ᠨᠡᠪᠲᠡᠷᠡᠨ ᠤᠷᠤᠬᠤ
ᠪᠠᠭᠰᠢ ᠶᠢᠨ ᠪᠠᠶᠠᠷ ᠢᠶᠠᠨ ᠪᠡᠯᠭᠡᠯᠡᠶ᠎ᠡ 

 ᠶᠢᠰᠦᠨ ᠰᠠᠷ᠎ᠠ ᠶᠢᠨ ᠠᠷᠪᠠᠨ ᠤ ᠡᠶᠡᠪᠡᠷᠭᠦ ᠰᠠᠯᠬᠢ 

 ᠶᠠᠷᠢᠶᠠᠨ ᠤ ᠲᠠᠪᠴᠠᠠᠭ᠌ ᠢ ᠵᠦᠭᠡᠯᠡᠨ ᠢᠯᠪᠢᠬᠦ ᠳᠦ 

 ᠤ ᠶᠢᠨ ᠪᠢᠷ ᠦᠨ ᠮᠠᠨᠠᠨᠲᠣ ᠦᠨᠡᠰᠦ ᠡᠴᠡ 

 ᠠᠨᠭᠭᠢᠯᠣᠮ᠎ᠠ ᠴᠡᠴᠡᠭ ᠦᠨ ᠦᠨᠦᠷ ᠰᠡᠨᠭᠭᠢᠨᠡᠨ᠎ᠡ ᠃ 

 ᠬᠦᠨᠲᠦᠲᠦ ᠪᠠᠭᠰᠢ ᠶᠢᠨ ᠠᠳᠬᠤᠭᠰᠠᠨ ᠣ ᠶᠢᠨ ᠪᠢᠷ 

 ᠬᠣᠷᠤᠭᠤᠨ ᠤ ᠠᠶ᠎ᠠ ᠪᠠᠷ ᠨᠠᠮᠤᠬᠠᠨ ᠬᠦᠳᠡᠯᠬᠦ ᠳᠦ 

 ᠬᠠᠷ᠎ᠠ ᠰᠠᠮᠪᠠᠷ᠎ᠠ ᠶᠢᠨ ᠭᠡᠭᠡᠨ ᠲᠡᠯᠭᠡᠴᠡ ᠡᠴᠡ 

 ᠬᠦᠰᠡᠯ ᠵᠡᠭᠦᠳᠦᠨ ᠦ ᠣᠳᠤᠳ ᠤᠨ ᠵᠠᠮ ᠲᠣᠷᠠᠢᠨ᠎ᠠ ᠃ 

 ᠠᠴᠢᠲᠤ ᠪᠠᠭᠰᠢ ᠶᠢᠨ ᠵᠢᠷᠤᠭᠰᠠᠨ ᠡᠨᠡ ᠵᠠᠮ 

 ᠠᠰᠢᠲᠠ ᠤᠷᠤᠭᠰᠢᠯᠠᠬᠤ ᠶᠢᠨ ᠴᠢᠭᠯᠡᠭᠦᠷ ᠪᠣᠯᠤᠯ᠎ᠠ 

 ᠠᠯᠠᠭ ᠨᠢᠳᠦᠨ ᠦ ᠮᠢᠨᠢ ᠲᠦᠭᠡᠷᠢᠭᠳᠡᠯ ᠢ ᠠᠷᠢᠯᠭᠠᠵᠤ 

 ᠢᠷᠡᠭᠡᠳᠦᠢ ᠬᠦᠰᠡᠯ ᠦᠨ ᠮᠢᠨᠢ ᠵᠦᠭᠯᠡᠭᠦᠷ ᠪᠣᠯᠤᠯ᠎ᠠ ᠃ 

 ᠲᠤᠨᠭᠭᠠᠵᠤ ᠪᠡᠯᠡᠳᠭᠡᠭᠰᠡᠨ ᠲᠡᠪᠳᠡᠷ ᠡᠴᠡ ᠨᠢ 

 ᠲᠤᠨᠭᠭᠠᠯᠠᠭ ᠮᠦᠨᠭᠭᠦᠨ ᠭᠡᠷᠡᠯ ᠰᠠᠴᠤᠷᠠᠵᠤ ᠪᠠᠢᠨ᠎ᠠ 

 ᠤᠯᠠᠢᠵᠤ ᠤᠰᠤᠨᠭᠬᠢᠳᠤᠭᠰᠠᠨ ᠨᠢᠳᠦᠨ ᠡᠴᠡ ᠨᠢ 

 ᠠᠷᠣᠤᠬᠠᠨ ᠬᠠᠢᠷ᠎ᠠ ᠲᠤᠷᠠᠰᠤᠯ ᠲᠣᠲᠤᠷᠠᠵᠤ ᠪᠠᠢᠨ᠎ᠠ ᠃ 

 ᠲᠣᠮᠢᠶ᠎ᠠ ᠵᠢᠭᠠᠵᠤ ᠡᠵᠡᠮᠰᠢᠭᠦᠯᠦᠭᠰᠡᠨ ᠲᠣᠲᠤᠨᠤ ᠪᠠᠭᠰᠢ ᠮᠢᠨᠢ 

 ᠲᠦᠯᠬᠢᠵᠦ ᠪᠢᠳᠡᠨ ᠢ ᠤᠷᠤᠭᠰᠢᠯᠠᠭᠤᠯᠤᠭᠰᠠᠨ ᠠᠴᠢᠲᠤ ᠬᠦᠮᠦᠨ ᠶᠤᠮ 

 ᠰᠢᠯᠦᠭ ᠵᠢᠯᠤᠭᠤᠳᠴᠤ ᠤᠬᠠᠷᠠᠭᠤᠯᠤᠭᠰᠠᠨ ᠰᠡᠴᠡᠨ ᠪᠠᠭᠰᠢ ᠮᠢᠨᠢ 

 ᠰᠡᠨᠭᠭᠡᠷᠡᠭᠦᠯᠵᠦ ᠪᠢᠳᠡᠨ ᠢ ᠲᠠᠪᠰᠢᠭᠤᠯᠤᠭᠰᠠᠨ ᠭᠠᠪᠢᠶᠠᠲᠦ ᠬᠦᠮᠦᠨ ᠶᠤᠮ ᠃ 

 ᠡᠵᠢ ᠬᠦᠮᠦᠨ ᠦᠷ᠎ᠡ ᠶᠢᠨ ᠢᠶᠡᠨ ᠲᠦᠯᠦᠭᠡ 

 ᠦᠰᠦ ᠴᠠᠢᠵᠤ ᠰᠢᠳᠦ ᠤᠨᠠᠨ᠎ᠠ ᠡ ︕ 

 ᠪᠠᠭᠰᠢ ᠬᠦᠮᠦᠨ ᠰᠤᠷᠤᠭᠴᠢ ᠶᠢᠨ ᠢᠶᠡᠨ ᠲᠦᠯᠦᠭᠡ 

 ᠶᠠᠰᠤ ᠴᠠᠢᠵᠤ ᠴᠢᠮᠦᠭᠡ ᠲᠤᠨᠳᠠᠷᠠᠨ᠎ᠠ ᠡ ︕ 

 ᠪᠣᠰᠤᠳ ᠤᠨ ᠲᠦᠯᠦᠭᠡ ᠪᠡᠶ᠎ᠡ ᠪᠡᠨ ᠦᠷᠡᠭᠳᠡᠭᠦᠯᠳᠡᠭ 

 ᠪᠤᠯᠪᠠᠰᠤᠷᠠᠯ ᠰᠠᠢᠲᠠᠢ ᠡᠷᠳᠡᠮᠲᠡᠨ ᠪᠠᠭᠰᠢ ᠮᠢᠨᠢ ︕ 

 ᠪᠣᠯᠪᠠᠰᠤᠨ ᠤ ᠦᠷ᠎ᠡ ᠶᠢ ᠰᠠᠴᠤᠵᠤ ᠶᠠᠪᠤᠳᠠᠭ 

 ᠪᠣᠯᠪᠠᠷᠠᠢ ᠤᠬᠠᠭᠠᠨᠲᠤ ᠤᠶᠣᠲᠠᠨ ᠰᠡᠭᠡᠭᠡᠳᠡᠨ ᠮᠢᠨᠢ ︕ 

 ᠵᠢᠷᠦᠬᠡᠨ ᠦ ᠦᠭᠡ ᠪᠡᠨ ᠲᠣᠭᠠᠴᠢᠵᠦ 

 ᠵᠢᠳᠭᠦᠯᠲᠦ ᠪᠠᠭᠰᠢ ᠨᠠᠷ ᠢᠶᠠᠨ ᠲᠤᠷᠠᠳᠬᠠᠶ᠎ᠠ ︕ 

 ᠪᠣᠯᠪᠠᠰᠤᠨ ᠤ ᠴᠡᠴᠡᠭ ᠢᠶᠡᠨ ᠡᠷᠭᠦᠵᠦ 

 ᠪᠠᠭᠰᠢ ᠶᠢᠨ ᠪᠠᠶᠠᠷ  ᠢᠶᠠᠨ ᠪᠡᠯᠭᠡᠯᠡᠶ᠎ᠡ ︕

ᠵᠤᠬᠢᠶᠠᠭᠴᠢ᠄ ᠪ᠊·ᠠᠯᠲᠠᠨᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 65
ᠴᠠᠭ᠄ 2026 ᠤᠨ ᠤ 09 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ