☆ ᠳ·ᠬᠦᠬᠡᠮᠦ᠋ᠷᠡᠨ᠄
《ᠭᠡᠷᠢᠶᠡᠰ》ᠲᠤᠯᠤᠭ᠎ᠠ
ᠠᠶ᠎ᠠ ᠪᠠᠰᠠ᠂ ᠨᠤᠮ ᠢ ᠰᠡᠳᠭᠢᠯ ᠲᠡᠶ ᠪᠠᠨ ᠨᠡᠢ᠌ᠯᠡᠭᠦᠯᠦᠭ᠍ᠰᠡᠨ ᠦᠭᠡᠶ ᠮᠡᠷᠭᠡᠳ ᠢᠴᠢᠭ᠌᠂
ᠠᠶ᠎ᠠ ᠪᠠᠰᠠ᠂ ᠠᠯᠪᠠᠳᠤ ᠪᠠᠨ ᠠᠯᠠᠭᠯᠠᠭᠴᠢ ᠨᠤᠶᠠᠤᠨ ᠢᠴᠢᠭ᠌᠂
ᠠᠶ᠎ᠠ ᠪᠠᠰᠠ᠂ ᠳᠦᠷᠤ ᠶᠢ ᠱᠤᠤᠭᠢᠭᠤᠯᠤᠭᠴᠢ ᠲᠦᠰᠢᠮᠠᠤᠨ ᠢᠴᠢᠭ᠌᠂
ᠠᠶ᠎ᠠ ᠪᠠᠰᠠ᠂ ᠨᠤᠮ ᠢ ᠦᠯᠦ ᠰᠤᠷᠤᠨ ᠡᠯᠳᠡᠪ ᠢ ᠰᠤᠷᠤᠭᠴᠢ ᠪᠠᠠᠳᠠᠢ ᠨᠡᠷ ᠢᠴᠢᠭ᠌᠂
ᠠᠶ᠎ᠠ ᠪᠠᠰᠠ᠂ ᠪᠠᠰᠢᠯᠭᠠᠯ ᠢ ᠫᠠᠤᠨ ᠭᠡᠮᠡᠨ ᠪᠠᠷᠭᠢᠷᠠᠭᠴᠢ ᠶᠦᠭᠡᠵᠡᠷᠢ ᠨᠡᠷ ᠢᠴᠢᠭ᠌᠂
ᠠᠶ᠎ᠠ ᠪᠠᠰᠠ᠂ ᠡᠳᠦᠷ ᠭᠡᠢ᠌ᠤᠨ ᠲᠤ ᠰᠠᠭᠤᠭᠠᠤᠨ ᠰᠦᠨᠢ ᠠᠢ᠌ᠯ ᠭᠡᠰᠦᠭ᠍ᠴᠢ ᠬᠤᠸᠠᠷᠠᠭ ᠤᠳ ᠢᠴᠢᠭ᠌᠂
ᠠᠶ᠎ᠠ ᠪᠠᠰᠠ᠂ ᠳᠤᠰᠠᠳᠠᠢ ᠰᠡᠳᠭᠢᠯ ᠢ ᠪᠣᠳᠤᠬᠤ ᠦᠭᠡᠶ᠂ ᠦᠷᠳᠡᠭ᠌ ᠪᠣᠳᠤᠭᠴᠢ ᠡᠮᠴᠢ ᠨᠡᠷ ᠢᠴᠢᠭ᠌᠂
ᠠᠶ᠎ᠠ ᠪᠠᠰᠠ᠂ ᠡᠨᠡ ᠭᠡᠮ ᠤᠳ ᠨᠠᠳᠠ ᠳᠤ ᠪᠣᠢ ᠪᠣᠯ ᠣᠯᠠᠨ ᠤ ᠳᠤᠮᠳᠠ ᠡᠴᠡ ᠪᠢ ᠭᠠᠭᠴᠠᠭᠠᠷ ᠢᠴᠢᠭ᠌᠂
ᠠᠶ᠎ᠠ ᠪᠠᠰᠠ᠂ ᠭᠡᠷᠪᠡ ᠪᠣᠰᠤᠳ ᠶᠡᠭᠡ ᠪᠠᠭ᠎ᠠ ᠳᠤ ᠪᠣᠢ ᠪᠣᠯ ᠭᠡᠨ ᠴᠤ ᠪᠣᠯᠪᠠ ᠳᠠᠷᠠ ᠢᠴᠢᠭ᠌ ᠢᠴᠢᠭ᠌᠃
ᠳᠠᠠᠽᠠᠷᠠᠪᠵᠠᠢ ᠶᠢᠨ 《ᠢᠴᠢᠭ᠌ ᠢᠴᠢᠭ᠌》 ᠭᠡᠭᠦ ᠡᠴᠡ᠃
ᠮᠢᠩᠭ᠋᠎ᠠ ᠶᠢᠰᠤᠨ ᠵᠠᠭᠤ ᠨᠠᠶᠠᠨ ᠬᠤᠶᠠᠷ ᠣᠨ ᠤ ᠵᠤᠨ ᠤ ᠳᠠᠪᠤᠨ ᠰᠠᠷ᠎ᠠ ᠶᠢᠨ ᠡᠭᠢᠨ ᠶᠢᠡᠷ ᠸᠠᠩ ᠤᠨ ᠰᠦᠮ᠎ᠡ ᠡᠴᠡ ᠨᠢᠭᠡᠨ ᠵᠢᠫᠣ ᠮᠠᠰᠢᠨ ᠵᠠᠰᠠᠮᠠᠯ ᠵᠠᠮ ᠶᠢᠡᠷ ᠳᠠᠪᠭᠢᠭᠰᠠᠭᠠᠷ ᠲᠦᠰᠢᠶᠠᠳᠦ ᠶᠢᠨ ᠡᠯᠡᠰᠤᠨ ᠭᠤᠪᠢ ᠶᠢᠨ ᠰᠢᠷᠭᠠᠯ ᠵᠠᠮ ᠳᠤ ᠭᠠᠷᠴᠤ᠂ ᠬᠤᠷᠳᠤᠴᠠ ᠨᠢ ᠪᠠᠭᠠᠬᠠᠨ ᠪᠠᠭᠤᠷᠠᠨ ᠵᠠᠮ ᠤᠨ ᠳᠠᠷᠳᠠᠩ ᠶᠢᠡᠷ ᠰᠠᠨᠠᠭᠠᠨ ᠤ ᠠᠶᠠᠪᠠᠷ ᠭᠡᠭᠡᠨ ᠣᠷᠳᠤᠨ ᠤ ᠮᠠᠩᠬᠠᠳᠤ ᠶᠢᠨ ᠪᠠᠭᠤᠷᠢ ᠵᠥᠭ᠌ ᠴᠢᠭᠯᠡᠨ᠎ᠡ᠃
ᠨᠤᠳᠤᠭ ᠤᠨ ᠶᠢᠡᠨ ᠴᠠᠪᠠᠷ ᠠᠭᠠᠷ ᠢ ᠠᠮᠢᠰᠬᠤᠨ᠂ ᠭᠤᠴᠢᠭᠠᠤᠨ ᠵᠢᠯ ᠤᠨ ᠨᠢᠭᠤᠷ ᠢ ᠥᠵᠡᠭᠡ ᠦᠭᠡᠶ ᠨᠤᠳᠤᠭ ᠤᠨ ᠳᠤᠷᠭᠠᠨ ᠰᠢᠷ᠎ᠠ ᠵᠠᠮ ᠶᠢᠡᠷ ᠠᠶᠠᠳᠠᠢ᠌ᠬᠠᠨ ᠳᠠᠪᠭᠢᠬᠤ ᠭᠦᠮᠤᠨ ᠪᠣᠯ ᠶᠤᠢᠩ ᠾᠧ ᠭᠦᠩ ᠤᠨ ᠳ᠋ᠠ ᠯᠠᠮᠠ ᠨᠠᠮᠠᠬᠠᠢ ᠬᠤᠳᠤᠭᠳᠤ ᠪᠣᠯᠤᠨ᠎ᠠ᠃ ᠭᠤᠴᠢᠨ ᠳᠤᠯᠤᠭᠠᠨ ᠵᠢᠯ ᠤᠨ ᠰᠠᠯᠭᠢᠨ ᠪᠣᠷᠤᠭᠠᠨ ᠢ ᠳᠤᠭᠤᠯᠤᠨ ᠨᠠᠮᠠᠬᠠᠢ ᠬᠤᠳᠤᠭᠳᠤ ᠳᠦᠷᠦᠭᠦᠤ ᠣᠳᠠᠭ᠎ᠠ ᠨᠤᠳᠤᠭ ᠲᠠᠭᠠᠨ ᠢᠷᠠᠵᠤ ᠪᠠᠢ᠌ᠭ᠎ᠠ᠃ ᠳᠦᠴᠢ ᠰᠢᠬᠠᠮ ᠵᠢᠯ ᠤᠨ ᠬᠤᠪᠢᠷᠠᠯᠳᠠ ᠶᠢ ᠶᠠᠭᠠᠭᠢᠨ ᠶᠠᠷᠢᠨ᠎ᠠ᠃ ᠵᠢᠫᠣ ᠮᠠᠰᠢᠨ ᠤ ᠵᠥᠭᠡᠯᠡᠨ ᠬᠤᠷᠳᠤᠴᠠ ᠪᠠᠷ ᠨᠢᠭᠡ ᠮᠡᠳᠡᠭᠦ ᠳᠤ ᠦᠪᠡᠷ ᠤᠨ ᠳᠦᠷᠦᠭ᠍ᠰᠡᠨ ᠨᠤᠳᠤᠭ ᠮᠠᠩᠬᠠᠳᠤ ᠶᠢᠨ ᠪᠠᠭᠤᠷᠢ ᠳᠠᠭᠠᠨ ᠢᠷᠠᠪᠠ᠃ ᠮᠠᠰᠢᠨ ᠤ ᠳᠤᠳᠤᠷ᠎ᠠ ᠡᠴᠡ ᠨᠠᠮᠠᠬᠠᠢ ᠬᠤᠳᠤᠭᠳᠤ ᠪᠠ ᠲᠦᠪ ᠤᠨ ᠱᠠᠰᠢᠨ ᠰᠢᠳᠦᠭᠡᠨ ᠤ ᠨᠡᠢ᠌ᠭᠡᠮᠯᠢᠭ᠌ ᠤᠨ ᠳᠠᠳ᠋ ᠳᠠᠷᠤᠭ᠎ᠠ ᠭᠤᠮᠪᠣᠵᠠᠪ ᠬᠤᠶᠠᠭᠤᠯᠠ ᠠᠯᠠᠭᠤᠷᠭᠭᠨ ᠪᠠᠭᠤᠨ ᠢᠷᠠᠵᠤ ᠡᠴᠢᠨᠡᠨ ᠵᠢᠯ ᠤᠨ ᠰᠠᠯᠭᠢᠨ ᠪᠣᠷᠤᠭᠠᠨ ᠢ ᠠᠵᠢᠶᠠᠷᠠᠨᠠ᠃
ᠥᠩᠭᠡ ᠶᠢᠨ ᠴᠡᠴᠡᠭ᠌ ᠡᠷᠭᠢᠨ ᠳᠤᠭᠤᠷᠢᠨ ᠶᠢᠡᠷ ᠪᠠᠳᠮᠠᠯᠠᠨ ᠳᠡᠯᠭᠡᠷᠡᠭᠡᠳ᠂ ᠦᠶ᠎ᠡ ᠦᠶ᠎ᠡ ᠶᠢᠨ ᠰᠡᠪᠢᠯᠵᠡᠭᠦ ᠰᠠᠯᠭᠢᠨ ᠳᠤ ᠡᠪᠠᠰᠤᠨ ᠤ ᠰᠤᠷᠭᠤᠭ ᠦᠨᠦᠷ ᠬᠠᠮᠠᠷ ᠴᠤᠷᠭᠢᠨ᠂ ᠦᠪᠡᠷ ᠤᠨ ᠡᠷᠭᠡ ᠦᠭᠡᠶ ᠡᠭᠡ ᠨᠤᠳᠤᠭ ᠭᠡᠳᠡᠭ᠌ ᠶᠢᠨ ᠬᠠᠯᠠᠭᠤᠨ ᠠᠮᠢᠰᠬᠤᠭ᠎ᠠ ᠡᠯᠢᠭᠡ ᠵᠢᠷᠦᠭᠡᠨ ᠳᠤᠳᠤᠷ᠎ᠠ ᠡᠴᠡ ᠣᠠᠳᠤᠷᠠᠨ 《ᠭᠦᠤ ᠴᠢᠨᠢ ᠭᠦᠷᠦᠭᠡᠳ ᠢᠷᠠᠵᠠᠢ》 ᠭᠡᠵᠤ ᠬᠠᠰᠭᠢᠷᠴᠢᠬᠠᠮᠠᠷ ᠰᠠᠨᠠᠭᠳᠠᠭᠤᠯᠤᠨ᠎ᠠ᠃ ᠠᠷᠠᠤᠨ ᠤᠨ ᠬᠤᠪᠢᠰᠬᠠᠯ ᠤᠨ ᠦᠶ᠎ᠡ ᠳᠤ ᠨᠢᠴᠠᠯᠠᠵᠤ ᠪᠠᠯᠪᠠᠴᠢᠭᠰᠠᠨ ᠭᠡᠷ ᠰᠢᠷᠤᠢ ᠣᠳᠠᠭᠠᠨ ᠵᠢᠯ ᠤᠨ ᠨᠠᠷᠠᠨ ᠰᠠᠯᠭᠢᠨ ᠳᠤ ᠡᠯᠡᠭ᠍ᠳᠡᠨ ᠪᠠᠷᠠᠭᠳᠠᠭᠠᠤᠨ ᠳᠡᠭᠡᠷ᠎ᠡ ᠨᠢ ᠬᠤᠵᠢᠭᠢᠷ ᠬᠤᠸᠠᠷ ᠣᠷᠭᠤᠵᠤ᠂ ᠡᠮᠦᠨ᠎ᠡ ᠳᠠᠯ᠎ᠠ ᠶᠢᠨ ᠫᠣᠤᠯᠤ ᠶᠢᠨ ᠪᠦᠳᠦᠭᠦᠨ ᠬᠤᠶᠠᠷ ᠪᠣᠰᠤᠭ᠎ᠠ ᠬᠠᠯᠬᠠᠪᠴᠢ ᠳᠤᠮᠳᠠᠭᠤᠷ ᠶᠢᠠᠨ ᠳᠠᠰᠤᠷᠠᠨ ᠡᠭᠡᠭᠡ ᠯᠠ ᠳᠤᠯᠤᠭᠠᠢ ᠦᠭᠡᠶ ᠬᠠᠷᠠᠭᠤᠯ ᠭᠡᠮᠡᠷᠭᠡᠨ ᠥᠵᠡᠭ᠍ᠳᠡᠨ᠎ᠡ᠃ ᠪᠠᠷᠠᠭᠤᠨ ᠳᠠᠯ᠎ᠠ ᠳᠤ ᠣᠪᠣᠭᠠᠯᠠᠵᠤ ᠪᠠᠢ᠌ᠭᠰᠠᠨ ᠭᠡᠪᠭᠦᠭᠦᠯ ᠤᠨ ᠣᠪᠣᠭ᠎ᠠ ᠶᠢᠨ ᠳᠡᠭᠡᠷ᠎ᠡ ᠠᠯᠢ ᠣᠯᠠᠨ ᠦᠨᠡᠰᠤ ᠬᠤᠭ ᠪᠠᠭᠰᠢᠷᠠᠯᠳᠤᠨ ᠣᠪᠣᠭᠠᠷᠠᠯᠳᠤᠭᠠᠤᠨ ᠮᠠᠩᠬᠠᠳᠤ ᠶᠢᠨ ᠨᠠᠮᠰᠠᠷᠠᠢ ᠶᠢᠨ ᠫᠣᠤᠯᠤ ᠡ᠊ᠨᠳᠡ ᠪᠠᠢ᠌ᠭᠰᠠᠨ ᠭᠡᠰᠡᠨ ᠢ ᠭᠡᠷᠡᠴᠢᠯᠡᠭᠦ ᠭᠡᠮᠡᠷᠭᠡᠨ ᠡᠳᠦᠢ ᠵᠢᠯ ᠤᠨ ᠰᠠᠯᠭᠢᠨ ᠪᠣᠷᠤᠭᠠᠨ ᠳᠤ ᠰᠢᠩᠭᠡᠵᠤ ᠠᠷᠢᠯᠤᠭᠰᠠᠨ ᠦᠭᠡᠶ ᠪᠠᠭᠤᠷᠢ ᠰᠠᠭᠢᠨ ᠭᠡᠪᠳᠡᠨ᠎ᠡ᠃
ᠡᠮᠦᠨ᠎ᠡ ᠴᠠᠢ᠌ᠯᠵᠢᠬᠤ ᠦᠯᠵᠡᠢ᠌ᠮᠦᠷᠠᠨ ᠤ ᠣᠰᠤ ᠨᠠᠷᠠᠨ ᠤ ᠭᠡᠷᠡᠯ ᠳᠤ ᠭᠢᠯᠠᠰᠤᠨ ᠬᠠᠷᠠᠭ᠎ᠠ ᠶᠢ ᠪᠠᠯᠠᠷᠠᠭᠤᠯᠤᠨᠠ᠃ ᠪᠠᠭᠤᠷᠢ ᠳᠠᠭᠠᠨ ᠢᠷᠡᠭᠡᠳ ᠪᠠᠭᠤᠭᠰᠠᠨ ᠤ ᠳᠠᠷᠠᠭ᠎ᠠ ᠨᠠᠮᠠᠬᠠᠢ ᠶᠢᠨ ᠥᠵᠡᠭᠦ ᠬᠤᠶᠠᠷ ᠨᠢᠳᠤᠨ ᠳᠤ ᠦᠪᠡᠷ ᠤᠨ ᠡᠷᠭᠡ ᠦᠭᠡᠶ ᠨᠢᠯᠪᠣᠰᠤ ᠬᠤᠷᠠᠨ᠂ ᠡᠵᠢ ᠠᠪᠣ᠂ ᠦᠬᠢᠨ ᠳᠡᠭᠦᠤ ᠷᠤᠯᠭᠠᠷᠮ᠎ᠠ᠂ ᠣᠨᠠᠭᠠᠨ ᠨᠠᠢ᠌ᠵᠠ ᠳᠡᠭᠦᠤ ᠭᠦᠷᠭᠡᠨ ᠮᠤᠯᠤᠮ ᠮᠠᠨᠢ ᠣᠳᠤ ᠬᠠᠮᠢᠭ᠎ᠠ ᠪᠠᠢ᠌ᠳᠠᠭ ᠪᠣᠯ︖ ᠭᠡᠭᠦ ᠠᠶᠠᠠᠳᠠᠭᠠᠨ ᠤ ᠪᠣᠳᠤᠯ ᠣᠷᠤᠨ᠂ ᠣᠷᠳᠤ ᠭᠡᠭ᠍ᠴᠢ ᠰᠠᠨᠠᠭ᠎ᠠ ᠠᠯᠳᠠᠨ ᠳᠠᠳ᠋ ᠳᠠᠷᠤᠭ᠎ᠠ ᠭᠤᠮᠪᠣᠵᠠᠪ ᠶᠢᠨ ᠡᠰᠡᠷᠭᠦ ᠬᠠᠷᠠᠭᠠᠤᠨ᠄
᠊᠊᠊᠊᠊᠊᠊᠊᠊᠊᠊᠊᠊᠊᠊᠊᠊᠊᠊᠊᠊᠊᠊᠊ ᠡᠨᠡ ᠪᠣᠯ ᠮᠢᠨᠤ ᠳᠦᠷᠦᠭ᠍ᠰᠡᠨ ᠨᠤᠳᠤᠭ ᠮᠠᠩᠬᠠᠳᠤ ᠶᠢᠨ ᠳᠠᠯ᠎ᠠ ᠭᠡᠳᠡᠭ᠌ ᠭᠠᠵᠠᠷ᠂ ᠠᠷᠠᠤᠨ ᠤᠨ ᠬᠤᠪᠢᠰᠬᠠᠯ ᠤᠨ ᠰᠢᠷᠦᠭᠦᠨ ᠳᠠᠭᠠᠷᠢᠯᠳᠠ ᠳᠤ ᠡᠢ᠌ᠮᠤ ᠪᠣᠯᠤᠭᠰᠠᠨ ᠭᠡᠪ ᠲᠡᠶ ᠭᠡᠵᠤ ᠦᠷᠤ ᠡᠪᠠᠳᠦᠭ᠍ᠰᠡᠨ ᠮᠠᠶᠢᠭ ᠲᠡᠶ ᠳᠤᠤᠭᠠᠷᠪᠠ᠃ ᠭᠤᠮᠪᠣᠵᠠᠪ᠄
᠊᠊᠊᠊᠊᠊᠊᠊᠊᠊᠊᠊᠊᠊᠊᠊᠊᠊᠊᠊᠊᠊᠊᠊ ᠠᠷᠠᠤᠨ ᠤᠨ ᠬᠤᠪᠢᠰᠬᠠᠯ ᠤᠨ ᠣᠯᠠᠭᠠᠨ ᠤ ᠪᠣᠰᠨᠢᠭᠤᠯᠤᠯ ᠡᠮᠦᠨ᠎ᠡ ᠠᠷᠪᠠᠨ ᠵᠢᠯ ᠨᠠᠩ ᠭᠡᠯᠡᠭᠦ ᠶᠢᠨ ᠠᠷᠭ᠎ᠠ ᠦᠭᠡᠶ ᠰᠢᠤ᠂ ᠳᠠ ᠮᠢᠨᠢ ᠲᠦᠪᠡᠳ ᠲᠤ ᠪᠠᠢ᠌ᠭᠰᠠᠨ ᠶᠢᠡᠷ ᠡᠨᠡ ᠳᠤᠬᠠᠢ ᠰᠠᠢ᠌ᠨ ᠮᠡᠳᠡᠭᠦ ᠦᠭᠡᠶ ᠪᠠᠢ᠌ᠨ᠎ᠠ︕ ᠠᠷᠢᠭᠤᠳᠬᠠᠨ ᠪᠣᠳᠤᠬᠤ ᠭᠦᠳᠡᠯᠭᠡᠭᠡᠨ ᠡᠴᠡ ᠰᠤᠶᠤᠯ ᠤᠨ ᠬᠤᠪᠢᠰᠬᠠᠯ ᠳᠡᠭᠦᠰᠳᠡᠯ᠎ᠡ ᠳᠠᠯ᠎ᠠ ᠨᠤᠳᠤᠭ ᠤᠨ ᠮᠢᠨᠢ ᠥᠭᠡᠨᠴᠡ ᠳᠤᠷᠤᠢ ᠠᠷᠠᠤᠨ ᠲᠦᠮᠡᠨ ᠪᠠ ᠥᠰᠦᠭ᠌ ᠪᠢᠴᠢᠭ᠌ ᠲᠡᠶ ᠭᠦᠮᠦᠰ ᠳᠠᠯ᠎ᠠ ᠶᠢᠨ ᠳᠠᠤᠯᠠᠢ ᠡᠴᠡ ᠢᠯᠡᠭᠦᠤ ᠬᠤᠷᠤᠭᠠᠭᠳᠠᠭᠰᠠᠨ᠂ ᠰᠤᠶᠤᠯ ᠳᠡᠦᠭᠡ᠂ ᠰᠦᠮ᠎ᠡ ᠭᠡᠢ᠌ᠤᠨ ᠠᠷᠭᠠᠯ ᠲᠦᠯᠠᠰᠢ ᠡᠴᠡ ᠢᠯᠡᠭᠦᠤ ᠰᠢᠳᠠᠭᠠᠭᠳᠠᠭᠰᠠᠨ ᠶᠤᠮ ᠭᠡᠵᠤ ᠣᠷᠳᠤ ᠭᠡᠭ᠍ᠴᠢ ᠰᠠᠨᠠᠭ᠎ᠠ ᠠᠯᠳᠠᠨ ᠬᠤᠯᠠ ᠳᠤ ᠬᠠᠷᠠᠭᠳᠠᠬᠤ ᠵᠡᠷᠭᠡᠯᠭᠡᠨ ᠢ ᠰᠢᠷᠳᠠᠨ ᠤᠢ᠌ᠳᠬᠠᠷᠯᠠᠪᠠ᠃ ᠭᠡᠰᠡᠭ᠌ ᠣᠳᠠᠭᠠᠤᠨ ᠨᠠᠮᠠᠬᠠᠢ ᠬᠤᠳᠤᠭᠳᠤ᠄
᠊᠊᠊᠊᠊᠊᠊᠊᠊᠊᠊᠊᠊᠊᠊᠊᠊᠊᠊᠊᠊᠊᠊᠊ ᠵᠠ︕ ᠰᠦᠮ᠎ᠡ ᠭᠡᠢ᠌ᠤᠨ ᠭᠡᠭᠦᠯᠡᠷ ᠠᠪᠰᠢᠭ ᠵᠢᠭᠠᠭᠰᠠᠨ ᠪᠠᠭᠰᠢ ᠯᠠᠮᠠ ᠪᠠᠨ ᠰᠠᠨᠠᠯ᠎ᠠ᠃ ᠣᠳᠤ ᠪᠢᠳᠠ ᠬᠤᠶᠠᠭᠤᠯᠠ ᠮᠤᠷᠢᠨ ᠳᠤᠯᠤᠭᠠᠢ᠌ᠳᠤ ᠶᠢᠨ ᠰᠦᠮ᠎ᠡ ᠳᠤ ᠣᠴᠢᠨ ᠪᠠᠭᠰᠢ ᠯᠠᠮᠠ ᠲᠡᠶ ᠵᠤᠯᠭᠠᠨ ᠠᠮᠤᠷ ᠮᠠᠠᠳᠤ ᠶᠢ ᠨᠢ ᠰᠤᠷᠠᠭᠠᠤᠨ᠂ ᠰᠤᠶᠤᠯ ᠤᠨ ᠬᠤᠪᠢᠰᠬᠠᠯ ᠤᠨ ᠣᠯᠠ ᠮᠦᠷ ᠢ ᠰᠤᠨᠤᠰᠤᠶ᠎ᠠ︕ ᠭᠡᠵᠤ ᠬᠣᠢ᠌ᠰᠢ ᠪᠠᠨ ᠳᠠᠯ᠎ᠠ ᠵᠦᠰᠤᠨ ᠮᠤᠷᠢᠨ ᠳᠤᠯᠤᠭᠠᠢ᠌ᠳᠤ ᠶᠢᠨ ᠰᠦᠮ᠎ᠡ ᠶᠢ ᠴᠢᠭᠯᠡᠨ ᠳᠠᠪᠭᠢᠪᠠ᠃
ᠵᠢᠷᠪᠢᠯᠵᠢᠨ ᠳᠠᠪᠭᠢᠬᠤ ᠮᠠᠰᠢᠨ ᠵᠡᠭᠡᠷ᠎ᠡ ᠬᠤᠯᠠᠨ ᠡᠴᠡ ᠴᠤ ᠬᠤᠷᠳᠤᠨ ᠴᠤᠬᠤᠷᠳᠤ ᠶᠢᠨ ᠬᠠᠭ ᠢ ᠳᠠᠪᠠᠨ᠂ ᠣᠳᠠᠯ ᠦᠭᠡᠶ ᠰᠢᠷᠤᠢ ᠶᠢᠨ ᠣᠪᠣᠭ᠎ᠠ ᠪᠣᠯᠤᠭᠰᠠᠨ ᠮᠤᠷᠢᠨ ᠳᠤᠯᠤᠭᠠᠢ᠌ᠳᠤ ᠰᠦᠮ᠎ᠠ ᠳᠤ ᠢᠷᠠᠵᠤ ᠨᠢᠳᠤ ᠪᠠᠨ ᠢᠳᠡᠭᠡᠨ ᠶᠠᠳᠠᠨ ᠡᠰᠢ ᠳᠠᠰᠢ ᠬᠠᠷᠠᠭᠰᠠᠨ ᠴᠤ ᠡᠨᠡ ᠪᠣᠯ ᠮᠤᠷᠢᠨ ᠳᠤᠯᠤᠭᠠᠢ᠌ᠳᠤ ᠶᠢᠨ ᠰᠦᠮ᠎ᠡ ᠪᠣᠯᠬᠤᠷ ᠡᠨᠡ ᠮᠦᠨ ᠦᠦ︖ ᠭᠡᠵᠤ ᠪᠠᠶ᠎ᠠ ᠡᠴᠡ ᠪᠠᠨ ᠠᠰᠠᠭᠤᠨ᠎ᠠ᠃
ᠦᠨᠳᠦᠷ ᠰᠦᠷᠯᠢᠭ᠌ ᠳᠤᠤᠭᠠᠩ ᠭᠡᠢ᠌ᠤᠨ ᠪᠠ ᠭᠦᠷᠢᠶ᠎ᠡ ᠭᠡᠷᠡᠮ ᠤᠳ ᠨᠢᠴᠠᠯᠠᠭᠳᠠᠨ ᠪᠠᠯᠪᠠᠯᠠᠭᠳᠠᠵᠤ᠂ ᠣᠷᠤᠨ ᠳᠤ ᠨᠢ ᠰᠢᠷᠤᠢ ᠳᠤᠭᠤᠰᠭ᠎ᠠ ᠶᠢᠨ ᠣᠪᠣᠭ᠎ᠠ ᠦᠯᠠᠳᠠᠵᠤ᠂ ᠳᠡᠷᠭᠡᠳᠡᠭᠦᠷ ᠨᠢ ᠬᠤᠨᠢ ᠢᠮᠠᠭᠠᠨ ᠤ ᠬᠤᠷᠭᠤᠰᠤ ᠬᠤᠮᠤᠤᠯ ᠬᠠᠷᠠᠭᠳᠠᠨ᠂ ᠰᠢᠷᠡᠭᠡᠨ ᠡᠴᠡ ᠦᠨᠳᠦᠷ ᠭᠡᠷᠡᠮ ᠬᠠᠶᠠᠭ᠎ᠠ ᠥᠵᠡᠭ᠍ᠳᠡᠭᠦ ᠦᠭᠡᠶ ᠳᠠᠯᠭᠢᠭᠳᠠᠨ᠂ ᠬᠤᠯᠠ ᠴᠠᠭᠠᠨ᠎ᠠ ᠭᠦᠵᠦᠭᠦᠤ ᠦᠭᠡᠶ ᠪᠣᠷᠬᠠᠨ ᠡᠯᠢᠭᠡ ᠳᠠᠷᠤᠨ ᠭᠡᠪᠳᠡᠵᠤ᠂ ᠡᠨᠡ ᠤᠷᠴᠢᠯᠡᠨᠭ᠌ ᠤᠨ ᠠᠷᠠᠤᠨ ᠤᠨ ᠬᠤᠪᠢᠰᠬᠠᠯ ᠤᠨ ᠭᠡᠷᠡᠴᠢ ᠪᠣᠯᠬᠣᠢ᠌ᠴᠠ ᠨᠢᠭᠡ ᠰᠢᠪᠠᠷ ᠪᠣᠷᠬᠠᠨ ᠬᠠᠭᠠᠰ ᠳᠤᠳᠠᠭᠤ ᠬᠠᠷᠠᠭᠳᠠᠨ᠎ᠠ᠃
ᠭᠦᠭᠡᠷᠦᠭᠦᠢ︕ ᠭᠦᠮᠤᠨ ᠤ ᠣᠷᠴᠢᠯᠠᠩ ᠤᠨ ᠢᠮ ᠳᠠᠮᠠᠭ᠎ᠠ ᠭᠡᠮᠡᠭ᠍ᠴᠢ᠂ ᠪᠠᠷᠤᠭ ᠯᠠ ᠡᠨᠡ ᠪᠠᠢ᠌ᠯ᠎ᠠ᠃ ᠲᠦᠮᠡᠨ ᠤ ᠳᠡᠦᠭᠡ ᠱᠠᠰᠳᠢᠷ᠂ ᠮᠢᠩᠭ᠋ᠠᠨ ᠤ ᠶᠠᠯ᠎ᠠ ᠨᠢᠭᠦᠯ ᠶᠢᠡᠨ ᠰᠢᠳᠠᠭᠠᠨ ᠭᠠᠯᠳᠠᠵᠤ᠂ ᠬᠤᠵᠢᠮ ᠤᠨ ᠭᠦᠮᠦᠰ ᠲᠤ ᠥᠯᠡᠳᠡᠭᠦ ᠦᠭᠡᠶ ᠭᠡᠰᠡᠨ ᠴᠤ᠂ ᠪᠢᠳᠡᠭᠦᠯᠦᠭ᠍ᠰᠡᠨ ᠠᠯᠠᠭᠠᠨ ᠤ ᠰᠠᠯᠠᠭ᠎ᠠ ᠪᠠᠷ ᠪᠠᠰᠠ ᠭᠦᠮᠦᠰ ᠤᠨ ᠨᠢᠳᠤᠨ ᠳᠤ ᠦᠯᠦ ᠥᠵᠡᠭ᠍ᠳᠡᠮ᠎ᠡ ᠦᠯᠠᠳᠠᠵᠤ ᠬᠤᠴᠤᠷᠤᠭᠰᠠᠨ ᠭᠡᠳᠡᠭ᠌ ᠪᠠᠷᠤᠭ ᠯᠠ ᠡᠨᠡ ᠪᠠᠢ᠌ᠬ᠎ᠠ᠃ ᠣᠮ ᠮᠠ ᠾᠦᠩ᠂ ᠣᠮ ᠮᠠ ᠾᠦᠩ᠂ ᠵᠠᠢ᠌ᠯᠠᠭᠤᠯ ᠡ︕ ᠠᠮᠢᠳᠠᠨ ᠭᠤᠤᠯᠳᠠᠨ ᠢ⁈
ᠬᠤᠶᠠᠷ ᠭᠠᠵᠠᠷ ᠬᠤᠭᠤᠰᠤᠨ ᠡᠷᠭᠢᠭᠡᠳ ᠨᠠᠮᠠᠬᠠᠢ ᠬᠤᠳᠤᠭᠳᠤ ᠪᠠ ᠭᠤᠮᠪᠣᠵᠠᠪ ᠬᠤᠶᠠᠭᠤᠯᠠ ᠰᠢᠭᠤᠳ ᠭᠡᠭᠡᠨ ᠣᠷᠳᠤᠨ ᠤ ᠭᠦᠩᠱᠧ ᠶᠢᠨ ᠬᠤᠷᠢᠶᠠᠨ ᠳᠤ ᠣᠷᠤᠬᠤ ᠲᠡᠶ ᠵᠡᠷᠭᠡ ᠭᠡᠭᠡᠨ ᠣᠷᠳᠤᠨ ᠤ ᠰᠤᠮᠤᠨ ᠳᠠᠷᠤᠭ᠎ᠠ ᠯᠠᠪᠠᠢ ᠪᠠ ᠱᠦᠵᠢ ᠪᠣᠤᠱᠠᠨ ᠨᠡᠷ ᠭᠠᠷᠴᠤ ᠢᠷᠠᠨ ᠡᠨᠡ ᠬᠤᠶᠠᠷ ᠢ ᠣᠭᠳᠤᠪᠠ᠃ ᠠᠯᠢ ᠡᠷᠳᠡ ᠡᠨᠡ ᠬᠤᠶᠠᠷ ᠢᠷᠡᠭᠦ ᠡᠴᠡ ᠡᠮᠦᠨ᠎ᠡ ᠸᠠᠩ ᠤᠨ ᠰᠦᠮ᠎ᠡ ᠡᠴᠡ ᠠᠢ᠌ᠮᠠᠭ ᠤᠨ ᠲᠦᠪ ᠤᠨ ᠴᠠᠭᠢᠯᠭᠠᠨ ᠮᠡᠳᠡᠭᠡ ᠳ᠋ᠢᠶᠠᠠᠪᠣᠤ ᠢᠷᠠᠨ᠂ ᠡᠨᠡ ᠬᠤᠶᠠᠷ ᠤᠨ ᠨᠤᠳᠤᠭ ᠶᠢᠡᠨ ᠥᠵᠡᠭᠦ ᠪᠠᠷ ᠣᠴᠢᠭᠰᠠᠨ ᠢ ᠭᠡᠯᠡᠨ᠂ ᠬᠠᠯᠠᠭᠤᠨ ᠣᠭᠳᠤᠯᠭ᠎ᠠ ᠭᠢᠨ᠂ ᠨᠤᠳᠤᠭ ᠣᠰᠤᠨ ᠳ᠋ᠠᠭᠠᠨ ᠨᠠᠮᠠᠬᠠᠢ ᠬᠤᠳᠤᠭᠳᠤ ᠶᠠᠭᠤ ᠭᠢᠵᠤ ᠦᠭᠭᠦ ᠶᠢ ᠭᠦᠰᠡᠨ ᠱᠠᠭᠠᠷᠳᠠᠭᠤᠯᠪᠠ᠃
ᠰᠤᠮᠤᠨ ᠳᠠᠷᠤᠭ᠎ᠠ ᠯᠠᠪᠠᠢ ᠪᠠ ᠱᠦᠵᠢ ᠪᠣᠤᠱᠠᠨ ᠡᠷᠳᠡᠨ ᠡᠴᠡ ᠪᠡᠯᠡᠳᠭᠡᠨ ᠪᠠᠢ᠌ᠭᠰᠠᠨ ᠬᠤᠭᠤᠯᠠ ᠰᠢᠷᠡᠭᠡ ᠶᠢ ᠵᠠᠰᠠᠵᠤ᠂ ᠭᠦᠡᠳᠦᠳᠡ ᠳᠠᠢ᠌ᠯᠠᠬᠤ ᠵᠠᠭᠤᠷ᠎ᠠ ᠨᠠᠮᠠᠬᠠᠢ ᠬᠤᠳᠤᠭᠳᠤ᠄
᠊᠊᠊᠊᠊᠊᠊᠊᠊᠊᠊᠊᠊᠊᠊᠊᠊᠊᠊᠊᠊᠊᠊᠊ ᠯᠠ᠊ ᠳᠠᠷᠤᠭ᠎ᠠ᠂ ᠪᠣᠤ ᠱᠦᠵᠢ᠂ ᠳᠠ ᠬᠤᠶᠠᠷ ᠡᠴᠡ ᠨᠢᠭᠡ ᠣᠴᠢᠷ ᠰᠤᠷᠠᠶᠠ ᠭᠡᠳ ᠪᠢᠳᠠ ᠬᠤᠶᠠᠭᠤᠯᠠ ᠢᠷᠠᠯ᠎ᠠ︕
᠊᠊᠊᠊᠊᠊᠊᠊᠊᠊᠊᠊᠊᠊᠊᠊᠊᠊᠊᠊᠊᠊᠊᠊ ᠡᠷᠭᠢᠮ ᠤᠨ ᠬᠤᠳᠤᠭᠳᠤ ᠶᠠᠭᠤ ᠠᠰᠠᠭᠤᠨ᠎ᠠ︖
᠊᠊᠊᠊᠊᠊᠊᠊᠊᠊᠊᠊᠊᠊᠊᠊᠊᠊᠊᠊᠊᠊᠊ ᠣᠤᠯ ᠤᠨ ᠮᠠᠩᠬᠠᠳᠤ ᠶᠢᠨ ᠨᠠᠮᠰᠠᠷᠠᠢ ᠶᠢᠨ ᠨᠢᠭᠡ ᠭᠡᠷ ᠬᠠᠮᠢᠭᠠᠭᠤᠷ ᠪᠠᠢ᠌ᠨ᠎ᠠ︖
᠊᠊᠊᠊᠊᠊᠊᠊᠊᠊᠊᠊᠊᠊᠊᠊᠊᠊᠊᠊᠊᠊᠊ ᠥ᠂ ᠠᠬᠠᠮᠠᠤᠨ ᠬᠤᠪᠢᠰᠬᠠᠯᠴᠢ ᠮᠤᠯᠤᠮ ᠤᠨ ᠨᠢᠭᠡ ᠭᠡᠷ ᠢ ᠠᠰᠠᠭᠤᠵᠤ ᠪᠠᠢ᠌ᠨ᠎ᠠ ᠪᠠ︖ ᠳᠠᠷᠠ ᠮᠠᠩᠬᠠᠳᠤ ᠶᠢᠨ ᠣᠤᠯ ᠤᠨ ᠠᠳᠤᠭᠤᠨ ᠳᠤᠪᠣ ᠳᠤ ᠭᠤᠷᠪᠠᠨ ᠠᠢ᠌ᠯ ᠲᠡᠶ ᠬᠠᠮᠳᠤ ᠰᠠᠭᠤᠷᠢᠰᠢᠵᠤ ᠪᠠᠢ᠌ᠨ᠎ᠠ᠂ ᠮᠠᠷᠭᠠᠰᠢ ᠮᠠᠨᠤᠰ ᠳᠠᠨ ᠢ ᠭᠦᠷᠭᠡᠵᠤ ᠣᠴᠢᠶ᠎ᠠ︕
᠊᠊᠊᠊᠊᠊᠊᠊᠊᠊᠊᠊᠊᠊᠊᠊᠊᠊᠊᠊᠊᠊᠊ ᠥ᠂ ᠪᠢ ᠮᠠᠳᠠᠯ᠎ᠠ᠂ ᠪᠢ ᠮᠠᠷᠭᠠᠰᠢ ᠭᠠᠭᠴᠠᠭᠠᠷ ᠣᠴᠢᠶ᠎ᠠ︕ ᠳᠠᠨᠤᠰ ᠭᠤᠮᠪᠣᠵᠠᠪ ᠳᠠᠷᠤᠭ᠎ᠠ ᠶᠢ ᠰᠠᠢ᠌ᠬᠠᠨ ᠪᠠᠶ᠎ᠠ ᠴᠢᠯᠡᠭᠡ ᠶᠢ ᠨᠢ ᠠᠮᠤᠷᠠᠭᠤᠯᠵᠤ ᠪᠠᠢ᠌ᠭᠳᠤᠨ ᠭᠡᠵᠤ ᠭᠡᠯᠡᠭᠡᠳ ᠰᠦᠨᠢ ᠦᠨᠵᠢᠨ ᠮᠠᠷᠭᠠᠰᠢ ᠦᠷᠯᠦᠭᠡ ᠨᠢ ᠨᠠᠮᠠᠬᠠᠢ ᠭᠠᠭᠴᠠᠭᠠᠷ ᠠᠳᠤᠭᠤᠨ ᠳᠤᠪᠣ ᠳᠠᠰᠢ ᠳᠤᠭᠤᠰᠤ ᠳᠠᠳᠠᠭᠤᠯᠤᠨ ᠵᠢᠯᠢᠪᠠ᠃
ᠵᠢᠫᠣ ᠶᠢᠨ ᠳᠠᠪᠭᠢᠭᠠᠨ ᠳᠤ ᠵᠠᠮ ᠤᠨ ᠬᠤᠶᠠᠷ ᠳᠠᠯ᠎ᠠ ᠶᠢᠨ ᠴᠡᠴᠡᠭ᠌ ᠬᠤᠸᠠᠷ ᠬᠤᠭᠤᠷᠠᠨ ᠣᠨᠠᠵᠤ ᠪᠠᠢ᠌ᠬᠤ ᠰᠢᠭ ᠬᠠᠷᠠᠭᠳᠠᠨ ᠮᠠᠰᠢᠨ ᠤ ᠴᠤᠩᠬᠤᠨ ᠳᠡᠭᠡᠷ᠎ᠡ ᠨᠠᠷᠠᠨ ᠤ ᠭᠡᠷᠡᠯ ᠳᠤᠰᠤᠨ ᠭᠢᠯᠠᠰ ᠭᠢᠯᠠᠰ ᠰᠠᠴᠤᠷᠠᠨ ᠵᠢᠷᠪᠢᠯᠵᠡᠭ᠍ᠰᠡᠭᠡᠷ ᠠᠳᠤᠭᠤᠨ ᠳᠤᠪᠣ ᠶᠢᠨ ᠵᠡᠭᠦᠨ ᠰᠤᠭᠤ ᠪᠠᠷ ᠣᠷᠤᠵᠤ ᠢᠷᠠᠪᠠ᠃ ᠬᠤᠷᠳᠤᠨ ᠮᠤᠯᠤᠮ ᠪᠠ ᠭᠡᠷ ᠤᠨ ᠭᠦᠮᠦᠰ ᠲᠡᠶ ᠪᠠᠨ ᠠᠭᠤᠯᠵᠠᠶ᠎ᠠ ᠭᠡᠮᠡᠨ ᠶᠠᠭᠠᠷᠠᠨ ᠨᠠᠷᠢᠨ ᠳᠠᠯ᠎ᠠ ᠶᠢᠨ ᠡᠮᠦᠨ᠎ᠡ ᠡᠩᠭᠡᠷ ᠲᠤ ᠰᠠᠭᠤᠷᠢᠰᠢᠨ ᠪᠠᠢ᠌ᠬᠤ ᠬᠤᠶᠠᠷ ᠳᠠᠰᠤᠯᠭ᠎ᠠ ᠰᠢᠪᠠᠷ ᠪᠠᠢ᠌ᠰᠢᠩ ᠢ ᠴᠢᠭᠯᠡᠨ ᠨᠢᠰᠭᠦ ᠮᠠᠳᠤ ᠳᠠᠪᠭᠢᠨ ᠡᠭᠦᠳᠡᠨ ᠳᠤ ᠢᠷᠠᠵᠤ ᠵᠢᠷᠳ᠋ᠭᠢᠨ ᠳᠡᠷᠭᠡ ᠵᠤᠭᠰᠤᠬᠤ ᠳᠤ ᠭᠡᠷ ᠤᠨ ᠨᠦᠮᠦᠷᠢ ᠳᠤ ᠭᠡᠪᠳᠡᠵᠤ ᠪᠠᠢ᠌ᠭᠰᠠᠨ ᠰᠢᠷ᠎ᠠ ᠠᠯᠠᠭ ᠨᠤᠬᠠᠢ ᠰᠦᠷᠳ᠋ ᠭᠢᠨ ᠣᠷᠤᠭᠰᠢ ᠪᠠᠨ ᠱᠤᠩᠭ᠋ᠤᠯᠠᠨ ᠳᠡᠷᠭᠡ ᠡᠴᠡ ᠪᠠᠭᠤᠨ ᠢᠷᠡᠭᠦ ᠨᠠᠮᠠᠬᠠᠢ ᠶᠢ ᠦᠵᠡᠨ ᠠᠪᠣᠯ ᠳᠠᠪᠣᠯ ᠳᠠᠯᠪᠢᠨ ᠬᠤᠴᠠᠬᠤ ᠳᠤ ᠰᠢᠪᠠᠷ ᠪᠠᠢ᠌ᠰᠢᠩ ᠡᠴᠡ ᠠᠷᠪᠠ ᠣᠷᠴᠢᠮ ᠨᠠᠰᠤᠨ ᠤ ᠭᠠᠷ ᠲᠠᠭᠠᠨ ᠪᠦᠳᠦᠭᠦᠨ ᠨᠤᠬᠠᠢ ᠶᠢᠨ ᠳᠤᠯᠤᠭᠠᠢ ᠶᠢᠨ ᠴᠢᠨᠡᠭᠡ ᠰᠢᠷ᠎ᠠ ᠡᠷᠳᠡᠨᠢ ᠰᠢᠰᠢ ᠶᠢᠨ ᠪᠣᠤᠪᠣ ᠠᠳᠬᠤᠨ ᠪᠠᠶ᠎ᠠ ᠳᠡᠭᠡᠨ ᠳᠠᠪᠬᠤᠷ ᠨᠥᠭᠦᠰᠤ ᠲᠡᠶ ᠬᠤᠪᠴᠠᠰᠤ ᠡᠮᠦᠰᠦᠭᠰᠡᠨ ᠭᠦᠯ ᠨᠢᠴᠦᠭᠦᠨ ᠰᠢᠷ᠎ᠠ ᠭᠦᠤ ᠰᠤᠴᠢᠭᠰᠠᠨ ᠮᠠᠶᠢᠭ ᠲᠡᠶ ᠵᠢᠫᠣ ᠳᠡᠷᠭᠡ ᠪᠠ ᠳᠡᠷᠭᠡᠨ ᠡᠴᠡ ᠪᠠᠭᠤᠨ ᠢᠷᠡᠭ᠍ᠰᠡᠨ ᠪᠣᠷᠤ ᠣᠷᠭᠢᠮᠵᠢ ᠨᠥᠮᠦᠷᠢᠭ᠍ᠰᠡᠨ ᠮᠤᠬᠤᠷ ᠳᠤᠯᠤᠭᠠᠢ ᠲᠡᠶ ᠪᠦᠳᠦᠭᠦᠨ ᠳᠠᠷᠭᠤᠨ ᠭᠦᠮᠤᠨ ᠢ ᠬᠠᠷᠠᠭᠠᠤᠨ᠄
᠊᠊᠊᠊᠊᠊᠊᠊᠊᠊᠊᠊᠊᠊᠊᠊᠊᠊᠊᠊᠊᠊᠊ ᠠᠪᠣ ᠦᠭᠡᠶ᠂ ᠠᠷᠤ ᠶᠢᠨ ᠵᠤ᠋ ᠳᠤ ᠬᠤᠨᠢ ᠬᠠᠷᠠᠵᠤ ᠪᠠᠢ᠌ᠨ᠎ᠠ᠂ ᠭᠡᠵᠤ ᠰᠢᠷ᠎ᠠ ᠭᠦᠤ ᠭᠡᠯᠡᠪᠠᠯ᠂ ᠨᠠᠮᠠᠬᠠᠢ ᠬᠤᠳᠤᠭᠳᠤ ᠦᠪᠡᠷ ᠤᠨ ᠡᠷᠭᠡ ᠦᠭᠡᠶ ᠦᠪᠡᠷ ᠤᠨ ᠪᠠᠭ᠎ᠠ ᠶᠢᠨ ᠦᠶ᠎ᠡ ᠶᠢᠨ ᠮᠤᠯᠤᠮ ᠤᠨ ᠳᠠᠷᠠ ᠭᠡᠪ ᠤᠨ ᠮᠤᠯᠤᠮ ᠢ ᠣᠯᠵᠤ ᠬᠠᠷᠠᠭᠰᠠᠨ ᠰᠢᠭ ᠰᠠᠨᠠᠭᠳᠠᠨ ᠣᠷᠤᠭᠰᠢ ᠪᠠᠨ ᠠᠯᠬᠤᠯᠠᠨ ᠣᠴᠢᠵᠤ ᠰᠢᠷ᠎ᠠ ᠭᠦᠤ ᠡᠴᠡ᠄
᠊᠊᠊᠊᠊᠊᠊᠊᠊᠊᠊᠊᠊᠊᠊᠊᠊᠊᠊᠊᠊᠊᠊᠊ ᠠᠪᠣ ᠴᠢᠨᠢ ᠮᠤᠯᠤᠮ ᠭᠡᠳᠡᠭ᠌ ᠦᠦ︖ ᠡᠵᠢ ᠴᠢᠨᠢ ᠪᠠᠢ᠌ᠬᠤ ᠦᠭᠡᠶ ᠦᠦ︖
᠊᠊᠊᠊᠊᠊᠊᠊᠊᠊᠊᠊᠊᠊᠊᠊᠊᠊᠊᠊᠊᠊᠊ ᠡ︕ ᠭᠢᠨ ᠡᠨᠡ ᠶᠠᠭᠠᠭᠢᠭᠠᠤᠨ ᠠᠪᠣ ᠶᠢᠨ ᠨᠠᠷᠠ ᠢ ᠮᠡᠳᠡᠭᠦ ᠪᠣᠢ︖ ᠭᠡᠰᠡᠨ ᠰᠢᠭ᠌ ᠰᠤᠨᠢᠷᠬᠠᠨ ᠬᠤᠶᠠᠷ ᠠᠯᠠᠭ ᠨᠢᠳᠤ ᠪᠠᠷ ᠶᠢᠡᠨ ᠴᠤ᠋ ᠰᠢᠷᠳᠡᠭᠦ ᠳᠤ ᠨᠠᠮᠠᠬᠠᠢ᠄
᠊᠊᠊᠊᠊᠊᠊᠊᠊᠊᠊᠊᠊᠊᠊᠊᠊᠊᠊᠊᠊᠊᠊᠊ ᠨᠠᠷᠠ ᠴᠢᠨᠢ ᠭᠡᠨ ᠭᠡᠳᠡᠭ᠌ ᠪᠣᠢ︖
᠊᠊᠊᠊᠊᠊᠊᠊᠊᠊᠊᠊᠊᠊᠊᠊᠊᠊᠊᠊᠊᠊᠊᠊ ᠬᠤᠪᠢᠰᠬᠠᠯ᠃
᠊᠊᠊᠊᠊᠊᠊᠊᠊᠊᠊᠊᠊᠊᠊᠊᠊᠊᠊᠊᠊᠊᠊ ᠪᠢᠳᠠ ᠬᠤᠶᠠᠭᠤᠯᠠ ᠠᠪᠣ ᠶᠢ ᠴᠢᠨᠢ ᠡᠷᠢᠭᠦ ᠪᠠᠷ ᠣᠴᠢᠶ᠎ᠠ᠃
᠊᠊᠊᠊᠊᠊᠊᠊᠊᠊᠊᠊᠊᠊᠊᠊᠊᠊᠊᠊᠊᠊᠊ ᠥ︕ ᠭᠢᠨ ᠨᠠᠮᠠᠬᠠᠢ ᠶᠢᠨ ᠡᠮᠦᠨ᠎ᠡ ᠣᠷᠤᠵᠤ ᠭᠦᠶᠤᠨ ᠠᠷᠤ ᠶᠢᠨ ᠵᠤ᠋ ᠳᠡᠭᠡᠷ᠎ᠡ ᠬᠤᠨᠢ ᠬᠠᠷᠠᠵᠤ ᠪᠠᠢ᠌ᠭ᠎ᠠ ᠠᠪᠣ ᠶᠢᠨ ᠶᠢᠡᠨ ᠵᠥᠭ᠌ ᠨᠢᠭᠡ ᠯᠠ ᠠᠮᠢᠰᠬᠤᠭ᠎ᠠ ᠪᠠᠷ ᠭᠦᠶᠦᠨ᠎ᠡ᠃
ᠲ᠋ᠤᠪᠣ ᠶᠢᠨ ᠡᠩᠭᠡᠷ ᠲᠤ ᠭᠠᠩᠰᠠ ᠳᠠᠭᠠᠨ ᠳᠠᠮᠠᠭᠢ ᠨᠠᠷᠠᠵᠤ ᠳᠠᠯ᠎ᠠ ᠳᠤ ᠢᠳᠡᠰᠢᠯᠡᠭᠦ ᠬᠤᠨᠢᠨ ᠰᠦᠷᠦᠭ᠌ ᠶᠢᠡᠨ ᠬᠠᠷᠠᠨ ᠰᠠᠭᠤᠭ᠎ᠠ ᠮᠤᠯᠤᠮ ᠭᠦᠤ ᠨᠢ ᠭᠦᠶᠤᠨ ᠢᠷᠡᠭᠦ ᠶᠢ ᠦᠵᠡᠨ 《ᠵᠠ︕ ᠪᠠᠰᠠ ᠶᠠᠭᠠᠭᠢᠭᠰᠠᠨ ᠪᠣᠯ︖》 ᠭᠢᠨ ᠪᠣᠳᠤᠵᠤ ᠦᠨᠳᠠᠢ᠌ᠨ ᠪᠣᠰᠴᠤ ᠨᠢᠳᠤ ᠳᠠᠯᠪᠢᠨ ᠬᠠᠷᠠᠬᠤ ᠳᠤ ᠭᠦᠤ ᠶᠢᠨ ᠠᠷᠤ ᠳᠤ ᠪᠣᠷᠤ ᠣᠷᠭᠢᠮᠵᠢ ᠨᠥᠮᠦᠷᠢᠭ᠍ᠰᠡᠨ ᠨᠢᠭᠡ ᠪᠦᠳᠦᠭᠦᠨ ᠯᠠᠮᠠ ᠪᠦᠳᠦᠭᠦᠨ ᠪᠦᠳᠦᠭᠦᠨ ᠶᠢᠡᠷ ᠠᠯᠬᠤᠯᠠᠵᠤ ᠢᠷᠡᠭᠦ ᠬᠠᠷᠠᠭᠳᠠᠨ᠎ᠠ᠃
ᠶᠠᠭᠤᠨ ᠤ ᠯᠠᠮᠠ ᠪᠣᠯᠴᠢᠬᠠᠪᠠ︖ ᠰᠤᠶᠤᠯ ᠤᠨ ᠬᠤᠪᠢᠰᠬᠠᠯ ᠳᠤ ᠯᠠᠮᠠ ᠪᠦᠭᠦᠨ ᠢ ᠣᠰᠠᠳᠬᠠᠭᠰᠠᠨ ᠪᠢᠰᠢᠤ︖ ᠭᠡᠵᠤ ᠪᠠᠶ᠎ᠠ ᠲᠡᠶ ᠪᠠᠨ ᠵᠣᠢ᠌ᠴᠢᠯᠠᠨ ᠪᠣᠳᠤᠭᠠᠤᠨ ᠭᠦᠶᠤᠨ ᠢᠷᠡᠭᠦ ᠭᠦᠤ ᠪᠠᠨ ᠳᠤᠰᠤᠨ ᠠᠪᠴᠤ᠄
᠊᠊᠊᠊᠊᠊᠊᠊᠊᠊᠊᠊᠊᠊᠊᠊᠊᠊᠊᠊᠊᠊᠊᠊᠊ ᠪᠣᠤ ᠠᠶᠤ︕ ᠮᠢᠨᠤ ᠭᠦᠤ᠂ ᠪᠣᠤ ᠠᠶᠤ︕ ᠳᠠᠷᠠ ᠴᠢᠨᠢ ᠯᠠᠮᠠ ᠭᠦᠮᠤᠨ᠂ ᠳᠡᠭᠦᠨ ᠢ ᠮᠠᠷᠭᠠᠰᠢ ᠭᠦᠩᠱᠧ ᠡᠴᠡ ᠭᠦᠮᠤᠨ ᠢᠷᠠᠵᠤ ᠪᠠᠷᠢᠭᠠᠤᠨ ᠠᠯᠠᠨ᠎ᠠ︕ ᠮᠢᠨᠤ ᠭᠦᠤ ᠪᠣᠤ ᠠᠶᠤ︕ ᠭᠡᠵᠤ ᠠᠮᠢᠰᠬᠤᠯ ᠳᠠᠪᠬᠤᠴᠠᠨ ᠪᠠᠢ᠌ᠭ᠎ᠠ ᠭᠦᠤ ᠪᠡᠨ ᠳᠠᠪᠠᠷᠢᠨ ᠠᠪᠴᠤ ᠥᠭᠦᠭᠡᠷᠢᠳᠤᠨ᠂ ᠪᠠᠶ᠎ᠠ ᠶᠢᠨ ᠶᠢᠡᠨ ᠠᠷᠤ ᠳᠤ ᠳᠠᠯᠳᠠᠯᠠᠪᠠ᠃
ᠨᠠᠮᠠᠬᠠᠢ ᠨᠢᠭᠡ ᠬᠠᠷᠠᠬᠤ ᠳᠤ ᠭᠦᠭᠡ ᠳᠠᠯᠢᠩᠪᠦ᠋ ᠪᠦᠰ ᠶᠢᠡᠷ ᠣᠶᠤᠭᠰᠠᠨ ᠨᠥᠭᠦᠰᠦᠳᠡᠢ ᠳᠡᠷᠯᠢᠭ᠌ ᠡᠮᠦᠰᠤᠨ᠂ ᠪᠦᠭ᠍ᠳᠦᠢ᠌ᠭ᠍ᠰᠡᠨ ᠨᠢᠷᠤᠭᠤ ᠲᠡᠶ ᠳᠠᠨᠢᠵᠤ ᠶᠠᠳᠠᠮᠠᠷ ᠨᠢᠭᠡ ᠵᠢᠷᠠ ᠥᠩᠭᠡᠷᠡᠭ᠍ᠰᠡᠨ ᠡᠪᠦᠭᠡᠨ ᠬᠠᠷᠠᠭᠳᠠᠨ᠎ᠠ᠃ ᠡᠨᠡ ᠮᠠᠨᠢ ᠮᠢᠨᠤ ᠮᠤᠯᠤᠮ ᠦᠦ ᠭᠡᠰᠡᠨ ᠢᠳᠡᠭᠡᠵᠤ ᠶᠠᠳᠠᠭᠰᠠᠨ ᠬᠠᠷᠠᠴᠠ ᠪᠠᠷ ᠬᠤᠷᠳᠤᠨ ᠬᠤᠷᠳᠤᠨ ᠠᠯᠬᠤᠯᠠᠨ ᠤᠢ᠌ᠷᠳᠤᠵᠤ ᠢᠷᠡᠭᠦ ᠳᠤ ᠶᠠᠭᠠᠭᠢᠬᠤ ᠶᠢᠨ ᠠᠷᠭ᠎ᠠ ᠦᠭᠡᠶ ᠮᠤᠯᠤᠮ ᠡᠪᠦᠭᠡᠨ ᠪᠠᠢ᠌ᠯ᠎ᠠ᠃
ᠡᠪᠦᠭᠡᠨ ᠤ ᠮᠠᠩᠨᠠᠢ ᠳᠦᠭᠦᠷᠡᠩ ᠦᠷᠴᠢᠯᠡᠭᠡᠰᠤ ᠵᠤᠵᠠᠭᠠᠨ ᠬᠠᠷ᠎ᠠ ᠭᠦᠮᠦᠰᠭᠡ᠂ ᠪᠣᠭᠤᠷᠤᠯᠳᠤᠭᠰᠠᠨ ᠳᠤᠯᠤᠭᠠᠢ᠂ ᠪᠦᠭ᠍ᠳᠡᠢ᠌ᠭ᠍ᠰᠡᠨ ᠨᠢᠷᠤᠭᠤ ᠨᠢ ᠮᠤᠯᠤᠮ ᠢ ᠣᠯᠠᠮ ᠨᠠᠰᠤᠨ ᠡᠴᠡ ᠨᠢ ᠢᠯᠡᠭᠦᠤ ᠥᠳᠡᠯᠦᠭᠡ ᠪᠣᠯᠭᠠᠨ ᠬᠠᠷᠠᠭᠳᠠᠭᠤᠯᠤᠨ᠎ᠠ᠃ ᠮᠤᠯᠤᠮ ᠤᠢ᠌ᠷᠠᠳᠤᠵᠤ ᠢᠷᠡᠭ᠍ᠰᠡᠨ ᠳᠠᠷᠭᠤᠨ ᠪᠦᠳᠦᠭᠦᠨ ᠯᠠᠮᠠ ᠶᠢ ᠠᠵᠢᠶᠠᠷᠠᠨ ᠬᠠᠷᠠᠭᠠᠤᠨ ᠬᠠᠷᠠᠬᠤ ᠬᠤᠶᠠᠷ ᠨᠢᠳᠤ ᠪᠠᠨ ᠦᠯᠦ ᠢᠳᠡᠭᠡᠨ ᠳᠠᠭᠢᠨ ᠳᠠᠭᠢᠨ ᠵᠥᠯᠭᠦᠵᠤ 《ᠨᠠᠮᠠᠬᠠᠢ ᠠᠬ᠎ᠠ ᠡ︕》 ᠭᠡᠭᠦ ᠬᠤᠶᠠᠷ ᠥᠭᠡ ᠪᠠᠨ ᠭᠡᠯᠡᠨ ᠣᠷᠤᠭᠰᠢ ᠪᠠᠨ ᠭᠦᠶᠤᠨ ᠨᠠᠮᠠᠬᠠᠢ ᠶᠢᠨ ᠳᠤᠮᠳᠠᠭᠤᠷ ᠨᠢ ᠳᠠᠪᠠᠷᠢᠨ ᠠᠪᠴᠤ ᠥᠭᠡᠷ᠎ᠡ ᠨᠢᠭᠡ ᠴᠤ ᠥᠭᠡ ᠦᠭᠡᠶ ᠡᠭ᠍ᠰᠢᠨ ᠣᠭᠢᠯᠠᠪᠠ᠃
ᠭᠦᠭᠡᠷᠦᠭᠦᠢ︕ ᠭᠤᠴᠢᠭᠠᠤᠨ ᠵᠢᠯ ᠤᠨ ᠳᠤᠷᠰᠢ ᠮᠤᠯᠤᠮ ᠮᠠᠨᠢ ᠳᠤᠰᠤᠯ ᠨᠢᠯᠪᠣᠰᠤ ᠣᠨᠠᠭᠠᠯ ᠦᠭᠡᠶ ᠰᠢᠳᠤ ᠵᠠᠭᠤᠨ ᠠᠮᠢᠳᠤᠷᠠᠯ ᠲᠡᠶ ᠳᠠᠮᠡᠴᠠᠵᠤ᠂ ᠡᠨᠡ ᠦᠶ᠎ᠡ ᠳᠤ ᠢᠷᠠᠳᠠᠯ᠎ᠠ ᠶᠠᠰᠤ ᠬᠠᠳᠠᠭᠤ ᠶᠠᠪᠣᠭᠰᠠᠨ ᠶᠤᠮ᠃ ᠣᠳᠠᠭᠠᠨ ᠵᠢᠯ ᠶᠢᠡᠷ ᠰᠠᠯᠤᠭᠰᠠᠨ ᠣᠨᠠᠭᠠᠨ ᠨᠠᠢ᠌ᠵᠠ᠂ ᠣᠷᠤᠭ ᠰᠠᠳᠤᠨ ᠲᠡᠶ ᠪᠠᠨ ᠡᠨᠡ ᠮᠠᠳᠤ ᠠᠮᠢᠳᠤ ᠮᠠᠠᠳᠤ ᠣᠯᠵᠤ ᠠᠭᠤᠯᠵᠠᠬᠤ ᠭᠡᠳᠡᠭ᠌ ᠢ ᠰᠠᠨᠠᠭᠰᠠᠨ ᠴᠤ ᠦᠭᠡᠶ ᠮᠤᠯᠤᠮ ᠭᠡᠨᠡᠳᠲᠡ ᠶᠢᠨ ᠊ᠭ᠍ᠱᠡᠨ ᠳᠤ ᠣᠯᠵᠤ ᠥᠵᠡᠭᠦ ᠳᠡᠭᠡᠨ ᠭᠡᠯᠡᠭᠦ ᠥᠭᠡ ᠪᠠᠨ ᠣᠯᠵᠤ ᠶᠠᠳᠠᠨ᠎ᠠ᠃ ᠭᠠᠭᠴᠠᠬᠦ ᠬᠤᠶᠠᠷ ᠨᠢᠳᠤᠨ ᠤ ᠨᠢᠯᠪᠣᠰᠤ ᠨᠢ ᠳᠠᠰᠤᠷᠠᠯ ᠦᠭᠡᠶ ᠪᠦᠮᠪᠦᠷᠢᠨ᠎ᠡ᠃ ᠡᠴᠢᠨᠡᠨ ᠵᠢᠯ ᠤᠨ ᠣᠢ᠌ᠯᠠ ᠳᠠᠮᠤ ᠨᠢ ᠬᠤᠶᠠᠷ ᠨᠢᠳᠤᠨ ᠤ ᠭᠢᠨᠢ ᠨᠢᠯᠪᠣᠰᠤ ᠶᠢ ᠨᠢ ᠳᠠᠮᠵᠢᠨ ᠭᠠᠳᠠᠭᠰᠢ ᠪᠠᠨ ᠣᠷᠤᠰᠤᠨ ᠭᠠᠷᠴᠤ ᠪᠠᠢ᠌ᠭ᠎ᠠ ᠪᠣᠯᠤᠯᠳᠠᠢ᠃
ᠨᠠᠮᠠᠬᠠᠢ ᠴᠤ ᠮᠤᠯᠤᠮ ᠤᠨ ᠶᠢᠡᠨ ᠡᠨᠡᠭᠦ ᠳᠦᠷᠰᠤ ᠪᠠᠢ᠌ᠳᠠᠯ ᠢ ᠬᠠᠷᠠᠨ ᠦᠷᠤ ᠵᠢᠷᠦᠭᠡ ᠨᠢ ᠣᠶᠠᠷᠠᠨ ᠬᠠᠢ᠌ᠯᠵᠤ᠂ ᠬᠤᠶᠠᠷ ᠨᠢᠳᠤᠨ ᠡᠴᠡ ᠨᠢ ᠨᠢᠯᠪᠣᠰᠤ ᠣᠷᠤᠰᠤᠨ᠂ ᠠᠷᠤ ᠶᠢᠨ ᠵᠤ᠋ ᠳᠤ ᠠᠬ᠎ᠠ ᠳᠡᠭᠦᠤ ᠬᠤᠶᠠᠭᠤᠯᠠ ᠭᠦᠵᠦᠭᠦᠤ ᠭᠦᠵᠦᠭᠦᠤ ᠡᠴᠡ ᠪᠠᠨ ᠳᠠᠪᠠᠷᠢᠨ ᠡᠭᠡᠷ ᠳᠠᠳᠠᠨ ᠣᠭᠢᠯᠠᠵᠠᠭᠠᠨᠠ᠃ ᠡᠭᠦᠨ ᠢ ᠥᠵᠡᠭ᠍ᠰᠡᠨ ᠭᠦᠤ ᠬᠤᠪᠢᠰᠬᠠᠯ ᠴᠤ ᠶᠠᠭᠤ ᠨᠢᠭᠡ ᠶᠢ ᠮᠡᠳᠡᠭ᠍ᠰᠡᠨ ᠰᠢᠭ᠌ ᠠᠪᠣ ᠶᠢᠨ ᠶᠢᠡᠨ ᠬᠤᠷᠮᠤᠢ ᠡᠴᠡ ᠳᠠᠳᠠᠵᠤ ᠠᠪᠣ ᠪᠠᠨ ᠪᠣᠤ ᠣᠭᠢᠯᠠ ᠭᠡᠵᠤ ᠭᠡᠯᠡᠵᠤ ᠪᠠᠢ᠌ᠮᠠᠷ ᠠᠪᠣ ᠪᠠᠨ ᠵᠠᠭᠤᠷᠠᠨ ᠣᠭᠢᠯᠠᠨ᠎ᠠ᠃ ᠭᠦᠭᠡᠷᠦᠭᠦᠢ︕ ᠭᠦᠮᠤᠨ ᠤ ᠣᠷᠴᠢᠯᠠᠩ ᠭᠡᠳᠡᠭ᠌ ᠪᠠᠷᠤᠭ ᠯᠠ ᠢᠩᠭᠢᠵᠤ ᠨᠢᠭᠡ ᠰᠠᠯᠤᠨ ᠨᠢᠭᠡ ᠨᠡᠢ᠌ᠯᠡᠳᠡᠭ᠌ ᠵᠤᠷᠰᠢᠯ ᠲᠡᠶ ᠭᠡᠮᠡᠷᠭᠡᠨ ᠡᠮᠦᠨᠡᠭᠡᠨ ᠮᠤᠯᠤᠮ ᠮᠠᠨᠢ ᠪᠠᠢ᠌ᠭᠰᠠᠨ ᠶᠢᠡᠨ ᠠᠯᠳᠠᠭᠠᠤᠨ ᠪᠦᠭ᠍ᠳᠡᠷᠡᠨ ᠶᠠᠪᠣᠵᠤ ᠪᠠᠢ᠌ᠭᠰᠠᠨ ᠶᠢᠡᠨ ᠣᠳᠤ ᠪᠠᠶᠠᠷ ᠤᠨ ᠨᠢᠯᠪᠣᠰᠤ ᠠᠰᠠᠬᠠᠷᠠᠭᠤᠯᠤᠨ ᠭᠡᠯᠡᠵᠤ ᠭᠠᠷᠬᠤ ᠦᠭᠡᠶ ᠪᠣᠭᠢᠨᠢᠳᠤᠯ ᠪᠠ ᠭᠡᠯᠡᠵᠤ ᠳᠡᠢ᠌ᠯᠭᠦ ᠦᠭᠡᠶ ᠵᠤᠪᠠᠯᠠᠩ ᠶᠢᠡᠨ ᠭᠡᠯᠡᠵᠤ ᠳᠤᠭᠠᠴᠢᠬᠤ ᠳᠡᠭ᠍ᠷᠢ ᠲᠡᠶ ᠪᠣᠯᠤᠭᠰᠠᠨ ᠰᠢᠭ ᠰᠠᠨᠠᠭᠳᠠᠭᠤᠯᠤᠨ᠎ᠠ᠃
ᠬᠤᠶᠠᠭᠤᠯᠠ ᠭᠡᠰᠡᠩ ᠳᠠᠪᠠᠷᠢᠯᠳᠤᠨ ᠣᠳᠠᠭᠠᠤᠨ᠂ ᠨᠠᠮᠠᠬᠠᠢ ᠬᠤᠳᠤᠭᠳᠤ ᠮᠤᠯᠤᠮ ᠤᠨ ᠮᠦᠷᠤ ᠶᠢ ᠳᠠᠪᠰᠢᠨ᠄
᠊᠊᠊᠊᠊᠊᠊᠊᠊᠊᠊᠊᠊᠊᠊᠊᠊᠊᠊᠊᠊᠊᠊᠊ ᠳᠡᠭᠦᠤ ᠮᠢᠨᠢ ᠡ︕ ᠣᠳᠤ ᠪᠢᠳᠠ ᠮᠠᠠᠳᠤ ᠰᠠᠢ᠌ᠬᠠᠨ ᠵᠤᠯᠭᠠᠭᠰᠠᠨ᠂ ᠣᠭᠢᠯᠠᠭᠠᠤᠨ ᠶᠠᠭᠠᠭᠢᠨ᠎ᠠ︖ ᠠᠮᠤᠷ ᠮᠠᠠᠳᠤ ᠠᠮᠢᠳᠤᠷᠠᠨ ᠢᠷᠡᠭ᠍ᠰᠡᠨ ᠳᠡᠭᠡᠨ ᠣᠮᠤᠭᠰᠢᠨ᠎ᠠ ᠰᠢᠤ︕ ᠭᠡᠵᠤ ᠳᠤᠪᠣ ᠶᠢᠨ ᠡᠩᠭᠡᠷ ᠲᠤ ᠰᠠᠭᠤᠨ᠎ᠠ᠃ ᠮᠤᠯᠤᠮ᠄
᠊᠊᠊᠊᠊᠊᠊᠊᠊᠊᠊᠊᠊᠊᠊᠊᠊᠊᠊᠊᠊᠊᠊ ᠬᠤᠪᠢᠰᠬᠠᠯ ᠡ︕ ᠡᠨᠡ ᠴᠢᠨᠢ ᠴᠢᠨᠤ ᠴᠤᠷ ᠤᠨ ᠭᠠᠭᠴᠠ ᠨᠠᠭᠠᠴᠤ ᠴᠢᠨᠢ ᠰᠢᠤ᠂ ᠨᠠᠭᠠᠴᠤ ᠲᠡᠶ ᠪᠠᠨ ᠢᠷᠠᠵᠤ ᠵᠤᠯᠭ᠎ᠠ︕ ᠭᠡᠪᠠᠯ ᠦᠨᠦ ᠰᠢᠷ᠎ᠠ ᠪᠦᠱᠦᠷᠬᠡᠭ᠍ᠰᠡᠨ ᠮᠠᠶᠢᠭ ᠲᠡᠶ ᠬᠤᠯᠠ ᠵᠤᠭᠰᠤᠨ᠄
᠊᠊᠊᠊᠊᠊᠊᠊᠊᠊᠊᠊᠊᠊᠊᠊᠊᠊᠊᠊᠊᠊᠊ ᠨᠠᠭᠠᠴᠤ ᠰᠠᠢ᠌ᠨ ᠦᠦ︖ ᠭᠡᠪᠡ᠃ ᠮᠤᠯᠤᠮ ᠳᠠᠭᠢᠨ᠄
᠊᠊᠊᠊᠊᠊᠊᠊᠊᠊᠊᠊᠊᠊᠊᠊᠊᠊᠊᠊᠊᠊᠊ ᠭᠡᠷ ᠲᠤ ᠣᠴᠢᠵᠤ ᠨᠠᠩᠬᠤ ᠲᠡᠶ ᠴᠠᠢ ᠪᠠ ᠪᠣᠷᠴᠠ ᠶᠢ ᠠᠪᠴᠢᠷᠠᠵᠤ ᠨᠠᠭᠠᠴᠤ ᠳᠠᠭᠠᠨ ᠠᠶᠠᠭᠠᠯᠠᠵᠤ ᠥᠭ᠌︕ ᠭᠡᠪᠠᠯ ᠰᠢᠷ᠎ᠠ ᠬᠦᠦ ᠬᠠᠷ᠎ᠠ ᠬᠤᠷᠳᠤ ᠪᠠᠷ ᠭᠡᠷ ᠥᠭᠡᠳᠡ ᠪᠠᠨ ᠭᠦᠶᠦᠵᠤ ᠳᠠᠮᠠᠢ ᠣᠳᠠᠭᠰᠠᠨ ᠦᠭᠡᠶ ᠴᠠᠢ ᠣᠰᠤ ᠠᠪᠴᠢᠷᠠᠨ ᠨᠠᠮᠠᠬᠠᠢ ᠳᠤ ᠴᠠᠢ ᠠᠶᠠᠭᠠᠯᠠᠨ ᠬᠤᠶᠠᠭᠤᠯᠠ ᠴᠤᠬᠤᠮ ᠬᠠᠮᠢᠭ᠎ᠠ ᠡᠴᠡ ᠨᠢ ᠶᠠᠷᠢᠬᠤ ᠪᠠᠨ ᠣᠯᠵᠤ ᠶᠠᠳᠠᠨ᠂ ᠮᠤᠯᠤᠮ ᠣᠷᠢᠳᠠᠪᠠᠷ᠄
᠊᠊᠊᠊᠊᠊᠊᠊᠊᠊᠊᠊᠊᠊᠊᠊᠊᠊᠊᠊᠊᠊᠊᠊ ᠠᠬ᠎ᠠ ᠮᠢᠨᠢ ᠡ︕ ᠡᠳᠥᠢᠴᠢᠨᠡᠭᠡᠨ ᠵᠢᠯ ᠬᠠᠮᠢᠭ᠎ᠠ ᠪᠠᠢ᠌ᠪᠠ ᠳ᠋ᠠ︖ ᠪᠠᠭᠡᠵᠢᠩ ᠳᠤ︖ ᠠᠷᠠᠤᠨ ᠤᠨ ᠬᠤᠪᠢᠰᠬᠠᠯ ᠤᠨ ᠭᠦᠯ ᠳᠤ ᠳᠠᠭᠠᠷᠢᠭᠳᠠᠵᠤ ᠡᠳᠡᠯ ᠳᠠᠮᠤ ᠪᠠᠨ ᠮᠦᠨ ᠭᠡᠯᠡᠭᠦ ᠶᠢᠨ ᠠᠷᠭ᠎ᠠ ᠦᠭᠡᠶ ᠪᠠᠷᠠᠭᠰᠠᠨ ᠪᠠᠢ᠌ᠬ᠎ᠠ︖
᠊᠊᠊᠊᠊᠊᠊᠊᠊᠊᠊᠊᠊᠊᠊᠊᠊᠊᠊᠊᠊᠊᠊ ᠠᠢ︕ ᠰᠤᠶᠤᠯ ᠤᠨ ᠬᠤᠪᠢᠰᠬᠠᠯ ᠤᠨ ᠦᠶ᠎ᠡ ᠳᠤ ᠪᠢ ᠲᠦᠪᠡᠳ ᠲᠤ ᠨᠤᠮ ᠰᠤᠷᠴᠤ ᠨᠠᠶᠠᠨ ᠣᠨ ᠤ ᠡᠪᠦᠯ ᠰᠠᠶᠢ ᠪᠠᠭᠡᠵᠢᠩ ᠳᠤ ᠪᠣᠴᠠᠵᠤ ᠢᠷᠡᠭ᠍ᠰᠡᠨ ᠶᠤᠮ᠃ ᠳᠠᠢ᠌ᠮᠤ ᠡᠴᠡ ᠰᠤᠶᠤᠯ ᠤᠨ ᠬᠤᠪᠢᠰᠬᠠᠯ ᠢ ᠳᠠᠳᠤᠢ ᠰᠠᠢ᠌ᠨ ᠮᠡᠳᠡᠭᠦ ᠦᠭᠡᠶ᠂ ᠨᠢᠭᠡ ᠢᠷᠡᠭᠦ ᠳᠤ ᠯᠠ ᠣᠯᠤᠰ ᠳᠦᠷᠤ ᠬᠤᠪᠢᠷᠠᠵᠤ᠂ ᠰᠢᠨ᠎ᠠ ᠪᠣᠳᠤᠯᠭ᠎ᠠ ᠭᠠᠷᠴᠤ ᠢᠷᠡᠭ᠍ᠰᠡᠨ᠂ ᠣᠳᠤ ᠪᠢ ᠶᠦᠩ ᠾᠧ ᠭᠦᠩ ᠤᠨ ᠳ᠋ᠠ ᠯᠠᠮᠠ ᠶᠢᠨ ᠣᠷᠤᠨ ᠳᠤ ᠰᠠᠭᠤᠵᠤ᠂ ᠡᠮᠦᠨ᠎ᠡ ᠭᠠᠷᠢᠭ ᠨᠤᠳᠤᠭ ᠶᠢᠡᠨ ᠥᠵᠡᠭᠦ ᠪᠠᠷ ᠢᠷᠡᠭᠦ ᠶᠤᠮᠰᠠᠨ ᠭᠡᠵᠤ ᠣᠷᠢᠳᠠᠪᠠᠷ ᠸᠠᠩ ᠤᠨ ᠰᠦᠮ᠎ᠡ ᠳᠤ ᠣᠴᠢᠵᠤ ᠠᠢ᠌ᠮᠠᠭ ᠤᠨ ᠳᠠᠷᠤᠭ᠎ᠠ ᠨᠡᠷ ᠲᠡᠶ ᠬᠠᠷᠠᠭᠤᠯᠴᠠᠨ ᠣᠷᠢᠳᠠᠪᠠᠷ ᠨᠤᠳᠤᠭ ᠣᠰᠤ ᠪᠠᠷ ᠢᠷᠠᠨ ᠳᠠᠨ ᠢ ᠡᠷᠢᠨ ᠣᠯᠤᠭᠰᠠᠨ ᠦᠭᠡᠶ᠂ ᠭᠦᠩᠱᠧ ᠳᠤ ᠣᠴᠢᠨ ᠰᠤᠮᠤᠨ ᠳᠠᠷᠤᠭ᠎ᠠ ᠯᠠᠪᠠᠢ ᠡᠴᠡ ᠳᠠᠨ ᠤ ᠠᠳᠤᠭᠤᠨ ᠳᠤᠪᠣ ᠳᠤ ᠪᠠᠢ᠌ᠭ᠎ᠠ ᠶᠢ ᠮᠠᠳᠠᠨ᠂ ᠦᠨᠦ ᠦᠷᠯᠦᠭᠡ ᠪᠢ ᠶᠠᠭᠠᠷᠠᠨ ᠭᠠᠭᠴᠠ ᠪᠠᠷ ᠳᠠᠨ ᠲᠡᠶ ᠵᠤᠯᠭᠠᠨ ᠭᠡᠷ ᠬᠤᠳᠠᠯᠠ ᠪᠠᠨ ᠥᠵᠡᠭᠦ ᠶᠤᠮᠰᠠᠨ ᠭᠡᠵᠤ ᠢᠷᠠᠯ᠎ᠠ᠃ ᠷᠤᠯᠭᠠᠷᠮ᠎ᠠ ᠪᠠ ᠠᠪᠣ ᠬᠠᠮᠢᠭ᠎ᠠ ᠪᠠᠢ᠌ᠨ᠎ᠠ︖ ᠭᠡᠵᠤ ᠡᠷᠭᠢᠭᠦᠯᠤᠨ ᠠᠰᠠᠭᠤᠬᠤ ᠳᠤ ᠮᠤᠯᠤᠮ ᠳᠠᠭᠯᠠᠷᠠᠭᠰᠠᠨ ᠶᠤᠮ ᠰᠢᠭ ᠭᠡᠰᠡᠭ᠌ ᠣᠳᠠᠭᠠᠤᠨ ᠳᠤᠤᠷ᠎ᠠ ᠳᠠᠭᠤᠨ ᠶᠢᠡᠷ᠄
᠊᠊᠊᠊᠊᠊᠊᠊᠊᠊᠊᠊᠊᠊᠊᠊᠊᠊᠊᠊᠊᠊᠊ ᠳᠠᠳᠠ ᠨᠡᠷ ᠢ ᠠᠷᠠᠤᠨ ᠤᠨ ᠬᠤᠪᠢᠰᠬᠠᠯ ᠠᠮᠢᠳᠤᠷᠠᠭᠤᠯᠤᠭᠰᠠᠨ ᠦᠭᠡᠶ ᠭᠡᠵᠤ ᠳᠦᠳᠡᠭᠡᠨᠡᠪᠡ᠃
ᠮᠤᠯᠤᠮ ᠤᠨ ᠨᠠᠮᠤᠬᠠᠨ ᠭᠡᠯᠡᠭ᠍ᠰᠡᠨ ᠠᠷᠠᠤᠨ ᠤᠨ ᠬᠤᠪᠢᠰᠬᠠᠯ ᠭᠡᠳᠡᠭ᠌ ᠥᠭᠡᠨ ᠳᠤ ᠮᠤᠯᠤᠮ ᠤᠨ ᠪᠦᠭᠦ ᠪᠠᠶ᠎ᠠ ᠨᠢ ᠭᠦᠯᠦᠰᠤ ᠭᠠᠷᠴᠤ ᠴᠢᠷᠠᠢ ᠶᠢᠨ ᠥᠩᠭᠡ ᠨᠢ ᠰᠢᠷᠠᠯᠠᠨ᠎ᠠ᠃ 《ᠠᠷᠠᠤᠨ ᠤᠨ ᠬᠤᠪᠢᠰᠬᠠᠯ ᠠᠮᠢᠳᠤᠷᠠᠭᠤᠯᠤᠭᠰᠠᠨ ᠦᠭᠡᠶ》 ᠭᠡᠳᠡᠭ᠌ ᠢ ᠰᠤᠨᠤᠰᠤᠨ ᠨᠠᠮᠠᠬᠠᠢ ᠶᠢᠨ ᠳᠤᠯᠤᠭᠠᠢ ᠳᠡᠭᠡᠷ᠎ᠡ ᠠᠶᠤᠩᠭ᠋᠎ᠠ ᠨᠢᠷᠭᠡᠭ᠍ᠰᠡᠨ ᠰᠢᠭ᠌ ᠪᠣᠯᠤᠨ ᠴᠢᠨᠠᠭᠰᠢ ᠪᠠᠨ ᠠᠰᠠᠭᠤᠬᠤ ᠴᠢᠳᠠᠯ ᠦᠭᠡᠶ ᠬᠤᠶᠠᠷ ᠡᠷ᠎ᠡ ᠬᠤᠨᠢᠨ ᠰᠦᠷᠦᠭ᠌ ᠤᠨ ᠵᠥᠭ᠌ ᠰᠢᠷᠳᠠᠨ ᠳᠤᠬᠠᠢ ᠶᠢᠨ ᠦᠶ᠎ᠡ ᠶᠢᠨ ᠪᠠᠢ᠌ᠳᠠᠯ ᠨᠢᠳᠤᠨ ᠳᠤ ᠨᠢ ᠢᠯᠠᠷᠠᠨ᠎ᠠ᠃
ᠨᠠᠷᠠ ᠣᠨᠠᠬᠤ ᠶᠢᠨ ᠠᠯᠳᠠ ᠪᠠᠷ ᠮᠤᠯᠤᠮ ᠪᠠ ᠨᠠᠮᠠᠬᠠᠢ ᠬᠤᠨᠢ ᠪᠠᠨ ᠳᠠᠭᠤᠨ ᠬᠤᠳᠠᠯᠠᠵᠤ ᠪᠠᠷᠠᠭᠠᠤᠨ ᠬᠤᠶᠠᠷ ᠳᠠᠰᠤᠯᠭ᠎ᠠ ᠰᠢᠪᠠᠷ ᠪᠠᠢ᠌ᠰᠢᠩ ᠳᠠᠭᠠᠨ ᠣᠷᠤᠪᠠ᠃ ᠨᠠᠮᠠᠬᠠᠢ ᠨᠢᠳᠤ ᠡᠷᠭᠦᠨ ᠭᠡᠷ ᠳᠤᠳᠤᠷᠠᠭᠢ ᠶᠢ ᠰᠢᠡᠵᠢᠭᠦ ᠳᠤ ᠪᠦᠳᠦᠭᠦᠨ ᠣᠯᠠᠭᠠᠨ ᠭᠦᠢᠰᠤ ᠬᠠᠩᠵᠤᠨ ᠤ ᠢᠷᠡᠮᠡᠭ᠌ ᠡᠴᠡ ᠭᠡᠷᠡᠮ ᠨᠠᠯᠠᠨ ᠳᠡᠭᠦᠨ ᠤ ᠡᠮᠦᠨ᠎ᠡ ᠰᠢᠷᠤᠢ ᠪᠠᠷ ᠪᠠᠷᠢᠭᠰᠠᠨ ᠪᠦᠳᠦᠭᠦᠨ ᠭᠢᠰᠠᠨ ᠳᠠᠯᠪᠢᠵᠤ ᠳᠡᠭᠡᠷ᠎ᠡ ᠨᠢ ᠦᠳᠡ ᠶᠢᠨ ᠪᠣᠳᠠᠭ᠎ᠠ ᠬᠠᠯᠠᠭᠤᠯᠤᠭᠰᠠᠨ ᠰᠢᠠᠵᠢᠳᠠᠢ᠂ ᠰᠢᠷ᠎ᠠ ᠪᠣᠤᠪᠣ ᠶᠢᠨ ᠬᠠᠭᠠᠰ ᠳᠤᠳᠠᠭᠤ ᠭᠢᠰᠠ ᠶᠢᠨ ᠠᠮᠠᠰᠠᠷ ᠳᠡᠭᠡᠷ᠎ᠡ ᠬᠠᠷᠠᠭᠳᠠᠨ᠂ ᠬᠠᠵᠠᠭᠤ ᠳᠤ ᠨᠢ ᠵᠢᠰ ᠳᠠᠪᠣᠷ᠎ᠠ ᠳᠠᠯᠪᠢᠭᠠᠰᠤᠳᠠᠢ᠃ ᠬᠠᠩᠵᠤᠨ ᠤ ᠣᠭ ᠶᠢᠡᠷ ᠭᠡᠳᠤᠨ ᠣᠯᠠᠭᠠᠨ ᠳ᠋ᠢᠶᠠᠨ ᡂᠢ ᠥᠩᠭᠦᠷᠢᠳᠦᠵᠤ ᠪᠠᠷᠤᠭ ᠯᠠ ᠰᠢᠷ᠎ᠠ ᠭᠦᠤ ᠶᠢᠨ ᠪᠠᠶ᠎ᠠ ᠪᠠᠨ ᠰᠠᠭᠠᠳᠠᠭᠤᠯᠤᠨ ᠨᠠᠭᠠᠳᠴᠤ ᠪᠠᠢ᠌ᠭ᠎ᠠ ᠴᠢᠴᠧ ᠯᠠ ᠪᠠᠢ᠌ᠬᠤ ᠮᠠᠶᠢᠭ ᠲᠡᠶ᠂ ᠡᠨᠡ ᠪᠣᠯ ᠮᠤᠯᠤᠮ ᠠᠪᠣ ᠭᠦᠤ ᠬᠤᠶᠠᠭᠤᠯᠠ ᠶᠢᠨ ᠡᠳᠦᠢ ᠵᠢᠯ ᠤᠨ ᠠᠮᠢᠳᠤᠷᠠᠵᠤ ᠢᠷᠡᠭ᠍ᠰᠡᠨ ᠠᠮᠢᠳᠤᠷᠠᠯ ᠤᠨ ᠣᠯᠠ ᠮᠦᠷ ᠪᠣᠯᠬᠤ ᠶᠤᠮ᠃
ᠮᠤᠯᠤᠮ ᠡᠪᠦᠭᠡᠨ ᠭᠡᠷ ᠲᠤ ᠣᠷᠤᠵᠤ ᠰᠢᠷᠤᠢ ᠶᠢᠨ ᠭᠢᠰᠠ ᠶᠢ ᠨᠤᠴᠤᠭᠠᠵᠤ ᠠᠷᠭᠠᠯ ᠨᠠᠮᠠᠨ ᠬᠤᠯᠠ ᠡᠴᠡ ᠢᠷᠡᠭ᠍ᠰᠡᠨ ᠠᠬ᠎ᠠ ᠨᠠᠮᠠᠬᠠᠢ ᠳᠤ ᠰᠢᠨ᠎ᠠ ᠴᠠᠢ ᠴᠢᠨᠠᠨ ᠭᠠᠳᠠᠭ᠎ᠠ ᠭᠠᠷᠴᠤ ᠳᠤᠳᠤᠨ᠎ᠠ ᠣᠷᠤᠨ ᠶᠠᠭᠠᠷᠠᠯᠳᠤᠪᠠ᠃ ᠪᠢᠴᠢᠬᠠᠨ ᠬᠤᠪᠢᠰᠬᠠᠯ ᠴᠤ ᠡᠷᠳᠡ ᠣᠬᠠᠭ᠎ᠠ ᠣᠷᠤᠭᠰᠠᠨ ᠮᠠᠶᠢᠭ ᠲᠡᠶ ᠠᠪᠣ ᠪᠠᠨ ᠬᠠᠪᠰᠤᠷᠤᠨ ᠨᠠᠰᠢ ᠴᠠᠰᠢ ᠭᠦᠯ ᠪᠣᠯᠤᠨ᠎ᠠ᠃
ᠣᠷᠤᠢ ᠶᠢᠨ ᠬᠤᠭᠤᠯᠠ ᠢᠳᠠᠵᠤ ᠪᠠᠷᠠᠭᠠᠤᠨ ᠬᠠᠷᠠᠩᠭ᠋ᠤᠢ ᠪᠣᠯᠬᠤ ᠳᠤ ᠮᠤᠯᠤᠮ ᠡᠮ ᠤᠨ ᠰᠢᠯ ᠯᠤᠩᠬᠤ ᠪᠠᠷ ᠦᠪᠡᠷ ᠶᠢᠡᠨ ᠵᠤᠬᠢᠶᠠᠭᠰᠠᠨ ᠶᠠᠩ ᠶᠢᠤ ᠶᠢᠨ ᠳ᠋ᠸᠩ ᠢ ᠨᠤᠴᠤᠭᠠᠪᠠ᠃ ᠵᠢᠵᠢᠭ᠍ᠬᠡᠨ ᠭᠤᠤᠯ ᠲᠡᠶ ᠶᠠᠩ ᠶᠢᠤ ᠶᠢᠨ ᠳ᠋ᠸᠩ ᠡᠴᠡ ᠳᠤᠰᠤᠨ ᠤ ᠬᠠᠷ᠎ᠠ ᠣᠳᠤᠭ᠎ᠠ ᠭᠠᠷᠴᠤ ᠰᠥᠮᠡᠯᠵᠡᠭ᠍ᠰᠡᠨ ᠭᠡᠷᠡᠯ ᠤᠢ᠌ᠷ᠎ᠡ ᠬᠠᠪᠢ ᠶᠢ ᠪᠦᠳᠡᠭᠢ ᠭᠡᠷᠡᠯᠳᠦᠭᠦᠯᠦᠨ᠎ᠡ᠃ ᠨᠢᠳᠤ ᠠᠯᠳᠠᠮ᠎ᠠ ᠳᠤᠰᠤᠨ ᠳ᠋ᠸᠩ ᠤᠨ ᠳᠤᠤᠷ᠎ᠠ ᠰᠢᠷ᠎ᠠ ᠭᠦᠤ ᠪᠢᠷ ᠵᠤᠷᠭᠤᠯ ᠶᠢᠡᠨ ᠭᠠᠷᠭᠠᠨ ᠦᠴᠦᠭᠡᠳᠦᠷ ᠤᠨ ᠵᠢᠭᠠᠭᠰᠠᠨ ᠭᠡᠳᠤᠨ ᠥᠰᠦᠭ᠌ ᠶᠢᠡᠨ ᠪᠣᠯᠪᠠᠰᠤᠷᠠᠨ᠎ᠠ᠃
ᠮᠤᠯᠤᠮ ᠮᠠᠨᠢ ᠳ᠋ᠸᠩ ᠤᠨ ᠪᠦᠳᠡᠭᠢ ᠭᠡᠷᠡᠯ ᠳᠤ ᠦᠪᠡᠷ ᠤᠨ ᠢᠷᠠᠵᠤ ᠶᠠᠪᠣᠭᠰᠠᠨ ᠶᠢᠡᠨ ᠨᠢᠭᠡ ᠡᠷᠭᠢᠴᠡᠭᠦᠯᠭᠦᠶ᠎ᠡ ᠬᠣᠢ᠌ᠬ᠎ᠠ ᠶᠢᠨ ᠦᠰᠦ ᠨᠢ ᠪᠣᠰᠤᠮᠠᠷ᠃ ᠲᠦᠮᠡᠨ ᠤ ᠳᠤᠮᠳᠠ ᠨᠢ ᠴᠢᠨ᠋ᠸ᠎ᠠ ᠪᠣᠯᠵᠤ ᠴᠢᠯᠦᠭᠡᠨ ᠤ ᠶᠤᠮ ᠰᠢᠭ᠌ ᠳᠤᠪᠣ ᠰᠠᠭᠢᠨ ᠬᠤᠨᠢ ᠮᠠᠯ ᠤᠨ ᠬᠣᠢ᠌ᠨ᠎ᠠ ᠡᠴᠡ ᠳᠤᠭᠤᠰᠤ ᠳᠠᠷᠤᠵᠤ ᠠᠷᠠᠤᠨ ᠤᠨ ᠬᠤᠪᠢᠰᠬᠠᠯ ᠤᠨ ᠳᠤᠮᠳᠠ ᠠᠷᠭ᠎ᠠ ᠦᠭᠡᠶ ᠰᠥᠭᠦᠷᠡᠭ᠍ᠰᠡᠨ ᠶᠢᠡᠨ ᠪᠣᠳᠤᠭᠠᠤᠨ ᠴᠤᠬᠤᠮ ᠠᠯᠢ ᠡᠴᠡ ᠨᠢ ᠡᠭᠢᠯᠡᠨ ᠭᠡᠯᠡᠵᠤ ᠦᠭᠭᠦ ᠪᠠᠨ ᠣᠯᠵᠤ ᠶᠠᠳᠠᠨ᠄
᠊᠊᠊᠊᠊᠊᠊᠊᠊᠊᠊᠊᠊᠊᠊᠊᠊᠊᠊᠊᠊᠊᠊ ᠠᠬ᠎ᠠ ᠮᠢᠨᠢ ᠳᠠ ᠳᠡᠭᠡᠪᠠᠯ ᠠᠷᠠᠤᠨ ᠤᠨ ᠬᠤᠪᠢᠰᠬᠠᠯ ᠤᠨ ᠭᠦᠯ ᠣᠯᠠ ᠳᠤ ᠳᠠᠭᠠᠷᠢᠭᠳᠠᠭᠰᠠᠨ ᠦᠭᠡᠶ ᠵᠤᠯ ᠶᠢᠡᠷ ᠭᠠᠷᠴᠠᠢ᠃ ᠮᠤᠷᠢᠨ ᠳᠤᠯᠤᠭᠠᠢ᠌ᠳᠤ ᠶᠢᠨ ᠰᠦᠮ᠎ᠡ ᠶᠢᠨ ᠬᠤᠶᠠᠷ ᠵᠠᠭᠤ ᠭᠠᠷᠤᠢ ᠯᠠᠮᠠ ᠨᠡᠷ ᠢ ᠭᠡᠡᠵᠦᠦᠷ ᠤᠨ ᠪᠣᠭᠤᠯ ᠳ᠋ᠠᠮᠪᠠ ᠬᠤᠪᠢᠰᠬᠠᠯ ᠤᠨ ᠡᠷᠭᠡ ᠶᠢ ᠠᠳᠬᠤᠨ ᠹᠧᠤᠳᠠᠯ ᠤᠨ ᠬᠠᠷ᠎ᠠ ᠰᠢᠷ᠎ᠠ᠂ ᠬᠤᠪᠠᠯᠵᠠ ᠬᠤᠷᠤᠬᠠᠢ᠂ ᠣᠯᠭᠠᠨ ᠬᠤᠷᠤᠬᠠᠢ ᠭᠡᠮᠡᠨ ᠡᠯᠳᠡᠪ ᠮᠠᠭᠤ ᠨᠠᠷᠠ ᠦᠭᠭᠦᠨ ᠳᠠᠷᠠ ᠰᠠᠢ᠌ᠬᠠᠨ ᠰᠦᠮ᠎ᠡ ᠭᠡᠢ᠌ᠤᠨ ᠢ ᠪᠠᠯᠪᠠᠴᠢᠨ ᠨᠢᠴᠠᠯᠠᠭᠠᠤᠨ᠂ ᠳᠠᠷᠠ ᠣᠯᠠᠨ ᠯᠠᠮᠠ ᠪᠠᠠᠳᠠᠢ ᠶᠢ ᠭᠡᠭᠡᠨ ᠣᠪᠣᠭᠠᠨ ᠤ ᠠᠷᠤ ᠳᠤ ᠪᠦᠭᠦᠨ ᠢ ᠠᠮᠢᠳᠤ ᠪᠠᠷ ᠨᠢ ᠴᠢᠴᠧ ᠪᠠᠷ ᠳᠠᠭᠠᠷᠢᠨ ᠠᠯᠠᠭᠠᠤᠨ᠂ ᠥᠭᠦᠭ᠍ᠰᠡᠨ ᠦᠭᠡᠶ ᠪᠣᠶᠤ ᠬᠠᠭᠠᠰ ᠳᠤᠳᠠᠭᠤ ᠠᠮᠢᠳᠤ ᠥᠯᠡᠳᠡᠭ᠍ᠰᠡᠨ ᠢ ᠨᠢ ᠭᠦᠷᠵᠡ ᠵᠡᠭᠡᠳᠤ ᠪᠠᠷ ᠴᠤᠭᠢᠵᠤ ᠠᠯᠠᠭᠰᠠᠨ ᠰᠢᠤ ᠭᠡᠳ ᠶᠠᠪᠣᠬᠤ ᠳᠤᠳᠤᠮ ᠳᠠᠭᠤᠨ ᠨᠢ ᠨᠠᠮᠳᠠᠨ᠂ ᠭᠡᠨ ᠨᠢᠭᠡ ᠦᠷᠦᠭᠡᠯ ᠴᠢᠭᠢ ᠣᠯᠵᠤ ᠰᠤᠨᠤᠰᠴᠢᠬᠠᠬᠤ ᠪᠣᠯᠪᠠᠤ ᠭᠡᠮᠡᠨ ᠠᠶᠤᠭᠰᠠᠨ ᠮᠠᠶᠢᠭ ᠲᠡᠶ ᠪᠡᠷ ᠨᠠᠮᠠᠬᠠᠢ ᠳᠤ ᠭᠡᠯᠡᠨ᠎ᠡ᠃
᠊᠊᠊᠊᠊᠊᠊᠊᠊᠊᠊᠊᠊᠊᠊᠊᠊᠊᠊᠊᠊᠊᠊᠊ ᠠᠢ︕ ᠣᠮ ᠮᠠ ᠾᠦᠩ᠂ ᠵᠠᠮ ᠵᠠᠬ᠎ᠠ ᠪᠠᠷ᠂ ᠵᠠᠮ ᠵᠠᠬ᠎ᠠ ᠪᠠᠷ᠂ ᠶᠠᠮᠠᠷ ᠳᠦᠷᠤᠯ ᠳᠡᠭᠡᠨ ᠡᠢ᠌ᠮᠤ ᠨᠢᠭᠦᠯ ᠭᠢᠯᠢᠠᠴᠠ ᠶᠢ ᠥᠢᠯᠡᠳᠦᠭᠡᠳ᠂ ᠡᠢ᠌ᠮᠤ ᠨᠢᠭᠦᠯ ᠭᠢᠯᠢᠠᠴᠠ ᠶᠢ ᠭᠦᠮᠤᠨ ᠭᠢᠳᠡᠭ᠌ ᠦᠭᠡᠶ ᠶᠤᠮ ᠰᠢᠤ᠂ ᠭᠦᠭᠡᠷᠦᠭᠦᠢ︕ ᠵᠠᠢ᠌ᠯᠠᠭᠤᠯ᠂ ᠪᠢ ᠡᠮᠦᠨᠡᠭᠡᠨ ᠭᠤᠮᠪᠣᠵᠠᠪ ᠲᠡᠶ ᠮᠤᠷᠢᠨ ᠳᠤᠯᠤᠭᠠᠢ᠌ᠳᠤ ᠶᠢᠨ ᠰᠦᠮ᠎ᠡ ᠳᠤ ᠣᠴᠢᠬᠤ ᠳᠤ ᠬᠤᠪᠢᠰᠬᠠᠯ ᠤᠨ ᠣᠯᠠ ᠮᠦᠷ ᠢ ᠥᠵᠡᠭᠦᠯᠭᠦ ᠭᠡᠰᠡᠨ ᠰᠢᠭ᠌ ᠭᠦᠵᠦᠭᠦᠤ ᠦᠭᠡᠶ ᠭᠡᠪᠳᠡᠭᠡ ᠪᠣᠷᠬᠠᠨ ᠢ ᠬᠠᠷᠠᠭᠠᠤᠨ ᠠᠷᠠᠤᠨ ᠤᠨ ᠬᠤᠪᠢᠰᠬᠠᠯ ᠠᠷᠭ᠎ᠠ ᠦᠭᠡᠶ ᠭᠠᠯᠵᠠᠭᠤᠷᠠᠭᠰᠠᠨ ᠢ ᠮᠡᠳᠡᠭ᠍ᠰᠡᠨ ᠡᠴᠡ ᠪᠢᠰᠢ᠂ ᠠᠰᠤᠷᠤ ᠣᠯᠠᠨ ᠯᠠᠮᠠ ᠪᠠᠠᠳᠠᠢ ᠨᠢ ᠠᠷᠠᠤᠨ ᠤᠨ ᠬᠤᠪᠢᠰᠬᠠᠯ ᠡᠴᠡ ᠪᠣᠯᠤᠭᠠᠤᠨ ᠰᠠᠭᠢᠯ ᠶᠢᠡᠨ ᠬᠠᠶᠠᠵᠤ ᠰᠠᠨᠸᠠᠷ ᠶᠢᠡᠨ ᠣᠷᠭᠢᠭᠠᠤᠨ᠂ ᠬᠠᠷ᠎ᠠ ᠭᠦᠮᠤᠨ ᠪᠣᠯᠤᠭᠰᠠᠨ ᠪᠠᠢ᠌ᠬ᠎ᠠ ᠭᠡᠵᠤ ᠪᠣᠳᠤᠵᠤ ᠶᠠᠪᠣᠭᠰᠠᠨ ᠶᠤᠮ᠃ ᠢᠯᠢ︕ ᠦᠨᠦ ᠳ᠋ᠠᠮᠪᠠ ᠴᠢᠨᠢ ᠠᠷᠢᠭᠤᠨ ᠴᠠᠭᠠᠨ ᠣᠷᠳᠤᠨ ᠤ ᠬᠤᠷᠢᠭᠤᠯ ᠪᠠᠢ᠌ᠭᠰᠠᠨ ᠪᠢᠰᠢᠤ ᠶᠤᠮ ᠦᠦ︖
᠊᠊᠊᠊᠊᠊᠊᠊᠊᠊᠊᠊᠊᠊᠊᠊᠊᠊᠊᠊᠊᠊᠊᠊ ᠠᠢ︕ ᠳᠠᠷᠠ ᠵᠢᠯ ᠤᠨ ᠥᠯᠢᠭᠡᠷ ᠢ ᠶᠠᠷᠢᠪᠠᠯ ᠪᠠᠷᠠᠬᠤ ᠦᠭᠡᠶ ᠰᠢᠤ ᠠᠬ᠎ᠠ ᠮᠢᠨᠢ᠂ ᠳᠠᠨ ᠢ ᠪᠠᠭᠡᠵᠢᠩ ᠳᠤ ᠶᠠᠪᠣᠭᠰᠠᠨ ᠤ ᠳᠠᠷᠠᠭ᠎ᠠ ᠬᠤᠶᠠᠷ ᠵᠢᠯ ᠤᠨ ᠠᠷᠤ ᠳᠤ ᠪᠣᠯ ᠦᠦ︖ ᠭᠤᠷᠪᠠᠨ ᠵᠢᠯ ᠤᠨ ᠠᠷᠤ ᠳᠤ ᠪᠣᠯ ᠦᠦ︖ ᠳᠢᠶᠠᠨᠬᠦᠤ ᠶᠢᠨ ᠳᠡᠭᠡᠷᠡᠮ ᠨᠢᠭᠡ ᠰᠦᠨᠢ ᠠᠷᠢᠭᠤᠨ ᠴᠠᠭᠠᠨ ᠣᠷᠳᠤᠨ ᠢ ᠳᠠᠷᠤᠭᠠᠤᠨ᠂ ᠰᠠᠮᠫᠢᠯ ᠨᠤᠶᠠᠨ ᠢ ᠠᠯᠠᠵᠤ ᠪᠣᠢ᠌ᠳᠠ ᠴᠡᠪᠠᠭ᠍ᠵᠡᠪ ᠵᠠᠢ᠌ᠳᠠᠩ ᠮᠤᠷᠢᠨ ᠶᠢᠡᠷ ᠳᠤᠳᠠᠭᠠᠨ ᠮᠠᠨ ᠤ ᠮᠠᠩᠬᠠᠳᠤ ᠳᠤ ᠢᠷᠠᠨ ᠳᠤᠰᠠᠯᠠᠬᠤ ᠴᠡᠷᠢᠭ᠌ ᠭᠤᠶᠤᠭᠰᠠᠨ ᠶᠤᠮ᠃ ᠳᠠᠷᠠ ᠦᠶ᠎ᠡ ᠳᠤ ᠠᠪᠣ ᠮᠢᠨᠢ ᠰᠡᠳᠭᠢᠯ ᠵᠥᠭᠡᠯᠡᠨ ᠴᠡᠪᠠᠭ᠍ᠵᠡᠪ ᠤᠨ ᠭᠤᠶᠤᠬᠤ ᠶᠢ ᠳᠠᠰᠴᠤ ᠶᠠᠳᠠᠨ ᠭᠡᠡᠵᠦᠦᠷ ᠪᠠ ᠰᠸᠷᠠᠪ ᠶᠢᠨ ᠫᠣᠤᠯᠤ ᠶᠢᠨ ᠴᠡᠷᠢᠭ᠌ ᠡᠴᠡ ᠵᠠᠭᠤ ᠰᠢᠬᠠᠮ ᠭᠦᠮᠤᠨ ᠵᠢᠭᠡᠯᠡᠨ ᠬᠠᠭᠠᠰ ᠰᠦᠨᠢ ᠶᠢᠨ ᠳᠠᠢ᠌ᠨ ᠶᠢᠡᠷ ᠠᠷᠢᠭᠤᠨ ᠴᠠᠭᠠᠨ ᠣᠷᠳᠤᠨ ᠢ ᠪᠣᠴᠠᠭᠠᠵᠤ ᠠᠪᠤᠨ ᠳᠢᠶᠠᠨᠬᠦᠤ ᠶᠢᠨ ᠴᠡᠷᠢᠭ᠌ ᠢ ᠪᠣᠳᠠ ᠴᠤᠭᠢᠨ ᠳᠢᠶᠠᠨᠬᠦᠤ ᠭᠠᠭᠴᠠᠭᠠᠷ ᠳᠤᠳᠠᠭᠠᠨ ᠭᠠᠷᠴᠤ ᠶᠠᠪᠣᠭᠰᠠᠨ᠂ ᠳᠡᠭᠡᠭᠡᠳ ᠪᠢ ᠠᠷᠢᠭᠤᠨ ᠴᠠᠭᠠᠨ ᠣᠷᠳᠤᠨ ᠤ ᠭᠢᠠᠳᠠᠨ ᠢ ᠨᠡᠭᠡᠭᠡᠨ ᠪᠠᠢ᠌ᠭᠰᠠᠨ ᠶᠠᠯᠠᠳᠠᠨ ᠢ ᠳᠠᠯᠪᠢᠭᠰᠠᠨ ᠶᠤᠮ᠃
ᠭᠡᠨ ᠮᠡᠳᠡᠭᠦᠪ︕ ᠬᠤᠶᠠᠷ ᠵᠢᠯ ᠤᠨ ᠳᠠᠷᠠᠭ᠎ᠠ ᠳ᠋ᠠᠮᠪᠠ ᠪᠠᠯᠤ ᠳᠠᠭᠠᠭᠤᠯᠤᠨ ᠢᠷᠡᠭᠡᠳ ᠪᠢ ᠴᠠᠭ ᠳᠦᠷᠤ ᠶᠢᠨ ᠪᠠᠢ᠌ᠳᠠᠯ ᠢ ᠦᠵᠡᠨ ᠳᠠᠳᠠᠨ ᠤ ᠵᠡᠪᠰᠡᠭ᠌ ᠴᠢᠩᠭ᠋᠎ᠠ ᠫᠣᠤ ᠰᠤᠮᠤ ᠠᠷᠪᠢᠨ ᠳᠤᠯᠠ ᠠᠷᠭ᠎ᠠ ᠦᠭᠡᠶ ᠪᠠᠯᠤ ᠶᠢ ᠭᠦᠷᠢᠶᠡᠯᠡᠨ ᠭᠤᠪᠢ ᠠᠢ᠌ᠮᠠᠭ ᠢ ᠴᠢᠯᠦᠭᠡᠯᠡᠭ᠍ᠰᠡᠨ ᠶᠤᠮ᠃ ᠭᠡᠳᠡᠯ᠎ᠡ ᠭᠡᠨ ᠮᠠᠳᠠᠨ᠎ᠠ︖ ᠳᠡᠭ᠍ᠷᠢ ᠯᠠ ᠮᠠᠳᠠᠨ᠎ᠠ︕ 《ᠳᠡᠵᠢᠭᠡᠭ᠍ᠰᠡᠨ ᠪᠢᠷᠠᠭᠤ ᠳᠡᠷᠭᠡ ᠶᠢ ᠡᠪᠳᠡᠭᠦ》 ᠭᠡᠳᠡᠭ᠌ ᠶᠢᠡᠷ ᠳ᠋ᠠᠮᠪᠠ ᠠᠢ᠌ᠮᠠᠭ ᠤᠨ ᠳᠠᠷᠤᠭ᠎ᠠ ᠪᠣᠯᠬᠤ ᠲᠡᠶ ᠵᠡᠷᠭᠡ ᠭᠡᠳᠡᠷᠭᠦ ᠨᠠᠮᠢ᠋ᠢ ᠬᠠᠵᠠᠨ ᠶᠠᠭᠤᠨ ᠤ ᠭᠠᠵᠠᠷ ᠳᠠᠷᠢᠶᠠᠨ ᠤ ᠥᠭᠡᠷᠴᠢᠯᠡᠯᠳᠡ᠂ ᠭᠠᠵᠠᠷ ᠤᠨ ᠡᠵᠡᠨ ᠢ ᠴᠤᠭᠢᠨ ᠣᠨᠠᠭᠠᠬᠤ ᠭᠦᠳᠡᠯᠭᠡᠭᠡᠨ ᠭᠡᠳ ᠡᠳ᠋ ᠮᠠᠯ᠂ ᠭᠡᠷ ᠭᠦᠷᠦᠩᠭᠡ ᠪᠦᠭᠦᠨ ᠢ ᠴᠦᠯᠪᠠᠨ ᠠᠪᠣᠭᠠᠤᠨ ᠠᠷᠠᠤᠨ ᠤᠨ ᠬᠤᠪᠢᠰᠬᠠᠯ ᠡᠭᠢᠯᠡᠭ᠍ᠰᠡᠨ ᠶᠤᠮ᠃ ᠳᠠᠷᠠ ᠦᠶ᠎ᠡ ᠳᠤ ᠭᠡᠨ ᠴᠤ ᠳᠤᠤᠭᠠᠷᠴᠤ ᠴᠢᠳᠠᠬᠤ ᠦᠭᠡᠶ᠂ ᠭᠡᠨ ᠳᠤᠤᠭᠠᠷᠪᠠᠯ ᠬᠤᠪᠢᠰᠬᠠᠯ ᠢ ᠡᠰᠡᠷᠭᠦᠴᠡᠭ᠍ᠰᠡᠨ ᠨᠠᠮᠳᠠᠨ ᠪᠣᠯᠵᠤ ᠰᠢᠭᠤᠳ ᠰᠢᠳᠭᠡᠯ ᠭᠦᠷᠳᠡᠭᠡᠨ ᠪᠢᠳᠠᠨ ᠤ ᠠᠮᠠ ᠶᠢ ᠬᠠᠭᠠᠭᠰᠠᠨ ᠶᠤᠮ᠃ ᠭᠦᠭᠡᠷᠦᠭᠦᠢ ᠰᠢᠤ︕ ᠳᠠᠷᠠ ᠣᠳᠠᠭᠠᠨ ᠤ ᠠᠷᠢᠭᠤᠳᠬᠠᠨ ᠪᠣᠳᠤᠬᠤ ᠭᠦᠳᠡᠯᠭᠡᠭᠡᠨ ᠳᠤᠮᠳᠠ ᠠᠪᠣ ᠮᠠᠨᠢ ᠭᠡᠯᠡ ᠪᠠᠨ ᠬᠠᠵᠠᠨ ᠵᠤᠪᠠᠯᠠᠩ ᠳᠤ ᠣᠨᠠᠨ᠂ ᠪᠦᠳᠤᠨ ᠰᠠᠢ᠌ᠬᠠᠨ ᠥᠭᠡ ᠭᠡᠯᠡᠵᠤ ᠴᠢᠳᠠᠬᠤ ᠦᠭᠡᠶ ᠭᠡᠴᠢᠨᠡᠨ ᠣᠳᠠᠭ᠎ᠠ ᠰᠡᠭᠦᠯ ᠣᠭᠳᠤᠯᠠᠭᠤᠯᠤᠭᠰᠠᠨ ᠢ ᠳᠤᠭᠠᠯᠠᠬᠤ ᠶᠢᠨ ᠠᠷᠭ᠎ᠠ ᠦᠭᠡᠶ ᠰᠢᠤ︕ ᠭᠡᠳ ᠮᠤᠯᠤᠮ ᠵᠠᠢ᠌ᠷᠳᠤᠭᠰᠠᠨ ᠨᠢᠳᠤ ᠪᠠᠨ ᠠᠨᠢᠪᠴᠢᠨ ᠴᠠᠢ ᠪᠠᠨ ᠭᠡᠳᠤ ᠣᠤᠭᠤᠴᠢᠭᠠᠤᠨ᠄
᠊᠊᠊᠊᠊᠊᠊᠊᠊᠊᠊᠊᠊᠊᠊᠊᠊᠊᠊᠊᠊᠊᠊ ᠮᠢᠨᠤ ᠰᠢᠷ᠎ᠠ ᠭᠠᠳᠠᠭ᠎ᠠ ᠭᠠᠷᠤᠭᠠᠤᠨ ᠦᠵᠡ︕ ᠤᠢ᠌ᠷ᠎ᠡ ᠣᠷᠴᠢᠮ ᠶᠢᠡᠷ ᠭᠦᠮᠤᠨ ᠮᠠᠯ ᠢᠷᠠᠪᠠᠤ ᠦᠦ︖ ᠦᠭᠡᠶ ᠦᠦ︖
᠊᠊᠊᠊᠊᠊᠊᠊᠊᠊᠊᠊᠊᠊᠊᠊᠊᠊᠊᠊᠊᠊᠊ ᠡᠢ᠌ᠮᠤ ᠣᠷᠤᠢ ᠶᠠᠭᠤᠨ ᠤ ᠭᠦᠮᠤᠨ ᠮᠠᠯ ᠢᠷᠠᠨ᠎ᠠ︖
᠊᠊᠊᠊᠊᠊᠊᠊᠊᠊᠊᠊᠊᠊᠊᠊᠊᠊᠊᠊᠊᠊᠊ ᠠᠢ︕ ᠠᠬ᠎ᠠ ᠮᠢᠨᠢ ᠳᠠ ᠮᠡᠳᠡᠭᠦ ᠦᠭᠡᠶ ᠪᠠᠢ᠌ᠨ᠎ᠠ︕ ᠮᠠᠯ ᠠᠳᠤᠭᠤᠰᠤ ᠴᠤ ᠶᠠᠭᠠᠭᠢᠬᠤᠪ︖ ᠭᠦᠮᠤᠨ ᠭᠡᠳᠡᠭ᠌ ᠬᠤᠶᠠᠷ ᠭᠦᠯᠳᠡᠨ ᠪᠣᠯᠤᠯ ᠦᠭᠡᠶ ᠰᠢᠤ︕ ᠳᠦᠭᠦᠷᠡᠩᠰᠡᠩ ᠠᠪᠠᠭ᠎ᠠ ᠶᠢ ᠶᠠᠭ ᠠᠷᠠᠤᠨ ᠤᠨ ᠬᠤᠪᠢᠰᠬᠠᠯ ᠭᠠᠯᠵᠠᠭᠤᠷᠠᠨ ᠳᠤᠭᠰᠢᠷᠠᠭᠠᠤᠨ ᠭᠡᠰᠡᠭ᠌ ᠨᠠᠮᠳᠠᠭᠰᠠᠨ ᠦᠶᠡᠰ ᠶᠢᠡᠷ ᠭᠡᠷ ᠲᠡᠭᠡᠨ ᠣᠤᠯ ᠤᠨ ᠨᠢᠭᠡᠳᠦᠯ ᠤᠨ ᠳᠠᠷᠤᠭ᠎ᠠ ᠢᠳᠡᠪᠭᠢ ᠶᠢ ᠣᠯᠠᠨ ᠲᠦᠮᠡᠨ ᠢ ᠳᠠᠷᠴᠢᠯᠭᠠᠨ ᠪᠠᠢ᠌ᠨ᠎ᠠ ᠭᠡᠵᠤ ᠨᠠᠮᠠᠤᠬᠠᠨ ᠶᠠᠷᠢᠭᠰᠠᠨ ᠭᠡᠷ ᠤᠨ ᠵᠤᠭᠤᠭ ᠢ ᠭᠡᠨ ᠮᠡᠳᠡᠭᠦᠪ︕ ᠮᠠᠷᠭᠠᠰᠢ ᠨᠢ ᠪᠣᠯᠬᠤ ᠳᠤ ᠬᠤᠪᠢᠰᠬᠠᠯ ᠤᠨ ᠡᠰᠡᠷᠭᠦ ᠨᠠᠮᠳᠠᠨ ᠪᠣᠯᠵᠤ ᠳᠠᠯᠳᠠᠭᠤᠷ ᠬᠤᠪᠢᠰᠬᠠᠯ ᠢ ᠡᠰᠡᠷᠭᠦᠴᠡᠵᠤ ᠪᠠᠢ᠌ᠭ᠎ᠠ ᠨᠠᠷᠠ ᠣᠯᠭᠤᠨ ᠪᠦᠳᠤᠨ ᠡᠳᠦᠷ ᠤᠨ ᠰᠢᠳᠭᠡᠯ ᠥᠭ᠍ᠴᠤ ᠶᠡᠭᠡ ᠰᠦᠮ᠎ᠡ ᠳᠤ ᠠᠪᠠᠴᠢᠨ ᠰᠡᠭᠦᠯᠡᠷ ᠨᠢ ᠰᠤᠨᠤᠰᠬᠤ ᠳᠤ ᠦᠪᠣᠷ ᠠᠷᠠᠤᠨ ᠤᠨ ᠨᠠᠮ ᠪᠣᠯᠭᠠᠨ ᠬᠠᠨ ᠠᠭᠤᠯᠠᠨ ᠤ ᠣᠷᠤᠢ ᠳᠤ ᠪᠣᠭᠤᠮᠢᠯᠠᠨ ᠠᠯᠠᠭᠰᠠᠨ ᠭᠡᠳᠡᠭ᠌᠃ ᠶᠠᠭᠤ ᠮᠠᠭᠠᠤᠨ ᠡ︕ ᠠᠯᠢ ᠨᠢᠭᠡ ᠵᠢᠷᠤᠭ᠎ᠠ ᠨᠤᠬᠠᠢ ᠨᠢ ᠢᠷᠡᠭᠡᠳ ᠴᠢᠩᠨᠠᠨ ᠪᠠᠢ᠌ᠪᠠᠯ ᠮᠠᠷᠭᠠᠰᠢ ᠣᠴᠢᠷ ᠪᠣᠯᠤᠨ᠎ᠠ ᠰᠢᠤ ᠭᠡᠳ ᠨᠠᠮᠵᠢᠭᠤᠨ ᠳᠠᠭᠤᠨ ᠶᠢᠡᠷ ᠶᠠᠷᠢᠪᠠ᠃ ᠨᠠᠮᠠᠬᠠᠢ ᠡᠳᠡᠭᠡᠷ ᠢ ᠰᠤᠨᠤᠰᠤᠨ ᠶᠠᠭᠠᠭᠢᠬᠤ ᠶᠢᠨ ᠠᠷᠭ᠎ᠠ ᠦᠭᠡᠶ ᠭᠦᠭᠡᠷᠦᠭᠦᠢᠯᠡᠭᠦ ᠰᠡᠳᠭᠢᠯ ᠳᠦᠷᠦᠭ᠍ᠳᠡᠨ᠄
᠊᠊᠊᠊᠊᠊᠊᠊᠊᠊᠊᠊᠊᠊᠊᠊᠊᠊᠊᠊᠊᠊᠊ ᠳᠡᠭᠦᠤ ᠮᠢᠨᠢ᠂ ᠣᠳᠤ ᠬᠠᠮᠢᠭ᠎ᠠ ᠦᠭᠡᠶ ᠰᠢᠤ᠂ ᠳᠠᠷᠠ ᠦᠶ᠎ᠡ ᠶᠢᠨ ᠳᠤᠭᠰᠢᠨ ᠰᠠᠯᠭᠢᠨ ᠰᠢᠷᠦᠭᠦᠨ ᠪᠣᠷᠤᠭᠠᠨ ᠪᠦᠷ ᠠᠷᠢᠯᠵᠤ ᠶᠠᠪᠣᠭᠰᠠᠨ᠂ ᠣᠳᠤ ᠪᠠᠷᠤᠭ ᠯᠠ ᠳᠠᠭᠢᠭᠠᠤᠨ ᠢᠷᠡᠭᠦ ᠦᠭᠡᠶ ᠶᠤᠮ᠃ ᠴᠠᠭ ᠳᠦᠷᠤ ᠴᠤ ᠣᠳᠤ ᠶᠢᠨ ᠵᠠᠰᠠᠭ ᠡᠴᠡ ᠡᠬᠢᠯᠡᠨ ᠰᠠᠢ᠌ᠵᠢᠷᠠᠭᠰᠠᠨ ᠰᠢᠤ ᠭᠡᠵᠤ ᠠᠶᠤᠵᠤ ᠰᠤᠴᠢᠭᠰᠠᠨ ᠵᠢᠷᠦᠭᠡ ᠶᠢ ᠨᠢ ᠳᠠᠢ᠌ᠪᠣᠰᠢᠷᠠᠭᠤᠯᠤᠨᠠ᠃ ᠰᠢᠷ᠎ᠠ ᠭᠦᠤ ᠠᠶᠤᠭᠰᠠᠨ ᠮᠠᠶᠢᠭ ᠲᠡᠶ ᠣᠷᠤᠵᠤ ᠢᠷᠡᠭᠡᠳ᠄
᠊᠊᠊᠊᠊᠊᠊᠊᠊᠊᠊᠊᠊᠊᠊᠊᠊᠊᠊᠊᠊᠊᠊ ᠭᠠᠳᠠᠨ᠎ᠠ ᠭᠦᠮᠤᠨ ᠮᠠᠯ ᠥᠵᠡᠭ᠍ᠳᠡᠭᠦ ᠦᠭᠡᠶ᠂ ᠡᠮᠦᠨ᠎ᠡ ᠠᠯᠳᠠᠭᠠᠨ᠎ᠠ ᠶᠢᠨ ᠳᠤᠳᠤᠷ᠎ᠠ ᠴᠢᠨ᠋ᠸ᠎ᠠ ᠣᠯᠢᠵᠤ ᠪᠠᠢ᠌ᠭ᠎ᠠ ᠰᠢᠭ ᠭᠡᠪᠠᠯ᠄
᠊᠊᠊᠊᠊᠊᠊᠊᠊᠊᠊᠊᠊᠊᠊᠊᠊᠊᠊᠊᠊᠊᠊ ᠳᠠᠷᠠ ᠭᠠᠢ᠌ᠬᠠᠯ ᠵᠥᠭᠡᠷ ᠰᠢᠤ᠂ ᠶᠠᠷᠢᠳᠢᠠᠴᠤ ᠳᠡᠭᠡᠷᠡᠭᠢ ᠠᠮᠢᠳᠠᠨ ᠵᠢᠷᠭᠤᠭᠠᠨ ᠵᠣᠢ᠌ᠯ ᠳᠤ ᠬᠤᠶᠠᠷ ᠭᠦᠯ ᠲᠡᠶ ᠭᠦᠮᠤᠨ ᠡᠴᠡ ᠣᠠᠳᠤᠤ ᠨᠢ ᠪᠦᠷ ᠯᠠ ᠭᠠᠭᠴᠠ ᠯᠠ ᠨᠢᠭᠤᠷ ᠲᠡᠶ᠂ ᠭᠦᠮᠤᠨ ᠭᠡᠳᠡᠭ᠌ ᠠᠮᠢᠳᠠᠨ ᠯᠠ ᠬᠤᠶᠠᠷ ᠨᠢᠭᠤᠷ ᠲᠡᠶ ᠰᠢᠤ ᠭᠡᠵᠤ ᠭᠦᠤ ᠪᠠᠨ ᠣᠴᠢᠷᠳᠠᠢ᠌ᠬᠠᠨ ᠰᠤᠷᠭᠠᠵᠤ ᠭᠠᠷᠪᠠ᠃ ᠰᠢᠷ᠎ᠠ ᠭᠦᠤ ᠶᠢᠨ ᠨᠣᠢ᠌ᠷ ᠨᠢ ᠭᠦᠷᠦᠭ᠍ᠰᠡᠨ ᠪᠣᠯᠤᠯᠳᠠᠢ᠄
᠊᠊᠊᠊᠊᠊᠊᠊᠊᠊᠊᠊᠊᠊᠊᠊᠊᠊᠊᠊᠊᠊᠊ ᠠᠪᠣ ᠡ︕ ᠪᠢ ᠰᠤᠷᠤᠭᠰᠠᠨ ᠥᠰᠦᠭ᠌ ᠶᠢᠡᠨ ᠪᠦᠷ ᠪᠢᠴᠢᠵᠤ ᠰᠤᠷᠪᠠ᠂ ᠮᠢᠨᠤ ᠨᠣᠢ᠌ᠷ ᠭᠦᠷᠴᠤ ᠪᠠᠢ᠌ᠨ᠎ᠠ᠂
᠊᠊᠊᠊᠊᠊᠊᠊᠊᠊᠊᠊᠊᠊᠊᠊᠊᠊᠊᠊᠊᠊᠊ ᠵᠠ︕ ᠮᠢᠨᠤ ᠭᠦᠤ ᠰᠤᠷᠤᠭᠰᠠᠨ ᠪᠣᠯ ᠰᠠᠢ᠌ᠨ᠂ ᠨᠣᠢ᠌ᠷ ᠴᠢᠨᠢ ᠭᠦᠷᠴᠤ ᠪᠠᠢ᠌ᠪᠠᠯ ᠣᠠᠳᠠ ᠭᠡᠳ ᠵᠡᠭᠦᠨ ᠬᠠᠶᠠᠭ᠎ᠠ ᠶᠢ ᠳᠠᠭᠠᠯᠳᠤᠭᠤᠯᠤᠨ ᠣᠷᠤ ᠳᠠᠪᠢᠰᠴᠤ ᠭᠦᠤ ᠪᠠᠨ ᠣᠠᠳᠠᠭᠤᠯᠪᠠ᠃ ᠮᠤᠯᠤᠮ ᠪᠠ ᠨᠠᠮᠠᠬᠠᠢ ᠪᠠᠷᠠᠭᠤᠨ ᠬᠠᠶᠠᠭ᠎ᠠ ᠶᠢ ᠨᠠᠭᠠᠯᠳᠤᠨ᠂ ᠣᠷᠤ ᠵᠠᠰᠠᠨ ᠭᠡᠪᠳᠡᠭᠡᠳ ᠨᠠᠮᠠᠬᠠᠢ᠄
᠊᠊᠊᠊᠊᠊᠊᠊᠊᠊᠊᠊᠊᠊᠊᠊᠊᠊᠊᠊᠊᠊᠊ ᠭᠦᠶᠢ︕ ᠳᠡᠭᠦᠤ ᠮᠢᠨᠢ᠂ ᠮᠢᠨᠤ ᠳᠠ ᠬᠤᠶᠠᠷ ᠤᠨ ᠬᠤᠷᠢᠮ ᠢ ᠴᠢᠨᠢ ᠪᠠᠯᠭᠡᠯᠡᠭ᠍ᠰᠡᠨ ᠵᠠᠭᠢᠳᠠᠯ ᠢ ᠣᠯᠤᠭᠰᠠᠨ ᠪᠠᠢ᠌ᠬ᠎ᠠ︖
᠊᠊᠊᠊᠊᠊᠊᠊᠊᠊᠊᠊᠊᠊᠊᠊᠊᠊᠊᠊᠊᠊᠊ ᠶᠠᠮᠠᠷ ᠵᠠᠭᠢᠳᠠᠯ᠂ ᠪᠢ ᠣᠳᠤ ᠪᠣᠯᠳᠠᠯ᠎ᠠ ᠳᠠᠨ ᠡᠴᠡ ᠢᠷᠡᠭ᠍ᠰᠡᠨ ᠵᠠᠭᠢᠳᠠᠯ ᠭᠡᠵᠤ ᠰᠤᠨᠤᠰᠤᠭ᠎ᠠ ᠦᠭᠡᠶ︕
᠊᠊᠊᠊᠊᠊᠊᠊᠊᠊᠊᠊᠊᠊᠊᠊᠊᠊᠊᠊᠊᠊᠊ ᠠᠢ︕ ᠪᠢ ᠳᠠᠨ ᠤ ᠬᠤᠶᠠᠷ ᠤᠨ ᠢᠯᠡᠭᠡᠭ᠍ᠰᠡᠨ ᠵᠠᠭᠢᠳᠠᠯ ᠢ ᠥᠵᠡᠭᠡᠳ ᠪᠣᠴᠠᠭᠠᠤᠨ ᠨᠢᠭᠡ ᠬᠤᠪᠢ ᠵᠠᠭᠢᠳᠠᠯ ᠢ ᠣᠨᠢᠭᠠᠷ ᠶᠢᠡᠨ ᠶᠠᠪᠣᠭᠤᠯᠤᠭᠰᠠᠨ᠃ ᠬᠤᠪᠢᠰᠬᠠᠯ ᠤᠨ ᠭᠦᠯ ᠳᠤ ᠳᠠᠭᠠᠷᠢᠭᠳᠠᠨ ᠠᠪᠴᠢᠷᠠᠵᠤ ᠦᠭᠭᠦᠭ᠍ᠰᠡᠨ ᠦᠭᠡᠶ ᠪᠠᠢ᠌ᠬ᠎ᠠ︕ ᠠᠢ︕ ᠴᠠᠭ ᠳᠦᠷᠤ ᠶᠢᠨ ᠥᠢᠮᠡᠭᠡᠨ ᠶᠤᠮ ᠴᠢᠨᠢ ᠶᠠᠭᠠᠭᠢᠨ᠎ᠠ︖
᠊᠊᠊᠊᠊᠊᠊᠊᠊᠊᠊᠊᠊᠊᠊᠊᠊᠊᠊᠊᠊᠊᠊ ᠠᠪᠣ ᠪᠠ ᠷᠤᠯᠭᠠᠷᠮ᠎ᠠ ᠶᠢᠨ ᠣᠩᠭ᠋ᠤᠨ ᠳᠠᠭᠢᠯᠭ᠎ᠠ ᠬᠠᠮᠢᠭ᠎ᠠ ᠪᠠᠢ᠌ᠨ᠎ᠠ︖
᠊᠊᠊᠊᠊᠊᠊᠊᠊᠊᠊᠊᠊᠊᠊᠊᠊᠊᠊᠊᠊᠊᠊ ᠮᠠᠩᠬᠠᠳᠤ ᠪᠠ ᠬᠠᠳᠠᠪᠴᠢ ᠶᠢᠨ ᠰᠠᠯᠠᠭ᠎ᠠ ᠵᠠᠮ ᠤᠨ ᠳᠡᠭᠡᠷ᠎ᠡ ᠬᠠᠷᠢ ᠳᠤ ᠳᠠᠯᠪᠢᠭᠰᠠᠨ ᠶᠤᠮ᠂ ᠮᠠᠷᠭᠠᠰᠢ ᠮᠠᠨᠤᠰ ᠣᠴᠢᠶ᠎ᠠ︕
᠊᠊᠊᠊᠊᠊᠊᠊᠊᠊᠊᠊᠊᠊᠊᠊᠊᠊᠊᠊᠊᠊᠊᠊ ᠪᠢ ᠴᠤ ᠳᠠᠢ᠌ᠮᠤ ᠰᠠᠨᠠᠭ᠎ᠠ ᠲᠡᠶ ᠭᠡᠪᠡ᠃ ᠬᠤᠶᠠᠭᠤᠯᠠ ᠶᠢᠨ ᠶᠠᠷᠢᠶ᠎ᠠ ᠰᠦᠨᠢ ᠬᠠᠭᠠᠰ ᠪᠣᠯᠤᠭᠠᠤᠨ ᠮᠤᠯᠤᠮ ᠮᠠᠨᠠᠢ ᠠᠯᠤᠰ ᠬᠤᠯᠠ ᠡᠴᠡ ᠢᠷᠡᠭ᠍ᠰᠡᠨ ᠣᠳᠠᠭᠠᠨ ᠵᠢᠯ ᠠᠭᠤᠯᠵᠠᠭ᠎ᠠ ᠦᠭᠡᠶ ᠡᠴᠢᠨᠡᠨ ᠵᠢᠯ ᠰᠡᠳᠭᠢᠯ ᠶᠢᠡᠨ ᠠᠭᠤᠵᠢᠷᠠᠳᠠᠯ᠎ᠠ ᠭᠡᠯᠡᠶ᠎ᠡ ᠭᠡᠳ ᠪᠣᠳᠤᠭᠰᠠᠨ ᠥᠭᠡ᠂ ᠶᠠᠷᠢᠶ᠎ᠠ ᠭᠡᠰᠡᠨ ᠶᠠᠷᠢᠶ᠎ᠠ ᠪᠠᠨ ᠣᠰᠤ ᠴᠠᠰᠤ ᠰᠢᠭ ᠣᠷᠤᠰᠠᠭᠤᠯᠤᠨ ᠴᠤᠪᠣᠭᠤᠯᠵᠤ ᠶᠠᠷᠢᠶ᠎ᠠ ᠭᠡᠳ ᠪᠣᠳᠤᠭᠰᠠᠨ ᠴᠤ ᠡᠳᠦᠷ ᠤᠨ ᠠᠵᠢᠯ ᠤᠨ ᠬᠠᠯᠠ ᠳᠤ ᠳᠡᠢ᠌ᠯᠦᠭ᠍ᠳᠡᠨ ᠣᠠᠳᠠᠵᠤ ᠣᠷᠭᠢᠪᠠ᠃ ᠨᠠᠮᠠᠬᠠᠢ ᠮᠤᠯᠤᠮ ᠤᠨ ᠣᠠᠳᠠᠭᠰᠠᠨ ᠢ ᠥᠵᠡᠭᠡᠳ ᠦᠪᠡᠷ ᠤᠨ ᠡᠷᠭᠡ ᠦᠭᠡᠶ ᠰᠡᠳᠭᠢᠯ ᠡᠪᠡᠳᠤᠨ᠂ ᠭᠦᠭᠡᠷᠦᠭᠦᠢ ᠮᠢᠨᠤ ᠨᠤᠳᠤᠭ ᠣᠰᠤ᠂ ᠭᠡᠷ ᠡᠷᠦᠭᠡ᠂ ᠠᠬ᠎ᠠ ᠳᠡᠭᠦᠤ ᠰᠠᠳᠤᠨ ᠳᠦᠷᠤᠯ ᠤᠳ ᠮᠢᠨᠢ ᠡ︕ ᠭᠡᠳ ᠡᠯᠢᠭᠡ ᠵᠢᠷᠦᠭᠡ ᠡᠮᠳᠡᠷᠡᠨ ᠡᠪᠠᠦᠡᠴᠤ᠂ ᠠᠯᠢ ᠣᠯᠠᠨ ᠮᠤᠯᠤᠮ ᠤᠨ ᠭᠡᠯᠡᠭ᠍ᠰᠡᠨ ᠵᠣᠢ᠌ᠯ ᠢ ᠪᠣᠳᠤᠨ ᠦᠣᠷ ᠭᠡᠭᠡᠷᠡᠭᠦ ᠶᠢᠨ ᠡᠮᠦᠨᠡᠭᠡᠨ ᠨᠣᠢ᠌ᠷ ᠤᠨ ᠭᠦᠰᠢᠭᠡ ᠨᠢ ᠳᠠᠷᠤᠭᠳᠠᠵᠤ ᠣᠠᠳᠠᠪᠠ᠃
ᠮᠠᠷᠭᠠᠰᠢ ᠦᠷᠯᠦᠭᠡ ᠨᠢ ᠮᠤᠯᠤᠮ ᠮᠦᠨ ᠣᠤᠯ ᠤᠨ ᠶᠤᠰᠤᠭᠠᠷ ᠡᠷᠳᠡ ᠪᠣᠰᠤᠨ᠂ ᠬᠤᠷᠤᠭᠠᠨ ᠳᠤ ᠪᠠᠨ ᠨᠢᠭᠡ ᠢᠷᠭᠡ ᠥᠯᠡᠳᠡᠭᠡᠨ ᠪᠣᠰᠤᠳ ᠢ ᠨᠢ ᠪᠠᠯᠴᠢᠭᠡᠷ ᠣᠷᠤᠭᠤ ᠵᠠᠯᠠᠵᠤ᠂ ᠪᠣᠴᠠᠨ ᠢᠷᠠᠵᠤ ᠦᠨᠦᠭᠢ ᠪᠠᠨ ᠨᠢᠳᠤᠯᠵᠤ᠂ ᠰᠢᠨ᠎ᠠ ᠮᠢᠬ᠎ᠠ ᠭᠠᠷᠭᠠᠨ ᠭᠦᠤ ᠨᠠᠰᠢ ᠴᠠᠰᠢ ᠠᠪᠣ ᠳᠠᠭᠠᠨ ᠬᠠᠪᠰᠤᠷᠤᠨ ᠨᠠᠮᠠᠬᠠᠢ ᠵᠤᠤᠬ᠎ᠠ ᠨᠤᠴᠤᠭᠠᠨ ᠣᠰᠤ ᠪᠣᠴᠠᠯᠭᠠᠨ ᠮᠢᠬ᠎ᠠ ᠴᠢᠨᠠᠪᠠ᠃ ᠦᠳᠡ ᠶᠢᠨ ᠪᠠᠷᠤᠭ ᠶᠢᠡᠷ ᠭᠤᠷᠪᠠᠭᠤᠯᠠ ᠰᠢᠨ᠎ᠠ ᠮᠢᠬᠠᠨ ᠤ ᠳᠡᠭᠡᠵᠢ ᠶᠢ ᠠᠪᠴᠤ ᠡᠳᠦᠢ ᠳᠠᠳᠤᠢ ᠰᠠᠩ ᠭᠦᠵᠢ ᠪᠠ ᠰᠥ᠋ ᠴᠠᠭ᠎ᠠ ᠶᠢ ᠠᠪᠤᠨ ᠮᠠᠰᠢᠨ ᠳᠤ ᠰᠠᠭᠤᠨ ᠨᠠᠷᠢᠨ ᠳᠠᠯ᠎ᠠ ᠶᠢᠨ ᠵᠦᠷᠢᠭ᠌ ᠪᠠᠷ ᠰᠢᠭᠤᠳ ᠠᠷᠢᠭᠤᠨ ᠴᠠᠭᠠᠨ ᠣᠷᠳᠤᠨ ᠵᠥᠭ᠌ ᠳᠠᠪᠭᠢᠪᠠ᠃ ᠰᠢᠷ᠎ᠠ ᠭᠦᠤ ᠨᠠᠭᠠᠴᠤ ᠡᠪᠦᠭᠡ ᠪᠠ ᠡᠵᠢ ᠶᠢᠨ ᠶᠢᠡᠨ ᠪᠣᠯᠠᠰᠢᠨ ᠳᠤ ᠳᠦᠷᠦᠭᠦᠤ ᠣᠳᠠᠭ᠎ᠠ ᠪᠠ ᠨᠠᠮᠠᠬᠠᠢ ᠴᠤ ᠳᠦᠷᠦᠭᠦᠤ ᠣᠳᠠᠭ᠎ᠠ ᠪᠣᠯᠬᠤᠷ ᠶᠤᠰᠤ ᠵᠢᠷᠤᠮ ᠢ ᠭᠦᠢᠴᠡᠳᠭᠡᠨ ᠳᠠᠭᠢᠯ ᠳᠠᠪᠢᠯᠭ᠎ᠠ ᠳᠠᠯᠪᠢᠵᠤ ᠠᠷᠢᠭᠢ ᠰᠠᠷᠵᠢᠮᠯᠠᠨ ᠶᠤᠰᠤ ᠭᠦᠢᠴᠡᠳᠭᠡᠪᠡ᠃ ᠴᠠᠭ ᠢᠯᠡᠭᠦᠤ ᠡ᠊ᠨᠳᠡ ᠵᠤᠭᠰᠤᠨ ᠳᠠᠭᠢᠨ ᠣᠳᠠ ᠶᠢᠨ ᠣᠯᠤᠮ ᠳᠤ ᠣᠴᠢᠨ ᠮᠤᠯᠤᠮ ᠠᠪᠣ ᠶᠢᠨ ᠶᠢᠡᠨ ᠪᠣᠯᠠᠰᠢᠨ ᠳᠤ ᠴᠤ ᠳᠠᠭᠢᠯ ᠶᠤᠰᠤ ᠶᠢ ᠭᠦᠢᠴᠡᠳᠭᠡᠨ ᠭᠦᠤ ᠳᠡᠭᠡᠨ᠄
᠊᠊᠊᠊᠊᠊᠊᠊᠊᠊᠊᠊᠊᠊᠊᠊᠊᠊᠊᠊᠊᠊᠊᠊ ᠡᠨᠡ ᠪᠣᠯ ᠡᠪᠦᠭᠡ ᠶᠢᠨ ᠴᠢᠨᠢ ᠪᠣᠯᠠᠰᠢ ᠪᠣᠯᠬᠤ ᠶᠤᠮ ᠭᠡᠵᠤ ᠳᠦᠭᠦᠮ ᠳᠦᠲᠡ ᠮᠡᠳᠡᠭᠦᠯᠤᠨ ᠬᠠᠭᠠᠰ ᠡᠳᠦᠷ ᠢ ᠭᠡᠳᠦᠯᠤᠨ᠂ ᠨᠠᠷᠠ ᠣᠨᠠᠬᠤ ᠶᠢᠨ ᠪᠠᠷᠤᠭ ᠶᠢᠡᠷ ᠠᠳᠤᠭᠤᠨ ᠳᠤᠪᠣ ᠳᠠᠰᠢ ᠵᠢᠯᠢᠨ ᠣᠤᠠᠪᠠ᠃ ᠣᠩᠭ᠋ᠤᠨ ᠭᠡᠭᠦᠷ ᠶᠢᠡᠨ ᠡᠷᠭᠢᠨ ᠥᠵᠡᠭᠡᠳ ᠨᠠᠮᠠᠬᠠᠢ ᠪᠠ ᠮᠤᠯᠤᠮ ᠤᠨ ᠳᠤᠳᠤᠷ᠎ᠠ ᠨᠢᠭᠡ ᠭᠦᠡᠳᠤ ᠴᠢᠯᠠᠭᠤ ᠨᠢ ᠪᠠᠭᠤᠨ ᠬᠤᠭᠤᠯᠠᠨ ᠤ ᠳᠠᠷᠠᠭ᠎ᠠ ᠮᠦᠨ ᠣᠤᠯ ᠤᠨ ᠵᠤᠭᠤᠭ ᠣᠵᠤᠭᠤᠷ ᠤᠨ ᠶᠠᠪᠣᠳᠠᠯ ᠳᠡᠯᠭᠡᠨ ᠰᠠᠭᠤᠨ᠎ᠠ᠃
ᠰᠦᠨᠢ ᠳᠤᠮᠳᠠ ᠡᠴᠡ ᠡᠭᠢᠯᠡᠨ ᠰᠠᠯᠭᠢᠨ ᠪᠣᠰᠴᠤ ᠡᠭᠦᠯᠡ ᠬᠣᠢ᠌ᠯᠠᠷᠠᠭᠠᠤᠨ᠂ ᠨᠢᠭᠡ ᠮᠡᠳᠡᠭᠦ ᠳᠤ ᠨᠢᠳᠤ ᠴᠢᠴᠢᠮ᠎ᠠ ᠫᠠᠤᠨ ᠬᠠᠷᠠᠩᠭ᠋ᠤᠢ ᠪᠣᠯᠵᠤ ᠵᠤᠵᠠᠭᠠᠨ ᠡᠭᠦᠯᠡ ᠨᠢᠭᠳᠠᠷᠠᠨ ᠵᠠᠭᠤᠷᠠᠯᠳᠤᠭᠠᠤᠨ᠂ ᠳᠡᠭ᠍ᠷᠢ ᠳᠤᠤᠭᠠᠷᠴᠤ ᠠᠶᠤᠩᠭ᠋᠎ᠠ ᠴᠠᠭᠢᠯᠤᠨ ᠰᠢᠷᠦᠭᠦᠨ ᠪᠣᠷᠤᠭᠠᠨ ᠴᠢᠳᠬᠤᠯᠠᠪᠠ᠃ ᠰᠢᠷ᠎ᠠ ᠭᠦᠤ ᠠᠶᠤᠭᠰᠠᠨ ᠮᠠᠶᠢᠭᠳᠠᠢ ᠠᠪᠣ ᠶᠢᠨ ᠶᠢᠡᠨ ᠡᠪᠦᠷ ᠲᠤ ᠭᠦᠶᠤᠨ ᠣᠷᠤᠪᠠ᠃ ᠭᠡᠨᠡᠳᠲᠡ ᠭᠡᠨᠡᠳᠲᠡ ᠴᠠᠭᠢᠯᠬᠤ ᠴᠠᠭᠢᠯᠭᠠᠨ ᠳᠤ ᠳᠠᠯ᠎ᠠ ᠭᠦᠳᠡᠭᠡ ᠵᠤᠷᠪᠣᠰ ᠳᠠᠳᠠᠨ ᠴᠠᠢ᠌ᠷᠠᠨ᠂ ᠬᠤᠨᠢ ᠮᠠᠯ ᠬᠤᠷᠤᠭᠠᠨ ᠤ ᠨᠦᠮᠦᠷᠢ ᠲᠠᠭᠠᠨ ᠭᠡᠪᠳᠡᠵᠤ᠂ ᠭᠦᠳᠡᠭᠡ ᠳᠠᠯ᠎ᠠ ᠳᠡᠭ᠍ᠷᠢ ᠶᠢᠨ ᠠᠶᠤᠩᠭ᠋᠎ᠠ ᠡᠴᠡ ᠣᠠᠳᠤᠤ ᠥᠭᠡᠷ᠎ᠡ ᠳᠠᠭᠤ ᠴᠢᠮᠡᠭᠡ ᠦᠭᠡᠶ᠃
ᠦᠷᠯᠦᠭᠡ ᠪᠣᠯᠬᠤ ᠳᠤ ᠨᠢᠭᠡ ᠰᠦᠨᠢ ᠰᠠᠭᠤᠯᠭ᠎ᠠ ᠰᠠᠪᠠ ᠪᠠᠷ ᠴᠢᠳᠬᠤᠭᠰᠠᠨ ᠰᠢᠭ ᠠᠭᠠᠳᠠᠷ ᠪᠣᠷᠤᠭᠠᠨ ᠠᠭᠠᠵᠢᠮ ᠶᠢᠡᠷ ᠵᠥᠰᠡᠷᠡᠨ ᠨᠢᠭᠡ ᠮᠡᠳᠡᠭᠦ ᠳᠤ ᠳᠡᠭ᠍ᠷᠢ ᠠᠪᠣ ᠨᠠᠳᠣᠢ᠌ᠨ ᠬᠠᠷᠠᠯᠠᠭᠠᠤᠨ ᠭᠡᠳᠤᠨ ᠡᠳᠦᠷ ᠤᠨ ᠦᠷᠭᠦᠯᠵᠢᠯᠡᠭ᠍ᠰᠡᠨ ᠪᠣᠷᠤᠭᠠᠨ ᠪᠣᠯᠬᠤ ᠨᠢ ᠳᠤᠳᠤᠷᠠᠬᠠᠢ ᠬᠠᠷᠠᠭᠳᠠᠨ᠎ᠠ᠃ ᠦᠷᠯᠦᠭᠡ ᠡᠷᠳᠡ ᠰᠡᠷᠢᠭ᠍ᠰᠡᠨ ᠮᠤᠯᠤᠮ ᠭᠦᠤ ᠪᠠ ᠠᠬ᠎ᠠ ᠪᠠᠨ ᠰᠡᠷᠢᠭᠡᠭᠦ ᠦᠭᠡᠶ ᠭᠡᠮᠡᠨ ᠠᠭᠠᠵᠢᠮᠬᠠᠨ ᠪᠣᠰᠴᠤ ᠭᠠᠳᠠᠨ᠎ᠠ ᠭᠠᠷᠴᠤ ᠬᠤᠨᠢ ᠮᠠᠯ ᠶᠢᠡᠨ ᠬᠠᠷᠠᠨ ᠠᠷᠭᠠᠯ ᠲᠦᠯᠠᠰᠢ ᠶᠢᠨ ᠳᠡᠭᠡᠷᠡᠭᠢ ᠨᠤᠷᠤᠭᠰᠠᠨ ᠭᠡᠰᠡᠭ᠌ ᠢ ᠵᠠᠢ᠌ᠯᠠᠭᠤᠯᠤᠨ ᠳᠤᠤᠷ᠎ᠠ ᠡᠴᠡ ᠨᠢ ᠬᠠᠭᠤᠷᠠᠢ ᠲᠦᠯᠡᠭᠡ ᠠᠷᠭᠠᠯ ᠢ ᠭᠠᠷᠭᠠᠨ ᠠᠪᠴᠤ ᠰᠠᠭᠰᠤᠨ ᠳᠤ ᠭᠢᠨ ᠳᠠᠭᠢᠨ ᠳᠡᠭᠡᠷ᠎ᠡ ᠨᠢ ᠰᠦᠯᠢᠶᠤᠤ ᠪᠦᠷᠭᠦᠨ ᠳᠠᠯᠪᠢᠭᠠᠤᠨ ᠭᠡᠷ ᠲᠤ ᠣᠷᠤᠪᠠ᠃ ᠵᠤᠤᠬ᠎ᠠ ᠪᠠ ᠭᠢᠰᠠ ᠶᠢ ᠨᠤᠴᠤᠭᠠᠨ ᠣᠰᠤ ᠴᠠᠢ ᠶᠢ ᠪᠣᠴᠠᠯᠭᠠᠵᠤ ᠪᠠᠢ᠌ᠬᠤ ᠳᠤ ᠨᠠᠮᠠᠬᠠᠢ ᠪᠠ ᠰᠢᠷ᠎ᠠ ᠭᠦᠤ ᠬᠤᠶᠠᠭᠤᠯᠠ ᠪᠣᠰᠪᠠ᠃
ᠨᠠᠷᠠ ᠪᠠᠷᠤᠭ ᠳᠡᠭᠡᠷ᠎ᠡ ᠭᠠᠷᠤᠭᠰᠠᠨ ᠤ ᠳᠠᠷᠠᠭ᠎ᠠ ᠮᠤᠯᠤᠮ ᠬᠤᠷᠤᠭ᠎ᠠ ᠶᠢ ᠳᠠᠢ᠌ᠯᠵᠤ ᠬᠤᠨᠢᠳ ᠢ ᠪᠠᠯᠴᠢᠭᠡᠷᠯᠡᠭᠦᠯᠪᠡ᠃ ᠵᠦᠰᠠᠷᠠᠵᠤ ᠣᠷᠤᠬᠤ ᠪᠣᠷᠤᠭᠠᠨ ᠤ ᠳᠤᠮᠳᠠ ᠬᠤᠨᠢᠳ ᠰᠡᠷᠢᠭᠦᠨ ᠳᠠᠪᠠᠳᠠᠢ ᠢᠳᠠᠰᠢᠯᠠᠨᠠ᠃ ᠮᠤᠯᠤᠮ ᠳᠡᠭᠡᠷ᠎ᠡ ᠪᠠᠨ ᠰᠦᠯᠢᠶᠤᠤ ᠨᠦᠮᠤᠷᠢᠨ ᠬᠤᠨᠢᠳ ᠢ ᠪᠠᠯᠴᠢᠭᠡᠷ ᠣᠷᠤᠭᠤ ᠵᠠᠯᠠᠵᠤ ᠳᠠᠯᠪᠢᠭᠠᠤᠨ ᠭᠡᠷ ᠣᠷᠤᠭᠤ ᠪᠠᠨ ᠠᠯᠬᠤᠯᠠᠪᠠ᠃
ᠣᠳᠠᠭᠠᠨ ᠣᠨ ᠤ ᠬᠠᠭᠤᠴᠢᠨ ᠠᠷᠬᠠᠭ ᠣᠰᠤ ᠴᠠᠰᠤ ᠲᠡᠶ ᠡᠳᠦᠷ ᠡᠭᠢᠯᠡᠨ᠎ᠡ ᠭᠡᠳᠡᠭ᠍ᠴᠢᠯᠡᠨ ᠴᠢᠭᠢᠭ᠌ ᠨᠣᠢ᠌ᠳᠠᠨ ᠢ ᠳᠠᠰᠴᠤ ᠳᠡᠢ᠌ᠯᠭᠦ ᠦᠭᠡᠶ ᠪᠣᠯᠵᠤ᠂ ᠮᠤᠯᠤᠮ ᠤᠨ ᠳᠠᠮᠤᠷ ᠬᠠᠳᠠᠭᠠᠰᠤ ᠲᠡᠶ ᠨᠢᠷᠤᠭᠤ ᠨᠢ ᠦᠶ᠎ᠡ ᠪᠠᠷ ᠶᠢᠡᠨ ᠰᠢᠷᠭᠢᠷᠠᠨ ᠡᠪᠠᠦᠡᠴᠤ ᠠᠷᠭ᠎ᠠ ᠦᠭᠡᠶ ᠠᠭᠠᠰᠢ ᠶᠢ ᠨᠢ ᠠᠯᠳᠠᠭᠤᠯᠤᠨ᠎ᠠ᠃ ᠮᠤᠯᠤᠮ ᠨᠢᠷᠤᠭᠤᠨ ᠤ ᠪᠠᠨ ᠡᠪᠠᠦᠡᠭᠦ ᠶᠢ ᠳᠠᠰᠴᠤ ᠳᠡᠢ᠌ᠯᠭᠦ ᠦᠭᠡᠶ ᠪᠦᠭᠦᠢᠳᠡᠨ ᠠᠯᠬᠤᠯᠠᠵᠤ ᠵᠦᠳᠠᠵᠤ ᠭᠡᠷ ᠲᠤ ᠣᠷᠤᠪᠠ᠃
᠊᠊᠊᠊᠊᠊᠊᠊᠊᠊᠊᠊᠊᠊᠊᠊᠊᠊᠊᠊᠊᠊᠊᠊ ᠳᠡᠭᠦᠤ ᠮᠢᠨᠢ ᠶᠠᠭᠠᠭᠢᠴᠢᠬᠠᠪᠠ︖ ᠪᠠᠶ᠎ᠠ ᠴᠢᠨᠢ ᠡᠪ ᠦᠭᠡᠶ ᠪᠠᠢ᠌ᠨᠠᠤ︖
᠊᠊᠊᠊᠊᠊᠊᠊᠊᠊᠊᠊᠊᠊᠊᠊᠊᠊᠊᠊᠊᠊᠊᠊ ᠠᠢ︕ ᠠᠷᠠᠤᠨ ᠤᠨ ᠬᠤᠪᠢᠰᠬᠠᠯ ᠤᠨ ᠠᠳᠠᠯᠠᠵᠤ ᠥᠯᠡᠳᠡᠭᠡᠭ᠍ᠰᠡᠨ ᠥᠯᠡᠳᠡᠭ᠍ᠳᠡᠯ ᠮᠠᠨᠢ ᠴᠠᠰᠤ ᠪᠣᠷᠤᠭᠠᠨ ᠢ ᠳᠠᠭᠠᠭᠠᠬᠤ ᠦᠭᠡᠶ ᠡᠪᠠᠦᠡᠭᠡᠵᠤ ᠪᠠᠢ᠌ᠨ᠎ᠠ︕
ᠮᠤᠯᠤᠮ ᠤᠨ ᠮᠠᠨᠢ ᠳᠤᠭ᠎ᠠ ᠣᠯᠠᠷᠢᠯ ᠨᠢ ᠭᠦᠢᠴᠡᠵᠤ᠂ ᠭᠡᠮᠵᠢᠶ᠎ᠡ ᠳᠠᠭᠤᠰᠠᠬᠤ ᠪᠣᠯᠤᠭᠰᠠᠨ ᠣᠴᠢᠷ ᠬᠠᠯᠠᠭᠤᠨ ᠭᠢᠰᠠ ᠶᠢᠨ ᠳᠡᠷᠭᠡᠳᠡ ᠨᠢᠷᠤᠭᠤ ᠬᠠᠯᠠᠭᠠᠨ ᠰᠠᠭᠤᠪᠠᠴᠤ ᠨᠢᠷᠤᠭᠤᠨ ᠳᠤᠳᠤᠷᠠᠭᠢ ᠬᠤᠶᠠᠷ ᠳᠠᠮᠤᠷ ᠬᠠᠳᠠᠭᠠᠰᠤ ᠬᠠᠳᠬᠤᠨ ᠰᠢᠪᠦᠭᠡᠯᠡᠵᠤ ᠠᠷᠭ᠎ᠠ ᠦᠭᠡᠶ ᠮᠤᠯᠤᠮ ᠶᠤᠤᠯᠠᠨ᠎ᠠ᠃ ᠮᠤᠯᠤᠮ ᠤᠨ ᠵᠤᠪᠠᠵᠤ ᠪᠠᠢ᠌ᠬᠤ ᠶᠢ ᠥᠵᠡᠭᠡᠳ ᠨᠠᠮᠠᠬᠠᠢ᠄
᠊᠊᠊᠊᠊᠊᠊᠊᠊᠊᠊᠊᠊᠊᠊᠊᠊᠊᠊᠊᠊᠊᠊᠊ ᠳᠡᠭᠦᠤ ᠮᠢᠨᠢ᠂ ᠪᠠᠶ᠎ᠠ ᠪᠠᠨ ᠬᠠᠳᠠᠭᠤᠵᠢᠯᠠ᠂ ᠪᠢ ᠠᠷᠢᠭᠤᠨ ᠴᠠᠭᠠᠨ ᠣᠷᠳᠤᠨ ᠳᠤ ᠣᠴᠢᠵᠤ ᠡᠮᠴᠢ ᠳᠤᠮᠴᠢ ᠡᠷᠢᠨ ᠡᠮ ᠳᠠᠩ ᠵᠠᠯᠠᠵᠤ ᠠᠪᠴᠢᠷᠠᠶ᠎ᠠ︕ ᠰᠢᠷ᠎ᠠ ᠡ︕ ᠠᠪᠣ ᠳᠠᠭᠠᠨ ᠬᠠᠯᠠᠭᠤᠨ ᠴᠠᠢ ᠠᠶᠠᠭᠠᠯᠠᠵᠤ ᠦᠭᠭᠦᠭᠡᠳ ᠪᠠᠢ᠌ᠵᠤ ᠪᠠᠢ︕ ᠨᠠᠭᠠᠴᠤ ᠨᠢ ᠡᠮ ᠵᠠᠯᠠᠭᠠᠤᠨ ᠢᠷᠠᠶ᠎ᠠ︕ ᠭᠡᠳ ᠶᠠᠭᠠᠷᠠᠨ ᠭᠠᠷᠴᠤ ᠭᠡᠭᠡᠨ ᠣᠷᠳᠤᠨ ᠤ ᠵᠥᠭ᠌ ᠨᠢᠰᠭᠦ ᠮᠠᠳᠤ ᠳᠦᠷᠭᠡᠨ ᠳᠠᠪᠭᠢᠪᠠ᠃ ᠣᠳᠠᠯ ᠦᠭᠡᠶ ᠭᠡᠭᠡᠨ ᠣᠷᠳᠤᠨ ᠤ ᠠᠷᠠᠤᠨ ᠤᠨ ᠡᠮᠨᠡᠯᠭᠡ ᠳᠤ ᠢᠷᠠᠨ ᠬᠤᠶᠠᠷ ᠡᠮᠴᠢ ᠶᠢ ᠡᠮ ᠳᠠᠩ ᠲᠡᠶ ᠨᠢ ᠠᠪᠣᠭᠤᠯᠤᠨ᠂ ᠭᠦᠩᠱᠧ ᠳᠤ ᠣᠷᠤᠨ ᠭᠤᠮᠪᠣᠵᠠᠪ ᠳᠤ᠄
᠊᠊᠊᠊᠊᠊᠊᠊᠊᠊᠊᠊᠊᠊᠊᠊᠊᠊᠊᠊᠊᠊᠊᠊ ᠵᠠ︕ ᠳᠠ ᠮᠢᠨᠢ ᠡ᠊ᠨᠳᠡ ᠠᠮᠠᠷᠠᠵᠤ ᠪᠠᠢ᠌ᠭᠳᠤᠨ᠂ ᠳᠡᠭᠦᠤ ᠶᠢᠨ ᠮᠢᠨᠢ ᠬᠠᠭᠤᠴᠢᠨ ᠠᠷᠬᠠᠭ ᠨᠢ ᠭᠦᠳᠡᠯᠵᠤ ᠪᠠᠶ᠎ᠠ ᠮᠠᠭᠤᠳᠠᠢ ᠪᠠᠢ᠌ᠨ᠎ᠠ᠂ ᠪᠢ ᠳᠠᠠᠳᠠ ᠢᠯᠡᠭᠦᠤ ᠭᠡᠳᠤᠨ ᠡᠳᠦᠷ ᠥᠡᠵᠢᠴᠢᠭᠡᠭᠦ ᠮᠠᠭᠠᠤᠨ ᠡ︕ ᠭᠡᠵᠤ ᠭᠡᠯᠡ ᠦᠭᠭᠦᠨ ᠶᠠᠭᠠᠷᠠᠤ ᠰᠠᠠᠳᠤᠷᠠᠤ ᠳᠡᠷᠭᠡᠨ ᠳᠤ ᠭᠠᠷᠴᠤ ᠠᠳᠤᠭᠤᠨ ᠳᠤᠪᠣ ᠳᠤ ᠢᠷᠠᠪᠠ᠃
ᠡᠮᠴᠢ ᠰᠤᠳᠠᠯ ᠠᠳᠬᠤᠵᠤ᠂ ᠨᠢᠷᠤᠭᠤ ᠶᠢ ᠨᠢ ᠳᠠᠷᠤᠨ᠄
᠊᠊᠊᠊᠊᠊᠊᠊᠊᠊᠊᠊᠊᠊᠊᠊᠊᠊᠊᠊᠊᠊᠊ ᠣᠳᠠᠭᠠᠨ ᠣᠨ ᠤ ᠬᠤᠶᠠᠩ ᠰᠢᠷ᠎ᠠ ᠣᠰᠤ᠂ ᠦᠶ᠎ᠡ ᠭᠡᠰᠢᠭᠦᠤ ᠶᠢᠨ ᠳᠤᠮᠳᠠ ᠮᠥᠭᠡᠷᠡᠰᠤ ᠣᠷᠭᠤᠨ ᠨᠠᠭᠠᠯᠳᠤᠭᠰᠠᠨ᠂ ᠳᠤᠳᠤᠷ ᠪᠦᠭᠡᠷ᠎ᠡ ᠴᠢᠳᠠᠪᠣᠷᠢ ᠠᠯᠳᠠᠨ᠂ ᠴᠢᠰᠤᠨ ᠤ ᠡᠷᠭᠢᠯᠳᠡ ᠮᠠᠭᠤᠳᠠᠪᠠ᠃ ᠳᠠᠭᠢᠨ ᠢᠳᠠᠵᠤ ᠣᠭᠤᠤᠬᠤ ᠪᠠᠷᠤᠭᠳᠠᠢ ᠡᠴᠡ ᠪᠣᠯᠵᠤ᠂ ᠪᠠᠶ᠎ᠠ ᠳᠠᠮᠢᠷ ᠦᠭᠡᠶ᠂ ᠭᠡᠳᠥᠢᠪᠠᠷ ᠮᠠᠰᠠ ᠵᠠᠰᠠᠯ ᠭᠢᠵᠤ ᠮᠥᠭᠡᠷᠡᠰᠤ ᠶᠢ ᠨᠢ ᠣᠭᠳᠤᠯᠤᠨ ᠠᠪᠴᠤ ᠪᠤᠯᠬᠤ ᠪᠣᠯᠪᠠᠴᠤ ᠡᠪᠠᠦᠡᠴᠢᠳᠡᠨ ᠤ ᠪᠠᠶ᠎ᠠ ᠳᠠᠮᠢᠷ ᠮᠠᠭᠤᠳᠠᠢ ᠡᠴᠡ ᠪᠣᠯᠵᠤ ᠮᠠᠰᠠ ᠵᠠᠰᠠᠯ ᠢ ᠳᠠᠭᠠᠭᠠᠬᠤ ᠦᠭᠡᠶ ᠭᠡᠳᠡᠷᠭᠦ ᠣᠯᠠᠮ ᠭᠡᠴᠡᠭᠦᠳᠡᠨ ᠠᠮᠢ ᠨᠠᠰᠤᠨ ᠳᠤ ᠠᠶᠤᠯᠳᠠᠢ ᠭᠡᠵᠤ ᠳᠤᠳᠤᠯᠠᠨ ᠬᠤᠶᠠᠩ ᠰᠢᠷ᠎ᠠ ᠣᠰᠤᠨ ᠤ ᠡᠮ ᠪᠠᠷᠢᠵᠤ ᠦᠭᠭᠦᠭ᠍ᠰᠡᠨ ᠴᠤ ᠮᠤᠯᠤᠮ ᠳᠤ ᠳᠤᠰᠠ ᠪᠣᠯᠵᠤ ᠳᠡᠢ᠌ᠯᠭᠦ ᠦᠭᠡᠶ᠃ ᠮᠤᠯᠤᠮ ᠮᠠᠨᠢ ᠰᠢᠳᠤ ᠵᠠᠭᠤᠨ ᠳᠠᠰᠪᠣᠷᠢᠯᠠᠪᠠᠴᠤ ᠶᠠᠰᠤᠨ ᠤ ᠳᠤᠳᠤᠷ᠎ᠠ ᠬᠠᠳᠬᠤᠯᠠᠨ ᠰᠢᠪᠦᠭᠡᠯᠡᠵᠤ ᠡᠪᠠᠦᠡᠴᠤ ᠪᠠᠢ᠌ᠬᠤ ᠪᠣᠯᠬᠤᠷ ᠠᠷᠭ᠎ᠠ ᠦᠭᠡᠶ ᠶᠤᠤᠯᠠᠨ᠎ᠠ᠃ ᠣᠷᠤᠢ ᠶᠢᠨ ᠨᠠᠷᠠ ᠣᠨᠠᠬᠤ ᠠᠯᠳᠠ ᠪᠠᠷ ᠡᠮᠴᠢ ᠳᠠᠭᠢᠨ ᠰᠤᠳᠠᠯ ᠪᠠᠷᠢᠵᠤ ᠵᠢᠷᠦᠭᠡᠨ ᠴᠤᠭᠢᠯᠭ᠎ᠠ ᠶᠢ ᠪᠠᠷᠢᠨ ᠥᠵᠡᠭᠡᠳ ᠭᠠᠳᠠᠨ᠎ᠠ ᠭᠡᠷ ᠲᠤ ᠭᠠᠷᠴᠤ ᠨᠠᠮᠠᠬᠠᠢ ᠳᠤ᠄
᠊᠊᠊᠊᠊᠊᠊᠊᠊᠊᠊᠊᠊᠊᠊᠊᠊᠊᠊᠊᠊᠊᠊ ᠡᠪᠠᠦᠡᠴᠢᠳᠡᠨ ᠤ ᠬᠣᠢ᠌ᠴᠢ ᠶᠢᠨ ᠶᠠᠪᠣᠳᠠᠯ ᠢ ᠪᠡᠯᠡᠳᠭᠡᠵᠤ ᠪᠠᠢ᠌ᠭᠠᠷᠠᠢ︕ ᠪᠠᠷᠤᠭ ᠡᠪᠠᠦᠡᠴᠢᠳᠡᠨ ᠡᠨᠡ ᠭᠡᠳᠤᠨ ᠡᠳᠦᠷ ᠤᠨ ᠬᠠᠯᠠ ᠶᠢ ᠳᠠᠭᠠᠭᠠᠵᠤ ᠳᠡᠢ᠌ᠯᠭᠦ ᠦᠭᠡᠶ ᠰᠢᠠᠵᠢ ᠲᠡᠶ᠂ ᠡᠨᠡ ᠪᠣᠷᠤᠭᠠᠨ ᠬᠤᠷ᠎ᠠ ᠶᠢᠨ ᠴᠢᠭᠢᠭ᠌ ᠡᠴᠡ ᠨᠠᠩ ᠭᠡᠯᠡᠭᠦᠶ᠎ᠡ ᠪᠠᠷᠭᠡ᠃
᠊᠊᠊᠊᠊᠊᠊᠊᠊᠊᠊᠊᠊᠊᠊᠊᠊᠊᠊᠊᠊᠊᠊ ᠵᠢᠭᠠᠬᠠᠨ ᠴᠤ ᠠᠷᠭ᠎ᠠ ᠦᠭᠡᠶ ᠦᠦ︖
᠊᠊᠊᠊᠊᠊᠊᠊᠊᠊᠊᠊᠊᠊᠊᠊᠊᠊᠊᠊᠊᠊᠊ ᠡᠪᠠᠦᠡᠴᠢᠳᠡᠨ ᠤ ᠨᠢᠷᠤᠭᠤ ᠶᠢᠨ ᠦᠷᠪᠢᠰᠤᠯ ᠪᠠᠭ᠎ᠠ ᠳᠠᠭᠠᠨ ᠬᠤᠷᠢᠨ ᠵᠢᠯ ᠥᠩᠭᠡᠷᠡᠵᠤ ᠪᠠᠢ᠌ᠨ᠎ᠠ︕ ᠪᠢᠳᠠᠨ ᠰᠢᠭ᠌ ᠡᠢ᠌ᠮᠤ ᠡᠮᠴᠢ ᠳᠤ ᠶᠠᠭ ᠠᠷᠭ᠎ᠠ ᠦᠭᠡᠶ ᠭᠡᠪᠠᠯ ᠨᠠᠮᠠᠬᠠᠢ ᠠᠷᠭ᠎ᠠ ᠦᠭᠡᠶ ᠪᠣᠯᠵᠤ ᠡᠮᠴᠢ ᠶᠢ ᠭᠦᠷᠭᠡᠨ ᠳᠠᠭᠢᠨ ᠮᠤᠯᠤᠮ ᠤᠨ ᠬᠣᠢ᠌ᠴᠢ ᠶᠢᠨ ᠶᠠᠭᠤᠮ᠎ᠠ ᠶᠢ ᠠᠪᠴᠤ ᠳᠦᠷᠭᠡᠨ ᠭᠡᠭ᠍ᠴᠢ ᠪᠣᠴᠠᠵᠤ ᠢᠷᠠᠪᠠ᠃
ᠪᠠᠷᠠᠭᠤᠨ ᠬᠠᠶᠠᠭ᠎ᠠ ᠶᠢ ᠨᠠᠯᠠᠵᠤ ᠭᠡᠪᠲᠡᠭᠡ ᠮᠤᠯᠤᠮ ᠴᠤ ᠦᠪᠡᠷ ᠤᠨ ᠪᠠᠶ᠎ᠠ ᠶᠢᠨ ᠪᠠᠢ᠌ᠳᠠᠯ ᠢ ᠮᠠᠳᠠᠨ ᠠᠷᠭ᠎ᠠ ᠦᠭᠡᠶ᠂ ᠡᠪᠡᠳᠴᠢᠨ ᠭᠡᠳᠡᠭ᠌ ᠶᠠᠭᠤᠮ᠎ᠠ ᠶᠢ ᠨᠤᠳᠤᠭ ᠤᠨ ᠥᠭᠡ ᠪᠠᠷ ᠭᠡᠯᠡᠪᠠᠯ 《ᠥᠭᠦᠭᠦ ᠡᠪᠡᠳᠴᠢᠨ ᠳᠤ ᠡᠮᠴᠢ ᠪᠣᠬᠤᠷ ᠶᠢᠡᠨ ᠬᠠᠪᠴᠢ᠂ ᠥᠭᠦᠭᠦ ᠦᠭᠡᠶ ᠡᠪᠡᠳᠴᠢᠨ ᠳᠤ ᠡᠷᠯᠢᠭ᠌ ᠪᠣᠬᠤᠷ ᠶᠢᠡᠨ ᠬᠠᠪᠴᠢ》 ᠭᠡᠳᠡᠭ᠍ᠴᠢᠯᠡᠨ ᠬᠤᠶᠠᠷ ᠡᠮᠴᠢ ᠬᠠᠭᠠᠰ ᠡᠳᠦᠷ ᠡᠮᠨᠡᠭᠡᠳ ᠳᠤᠰᠠ ᠪᠣᠯᠤᠭᠰᠠᠨ ᠦᠭᠡᠶ ᠶᠤᠮ ᠴᠢᠨᠢ ᠪᠠᠷᠤᠭ ᠯᠠ ᠵᠠᠰᠠᠯᠭ᠎ᠠ ᠦᠭᠡᠶ ᠭᠡᠳᠡᠭ᠌ ᠢ ᠪᠦᠷᠢᠨ ᠣᠢ᠌ᠯᠭᠠᠵᠠᠢ᠃
ᠵᠤᠬᠢᠶᠠᠭᠴᠢ ᠶᠢᠨ ᠬᠠᠶᠢᠭ ᠄ ᠺᠦᠷᠡᠯ᠎ᠡ ᠬᠤᠳᠠᠨ᠎ᠠ
ᠵᠤᠬᠢᠶᠠᠭᠴᠢ᠄ ᠳ·ᠬᠦᠬᠡᠮᠦ᠋ᠷᠡᠨ
ᠳᠠᠷᠤᠮ᠄ 2466
ᠴᠠᠭ᠄ 2018 ᠤᠨ ᠤ 10 ᠰᠠᠷ᠎ᠠ ᠶᠢᠨ 04