ᠨᠡᠪᠲᠡᠷᠡᠨ ᠤᠷᠤᠬᠤ
ᠨᠢ᠋ᠮᠠ

ᠦᠷᠤᠰᠢᠶᠠᠯ ᠳᠤ ᠳᠤᠷᠠᠯᠠᠭᠰᠠᠨ ᠭᠦᠮᠤᠨ ᠥᠩᠭᠡ ᠭᠢᠯᠪᠠᠭ᠎ᠠ ᠲᠡᠶ ᠠᠮᠢᠳᠤᠷᠠᠨ᠂ ᠦᠷᠭᠡᠰᠤ ᠲᠡᠶ ᠠᠮᠢᠳᠤᠷᠠᠯ ᠳᠤ ᠬᠠᠰᠢᠷᠠᠭᠰᠠᠨ ᠭᠦᠮᠤᠨ ᠳᠤ ᠥᠩᠭᠡ ᠪᠣᠳᠤᠭ ᠠᠯᠠᠭ᠎ᠠ ︕ ᠭᠦᠭᠡᠷᠦᠭᠦᠢ ︕ ᠭᠦᠮᠤᠨ ᠶᠤᠮ ᠴᠢᠨᠢ᠂ ᠰᠥᠭᠦᠷᠡᠭᠦ ᠪᠠ ᠰᠥᠭᠦᠳᠭᠦ ᠶᠢᠨ ᠳᠤᠮᠳᠠ ᠵᠢᠯ ᠡᠯᠡᠭᠡᠭᠦ ᠨᠢ ᠳᠡᠦᠭᠡ ᠶᠢᠨ ᠦᠨᠡᠨ ᠶᠤᠮ ᠴᠢᠨᠢ᠂ ᠠᠢ ︕ ᠶᠠᠭᠤ ᠭᠡᠯᠡᠨ᠎ᠡ ︕

ᠭᠤᠮᠪᠣᠵᠠᠪ ᠨᠠᠮᠠᠬᠠᠢ ᠬᠤᠳᠤᠭᠳᠤ ᠶᠢᠨ ᠶᠠᠭᠠᠷᠠᠤ ᠰᠠᠠᠳᠤᠷᠠᠤ ᠢᠷᠠᠨ᠂ ᠨᠠᠰᠢ ᠴᠠᠰᠢ ᠭᠦᠶ‍ᠦᠯᠳᠦᠭᠦ ᠶᠢ ᠥᠵᠡᠭᠡᠳ ᠪᠠᠷᠤᠭ ᠳᠡᠭᠦᠤ ᠨᠢ ᠪᠠᠶ᠎ᠠ ᠮᠠᠭᠤ ᠪᠣᠯᠤᠭᠰᠠᠨ ᠢ ᠭᠠᠳᠠᠷᠯᠠᠨ᠂ ᠰᠤᠮᠤᠨ ᠳᠠᠷᠤᠭ᠎ᠠ ᠯᠠᠪᠠᠢ ᠪᠠ ᠪᠣᠤᠱᠠᠨ ᠱᠦᠵᠢ ᠳᠤ ᠶᠠᠷᠢᠬᠤ ᠳᠤ ᠬᠤᠶᠠᠷ ᠳᠠᠷᠤᠭ᠎ᠠ ᠮᠠᠰᠢ ᠶᠠᠭᠠᠷᠠᠨ ᠡᠮᠨᠡᠯᠭᠡ ᠶᠢᠨ ᠬᠤᠷᠢᠶ᠎ᠠ ᠡᠴᠡ ᠰᠠᠢ᠌ᠨ ᠡᠮᠴᠢ ᠶᠢ ᠳᠠᠭᠤᠳᠠᠭᠤᠯᠤᠨ ᠭᠤᠷᠪᠠᠨ ᠮᠠᠰᠢᠨ ᠶᠢᠡᠷ ᠠᠳᠤᠭᠤᠨ ᠳᠤᠪᠣ ᠳᠠᠰᠢ ᠵᠦᠰᠠᠷ ᠪᠣᠷᠤᠭᠠᠨ ᠤ ᠳᠤᠮᠳᠠᠭᠤᠷ ᠵᠦᠷᠢᠭ᠌ ᠳᠠᠳᠠᠨ ᠳᠠᠪᠭᠢᠪᠠ᠃ ᠣᠳᠠᠯ ᠦᠭᠡᠶ ᠮᠤᠯᠤᠮ ᠤᠨ ᠬᠤᠶᠠᠷ ᠳᠠᠰᠤᠯᠭ᠎ᠠ ᠰᠢᠪᠠᠷ ᠪᠠᠢ᠌ᠰᠢᠩ ᠤᠨ ᠳᠡᠷᠭᠡᠳᠡ ᠢᠷᠠᠨ ᠠᠷᠪᠠ ᠢᠯᠡᠭᠦᠤ ᠭᠦᠮᠤᠨ ᠪᠠᠭᠤᠵᠤ ᠢᠷᠠᠪᠠ᠃ ᠠᠷᠪᠢᠨ ᠭᠦᠮᠤᠨ ᠥᠵᠡᠭ᠍ᠰᠡᠨ ᠰᠢᠷ᠎ᠠ ᠠᠯᠠᠭ ᠨᠤᠬᠠᠢ ᠴᠢᠮᠡᠭᠡ ᠦᠭᠡᠶ ᠪᠣᠯᠵᠤ᠂ ᠡᠭᠦᠷ ᠲᠡᠭᠡᠨ ᠣᠷᠤᠨ ᠭᠡᠪᠳᠡᠨ᠎ᠡ᠃ ᠬᠠᠶᠠᠭ᠎ᠠ ᠨᠠᠯᠠᠨ ᠶᠤᠤᠯᠠᠨ ᠪᠠᠢ᠌ᠭ᠎ᠠ ᠮᠤᠯᠤᠮ ᠤᠨ ᠬᠠᠵᠠᠭᠤ ᠳᠤ ᠨᠠᠮᠠᠬᠠᠢ ᠬᠤᠳᠤᠭᠳᠤ ᠰᠠᠭᠤᠨ ᠶᠠᠭᠠᠭᠢᠬᠤ ᠪᠠᠨ ᠣᠯᠵᠤ ᠶᠠᠳᠠᠨ᠎ᠠ᠃ ᠬᠤᠶᠠᠷ ᠳᠠᠷᠤᠭ᠎ᠠ ᠨᠡᠷ ᠬᠤᠳᠤᠭᠳᠤ ᠶᠢᠨ ᠠᠮᠤᠷ ᠮᠠᠠᠳᠤ ᠶᠢ ᠰᠤᠷᠠᠭᠠᠤᠨ᠂ ᠡᠮᠴᠢ ᠪᠠᠷ ᠡᠮᠨᠡᠭᠦᠯᠪᠡ᠃ ᠭᠤᠮᠪᠣᠵᠠᠪ ᠴᠤ ᠬᠤᠳᠤᠭᠳᠤ ᠶᠢᠨ ᠰᠡᠳᠭᠢᠯ ᠢ ᠴᠢᠩᠭ᠋ᠠᠷᠠᠭᠤᠯᠪᠠ᠃ ᠮᠤᠯᠤᠮ ᠳᠠᠷᠤᠭ᠎ᠠ ᠨᠡᠷ ᠢ ᠦᠵᠡᠨ ᠪᠣᠰᠬᠤ ᠭᠡᠪᠠᠯ ᠯᠠᠪᠠᠢ ᠳᠠᠷᠤᠭ᠎ᠠ᠄

᠊᠊᠊᠊᠊᠊᠊᠊᠊᠊᠊᠊᠊᠊᠊᠊᠊᠊᠊᠊᠊᠊᠊᠊᠊᠊᠊᠊ ᠵᠥᠭᠡᠷ᠂ ᠭᠡᠪᠳᠡ︕ ᠪᠠᠢ᠌ᠰᠭᠢᠭᠠᠳ ᠡᠪᠠᠦᠡᠭᠦ ᠴᠢᠨᠢ ᠨᠠᠮᠬᠠᠷᠴᠢᠬᠠᠬᠤ ᠶᠤᠮ ᠡ︕ ᠭᠡᠵᠤ ᠳᠤᠬᠣᠨᠢᠭᠤᠯᠪᠠ᠃

ᠰᠠᠢ᠌ᠨ ᠡᠮᠴᠢ ᠪᠣᠯᠤᠭᠰᠠᠨ ᠴᠤ ᠮᠦᠨ ᠡᠮᠦᠨ᠎ᠡ ᠣᠳᠠᠭ᠎ᠠ ᠶᠢᠨ ᠳᠤᠳᠤᠯᠤᠭᠰᠠᠨ ᠡᠴᠡ ᠭᠠᠳᠠᠭᠤᠷ ᠭᠠᠷᠤᠭᠰᠠᠨ ᠦᠭᠡᠶ᠂ ᠰᠤᠮᠤᠨ ᠳᠠᠷᠤᠭ᠎ᠠ ᠪᠠ ᠱᠦᠵᠢ ᠵᠢᠯᠤᠭᠤᠴᠢ ᠶᠢ ᠳᠠᠭᠤᠳᠠᠨ ᠠᠬᠠᠮᠠᠤᠨ ᠬᠤᠪᠢᠰᠬᠠᠯᠴᠢ ᠮᠤᠯᠤᠮ ᠤᠨ ᠬᠣᠢ᠌ᠴᠢ ᠶᠢᠨ ᠶᠠᠪᠣᠳᠠᠯ ᠢ ᠪᠡᠯᠡᠳᠭᠡᠭᠦᠯᠭᠦ ᠪᠠᠷ ᠶᠠᠪᠣᠭᠤᠯᠪᠠ᠃

ᠳᠠᠭᠢᠭᠠᠤᠨ ᠠᠢ᠌ᠯ ᠣᠰᠤᠨ ᠤ ᠭᠢᠨ᠂ ᠨᠤᠳᠤᠭ ᠨᠢᠭᠡᠳᠡᠢ ᠨᠢ ᠮᠤᠯᠤᠮ ᠤᠨ ᠭᠡᠪᠳᠡᠷᠢ ᠳᠤ ᠣᠷᠤᠭᠰᠠᠨ ᠢ ᠰᠤᠨᠤᠰᠤᠨ᠂ ᠪᠠᠰᠠ ᠰᠤᠮᠤᠨ ᠳᠠᠷᠤᠭ᠎ᠠ᠂ ᠱᠦᠵᠢ ᠨᠡᠷ ᠪᠦᠷ ᠢᠷᠠᠵᠤ ᠪᠠᠢ᠌ᠭ᠎ᠠ ᠶᠢ ᠦᠵᠡᠨ ᠳᠠᠮ ᠳᠠᠮ ᠶᠢᠡᠷ ᠢᠷᠡᠵᠡᠭᠡᠨ᠎ᠡ᠃ ᠨᠢᠭᠡ ᠮᠡᠳᠡᠭᠦ ᠳᠤ ᠮᠤᠯᠤᠮ ᠤᠨ ᠭᠡᠷ ᠭᠦᠮᠤᠨ ᠶᠢᠡᠷ ᠳᠦᠭᠦᠷᠡᠨ ᠪᠠᠭᠳᠠᠵᠤ ᠶᠠᠳᠠᠨ᠂ ᠬᠠᠩᠵᠤᠨ ᠤ ᠭᠤᠤᠯ ᠳᠤ ᠨᠠᠮᠠᠬᠠᠢ ᠪᠠ ᠭᠤᠮᠪᠣᠵᠠᠪ ᠰᠠᠭᠠᠳᠠᠨ᠂ ᠳᠠᠭᠠᠭᠠᠤᠨ ᠯᠠᠪᠠᠢ ᠪᠠ ᠪᠣᠤᠱᠠᠨ᠂ ᠳᠠᠭᠢᠭᠠᠤᠨ ᠨᠤᠳᠤᠭ ᠤᠨ ᠥᠳᠡᠯᠦᠭᠡ ᠨᠠᠰᠤ ᠲᠡᠶ ᠨᠢ ᠰᠠᠭᠤᠨ᠎ᠠ᠃ ᠬᠦᠮᠦᠰ ᠣᠪᠤᠨ ᠴᠤᠪᠤᠨ ᠭᠠᠷᠴᠤ ᠣᠷᠤᠵᠠᠭᠠᠨ᠎ᠠ᠃

ᠭᠠᠳᠠᠨ᠎ᠠ ᠪᠣᠷᠤᠭᠠᠨ ᠮᠦᠨ ᠵᠤᠭᠰᠤᠯ ᠦᠭᠡᠶ ᠵᠦᠰᠠᠷᠠᠨ᠎ᠠ᠃

ᠮᠤᠯᠤᠮ ᠤᠨ ᠳᠤᠯᠤᠭᠠᠢ ᠶᠢᠨ ᠬᠠᠵᠠᠭᠤ ᠳᠤ ᠵᠤᠯᠠ ᠰᠢᠳᠠᠭᠠᠨ ᠰᠠᠩ ᠳᠠᠯᠪᠢᠨ᠂ ᠳᠠᠭᠢᠨ ᠰᠢᠷᠡᠭᠡ ᠵᠠᠰᠠᠵᠤ ᠰᠥ᠋ ᠴᠠᠭ᠎ᠠ ᠦᠷᠤᠨ᠂ ᠭᠤᠮᠪᠣᠵᠠᠪ ᠡᠮᠦᠨ᠎ᠡ ᠨᠢ ᠶ‍ᠢᠩᠴᠢ ᠣᠩᠰᠢᠵᠤ᠂ ᠮᠠᠨᠢ ᠳᠤᠭᠠᠯᠠᠨ ᠨᠢᠭᠦᠯ ᠭᠢᠯᠢᠠᠴᠠ ᠶᠢ ᠨᠢ ᠠᠷᠢᠯᠭᠠᠬᠤ ᠨᠤᠮ ᠣᠩᠰᠢᠨ᠎ᠠ᠃ ᠣᠯᠤᠰ ᠮᠤᠯᠤᠮ ᠢ ᠬᠠᠷᠠᠨ ᠮᠤᠯᠤᠮ ᠤᠨ ᠵᠤᠭᠤᠭ ᠳᠡᠯᠭᠡᠭ᠍ᠳᠡᠨ᠎ᠡ᠃

ᠡᠮᠦᠨ᠎ᠡ ᠭᠡᠳᠤᠨ ᠡᠳᠦᠷ ᠰᠠ‍‌ᠶᠢ ᠬᠤᠨᠢ ᠳᠠᠭᠤᠨ ᠳᠠᠯ᠎ᠠ ᠥᠭ᠍ᠰᠦᠵᠤ ᠪᠠᠢ᠌ᠭᠰᠠᠨ ᠮᠠᠨᠢ ᠨᠢᠭᠡ ᠯᠠ ᠳᠤᠤᠷ᠎ᠠ ᠣᠨᠠᠴᠢᠬᠠᠳᠠᠭ ᠦᠦ⁈ ᠡᠰᠡᠭᠦᠯ᠎ᠡ ᠮᠤᠯᠤᠮ ᠮᠠᠨᠢ ᠬᠠᠷᠠᠬᠠᠨ ᠪᠠᠭ᠎ᠠ ᠡᠴᠡ ᠪᠠᠨ ᠬᠤᠨᠢ ᠮᠠᠯ ᠤᠨ ᠬᠣᠢ᠌ᠨ᠎ᠠ ᠡᠴᠡ ᠭᠦᠶ‍ᠦᠭᠡᠳ᠂ ᠪᠣᠷᠤᠭᠠᠨ ᠴᠠᠰᠤ ᠭᠦᠢᠳᠡᠨ ᠨᠣᠢ᠌ᠳᠤᠨ ᠳᠤ ᠣᠳᠠᠭᠠᠨ ᠶᠠᠪᠣᠭᠰᠠᠨ ᠤ ᠰᠢᠯᠳᠠᠭᠠᠨ ᠪᠣᠯ ᠦᠦ⁈ ᠭᠡᠳ ᠨᠤᠳᠤᠭ ᠤᠨ ᠭᠢᠨ ᠶᠠᠷᠢᠯᠳᠤᠨ᠎ᠠ᠃ ᠰᠤᠮᠤᠨ ᠳᠠᠷᠤᠭ᠎ᠠ ᠯᠠᠪᠠᠢ ᠴᠤ ᠰᠠᠨᠠᠭ᠎ᠠ ᠠᠯᠳᠠᠨ᠄

ᠠᠢ︕ ᠮᠤᠯᠤᠮ ᠮᠠᠨᠢ ᠣᠯᠠᠨ ᠨᠠᠢ᠌ᠳᠠ ᠶᠢᠨ ᠲᠦᠯᠦᠭᠡ ᠠᠮᠢ ᠬᠤᠪᠢ ᠪᠠᠨ ᠪᠣᠳᠤᠯ ᠦᠭᠡᠶ ᠭᠡᠴᠢᠨᠡᠨ ᠣᠳᠠᠭ᠎ᠠ ᠵᠢᠳᠭᠦᠵᠤ ᠶᠠᠪᠣᠯ᠎ᠠ᠂ ᠳᠠᠯᠠᠨ ᠶ‍ᠢᠰᠤᠨ ᠣᠨ ᠤ ᠡᠭᠦᠳᠡ ᠳᠠᠷᠤᠭᠰᠠᠨ ᠬᠠᠷ᠎ᠠ ᠵᠤᠳ ᠲᠤ ᠨᠢᠭᠡᠳᠦᠯ ᠤᠨ ᠮᠠᠯ ᠰᠦᠷᠦᠭ᠌ ᠤᠨ ᠲᠦᠯᠦᠭᠡ ᠨᠢᠭᠤᠷ ᠴᠢᠷᠠᠢ ᠭᠦᠯ ᠭᠠᠷ ᠶᠢᠡᠨ ᠭᠦᠯᠳᠡᠭᠡᠨ᠁ ᠭᠡᠪᠠᠴᠤ ᠮᠤᠯᠤᠮ ᠮᠠᠨᠢ ᠨᠢᠭᠡ ᠥᠭᠡ ᠴᠤ ᠳᠤᠤᠭᠠᠷᠠᠯ ᠦᠭᠡᠶ ᠵᠢᠳᠭᠦᠵᠤ ᠶᠠᠪᠣᠭᠰᠠᠨ᠃ ᠦᠨᠡᠨ ᠳᠡᠭᠡᠨ ᠮᠤᠯᠤᠮ ᠮᠠᠨᠢ ᠳᠠ ᠣᠯᠠᠨ᠂ ᠨᠤᠳᠤᠭ ᠣᠰᠤᠨ ᠳᠠᠭᠠᠨ ᠦᠷᠢ ᠲᠡᠶ ᠯᠠ ᠪᠢᠰᠢ ᠳ᠋ᠠ︕

《ᠰᠤᠶᠤᠯ ᠤᠨ ᠬᠤᠪᠢᠰᠬᠠᠯ》 ᠳ᠋ᠤ ᠮᠤᠯᠤᠮ ᠮᠠᠨᠢ ᠭᠦᠡᠳᠤ ᠳᠠᠭᠠᠷᠢᠭᠳᠠᠯ᠎ᠠ᠂ ᠮᠠᠨᠤᠰ ᠡᠴᠡ ᠢᠯᠡᠭᠦᠤ ᠥᠰᠦᠭ᠌ ᠪᠢᠴᠢᠭ᠌ ᠳᠠᠨᠢᠭᠰᠠᠨ ᠤ ᠰᠢᠯᠳᠠᠭᠠᠨ ᠡᠴᠡ 《ᠦᠪᠣᠷ ᠠᠷᠠᠤᠨ ᠤᠨ ᠨᠠᠮ》 ᠶ᠋ᠢᠡᠷ ᠣᠳᠤ ᠳᠤ ᠳᠤᠯᠳᠠᠯ᠎ᠠ ᠨᠢᠷᠤᠭᠤᠨ ᠳᠠᠭᠠᠨ ᠬᠠᠳᠠᠭᠠᠰᠤ ᠲᠡᠶ ᠭᠡᠪᠳᠡᠵᠤ ᠪᠠᠢ᠌ᠨ᠎ᠠ ᠰᠢᠤ︕ ᠦᠨᠡᠨ ᠳᠡᠭᠡᠨ 《ᠦᠪᠣᠷ ᠠᠷᠠᠤᠨ ᠤᠨ ᠨᠠᠮ》 ᠊ᠢ ᠭᠡᠨ ᠮᠠᠳᠠᠨ᠎ᠠ ⁈ ᠴᠤᠬᠤᠮ 《ᠦᠪᠣᠷ ᠠᠷᠠᠤᠨ ᠤᠨ ᠨᠠᠮ》 ᠳ᠋ᠤ ᠣᠷᠤᠭᠰᠠᠨ ᠡᠰᠡᠭᠦ ᠶᠢ ᠨᠠᠩ ᠭᠡᠨ ᠮᠠᠳᠠᠨ᠎ᠠ ⁉ ᠭᠢᠯᠢᠰ ᠭᠦᠵᠢᠷ ᠨᠡᠢ᠌ᠭᠡᠮ ᠤᠨ ᠳᠠᠷᠤᠯᠳᠠ᠂ ᠦᠨᠳᠦᠰᠦᠳᠠᠨ ᠤ ᠬᠠᠪᠴᠢᠯᠭ᠎ᠠ ᠡᠴᠡ ᠰᠤᠶᠤᠯ ᠰᠤᠷᠭᠠᠯ ᠲᠡᠶ ᠭᠦᠮᠦᠰ ᠢ ᠠᠪᠴᠤ ᠣᠨᠠᠭᠠᠨ᠎ᠠ ᠭᠡᠰᠡᠨ ᠡᠨᠡᠭᠦ ᠣᠷᠤᠰᠬᠠᠯ᠂ ᠣᠯᠠᠭᠠᠨ ᠤ ᠭᠦᠳᠡᠯᠭᠡᠭᠡᠨ ᠳᠤ ᠮᠤᠯᠤᠮ ᠤᠨ ᠨᠢᠭᠡ ᠭᠡᠷ ᠭᠡᠴᠢᠨᠡᠨ ᠳᠠᠮᠤ ᠠᠮᠰᠠᠨ ᠡᠳᠡᠯ ᠪᠠᠷᠠᠭᠰᠠᠨ ᠢ ᠨᠢᠳᠤ ᠪᠠᠷ ᠶᠢᠡᠨ ᠥᠵᠡᠭ᠍ᠰᠡᠨ ᠡᠳᠡᠨᠡᠷ ᠲᠤ ᠭᠡᠯᠡᠵᠤ ᠪᠣᠯᠤᠰᠢ ᠦᠭᠡᠶ ᠣᠴᠢᠷ ᠤᠳ ᠭᠡᠮᠡᠨ ᠰᠡᠳᠭᠢᠭ᠍ᠳᠡᠨ ᠪᠣᠳᠤᠯ ᠳᠠᠭᠠᠨ ᠪᠣᠳᠤᠨ᠎ᠠ᠃

ᠨᠠᠩ ᠬᠠᠷᠠᠰᠠᠯᠳᠠᠢ ᠨᠢ ᠰᠠ‍ᠶᠢᠬᠠᠨ ᠨᠢᠷᠠᠯᠠᠭᠰᠠᠨ ᠰᠠᠷ᠎ᠠ ᠥᠩᠭᠡᠷᠡᠭᠡᠳ ᠳᠠᠮᠠᠢ ᠣᠳᠠᠭ᠎ᠠ ᠦᠭᠡᠶ ᠳᠤ ᠨᠢ ᠨᠤᠳᠤᠭ ᠤᠨ ᠨᠤᠶᠠᠤᠨ᠂ ᠬᠠᠷᠭᠢᠰ ᠬᠠᠪᠴᠢᠯᠭ᠎ᠠ ᠪᠡᠷ 《ᠭᠠᠵᠠᠷ ᠤᠨ ᠡᠵᠡᠨ ᠤ ᠦᠬᠢᠨ》 《ᠥᠮᠡᠭᠡᠢ ᠶ‍ᠢᠰᠦᠳᠦᠭᠡᠷ》 《ᠦᠪᠣᠷ ᠠᠷᠠᠤᠨ ᠤᠨ ᠨᠠᠮ》 ᠭᠡᠵᠤ ᠮᠠᠭᠤᠬᠠᠢ ᠨᠠᠷ᠎ᠠ ᠪᠠᠷ ᠡᠯᠳᠡᠭ᠍ᠳᠡᠨ ᠪᠠᠢ᠌ᠵᠤ ᠡᠨᠡ ᠣᠷᠴᠢᠯᠠᠩ ᠡᠴᠡ ᠰᠠᠯᠵᠤ᠂ ᠮᠤᠯᠤᠮ ᠮᠠᠨᠢ ᠡᠨᠡ ᠨᠠᠰᠤᠨ ᠳᠠᠭᠠᠨ ᠪᠣᠰᠴᠤ ᠳᠡᠢ᠌ᠯᠭᠦ ᠦᠭᠡᠶ ᠣᠯᠤᠰ ᠳᠦᠷᠤ ᠶᠢᠨ ᠶᠠᠯᠠᠳᠠᠨ ᠤ ᠬᠠᠷ᠎ᠠ ᠨᠠᠷ᠎ᠠ ᠶᠢ ᠨᠦᠮᠦᠷᠢᠨ᠂ ᠠᠮᠠᠷᠠᠭ ᠭᠡᠷᠭᠡᠢ ᠪᠠᠨ ᠠᠯᠠᠭᠤᠯᠴᠢᠬᠠᠭᠠᠤᠨ ᠦᠷᠦᠭᠡᠰᠤᠨ ᠥᠭᠡ ᠴᠤ ᠣᠯᠵᠤ ᠶᠠᠷᠢᠭᠰᠠᠨ ᠦᠭᠡᠶ᠂ ᠠᠯᠠᠭ ᠦᠷ᠎ᠡ ᠪᠠᠨ ᠥᠨᠦᠴᠢᠷᠡᠭᠦᠯᠤᠨ᠂ ᠣᠳᠤ ᠪᠣᠯᠳᠠᠯ᠎ᠠ ᠮᠤᠯᠤᠮ ᠤᠨ ᠮᠠᠨᠢ ᠭᠢᠯᠢᠰ ᠭᠦᠵᠢᠷ ᠢ ᠴᠠᠭᠠᠳᠬᠠᠵᠤ ᠦᠭ‍ᠭᠦᠭ᠍ᠰᠡᠨ ᠭᠦᠮᠤᠨ ᠦᠭᠡᠶ ᠰᠢᠤ ᠭᠡᠵᠤ ᠰᠢᠪᠠᠨᠠᠯᠳᠤᠨ᠎ᠠ᠃

ᠬᠤᠨᠢ ᠮᠠᠯ ᠤᠨ ᠬᠣᠢ᠌ᠨ᠎ᠠ ᠡᠴᠡ ᠮᠤᠯᠤᠮ ᠮᠠᠨᠢ ᠡᠳᠦᠢ ᠵᠢᠯ ᠭᠦᠶ‍ᠦᠭᠡᠳ ᠦᠨᠦᠳᠤᠷ ᠤᠨ ᠮᠠᠳᠤ ᠪᠠᠷ ᠳᠤᠤᠷ᠎ᠠ ᠣᠨᠠᠨ᠂ ᠭᠠᠷᠴᠤ ᠣᠷᠤᠬᠤ ᠶᠢᠨ ᠵᠠᠪᠰᠠᠷ ᠪᠣᠯᠵᠤ ᠪᠠᠢ᠌ᠭ᠎ᠠ ᠶᠢ ᠳᠡᠭ᠍ᠷᠢ ᠭᠡᠳᠡᠭ᠌ ᠲᠦᠮᠡᠨ ᠨᠢᠳᠤ ᠲᠡᠶ ᠶᠤᠮ ᠦᠦ⁈ ᠨᠢᠳᠤ ᠦᠭᠡᠶ ᠰᠤᠬᠤᠷ ᠶᠤᠮ ᠦᠦ⁈ ᠨᠠᠰᠤᠨ ᠳᠤᠷᠰᠢ ᠬᠠᠯᠠ ᠳᠠᠮᠤ ᠠᠮᠰᠠᠨ᠂ ᠥᠭᠦᠨ ᠥᠭᠦᠳᠡᠯ᠎ᠡ ᠪᠠᠨ ᠵᠢᠷᠭᠠᠯ ᠭᠡᠳᠡᠭ᠌ ᠢ ᠣᠯᠵᠤ ᠡᠳ᠋ᠯᠡᠭᠦ ᠦᠭᠡᠶ ᠶᠠᠪᠣᠴᠢᠬᠠᠪᠠᠯ ᠥᠨᠡᠭᠡᠷ ᠬᠠᠷᠠᠮᠰᠠᠯᠳᠠᠢ ᠭᠡᠵᠡᠭᠡᠨ᠎ᠡ︕

ᠰᠢᠷ᠎ᠠ ᠭᠦᠤ ᠬᠤᠪᠢᠰᠬᠠᠯ ᠠᠪᠣ ᠶᠢᠨ ᠶᠢᠡᠨ ᠳᠤᠯᠤᠭᠠᠢ ᠶᠢᠨ ᠥᠵᠦᠭᠦᠷ ᠲᠤ ᠢᠷᠠᠵᠤ᠄

᠊᠊᠊᠊᠊᠊᠊᠊᠊᠊᠊᠊᠊᠊᠊᠊᠊᠊᠊᠊᠊᠊᠊᠊᠊᠊᠊᠊᠊ ᠣᠰᠤ ᠣᠤᠭᠤᠨ᠎ᠠ ᠦᠦ︖ ᠭᠡᠪᠠᠯ ᠮᠤᠯᠤᠮ ᠮᠠᠨᠢ ᠳᠤᠯᠤᠭᠠᠢ ᠪᠠᠨ ᠰᠠᠵᠢᠯᠠᠨ ᠶᠠᠭᠤ ᠭᠡᠯᠡᠭᠦ ᠭᠡᠰᠡᠨ ᠰᠢᠭ᠌ ᠠᠮᠠᠨ ᠳᠤᠳᠤᠷᠠᠭᠢ ᠰᠢᠯᠤᠰᠤ ᠪᠠᠨ ᠠᠭᠠᠵᠢᠮ ᠵᠠᠯᠭᠢᠨ᠄

᠊᠊᠊᠊᠊᠊᠊᠊᠊᠊᠊᠊᠊᠊᠊᠊᠊᠊᠊᠊᠊᠊᠊᠊᠊᠊᠊᠊ ᠭᠦᠤ ᠮᠢᠨᠢ︕ ᠠᠪᠣ ᠴᠢᠨᠢ ᠭᠦᠯ ᠳᠤ ᠣᠷᠤᠭᠰᠠᠨ ᠡᠴᠡ ᠠᠪᠣᠭᠠᠤᠨ ᠣᠳᠤ ᠳᠤ ᠳᠤᠯᠳᠠᠯ᠎ᠠ ᠣᠨᠠᠵᠤ ᠥᠵᠡᠭᠡ ᠦᠭᠡᠶ᠂ ᠭᠡᠳᠡᠯ᠎ᠡ ᠦᠨᠦᠳᠤᠷ ᠠᠪᠣ ᠴᠢᠨᠢ ᠭᠠᠵᠠᠷ ᠣᠨᠠᠯ᠎ᠠ᠂ ᠪᠠᠷᠤᠭ ᠳᠠᠭᠢᠵᠤ ᠪᠣᠰᠴᠤ ᠳᠡᠢ᠌ᠯᠭᠦ ᠦᠭᠡᠶ ᠪᠣᠯᠤᠭᠰᠠᠨ᠂ ᠭᠡᠪᠠᠴᠤ ᠭᠦᠤ ᠮᠢᠨᠢ ᠬᠤᠵᠢᠮ ᠡᠷ᠎ᠡ ᠶᠢᠨ ᠴᠡᠭᠡᠯ ᠳᠤ ᠭᠦᠷᠴᠤ ᠡᠷ᠎ᠡ ᠭᠦᠮᠤᠨ ᠤ ᠳᠡᠷᠡᠭᠦ ᠰᠦᠰᠦ ᠶᠢ ᠠᠳᠬᠤᠨ ᠠᠮᠢᠳᠤᠷᠠᠯ ᠶᠢᠡᠨ ᠥᠭᠡᠳᠡᠯᠡᠭᠦᠯᠵᠤ ᠶᠠᠪᠣᠨ᠎ᠠ ᠰᠢᠤ᠁ ᠪᠠᠷᠤᠭ ᠭᠡᠳ ᠵᠤᠭᠰᠤᠩᠭ᠋ᠣᠢ᠌ᠷᠠᠨ᠂ ᠠᠯᠠᠭ ᠬᠤᠶᠠᠷ ᠨᠢᠳᠤ ᠪᠠᠷ ᠶᠢᠡᠨ ᠬᠠᠭᠠᠯᠠᠭ᠎ᠠ ᠡᠴᠡ ᠭᠠᠳᠠᠭᠰᠢ ᠬᠠᠷᠠᠨ᠂ ᠦᠰᠴᠦ ᠳᠦᠷᠦᠭ᠍ᠰᠡᠨ ᠥᠯᠦᠭᠡᠢ ᠨᠤᠳᠤᠭ ᠪᠦᠦᠪᠠᠢ ᠶᠢᠨ ᠳᠠᠯ᠎ᠠ ᠵᠥᠭ᠌ ᠨᠢᠳᠤᠨ ᠳᠡᠭᠡᠨ ᠵᠠᠢ᠌ᠷᠳᠠᠢ ᠪᠠᠷ ᠰᠢᠷᠳᠠᠨ᠎ᠠ᠃

ᠨᠤᠳᠤᠭ ᠤᠨ ᠶᠢᠡᠨ ᠭᠦᠷᠦᠰᠤᠨ ᠳᠡᠭᠡᠷ᠎ᠡ ᠳᠠᠪᠢᠭᠠᠤᠨ ᠵᠢᠯ ᠰᠢᠷᠤᠢ ᠭᠦᠳᠡᠯᠭᠡᠵᠤ ᠶᠠᠪᠣᠬᠤ ᠳᠠᠭᠠᠨ ᠮᠤᠯᠤᠮ ᠮᠠᠨᠢ ᠨᠤᠳᠤᠭ ᠣᠰᠤ᠂ ᠠᠮᠢ ᠬᠤᠪᠢ᠂ ᠠᠮᠢᠳᠤᠷᠠᠯ ᠦᠷ᠎ᠡ ᠭᠡᠳ ᠵᠢᠳᠭᠦᠨ ᠶᠠᠪᠣᠬᠤ ᠳᠤ ᠨᠤᠳᠤᠭ ᠣᠰᠤᠨ ᠤ ᠭᠢᠨ᠂ ᠠᠷᠠᠤᠨ ᠤᠨ ᠬᠤᠪᠢᠰᠬᠠᠯ ᠮᠤᠯᠤᠮ ᠳᠤ ᠮᠠᠨᠢ ᠴᠢᠨ᠋ᠸ᠎ᠠ ᠶᠢᠨ ᠠᠷᠠᠰᠤ ᠨᠥᠮᠦᠷᠢᠭᠦᠯᠤᠨ᠂ ᠥᠭᠦᠨ ᠥᠭᠦᠳᠡᠯ᠎ᠡ ᠨᠢᠳᠤ ᠠᠨᠢᠳᠠᠯ᠎ᠠ ᠴᠠᠭᠠᠳᠬᠠᠵᠤ ᠦᠭ‍ᠭᠦᠭ᠍ᠰᠡᠨ ᠦᠭᠡᠶ ᠳᠤ ᠭᠤᠮᠳᠠᠨ᠎ᠠ︕ 《ᠭᠠᠵᠠᠷ ᠤᠨ ᠡᠵᠡᠨ ᠢ ᠴᠤᠭᠢᠵᠤ ᠣᠨᠠᠭᠠᠶ᠎ᠠ》 《ᠦᠪᠣᠷ ᠠᠷᠠᠤᠨ ᠤᠨ ᠨᠠᠮ ᠢ ᠮᠠᠯᠳᠠᠨ ᠭᠠᠷᠭᠠᠶ᠎ᠠ》 《ᠥᠮᠡᠭᠡᠢ ᠶ‍ᠢᠰᠦᠳᠦᠭᠡᠷ ᠤᠨ ᠰᠡᠭᠦᠯ ᠢ ᠣᠭᠳᠤᠯᠤᠶ᠎ᠠ》 ᠭᠡᠭᠦ ᠣᠷᠢᠶ᠎ᠠ ᠯᠤᠤᠽᠤᠩ ᠬᠠᠰᠭᠢᠷᠤᠯᠳᠤᠨ ᠶᠠᠪᠣᠭᠰᠠᠨ ᠨᠤᠳᠤᠭ ᠤᠨ ᠭᠦᠮᠦᠰ ᠪᠠ ᠣᠯᠠᠭᠠᠨ ᠬᠠᠮᠠᠭᠠᠯᠠᠬᠤ ᠴᠡᠷᠢᠭ᠌ ᠤᠨ ᠨᠤᠶᠠᠤᠨ ᠪᠠᠶᠠᠤᠨ ᠢ ᠪᠦᠭᠦᠢᠴᠡᠯᠭᠡᠭᠦ ᠭᠦᠳᠡᠯᠭᠡᠭᠡᠨ ᠳᠤᠮᠳᠠ ᠠᠮᠢᠨ ᠬᠠᠢ᠌ᠷᠠᠳᠠᠢ ᠠᠮᠠᠷᠠᠭ ᠭᠡᠷᠭᠡᠢ ᠪᠠᠨ ᠣᠯᠠᠨ ᠲᠦᠮᠡᠨ ᠳᠤ ᠪᠦᠭᠦᠢᠴᠡᠯᠭᠡᠨ ᠰᠥᠭᠦᠳᠴᠤ᠂ ᠬᠤᠪᠢᠰᠬᠠᠯ ᠤᠨ ᠡᠰᠡᠷᠭᠦ ᠴᠤᠭᠢᠯᠳᠠ ᠦᠭ‍ᠭᠦᠭ᠍ᠰᠡᠨ ᠡᠭᠡᠨᠡᠷ ᠶᠢᠡᠨ ᠴᠠᠭᠠᠳᠬᠠᠵᠤ ᠳᠡᠢ᠌ᠯᠦᠭ᠍ᠰᠡᠨ ᠦᠭᠡᠶ ᠠᠯᠠᠭ ᠨᠢᠳᠤ ᠪᠠᠷ ᠦᠵᠡᠨ ᠪᠠᠢ᠌ᠵᠤ ᠣᠯᠠᠭᠠᠨ ᠬᠠᠮᠠᠭᠠᠯᠠᠬᠤ ᠴᠡᠷᠢᠭ᠌ ᠲᠤ ᠳᠠᠰᠢᠭᠤᠷᠳᠠᠭᠳᠠᠨ ᠳᠠᠯᠠᠢ᠌ᠭᠰᠠᠨ ᠷᠤᠯᠭᠠᠷᠮ᠎ᠠ ᠳᠠᠭᠠᠨ ᠥᠭᠦᠨ ᠥᠭᠦᠳᠡᠯ᠎ᠡ ᠣᠰᠤᠯ ᠲᠡᠶ ᠶᠠᠪᠣᠬᠤ ᠳᠠᠭᠠᠨ ᠭᠤᠮᠳᠠᠨ᠎ᠠ᠃ ᠠᠪᠣ ᠶᠢᠨ ᠶᠢᠡᠨ ᠵᠢᠭᠠᠯ ᠵᠢᠭᠤᠯ ᠵᠢᠭᠠᠭᠰᠠᠨ ᠮᠤᠩᠭ᠋ᠤᠯ ᠲᠦᠪᠡᠳ ᠥᠰᠦᠭ᠌ ᠢ ᠰᠤᠷᠤᠭᠠᠤᠨ᠂ ᠨᠤᠳᠤᠭ ᠣᠰᠤᠨ ᠳᠠᠭᠠᠨ ᠪᠢᠴᠢᠭ᠌ ᠰᠤᠶᠤᠯ ᠲᠡᠶ ᠭᠡᠮᠡᠨ ᠪᠠᠭᠰᠢᠯᠠᠵᠤ ᠪᠠᠢ᠌ᠭᠰᠠᠨ ᠦᠶ᠎ᠡ ᠳᠤ 《ᠥᠮᠡᠭᠡᠢ ᠶ‍ᠢᠰᠦᠳᠦᠭᠡᠷ》 《ᠦᠪᠣᠷ ᠠᠷᠠᠤᠨ ᠤᠨ ᠨᠠᠮ》 ᠭᠡᠵᠤ ᠴᠤᠬᠤᠮ ᠶᠠᠭᠤ ᠶᠢ ᠮᠠᠳᠠᠯ ᠦᠭᠡᠶ ᠪᠠᠷ ᠨᠢᠷᠤᠭᠤᠨ ᠳᠠᠭᠠᠨ ᠬᠤᠶᠠᠷ ᠬᠠᠳᠠᠭᠠᠰᠤ ᠰᠢᠭᠠᠯᠭᠠᠨ ᠠᠮᠢᠳᠤ ᠪᠠᠶ᠎ᠠ ᠳᠡᠭᠡᠨ ᠳᠠᠮᠤᠷ ᠬᠠᠳᠠᠭᠠᠰᠤ ᠲᠡᠶ ᠬᠤᠷᠢᠭᠠᠤᠨ ᠵᠢᠯ ᠢ ᠳᠤᠭᠤᠯᠤᠨ ᠭᠡᠭᠡᠨ ᠣᠷᠳᠤᠨ ᠤ ᠠᠷᠠᠤᠨ ᠲᠦᠮᠡᠨ᠂ ᠨᠤᠳᠤᠭ ᠤᠨ ᠭᠡᠷᠭᠢᠮᠳᠡᠳ ᠨᠤᠶᠠᠤᠨ ᠤᠨ ᠬᠠᠢ᠌ᠷᠠᠯᠠᠭᠰᠠᠨ ᠠᠯᠳᠠᠨ ᠭᠠᠳᠠᠰᠤ ᠲᠡᠶ᠂ ᠡᠨᠡ ᠣᠷᠴᠢᠯᠠᠩ ᠡᠴᠡ ᠰᠠᠯᠤᠭᠰᠠᠨ ᠴᠤ ᠪᠠᠶ᠎ᠠ ᠳᠡᠭᠡᠨ ᠠᠪᠣᠭᠠᠤᠨ ᠶᠠᠪᠣᠬᠤ ᠳᠠᠭᠠᠨ ᠭᠤᠮᠤᠳᠠᠨ᠎ᠠ︕

ᠣᠭᠢᠯᠠᠵᠤ ᠢᠷᠡᠭᠡᠳ ᠣᠭᠢᠯᠠᠭᠤᠯᠵᠤ ᠪᠣᠴᠠᠭᠠᠳᠠᠭ ᠬᠤᠷᠸ᠎ᠠ᠂ ᠭᠦᠮᠤᠨ ᠭᠦᠮᠤᠨ ᠶᠢᠡᠨ ᠢᠳᠡᠳᠡᠭ᠌ ᠨᠡᠢ᠌ᠭᠡᠮ ᠤᠨ ᠰᠢᠷᠦᠭᠦᠨ ᠣᠷᠤᠰᠬᠠᠯ᠂ ᠭᠡᠭᠡᠨ ᠣᠷᠳᠤᠨ ᠤ ᠵᠡᠭᠦᠨ ᠪᠠᠷᠠᠭᠤᠨ ᠵᠠᠬ᠎ᠠ ᠳᠤ ᠭᠠᠷᠤᠭ᠎ᠠ ᠦᠭᠡᠶ ᠮᠤᠯᠤᠮ ᠮᠠᠨᠠᠢ ᠵᠠᠯᠭᠠᠭᠠᠤᠨ᠄

᠊᠊᠊᠊᠊᠊᠊᠊᠊᠊᠊᠊᠊᠊᠊᠊᠊᠊᠊᠊᠊᠊᠊᠊᠊᠊᠊᠊ ᠭᠦᠤ ᠮᠢᠨᠢ᠂ ᠬᠤᠵᠢᠮ ᠠᠳᠠᠯ ᠠᠮᠢᠳᠤᠷᠠᠯ ᠶᠢᠡᠨ ᠪᠣᠰᠬᠠᠭᠰᠠᠨ ᠤ ᠰᠡᠭᠦᠯᠡᠷ ᠦᠷ᠎ᠡ ᠬᠡᠦᠬᠡᠳ ᠶᠢᠡᠨ ᠵᠠᠯᠭᠠᠭᠠᠤᠨ ᠮᠤᠩᠭ᠋ᠤᠯ ᠭᠡᠯᠡ ᠶᠢᠡᠷ ᠣᠩᠰᠢᠭᠤᠯ︕ ᠮᠤᠩᠭ᠋ᠤᠯ ᠰᠤᠶᠤᠯ ᠶᠢᠡᠷ ᠰᠤᠷᠭ᠎ᠠ᠂ ᠮᠠᠨ ᠤ ᠳᠡᠭᠡᠳᠦᠰ ᠬᠤᠨᠢ ᠮᠠᠯ ᠤᠨ ᠬᠣᠢ᠌ᠨ᠎ᠠ ᠡᠴᠡ ᠶᠠᠪᠣᠭᠠᠤᠨ ᠣᠳᠤ ᠳᠤ ᠢᠷᠡᠭ᠍ᠰᠡᠨ᠂ ᠴᠢ ᠴᠤ ᠵᠠᠯᠭᠠᠮᠵᠢᠯᠠᠬᠤ ᠶᠤᠰᠤᠳᠠᠢ᠂ ᠮᠤᠩᠭ᠋ᠤᠯ ᠭᠦᠮᠤᠨ ᠭᠡᠵᠤ ᠮᠠᠯ ᠤᠨ ᠳᠤᠭᠤᠰᠤᠨ ᠳᠤ ᠳᠠᠷᠤᠭᠳᠠᠳᠠᠭ ᠦᠭᠡᠶ ᠰᠢᠤ᠁ ᠭᠡᠳ ᠰᠢᠯᠤᠰᠤ ᠪᠠᠨ ᠵᠠᠯᠭᠢᠯ᠎ᠠ᠃

ᠨᠠᠮ᠎ᠠ ᠶᠢ ᠥᠭᠦᠭ᠍ᠰᠡᠨ ᠤ ᠰᠡᠭᠦᠯᠡᠷ ᠳᠡᠷᠳᠡᠭᠡ ᠵᠤ᠋ ᠶᠢᠨ ᠡᠩᠭᠡᠷ ᠲᠤ ᠭᠦᠳᠡᠭᠡᠯᠡᠨ ᠣᠷᠤᠰᠢᠭᠤᠯ ᠡ︕ ᠨᠤᠳᠤᠭ ᠤᠨ ᠮᠢᠨᠢ ᠨᠤᠬᠠᠢ ᠰᠢᠪᠠᠭᠤᠳ ᠢᠳᠡᠭ᠌᠂ ᠭᠦᠤ ᠮᠢᠨᠢ ᠠᠮᠢᠳᠤᠷᠠᠯ ᠳᠠᠭᠠᠨ ᠡᠷ᠎ᠡ ᠭᠦᠮᠤᠨ ᠪᠣᠯᠤᠨ᠂ ᠨᠤᠳᠤᠭ ᠲᠠᠭᠠᠨ ᠴᠤ ᠡᠷ᠎ᠡ ᠭᠦᠮᠤᠨ ᠪᠣᠯ︕ ᠭᠡᠳ ᠭᠦᠴᠦᠳᠡᠢ ᠭᠡᠳᠤᠨ ᠥᠭᠡ ᠪᠠᠨ ᠭᠡᠯᠡᠭᠡᠳ ᠣᠷᠳᠤ ᠭᠡᠭ᠍ᠴᠢ ᠠᠮᠢᠰᠬᠤᠭ᠎ᠠ ᠠᠪᠤᠨ ᠳᠠᠭᠢᠭᠠᠤᠨ ᠶᠠᠷᠤ ᠨᠢ ᠴᠢᠮᠡᠭᠡ ᠦᠭᠡᠶ᠂ ᠡᠨᠡᠭᠦ ᠳᠤᠭᠤᠰᠤᠳᠤ ᠣᠷᠴᠢᠯᠠᠩ ᠤᠨ ᠥᠢᠮᠡᠭᠡᠨ ᠱᠤᠤᠭᠢᠶᠠᠨ ᠡᠴᠡ ᠬᠤᠯᠠᠳᠠᠨ ᠦᠨᠢᠳᠠ ᠠᠩᠵᠢᠷᠠᠯ᠎ᠠ᠃ ᠨᠤᠳᠤᠭ ᠤᠨ ᠪᠣᠷᠤ ᠭᠦᠷᠦᠰᠤᠨ ᠳᠡᠭᠡᠷ᠎ᠡ ᠪᠠᠨ ᠮᠦᠷ ᠶᠢᠡᠨ ᠦᠯᠦ ᠭᠠᠷᠭᠠᠵᠤ ᠴᠢᠳᠠᠨ ᠮᠥᠩᠭᠡ ᠪᠣᠰᠤ ᠶᠢᠨ ᠳᠦᠷᠢ ᠪᠠᠨ ᠥᠵᠡᠭᠦᠯᠤᠨ ᠭᠡᠭᠡᠨ ᠣᠷᠳᠤᠨ ᠤ ᠭᠤᠪᠢ ᠮᠠᠩᠬ᠎ᠠ ᠡᠴᠡ ᠠᠶᠠᠷᠯᠠᠨ ᠰᠠᠯᠤᠯ᠎ᠠ᠃

ᠡ︕ ᠭᠦᠭᠡᠷᠦᠭᠦᠢ︕ ᠡᠪᠦᠭᠡᠨ ᠮᠤᠯᠤᠮ ᠮᠠᠨᠢ ᠭᠦᠳᠡᠭᠡ ᠨᠤᠳᠤᠭ ᠲᠠᠭᠠᠨ ᠴᠢᠨ᠋ᠸ᠎ᠠ ᠶᠢᠨ ᠠᠷᠠᠰᠤ ᠨᠦᠮᠦᠷᠢᠨ᠂ ᠥᠭᠦᠨ ᠥᠭᠦᠳᠡᠯ᠎ᠡ ᠳᠤᠯᠤᠭᠠᠢ ᠦᠨᠳᠠᠢ᠌ᠯ ᠦᠭᠡᠶ᠂ ᠭᠡᠯᠡᠶ᠎ᠡ ᠭᠡᠰᠡᠨ ᠥᠭᠡ ᠪᠠᠢ᠌ᠪᠠᠴᠤ ᠭᠡᠯᠡᠵᠤ ᠴᠢᠳᠠᠯ ᠦᠭᠡᠶ᠂ ᠭᠢᠶ᠎ᠠ ᠭᠡᠰᠡᠨ ᠠᠵᠤ ᠪᠠᠢ᠌ᠪᠠᠴᠤ ᠭᠢᠵᠤ ᠳᠡᠢ᠌ᠯᠦᠭ᠍ᠰᠡᠨ ᠦᠭᠡᠶ᠂ ᠨᠠᠰᠤᠨ ᠳᠤᠷᠰᠢᠳᠠ ᠴᠡᠭᠡᠵᠢ ᠪᠠᠭᠳᠠᠷᠠᠮ᠎ᠠ ᠠᠭᠤᠷ ᠭᠢᠯᠢᠩ ᠶᠢᠡᠨ ᠳᠠᠷᠤᠨ ᠥᠭᠡ ᠮᠡᠳᠡᠳᠡᠭ᠌ ᠦᠭᠡᠶ ᠬᠤᠨᠢ ᠮᠠᠯ ᠲᠡᠶ ᠪᠠᠨ ᠢᠵᠢᠯᠢᠰᠢᠨ ᠳᠠᠰᠤᠯᠴᠠᠨ᠂ ᠪᠠᠷᠤᠭ ᠯᠠ ᠬᠤᠪᠢᠨ ᠤ ᠭᠡᠯᠡᠶ᠎ᠡ ᠭᠡᠰᠡᠨ ᠥᠭᠡ ᠪᠠᠨ᠂ ᠭᠡᠯᠡᠵᠤ ᠪᠣᠯᠳᠠᠭ ᠦᠭᠡᠶ ᠨᠢᠭᠤᠴᠠ ᠰᠡᠳᠭᠢᠯ ᠤᠨ ᠰᠢᠷᠬᠠᠯᠠᠯ ᠶᠢᠡᠨ ᠬᠤᠨᠢ ᠮᠠᠯ ᠳᠠᠭᠠᠨ ᠶᠠᠷᠢᠨ᠂ ᠨᠤᠳᠤᠭ ᠤᠨ ᠣᠯᠠᠨ ᠳᠠᠭᠠᠨ᠂ ᠨᠤᠶᠠᠤᠨ ᠭᠡᠷᠭᠢᠮᠳᠡᠳ ᠳᠡᠭᠡᠨ᠂ ᠠᠷᠠᠤᠨ ᠤᠨ ᠬᠤᠪᠢᠰᠬᠠᠯ ᠳᠤ ᠴᠢᠨ᠋ᠸ᠎ᠠ ᠰᠢᠭ᠌ ᠥᠵᠡᠭ᠍ᠳᠡᠳᠡᠭ᠌ ᠴᠤ ᠬᠤᠨᠢ ᠮᠠᠯ ᠥᠭᠡ ᠮᠡᠳᠡᠳᠡᠭ᠌ ᠦᠭᠡᠶ ᠶᠠᠪᠠ ᠠᠮᠢᠳᠠᠨ ᠳᠠᠭᠠᠨ ᠭᠦᠮᠤᠨ ᠰᠢᠭ᠌᠂ ᠡᠵᠡᠨ ᠨᠢ ᠰᠢᠭ᠌ ᠬᠠᠷᠠᠭᠳᠠᠵᠤ᠂ ᠬᠠᠷ᠎ᠠ ᠲᠡᠶ ᠴᠠᠭᠠᠨ ᠲᠡᠶ ᠭᠦᠮᠤᠨ ᠤ ᠣᠷᠴᠢᠯᠠᠩ ᠤᠨ ᠬᠠᠳᠠᠭᠤ ᠵᠥᠭᠡᠯᠡᠨ ᠬᠠᠯᠠ ᠳᠠᠮᠤ ᠶᠢ ᠬᠠᠠᠳᠠᠯ᠎ᠠ ᠪᠠᠨ ᠠᠮᠰᠠᠭᠠᠤᠨ᠂ ᠦᠨᠡᠨ ᠶᠢᠡᠨ ᠪᠠᠢ᠌ᠭᠠᠤᠨ ᠭᠡᠯᠡᠭᠦ ᠭᠠᠵᠠᠷ ᠦᠭᠡᠶ᠂ ᠦᠴᠢᠭ᠌ ᠶᠢᠡᠨ ᠪᠠᠢ᠌ᠭᠠᠤᠨ ᠵᠠᠭᠠᠯᠳᠤᠬᠤ ᠵᠠᠰᠠᠭ ᠦᠭᠡᠶ᠂ ᠭᠦᠮᠤᠨ ᠭᠡᠳᠡᠭ᠌ ᠬᠤᠶᠠᠷ ᠭᠦᠯ ᠲᠡᠶ ᠠᠮᠢᠳᠠᠨ ᠳᠤ ᠠᠳᠠ ᠴᠢᠳᠭᠦᠷ ᠪᠣᠯᠤᠭᠠᠤᠨ᠂ ᠭᠡᠳᠥᠢᠪᠠᠷ ᠣᠳᠤ ᠰᠠ‍‌ᠶᠢ ᠣᠷᠴᠢᠯᠠᠩ ᠡᠴᠡ ᠠᠩᠵᠢᠷᠠᠵᠤ ᠣᠯᠠ ᠮᠦᠷ ᠥᠯᠡᠳᠡᠭᠡᠵᠤ ᠴᠢᠳᠠᠯ ᠦᠭᠡᠶ ᠶᠠᠪᠣᠯ᠎ᠠ ᠴᠤ ᠦᠨᠡᠨ ᠳᠡᠭᠡᠨ ᠠᠯᠢ ᠡᠷᠳᠡ 《ᠰᠤᠶᠤᠯ ᠤᠨ ᠬᠤᠪᠢᠰᠬᠠᠯ》 ᠊ᠤᠨ ᠦᠶ᠎ᠡ ᠳᠤ ᠠᠮᠢᠳᠤ ᠵᠢᠷᠦᠭᠡ ᠨᠢ ᠥᠭᠦᠭᠡᠳ ᠠᠮᠢᠨ ᠰᠦᠨᠠᠰᠤ ᠨᠢ ᠵᠠᠮᠬᠠᠷᠠᠭᠠᠤᠨ᠂ ᠭᠦᠮᠤᠨ ᠭᠡᠳ ᠪᠣᠰᠤᠭ᠎ᠠ ᠠᠯᠬᠤᠵᠤ ᠶᠠᠪᠣᠭᠰᠠᠨ ᠴᠤ ᠬᠤᠨᠢ ᠮᠠᠯ ᠰᠢᠭ᠌ ᠳᠦᠷᠪᠠᠨ ᠮᠥᠴᠢᠯᠡᠳᠡᠭ᠌ ᠠᠮᠢᠳᠠᠨ ᠡᠴᠡ ᠴᠤ ᠳᠤᠤᠷ᠎ᠠ᠂ ᠬᠠᠭᠠᠰ ᠠᠮᠢᠳᠤ ᠬᠠᠭᠠᠰ ᠥᠭᠦᠯ ᠤᠨ ᠬᠤᠭᠤᠷᠤᠠᠳᠤ ᠳᠠᠷᠴᠢᠯᠭᠠᠭᠳᠠᠨ᠂ ᠦᠨᠦᠴᠢᠨ ᠭᠦᠤ ᠶᠢᠨ ᠶᠢᠡᠨ ᠲᠦᠯᠦᠭᠡ ᠡᠳᠦᠢ ᠪᠣᠯᠳᠠᠯ᠎ᠠ ᠵᠢᠳᠭᠦᠨ ᠶᠠᠪᠣᠭᠰᠠᠨ ᠨᠢ ᠦᠨᠡᠨ ᠶᠤᠮ᠃

ᠨᠤᠳᠤᠭ ᠲᠠᠭᠠᠨ ᠴᠢᠨ᠋ᠸ᠎ᠠ ᠪᠣᠯᠵᠤ᠂ ᠬᠤᠨᠢ ᠮᠠᠯ ᠳᠠᠭᠠᠨ ᠡᠵᠡᠨ ᠨᠢ ᠪᠣᠯᠵᠤ᠂ ᠡᠴᠢᠨᠡᠨ ᠵᠢᠯ ᠴᠢᠨ᠋ᠸ᠎ᠠ ᠶᠢᠨ ᠠᠷᠠᠰᠤ ᠨᠥᠮᠦᠷᠢᠭ᠍ᠰᠡᠨ ᠮᠤᠯᠤᠮ ᠮᠠᠨᠠᠢ ᠭᠡᠴᠢᠨᠡᠨ ᠭᠤᠮᠤᠳᠠᠯ ᠪᠣᠭᠢᠨᠢᠳᠤᠯ ᠶᠢᠡᠷ ᠡᠨᠡ ᠣᠷᠴᠢᠯᠠᠩ ᠡᠴᠡ ᠰᠠᠯᠤᠭᠰᠠᠨ ᠪᠣᠯ ⁈ ᠠᠯᠢ ᠨᠢᠭᠡ ᠡᠳᠦᠷ ᠮᠤᠯᠤᠮ ᠤᠨ ᠮᠠᠨᠢ ᠴᠢᠨ᠋ᠸ᠎ᠠ ᠶᠢᠨ ᠠᠷᠠᠰᠤ ᠶᠢ ᠰᠢᠭᠠᠯᠤᠨ ᠠᠪᠴᠤ᠂ ᠦᠨᠡᠨ ᠳᠦᠷᠢ ᠶᠢ ᠨᠢ ᠢᠯᠡᠷᠡᠭᠦᠯᠤᠨ᠂ ᠨᠤᠳᠤᠭ ᠳᠭᠠᠨ ᠡᠷ᠎ᠡ ᠪᠣᠰᠤᠭ᠎ᠠ ᠶᠠᠪᠣᠭᠰᠠᠨ ᠮᠤᠯᠤᠮ ᠤᠨ ᠶᠠᠰᠤ ᠶᠢ ᠰᠢᠬᠠᠷᠠᠭᠤᠯᠳᠠᠭ ᠪᠣᠯ ⁈ ᠭᠡᠵᠢᠶ᠎ᠡ ᠨᠢᠭᠡ ᠡᠳᠦᠷ ᠮᠤᠯᠤᠮ ᠤᠨ ᠭᠢᠯᠢᠰ ᠭᠦᠵᠢᠷ ᠶᠠᠯ᠎ᠠ ᠭᠢᠯᠢᠠᠴᠠ ᠶᠢ ᠴᠠᠭᠠᠳᠬᠠᠨ ᠭᠦᠮᠤᠨ ᠤ ᠳᠦᠷᠤᠯ ᠳᠤ ᠣᠷᠤᠭᠤᠯᠳᠠᠭ ᠪᠣᠯ ⁈

ᠠᠪᠣ ᠶᠢᠨ ᠶᠢᠡᠨ ᠠᠮᠢ ᠳᠠᠯᠪᠢᠭᠰᠠᠨ ᠢ ᠥᠵᠡᠭᠡᠳ ᠰᠢᠷ᠎ᠠ ᠭᠦᠤ ᠡᠭᠡᠷ ᠳᠠᠳᠠᠨ ᠣᠭᠢᠯᠠᠨ᠎ᠠ᠃ ᠨᠠᠮᠠᠬᠠᠢ ᠵᠢᠭᠡ ᠪᠠᠨ ᠠᠷᠭᠠᠳᠠᠨ ᠭᠠᠳᠠᠨ᠎ᠠ ᠭᠠᠷᠪᠠ᠃ ᠭᠤᠮᠪᠣᠵᠠᠪ ᠠᠯᠢᠪᠠ ᠶᠢ ᠭᠦᠢᠴᠡᠳᠭᠡᠨ ᠴᠠᠭᠠᠨ ᠪᠦᠰ ᠶᠢᠡᠷ ᠨᠢᠭᠤᠷ ᠢ ᠨᠢ ᠪᠦᠳᠦᠭᠡᠨ ᠵᠢᠯ ᠢ ᠨᠢ ᠦᠵᠡᠵᠤ ᠭᠦᠳᠡᠯᠭᠡᠭᠦ ᠴᠠᠭ ᠢ ᠨᠢ ᠳᠤᠭᠳᠠᠭᠠᠨ᠂ ᠵᠢᠭ᠍ᠵᠢᠳ ᠬᠤᠷᠭ᠎ᠠ᠂ ᠮᠠᠨᠢᠯᠠ ᠬᠤᠷᠭ᠎ᠠ ᠶᠢ ᠣᠩᠰᠢᠵᠤ ᠰᠦᠨᠠᠰᠤ ᠮᠦᠷ ᠢ ᠨᠢ ᠵᠢᠭᠠᠨ ᠮᠤᠯᠤᠮ ᠤᠨ ᠭᠡᠯᠡᠭ᠍ᠰᠡᠨ ᠶᠤᠰᠤᠭᠠᠷ ᠠᠳᠤᠭᠤᠨ ᠳᠤᠪᠣ ᠶᠢᠨ ᠡᠮᠦᠨ᠎ᠡ ᠡᠩᠭᠡᠷ ᠲᠤ ᠭᠦᠳᠡᠭᠡᠯᠡᠨ ᠣᠷᠤᠰᠢᠭᠤᠯᠪᠠ᠃

ᠣᠷᠤᠰᠢᠭᠤᠯᠬᠤ ᠦᠶᠡᠰ ᠨᠠᠮᠠᠬᠠᠢ ᠬᠤᠳᠤᠭᠳᠤ ᠣᠷᠤᠰᠢᠭᠤᠯᠭ᠎ᠠ ᠶᠢᠨ ᠥᠭᠡ ᠪᠠᠷ ᠮᠤᠯᠤᠮ ᠢ ᠣᠷᠤᠰᠢᠭᠤᠯᠤᠨ ᠳᠠᠭᠢᠪᠠ᠃ ᠳᠡᠭᠦᠨ ᠤ ᠶᠡᠭᠡ ᠲᠦᠯᠤᠪ ᠠᠨᠤ᠄

ᠬᠤᠷᠤᠢ᠂ ᠬᠤᠷᠤᠢ᠂ ᠬᠤᠷᠤᠢ

ᠣᠮ ᠮᠠ ᠨᠢ ᠪᠠᠤᠨ ᠮᠢ ᠾᠦᠩ

ᠣᠷᠭᠤᠬᠤ ᠨᠠᠷᠠ ᠶᠢ ᠦᠵᠡᠯ᠎ᠠ ᠴᠢ

ᠣᠨᠠᠬᠤ ᠨᠠᠷᠠ ᠶᠢ ᠴᠤ ᠦᠵᠡᠯ᠎ᠠ ᠴᠢ

ᠣᠴᠢᠷ ᠪᠦᠭᠦᠨ ᠶᠢᠡᠨ ᠳᠠᠭᠤᠰᠬᠠᠯ᠎ᠠ ᠴᠢ

ᠣᠳᠤ ᠶᠠᠪᠣᠬᠤ ᠨᠢ ᠳᠠᠭᠠᠷᠠᠬᠤ ᠶᠤᠮ᠃

ᠳᠡᠭᠡᠳᠦᠰ ᠤᠨ ᠶᠢᠡᠨ ᠳᠡᠷᠭᠡᠳᠡ ᠭᠦᠷᠴᠤ

ᠳᠡᠭ᠍ᠷᠢ ᠶᠢᠨ ᠵᠠᠶᠠᠭ᠎ᠠ ᠶᠢ ᠭᠦᠯᠢᠶᠡᠨ

ᠳᠦᠷᠤᠯ ᠳᠦᠷᠦᠭ᠍ᠰᠡᠳ ᠶᠢᠡᠨ ᠢᠪᠠᠭᠡᠨ

ᠲᠦᠮᠡᠨ ᠤ ᠪᠠᠷᠭᠡ ᠶᠢ ᠠᠪᠴᠤ ᠶᠠᠪᠣᠭᠠᠷᠠᠢ︕

ᠳᠠᠷᠴᠠᠭ ᠭᠡᠢ᠌ᠰᠦᠭ᠍ᠰᠡᠨ ᠳᠠᠷᠠ ᠳᠠᠯ᠎ᠠ ᠪᠠᠷ

ᠳᠦᠷᠤᠯᠭᠢ ᠨᠤᠳᠤᠭ ᠲᠠᠭᠠᠨ ᠪᠣᠴᠠᠨ ᠢᠷᠡᠭᠡᠷᠡᠢ︕

ᠳᠠᠪᠤᠨ ᠳᠠᠷᠢᠶ᠎ᠠ ᠳᠠᠪᠤᠨ ᠬᠤᠰᠢᠭᠤ ᠪᠠᠨ

ᠳᠠᠭᠢᠨ ᠡᠳ᠋ᠯᠡᠭᠦ ᠪᠠᠷ ᠳᠦᠷᠢ ᠠᠪᠤᠨ ᠢᠷᠡᠭᠡᠷᠡᠢ︕

ᠭᠡᠰᠢᠭ᠌ ᠣᠠᠳᠤᠷᠤᠭᠰᠠᠨ ᠭᠦᠮᠤᠨ ᠤ ᠣᠷᠴᠢᠯᠠᠩ ᠳᠠᠭᠠᠨ

ᠬᠡᠦᠬᠡᠳ ᠨᠢ ᠪᠣᠯᠤᠭᠠᠤᠨ ᠳᠠᠭᠢᠨ ᠢᠷᠡᠭᠡᠷᠡᠢ︕

ᠪᠣᠷᠬᠠᠨ ᠰᠠᠭᠢᠭᠤᠯᠰᠤᠨ ᠤ ᠢᠪᠠᠭᠡᠯ ᠳᠤ ᠭᠦᠷᠳᠡᠨ

ᠪᠣᠶᠠᠠᠳᠤ ᠬᠤᠷᠸ᠎ᠠ ᠳᠠᠭᠠᠨ ᠳᠠᠭᠢᠨ ᠢᠷᠡᠭᠡᠷᠡᠢ︕

ᠬᠤᠷᠤᠢ᠂ ᠬᠤᠷᠤᠢ᠂ ᠬᠤᠷᠤᠢ

ᠣᠮ ᠮᠠ ᠨᠢ ᠪᠠᠤᠨ ᠮᠢ ᠾᠦᠩ

ᠭᠡᠵᠤ ᠨᠠᠮᠠᠬᠠᠢ ᠬᠤᠳᠤᠭᠳᠤ ᠮᠤᠯᠤᠮ ᠢ ᠣᠷᠤᠰᠢᠭᠤᠯᠤᠨ ᠮᠤᠷᠳᠠᠭᠤᠯᠤᠭᠠᠤᠨ ᠭᠠᠷ ᠲᠠᠭᠠᠨ ᠰᠦ᠋ ᠲᠡᠶ ᠬᠤᠠᠳᠠᠭ᠎ᠠ ᠶᠢ ᠠᠳᠬᠤᠨ ᠠᠷᠤ ᠡᠴᠡ ᠨᠢ ᠭᠡᠰᠢᠭ᠌ ᠪᠣᠶᠠᠨ ᠴᠠᠭᠠᠨ ᠶᠢᠡᠷ ᠳᠡᠯᠭᠡᠷᠡᠭᠦ ᠪᠣᠯᠳᠤᠭᠠᠢ ᠭᠡᠳ ᠰᠠᠷᠵᠢᠮᠯᠠᠪᠠ᠃

ᠵᠦᠰᠠᠷᠠᠨ ᠣᠷᠤᠬᠤ ᠪᠣᠷᠤᠭᠠᠨ ᠤ ᠳᠤᠰᠤᠯ ᠭᠦᠰᠡᠷ ᠭᠡᠪᠳᠡᠭᠡ ᠮᠤᠯᠤᠮ ᠤᠨ ᠪᠠᠶ᠎ᠠ ᠳᠡᠭᠡᠷ᠎ᠡ ᠳᠤᠰᠤᠨ᠂ ᠠᠯᠢᠪᠠ ᠮᠠᠭᠤ ᠮᠠᠭᠤᠬᠠᠢ ᠰᠠᠢ᠌ᠨ ᠰᠠᠢ᠌ᠬᠠᠨ ᠢ ᠨᠢ ᠢᠯᠠᠨ ᠳᠠᠯᠠᠨ ᠦᠭᠡᠶ ᠣᠭᠢᠶᠠᠨ ᠴᠠᠪᠠᠷᠯᠠᠨ᠎ᠠ᠃ ᠵᠥᠭᠡᠯᠡᠨ ᠨᠤᠭᠤᠭᠠᠨ ᠡᠪᠠᠰᠤᠨ ᠤ ᠳᠡᠭᠡᠷ᠎ᠡ ᠮᠤᠯᠤᠮ ᠭᠦᠭᠡ ᠳᠡᠭ᠍ᠷᠢ ᠪᠠᠷ ᠭᠦᠡᠵᠢᠯᠡ ᠪᠣᠯᠭᠠᠨ ᠭᠦᠷᠦᠰᠦᠳᠤ ᠭᠠᠵᠠᠷ ᠶᠢᠡᠷ ᠳᠡᠪᠢᠰᠭᠡᠷ ᠭᠢᠨ ᠮᠥᠩᠭᠡ ᠨᠣᠢ᠌ᠷᠰᠤᠪᠠ᠃ ᠮᠤᠯᠤᠮ ᠤᠨ ᠬᠤᠶᠠᠷ ᠳᠠᠰᠤᠯᠭ᠎ᠠ ᠰᠢᠪᠠᠷ ᠪᠠᠢ᠌ᠰᠢᠩ ᠤᠨ ᠳᠡᠭᠡᠷ᠎ᠡ ᠡᠴᠡ ᠭᠤᠭᠤᠵᠢᠬᠤ ᠪᠣᠷᠤᠭᠠᠨ ᠤ ᠳᠤᠰᠤᠯ ᠭᠡᠷ ᠤᠨ ᠣᠷᠤᠢ ᠶᠢᠨ ᠰᠢᠷᠤᠢ ᠲᠡᠶ ᠬᠠᠮᠳᠤ ᠰᠢᠷ᠎ᠠ ᠣᠯᠠᠭᠠᠨ ᠥᠩᠭᠡ ᠪᠠᠷ ᠭᠠᠵᠠᠷ ᠪᠠᠭᠤᠨ᠎ᠠ᠃

ᠳᠡᠭ᠍ᠷᠢ ᠶᠢᠨ ᠠᠷᠢᠭᠤᠨ ᠬᠤᠷ᠎ᠠ ᠭᠠᠵᠠᠷ ᠳᠡᠯᠡᠭᠡᠢ ᠶᠢ ᠴᠤ᠋ ᠰᠢᠨ᠎ᠠ ᠪᠣᠯᠭᠠᠨ ᠣᠷᠴᠢᠯᠠᠩ ᠳᠡᠯᠡᠭᠡᠢ ᠶᠢᠨ ᠬᠤᠭ ᠳᠤᠭᠤᠰᠤ ᠶᠢ ᠱᠥᠭᠦᠷᠳᠡᠨ ᠠᠷᠢᠯᠭᠠᠨ᠎ᠠ᠃


ᠵᠤᠬᠢᠶᠠᠭᠴᠢ ᠶᠢᠨ ᠬᠠ‍‌ᠶᠢᠭ ᠄ ᠺᠦᠷᠡᠯ᠎ᠡ ᠬᠤᠳᠠᠨ᠎ᠠ

ᠵᠤᠬᠢᠶᠠᠭᠴᠢ᠄ ᠳ·ᠬᠦᠬᠡᠮᠦ᠋ᠷᠡᠨ
ᠳᠠᠷᠤᠮ᠄ 2621
ᠴᠠᠭ᠄ 2011 ᠤᠨ ᠤ 10 ᠰᠠᠷ᠎ᠠ ᠶᠢᠨ 21
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ