠪᠠᠰᠠ ᠯᠠ ᠡᠰᠡ ᠭᠡᠯᠡᠵᠤ ᠥᠭ᠍ᠴᠤ ᠭᠡᠨ᠎ᠡ᠃


᠊᠊᠊᠊᠊᠊᠊᠊᠊᠊᠊᠊᠊᠊᠊ ᠳᠠᠢ᠌ᠯᠪᠣᠷᠢ᠄

①ᠲ᠋ᠠᠩᠰᠤ ᠊᠊᠊᠊᠊᠊᠊᠊᠊᠊᠊᠊᠊᠊᠊ ᠳᠦᠯᠡᠭᠦ ᠳᠤ ᠳᠦᠭᠦᠮ ᠪᠣᠯᠭᠠᠵᠤ ᠬᠠᠪᠳᠠᠭᠠᠢ᠌ᠯᠠᠨ ᠬᠠᠳᠠᠭᠠᠭᠰᠠᠨ ᠠᠷᠭᠠᠯ᠃

②ᠳ᠋ᠠᠠᠴᠢᠨ ᠠᠭᠤᠯᠠ᠄ ᠳᠤᠰ ᠠᠭᠤᠯᠠ ᠭᠦᠭᠡ ᠨᠠᠭᠤᠷ ᠤᠨ ᠪᠠᠷᠠᠭᠤᠨ ᠡᠮᠦᠨ᠎ᠡ ᠪᠣᠢ᠂ ᠣᠷᠤᠢ ᠨᠢ ᠳᠠᠰᠤ ᠴᠠᠪᠴᠢᠷᠬᠠᠢ ᠪᠠᠢ᠌ᠳᠠᠭ᠃

ᠵᠤᠬᠢᠶᠠᠭᠴᠢ᠄ ᠴᠡᠪᠰᠢᠭ᠌
ᠳᠠᠷᠤᠮ᠄ 8254
ᠴᠠᠭ᠄ 2006 ᠤᠨ ᠤ 07 ᠰᠠᠷ᠎ᠠ ᠶᠢᠨ 20
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ