ᠨᠡᠪᠲᠡᠷᠡᠨ ᠤᠷᠤᠬᠤ
ᠵᠢᠷᠭᠤᠭ᠎ᠠ

᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠢ ᠮᠠᠭᠤ ᠡᠷ᠎ᠡ ᠪᠠᠢ᠌ᠭᠰᠠᠨ ᠦᠨᠡᠨ ⁈ ᠳᠠᠮᠠᠴᠠᠯ ᠤᠨ ᠰᠠᠯᠠᠮ᠎ᠠ ᠰᠢᠭ᠌ ᠡᠨᠡ ᠨᠠᠰᠤᠨ ᠳᠠᠭᠠᠨ ᠪᠢ᠂ ᠳᠡᠷᠭᠡᠨ ᠤ ᠮᠤᠷᠢᠨ ᠰᠢᠭ᠌ ᠮᠦᠷ ᠶᠢᠡᠷ ᠶᠢᠡᠨ ᠭᠡᠯᠳᠦᠷᠢᠵᠤ᠂ ᠨᠤᠳᠠᠷᠠᠬᠤ ᠦᠵᠡᠯ᠂ ᠡᠷᠳᠡᠮ ᠦᠭᠡᠶ ᠪᠦᠳᠦᠭᠦᠯᠢᠭ᠌ ᠤᠨ ᠡᠮᠦᠨ᠎ᠡ ᠨᠢᠷᠤᠭᠤ ᠪᠦᠭᠦᠢᠨ ᠥᠩᠭᠡᠷᠡᠭ᠍ᠰᠡᠨ ᠪᠢ ᠮᠠᠭᠤ ᠡᠷ᠎ᠡ᠃ ᠭᠡᠯᠡ ᠥᠭᠡᠢ᠌ᠴᠦᠳ᠂ ᠪᠠᠭ᠎ᠠ ᠬᠠᠯᠢᠰᠤᠳᠠᠨ ᠤ ᠬᠠᠯᠳᠠᠪᠣᠷᠢᠳᠤ ᠡᠪᠡᠳᠴᠢᠨ ᠰᠢᠭ᠌ ᠭᠡᠪᠯᠡᠯ᠂ ᠷᠠᠳᠢᠤ᠋᠂ ᠰᠤᠷᠭᠠᠭᠤᠯᠢ ᠶᠢ ᠭᠤᠳᠠᠭᠠᠵᠤ᠂ ᠥᠰᠦᠭ᠌ ᠪᠢᠴᠢᠭ᠌ ᠤᠨ ᠮᠢᠩᠭ᠋ᠠᠨ ᠵᠢᠯ ᠤᠨ ᠡᠭᠡ ᠰᠤᠶᠤᠯ ᠢ ᠥᠭᠡᠢ᠌ᠰᠭᠡᠵᠤ ᠪᠠᠢ᠌ᠬᠤ ᠳᠤ ᠳᠠᠮᠠᠴᠠᠵᠤ ᠴᠢᠳᠠᠭ᠎ᠠ ᠦᠭᠡᠶ ᠪᠢ ᠮᠠᠭᠤ ᠡᠷ᠎ᠡ᠃ ᠣᠶᠠᠩᠭ᠋ᠠᠳᠤ ᠭᠦᠭ᠍ᠵᠢᠮ ᠤᠨ ᠣᠷᠤᠨ ᠳᠤ ᠡᠰᠳᠧᠷᠡᠡᠳ᠋ ᠶᠢᠨ ᠬᠠᠨᠢᠶᠠᠯᠭ᠎ᠠ ᠬᠠᠯᠳᠤᠵᠤ ᠪᠠᠢ᠌ᠬᠤ ᠳᠤ᠂ ᠣᠷᠠᠨ ᠵᠢᠷᠤᠭ ᠤᠨ ᠣᠷᠤᠨ ᠳᠤ ᠡᠷᠢᠶᠡᠨ ᠰᠢᠪᠠᠷᠳᠠᠯᠭ᠎ᠠ ᠳᠡᠯᠭᠡᠷᠵᠤ ᠪᠠᠢ᠌ᠬᠤ ᠳᠤ᠂ ᠣᠤᠠᠬ᠎ᠠ ᠵᠤᠬᠢᠶᠠᠯ ᠭᠠᠭᠴᠠ ᠭᠡᠪ ᠤᠨ ᠨᠤᠮᠯᠠᠯ ᠪᠣᠯᠵᠤ ᠪᠠᠢ᠌ᠬᠤ ᠳᠤ᠂ ᠬᠤᠰᠤᠭᠤᠯᠤᠭᠰᠠᠨ ᠶᠤᠮ ᠰᠢᠭ᠌ ᠳᠠᠭᠤ ᠦᠭᠡᠶ ᠶᠠᠪᠣᠭᠰᠠᠨ ᠪᠢ ᠮᠠᠭᠤ ᠡᠷ᠎ᠡ ᠡ︕

                ᠷ᠊·ᠴᠣᠢ᠌ᠨᠤᠮ ᠤᠨ 《ᠦᠭᠢᠨ ᠳᠡᠭᠡᠨ ᠪᠢᠴᠢᠭ᠍ᠰᠡᠨ ᠵᠠᠭᠢᠳᠠᠯ》 ᠡᠴᠡ


ᠰᠢᠨ᠎ᠠ ᠳᠤᠮᠳᠠᠳᠤ ᠣᠯᠤᠰ ᠪᠠᠢ᠌ᠭᠤᠯᠤᠭᠳᠠᠭᠠᠤᠨ ᠨᠢᠭᠡᠨᠲᠡ ᠬᠤᠷᠢᠨ ᠵᠢᠯ ᠤᠨ ᠨᠢᠭᠤᠷ ᠢ ᠦᠵᠡᠨ᠂ ᠭᠠᠵᠠᠷ ᠰᠢᠷᠤᠢ ᠶᠢᠨ ᠥᠭᠡᠷᠡᠴᠢᠯᠡᠯᠳᠡ᠂ ᠶᠡᠭᠡ ᠥᠰᠦᠷᠦᠩᠭᠦᠢ ᠳᠠᠪᠰᠢᠯᠳᠠ ᠶᠢ ᠦᠩᠭᠡᠷᠡᠭᠡᠨ ᠣᠳᠤ ᠨᠢᠭᠡᠳᠦᠯ ᠤᠨ ᠴᠠᠭ ᠳᠦᠷᠤ ᠳᠤ ᠣᠷᠤᠪᠠ᠃ ᠪᠦᠭᠦ ᠣᠯᠤᠰ ᠤᠨ ᠠᠷᠠᠤᠨ ᠲᠦᠮᠡᠨ ᠭᠡᠷ ᠲᠡᠭᠡᠨ ᠪᠠᠢ᠌ᠬᠤ ᠵᠤᠤᠬ᠎ᠠ ᠳᠤᠭᠤᠭ᠎ᠠ ᠪᠠᠨ ᠬᠠᠭᠠᠯᠵᠤ᠂ ᠨᠢᠭᠡᠳᠦᠯ ᠤᠨ ᠮᠠᠩᠵᠢᠨ ᠳᠤᠭᠤᠭᠠᠨ ᠡᠴᠡ ᠬᠠᠮᠳᠤ ᠳᠠᠭᠠᠨ ᠬᠤᠭᠤᠯᠠ ᠢᠳᠠᠨ᠂ ᠬᠠᠮᠳᠤ ᠳᠠᠭᠠᠨ ᠠᠵᠢᠯᠯᠠᠨ᠂ ᠬᠠᠮᠳᠤ ᠶᠢᠨ ᠭᠦᠴᠤᠨ ᠤ ᠰᠦᠷ ᠭᠦᠴᠤᠨ ᠢ ᠮᠡᠳᠡᠭᠦᠯᠤᠨ᠂ ᠮᠠᠤ ᠵᠦᠰᠢ ᠶᠢᠨ ᠣᠷᠢᠶ᠎ᠠ 《ᠭᠦᠮᠤᠨ ᠠᠷᠪᠢᠨ ᠪᠣᠯ ᠭᠦᠴᠤ ᠶᠡᠭᠡ》 ᠭᠡᠵᠤ ᠣᠷᠢᠶᠠᠯᠠᠨ ᠬᠠᠰᠭᠢᠷᠴᠤ ᠣᠯᠠᠨ ᠲᠦᠮᠡᠨ ᠢ ᠭᠦᠪᠰᠡᠷᠳᠡᠨ᠎ᠡ᠃

ᠬᠠᠪᠣᠷ ᠤᠨ ᠳᠤᠯᠠᠭᠠᠨ ᠳᠤ ᠲᠦᠮᠡᠨ ᠪᠣᠳᠠᠰ ᠠᠮᠢᠯᠠᠯ ᠤᠨ ᠭᠦᠴᠤᠨ ᠢ ᠣᠯᠵᠤ ᠰᠤᠶᠤᠭᠠᠯᠠᠨ ᠴᠤᠬᠣᠢ᠌ᠵᠤ ᠪᠠᠢ᠌ᠭᠰᠠᠨ ᠭᠤᠷᠪᠠᠨ ᠰᠠᠷ᠎ᠠ ᠶᠢᠨ ᠪᠠᠷᠤᠭ ᠶᠢᠡᠷ ᠮᠤᠯᠤᠮ ᠤᠨ ᠭᠡᠷ ᠲᠤ ᠪᠠᠶᠠᠷ ᠤᠨ ᠠᠮᠢᠰᠬᠤᠯ ᠪᠢᠯᠬᠠᠨ ᠮᠤᠯᠤᠮ ᠤᠨ ᠦᠨᠳᠦᠰᠦ ᠣᠭ ᠢ ᠵᠠᠯᠭᠠᠬᠤ ᠪᠠᠷ ᠨᠢᠭᠡ ᠣᠯᠠᠭᠠᠨ ᠨᠢᠯᠬ᠎ᠠ ᠭᠦᠪᠠᠭᠦᠨ ᠣᠷᠴᠢᠯᠠᠩ ᠳᠤ ᠮᠠᠠᠳᠤᠯᠠᠨ᠂ ᠨᠠᠮᠰᠠᠷᠠᠢ ᠥᠭᠦᠭᠦ ᠡᠴᠡ ᠪᠠᠨ ᠡᠮᠦᠨ᠎ᠡ ᠣᠮᠪᠣᠯᠤ ᠪᠠᠨ ᠦᠵᠡᠨ ᠭᠡᠳᠥᠢᠪᠠᠷ ᠳᠠᠷᠢᠭᠢ ᠮᠠᠳᠠᠷᠠᠯ ᠨᠢ ᠭᠡᠮᠳᠡᠭᠡᠨ ᠲᠡᠶ ᠴᠤ ᠳᠠᠭᠤ ᠱᠤᠤ ᠨᠢ ᠣᠯᠠᠮ ᠠᠷᠢᠪᠢᠳᠤᠨ᠂ ᠳᠤᠳᠠᠭᠤ ᠳᠤᠷᠭᠤᠨ ᠭᠡᠯᠡ ᠪᠠᠷ ᠶᠢᠡᠨ ᠰᠡᠳᠭᠢᠯ ᠤᠨ ᠳᠤᠭᠳᠤᠯᠤᠯ ᠶᠢᠠᠨ ᠢᠯᠡᠳᠭᠡᠨ᠎ᠡ᠃

ᠮᠤᠯᠤᠮ ᠪᠠ ᠷᠤᠯᠭᠠᠷᠮ᠎ᠠ ᠶᠢ ᠨᠠᠩ ᠶᠠᠭᠤᠨ ᠥᠭᠦᠯᠡᠨ᠎ᠡ︖ ᠬᠤᠷᠢᠮᠯᠠᠭᠠᠤᠨ ᠨᠢᠭᠡᠨᠲᠡ ᠬᠤᠷᠢ ᠰᠢᠬᠠᠭᠤ ᠵᠢᠯ ᠪᠣᠯᠤᠨ ᠬᠡᠦᠬᠡᠳ ᠢ ᠭᠦᠰᠡᠭᠡᠳ ᠢᠷᠡᠭᠦ ᠦᠭᠡᠶ ᠳᠤ ᠳᠠᠷᠠ ᠬᠤᠶᠠᠷ ᠭᠡᠨ ᠠᠯᠢᠨ ᠳᠠᠭᠠᠨ ᠴᠤ ᠭᠡᠯᠡᠵᠤ ᠪᠣᠯᠳᠠᠭ ᠦᠭᠡᠶ ᠰᠢᠷᠬᠠᠯᠠᠯ ᠲᠡᠶ ᠮᠦᠷᠳᠡᠭᠡᠨ ᠰᠡᠳᠭᠢᠯ ᠵᠢᠷᠦᠭᠡ ᠨᠢ ᠰᠢᠨᠠᠯᠭᠠᠨ ᠪᠠᠢ᠌ᠭᠰᠠᠨ ᠢ ᠶᠠᠭᠤᠨ ᠲᠡᠶ ᠥᠯᠢᠳᠭᠡᠨ᠎ᠡ︖ ᠬᠠᠷᠢᠨ ᠦᠨᠦᠳᠤᠷ ᠦᠷ᠎ᠡ ᠦᠨᠳᠦᠰᠦ ᠵᠠᠯᠭᠠᠬᠤ ᠭᠦᠤ ᠲᠡᠶ ᠪᠣᠯᠤᠭᠰᠠᠨ ᠳᠠᠭᠠᠨ ᠮᠤᠯᠤᠮ ᠭᠦᠯ ᠭᠠᠵᠠᠷ ᠭᠦᠷᠭᠦ ᠦᠭᠡᠶ ᠪᠠᠶᠠᠷᠯᠠᠨ ᠰᠤᠷᠭᠠᠭᠤᠯᠢ ᠶᠢᠨ ᠭᠡᠳᠤᠨ ᠳᠠᠰᠤᠯᠭ᠎ᠠ ᠪᠠᠢ᠌ᠰᠢᠩ ᠢ ᠳᠤᠭᠣᠢ᠌ᠯᠠᠨ ᠡᠷᠭᠢᠵᠤ ᠭᠦᠶ‍ᠦᠭᠡᠳ ᠬᠠᠰᠭᠢᠷᠤᠶ᠎ᠠ ᠭᠡᠵᠤ ᠰᠠᠨᠠᠨ᠎ᠠ︕ ᠡᠳᠡᠨᠡᠢ᠌ᠭᠡᠨ ᠤ ᠪᠦᠯᠢᠶᠡᠨ ᠠᠮᠢᠳᠤᠷᠠᠯ ᠳᠤ ᠬᠠᠯᠠᠭᠤᠨ ᠠᠮᠢ ᠢᠯᠠᠷᠠᠨ ᠨᠢᠭᠡ ᠵᠣᠢ᠌ᠯ ᠤᠨ ᠭᠦᠮᠤᠨ ᠤ ᠣᠷᠴᠢᠯᠠᠩ ᠤᠨ ᠵᠢᠷᠭᠠᠯ ᠢ ᠡᠳ᠋ᠯᠡᠭᠦ ᠶᠢ ᠭᠡᠯᠡᠭᠦ ᠦᠭᠡᠶ᠃

ᠬᠠᠪᠣᠷ ᠤᠨ ᠳᠠᠷᠢᠶᠠᠯᠠᠩ ᠡᠭᠢᠯᠡᠭᠦ ᠶᠢᠨ ᠪᠠᠷᠤᠭ ᠶᠢᠡᠷ ᠭᠡᠨᠡᠳᠲᠡ ᠰᠤᠷᠭᠠᠭᠤᠯᠢ ᠶᠢᠨ ᠭᠦᠷᠢᠶᠡᠨ ᠳᠤ ᠣᠯᠠᠭᠠᠨ ᠴᠠᠭᠠᠰᠤᠨ᠎ᠠ ᠬᠠᠷ᠎ᠠ ᠪᠠᠷ ᠪᠦᠳᠦᠭᠦᠨ ᠳᠤᠮᠤ 《ᠯᠢᠤ ᠳ᠋ᠸᠩ ᠳᠤᠤ ᠶᠢ ᠴᠤᠭᠢᠨ ᠣᠨᠠᠭᠠᠶ᠎ᠠ︕》 《ᠬᠠᠷ᠎ᠠ ᠰᠸᠯᠢᠩᠪᠣ ᠶᠢ ᠫᠣᠤᠳᠠᠶ᠎ᠠ︕》 ᠭᠡᠵᠤ ᠣᠷᠢᠶ᠎ᠠ ᠯᠤᠤᠽᠤᠩ ᠡᠯᠭᠦᠨ᠂ ᠰᠢᠨ᠎ᠠ ᠪᠠᠷ ᠪᠣᠢ ᠪᠣᠯᠤᠭᠠᠤᠨ ᠰᠤᠷᠭᠠᠭᠤᠯᠢ ᠡᠴᠡ ᠠᠷᠠᠤᠨ ᠤᠨ ᠵᠠᠰᠠᠭ ᠤᠨ ᠣᠷᠳᠤᠨ ᠵᠥᠭ᠌ ᠰᠦᠷᠳᠤ ᠵᠢᠭᠰᠠᠭᠠᠯ ᠶᠠᠪᠣᠭᠤᠯᠤᠨ᠎ᠠ᠃ ᠡᠨᠡ ᠪᠣᠯ ᠬᠤᠷᠢᠳᠤᠭᠠᠷ ᠵᠠᠭᠤᠨ ᠤ ᠰᠢᠨ᠎ᠠ ᠳᠤᠮᠳᠠᠳᠤ ᠣᠯᠤᠰ ᠤᠨ ᠳᠡᠭ᠍ᠷᠢ ᠭᠠᠵᠠᠷ ᠳᠤᠩᠰᠤᠯᠭᠠᠭᠰᠠᠨ 《ᠰᠤᠶᠤᠯ ᠤᠨ ᠬᠤᠪᠢᠰᠬᠠᠯ》 ᠡᠭᠢᠯᠡᠨ ᠦᠷᠨᠢᠵᠤ ᠪᠠᠢ᠌ᠭ᠎ᠠ ᠶᠢᠨ ᠦᠨᠡᠨ ᠥᠵᠡᠭ᠍ᠳᠡᠯ ᠪᠠᠢ᠌ᠭ᠎ᠠ᠃

ᠵᠢᠵᠢᠭ᠌ ᠭᠦᠷᠦᠩᠭᠡᠳᠡᠨ ᠠᠩᠭᠢ ᠪᠠ ᠳᠤᠮᠤ ᠭᠠᠵᠠᠷ ᠤᠨ ᠡᠵᠡᠨ ᠤ ᠥᠯᠡᠳᠡᠭ᠍ᠳᠡᠯ ᠭᠦᠴᠤᠨ ᠢ ᠲᠤᠢ᠌ᠯᠪᠣᠷᠢᠳᠠᠢ ᠣᠰᠠᠳᠬᠠᠵᠤ ᠳᠡᠢ᠌ᠯᠦᠭ᠍ᠰᠡᠨ ᠦᠭᠡᠶ ᠡᠴᠡ ᠨᠡᠢ᠌ᠭᠡᠮ ᠵᠢᠷᠤᠮ ᠤᠨ ᠣᠷᠤᠭᠰᠢᠯᠠᠯᠳᠠ ᠳᠤ ᠳᠤᠩ ᠶᠡᠭᠡ ᠬᠠᠷᠰᠢ ᠰᠠᠭᠠᠤᠨ ᠪᠣᠯᠵᠤ᠂ ᠥᠭᠡᠢ᠌ᠭᠦᠤ ᠵᠥᠳᠡᠭᠦᠤ ᠠᠷᠠᠤᠨ ᠲᠦᠮᠡᠨ ᠤ ᠰᠠᠶ‍ᠢᠬᠠᠨ ᠪᠣᠰᠴᠤ ᠵᠤᠭᠰᠤᠨ᠂ ᠭᠦᠯ ᠳᠤ ᠣᠷᠤᠭ᠎ᠠ ᠦᠭᠡᠶ ᠬᠠᠢ᠌ᠪᠠᠯᠵᠠᠭᠤᠷ ᠴᠠᠭ ᠲᠤ ᠪᠠᠰᠠ ᠨᠢᠭᠡ ᠣᠳᠠᠭᠠᠨ ᠤ ᠠᠷᠢᠭᠤᠳᠬᠠᠨ ᠪᠣᠳᠤᠬᠤ ᠭᠦᠳᠡᠯᠭᠡᠭᠡᠨ ᠳᠠᠪᠬᠤᠷᠯᠠᠨ᠂ ᠵᠢᠵᠢᠭ᠌ ᠭᠦᠷᠦᠩᠭᠡᠳᠡᠨ ᠪᠠ ᠭᠠᠵᠠᠷ ᠤᠨ ᠡᠵᠡᠨ ᠤ 《ᠣᠬᠤᠷ ᠰᠡᠭᠦᠯ ᠣᠭᠳᠤᠯᠬᠤ》 ᠵᠠᠯᠭᠠᠭᠠᠤᠨ 《ᠦᠪᠣᠷ ᠠᠷᠠᠤᠨ ᠤᠨ ᠨᠠᠮ》 《ᠥᠮᠡᠭᠡᠢ ᠶ‍ᠢᠰᠦᠳᠦᠭᠡᠷ ᠢ ᠳᠤᠩᠭ᠋ᠣᠢ᠌ᠯᠭᠠᠬᠤ》 ᠭᠡᠭᠦ ᠵᠠᠯᠭ᠎ᠠ ᠵᠠᠯᠭ᠎ᠠ ᠪᠠᠷ ᠦᠷᠨᠢᠭ᠍ᠰᠡᠨ ᠶᠤᠮ᠃

ᠰᠢᠨ᠎ᠠ ᠪᠠᠷ ᠮᠠᠠᠳᠤᠭᠰᠠᠨ ᠣᠯᠠᠭᠠᠨ ᠬᠠᠮᠠᠭᠠᠯᠠᠬᠤ ᠴᠡᠷᠢᠭ᠌ ᠶᠠᠭᠤᠨ ᠤ ᠤᠷᠢᠳ ᠵᠠᠰᠠᠭ ᠤᠨ ᠣᠷᠳᠤᠨ ᠤ ᠡᠭᠦᠳᠡᠨ ᠳᠡᠭᠡᠷ᠎ᠡ ᠬᠠᠭᠠᠰ ᠡᠳᠦᠷ ᠤᠨ ᠰᠦᠷᠳᠤ ᠵᠢᠭᠰᠠᠭᠠᠯ ᠶᠠᠪᠣᠭᠤᠯᠵᠤ ᠳᠠᠭᠤᠰᠤᠭᠠᠤᠨ᠂ ᠦᠷᠭᠦᠯᠵᠢᠯᠡᠨ ᠳ᠋ᠠᠮᠪᠠ ᠳᠠᠷᠤᠭ᠎ᠠ ᠶᠢᠨ ᠭᠡᠷ ᠢ ᠪᠦᠰᠡᠯᠡᠨ᠂ ᠳ᠋ᠠᠮᠪᠠ ᠶᠢ ᠪᠠᠷᠢᠵᠤ ᠭᠦᠯᠢᠨ ᠳᠠᠭᠢᠨ ᠭᠡᠷ ᠳᠤᠳᠤᠷᠠᠭᠢ ᠠᠯᠢᠪᠠ ᠶᠢ ᠠᠭᠤᠳᠠᠯᠠᠨ ᠭᠠᠷᠭᠠᠵᠤ᠂ ᠵᠢᠵᠢᠭ᠌ ᠭᠦᠷᠦᠩᠭᠡᠳᠡᠨ ᠤ ᠣᠯᠠ ᠮᠦᠷ ᠪᠠ ᠠᠷᠠᠤᠨ ᠲᠦᠮᠡᠨ ᠢ ᠭᠢᠬᠠᠨ ᠮᠦᠯᠵᠢᠵᠤ ᠪᠠᠢ᠌ᠭ᠎ᠠ ᠶᠢ ᠨᠢ ᠴᠢᠷᠤᠨ ᠭᠠᠷᠭᠠᠵᠤ᠂ ᠪᠦᠭᠦᠨ ᠢ ᠳᠡᠷᠭᠡᠨ ᠳᠤ ᠳᠡᠭᠡᠭᠡᠨ ᠪᠦᠭᠦᠳᠡ ᠶᠢᠨ ᠡᠮᠦᠨ᠎ᠡ ᠭᠦᠭᠡᠭᠡᠨ ᠰᠤᠷᠭᠠᠭᠤᠯᠢ ᠶᠢᠨ ᠭᠡᠷ ᠲᠤ ᠠᠪᠠᠴᠢᠪᠠ᠃ ᠳᠠᠭᠢᠨ ᠬᠠᠭᠤᠴᠢᠨ ᠪᠠᠶᠠᠤᠨ ᠨᠤᠶᠠᠤᠨ᠂ ᠭᠠᠵᠠᠷ ᠤᠨ ᠡᠵᠡᠨ ᠢ ᠪᠠᠷᠢᠪᠴᠢᠯᠠᠨ ᠠᠩᠭᠢ ᠶᠢᠨ ᠭᠡᠷ ᠪᠠᠭᠳᠠᠵᠤ ᠶᠠᠳᠠ ᠬᠤᠷᠢᠨ᠎ᠠ᠃

ᠣᠯᠠᠭᠠᠨ ᠬᠠᠮᠠᠭᠠᠯᠠᠬᠤ ᠴᠡᠷᠢᠭ᠌ ᠤᠨ ᠳᠠᠷᠤᠭ᠎ᠠ ᠸᠴᠢᠷ᠂ ᠡᠷᠦᠭᠡ ᠶᠢᠨ ᠴᠡᠷᠢᠭ᠌ ᠤᠨ ᠳᠠᠷᠤᠭ᠎ᠠ ᠰᠠᠩᠵᠠᠢ᠂ ᠨᠢᠭᠡᠳᠦᠯ ᠤᠨ ᠳᠠᠷᠤᠭ᠎ᠠ ᠢᠳᠡᠪᠭᠢ ᠭᠤᠤᠯᠴᠢᠯᠠᠨ ᠣᠳᠤᠷᠢᠳᠴᠤ᠂ ᠰᠤᠶᠤᠯ ᠤᠨ ᠬᠤᠪᠢᠰᠬᠠᠯ ᠢ ᠭᠤᠪᠢ ᠮᠠᠩᠬᠠᠨ ᠤ ᠳᠤᠮᠳᠠ ᠣᠯᠠᠷᠢᠯᠠᠭᠤᠯᠤᠨ ᠠᠷᠠᠤᠨ ᠲᠦᠮᠡᠨ ᠢ ᠡᠭᠢᠯᠡᠨ ᠳᠠᠷᠴᠢᠯᠭᠠᠯ᠎ᠠ᠃ ᠪᠠᠷᠤᠭ ᠬᠠᠭᠠᠰ ᠰᠠᠷ᠎ᠠ ᠶᠢᠨ ᠭᠦᠳᠡᠯᠭᠡᠭᠡᠨ ᠶᠢᠡᠷ ᠬᠤᠪᠢᠰᠬᠠᠯ ᠤᠨ ᠣᠤᠠᠬ᠎ᠠ ᠴᠢᠨᠠᠷ ᠪᠠ ᠭᠦᠳᠡᠯᠭᠡᠭᠡᠨ ᠤ ᠪᠠᠢ᠌ᠳᠠᠯ ᠢ ᠳᠤᠩᠬᠠᠭᠯᠠᠨ ᠵᠢᠵᠢᠭ᠌ ᠭᠦᠷᠦᠩᠭᠡᠳᠡᠨ ᠠᠩᠭᠢ ᠪᠠ ᠹᠧᠤᠳᠠᠯ ᠤᠨ ᠥᠯᠳᠡᠭ᠍ᠳᠡᠯ ᠢ ᠳᠠᠷᠤᠩᠭ᠋ᠣᠢ᠌ᠯᠠᠬᠤ ᠶᠢ ᠵᠠᠷᠯᠠᠪᠠ᠃

ᠰᠤᠷᠭᠠᠭᠤᠯᠢ ᠶᠢᠨ ᠭᠦᠷᠢᠶᠡᠨ ᠳᠤ ᠭᠡᠭᠡᠨ ᠣᠷᠳᠤᠨ ᠤ ᠠᠷᠠᠤᠨ ᠲᠦᠮᠡᠨ ᠪᠦᠭᠦᠨ ᠶᠢᠡᠷ ᠶᠢᠡᠨ ᠢᠷᠠᠨ ᠨᠢᠭᠡᠳᠦᠯ ᠤᠨ ᠳᠠᠷᠤᠭ᠎ᠠ ᠢᠳᠡᠪᠭᠢ ᠶᠢᠨ ᠶᠠᠷᠢᠶ᠎ᠠ ᠶᠢ ᠰᠤᠨᠤᠰᠤᠨ᠎ᠠ᠃ ᠦᠳᠡ ᠶᠢᠨ ᠡᠮᠦᠨ᠎ᠡ ᠶᠠᠷᠢᠶ᠎ᠠ ᠳᠠᠯᠪᠢᠨ᠂ ᠦᠳᠡ ᠡᠴᠡ ᠡᠭᠢᠯᠡᠨ ᠣᠯᠠᠭᠠᠨ ᠬᠠᠮᠠᠭᠠᠯᠠᠬᠤ ᠴᠡᠷᠢᠭ᠌ ᠠᠢ᠌ᠮᠠᠭ ᠤᠨ ᠳᠠᠷᠤᠭ᠎ᠠ ᠳ᠋ᠠᠮᠪᠠ ᠶᠢ ᠣᠯᠠᠨ ᠤ ᠡᠮᠦᠨ᠎ᠡ ᠭᠠᠷᠭᠠᠪᠠ᠃ ᠭᠡᠷ ᠡᠴᠡ ᠨᠢ ᠨᠠᠩᠵᠢᠨ ᠭᠠᠷᠭᠠᠭᠰᠠᠨ ᠡᠳ᠋ ᠬᠤᠭᠰᠢᠯ ᠢ ᠣᠯᠠᠨ ᠤ ᠡᠮᠦᠨ᠎ᠡ ᠳᠡᠯᠭᠡᠨ᠄

᠊᠊᠊᠊᠊᠊᠊᠊᠊᠊᠊᠊᠊᠊᠊᠊᠊᠊᠊᠊᠊᠊᠊᠊᠊᠊᠊᠊᠊᠊ ᠡᠨᠡ ᠪᠣᠯ ᠳ᠋ᠠᠮᠪᠠ ᠶᠢᠨ ᠠᠷᠢᠭᠤᠳᠬᠠᠨ ᠪᠣᠳᠤᠬᠤ ᠭᠦᠳᠡᠯᠭᠡᠭᠡᠨ ᠳᠤ ᠮᠠᠯᠳᠠᠨ ᠭᠠᠷᠭᠠᠭᠰᠠᠨ ᠡᠳ᠋ ᠪᠣᠳᠠᠰ ᠢ ᠭᠡᠷ ᠲᠡᠭᠡᠨ ᠴᠤᠭᠯᠠᠭᠤᠯᠤᠨ ᠵᠢᠵᠢᠭ᠌ ᠭᠦᠷᠦᠩᠭᠡᠳᠡᠨ ᠪᠣᠯᠬᠤ ᠭᠡᠰᠡᠨ ᠰᠠᠨᠠᠭᠠᠨ ᠤ ᠪᠣᠳᠠᠳᠤ ᠢᠯᠠᠷᠠᠯ ᠪᠦᠭᠡᠳ ᠬᠠᠭᠤᠴᠢᠨ ᠭᠡᠪ ᠰᠤᠷᠳᠠᠯ ᠢ ᠳᠠᠷᠠ ᠭᠡᠪ ᠶᠢᠡᠷ ᠵᠠᠯᠭᠠᠮᠵᠢᠯᠠᠨ ᠢᠷᠡᠭ᠍ᠰᠡᠨ ᠠᠩᠭᠢ ᠶᠢᠨ ᠡᠰᠡᠷᠭᠦᠴᠡᠯ ᠪᠣᠯᠬᠤ ᠶᠤᠮ᠃ ᠥᠭᠡᠢ᠌ᠭᠦᠤ ᠠᠩᠭᠢ ᠡᠴᠡ ᠳᠠᠷᠰᠯᠠᠨ ᠣᠷᠪᠠᠵᠤ ᠪᠠᠢ᠌ᠭ᠎ᠠ ᠠᠩᠭᠢ ᠶᠢᠨ ᠳᠠᠢ᠌ᠰᠤᠨ ᠮᠦᠨ ᠭᠡᠭᠦ ᠳᠤ ᠳ᠋ᠠᠮᠪᠠ ᠭᠡᠯᠡᠭᠦ ᠥᠭᠡ ᠦᠭᠡᠶ ᠪᠣᠯᠵᠤ ᠳᠠᠷᠠ ᠳᠤᠤᠷ᠎ᠠ ᠪᠠᠨ ᠣᠯᠠᠨ ᠲᠦᠮᠡᠨ ᠤ ᠡᠮᠦᠨ᠎ᠡ ᠡᠪᠦᠳᠦᠭ᠌ ᠨᠤᠭᠤᠯᠤᠨ ᠰᠥᠭᠦᠳᠴᠤ᠂ ᠳᠤᠯᠤᠭᠠᠢ ᠦᠨᠳᠠᠢ᠌ᠯ ᠦᠭᠡᠶ ᠮᠦᠷᠭᠦᠨ᠄

᠊᠊᠊᠊᠊᠊᠊᠊᠊᠊᠊᠊᠊᠊᠊᠊᠊᠊᠊᠊᠊᠊᠊᠊᠊᠊᠊᠊᠊ ᠨᠤᠳᠤᠭ ᠨᠢᠷᠤᠭᠤᠨ ᠤ ᠠᠬ᠎ᠠ ᠳᠡᠭᠦᠤ ᠨᠡᠷ ᠦᠷᠦᠰᠢᠶᠡᠭᠦ ᠪᠣᠯᠪᠠᠤ ︖ ᠦᠴᠦᠭᠡᠨ ᠪᠢ ᠨᠢᠭᠡᠨ ᠴᠠᠭ ᠤᠨ ᠬᠤᠤᠳᠤ ᠪᠠᠷ ᠠᠷᠠᠤᠨ ᠲᠦᠮᠡᠨ ᠤ ᠡᠳ᠋ ᠬᠤᠭᠰᠢᠯ ᠢ ᠴᠤᠭᠯᠠᠭᠤᠯᠪᠠ᠃ ᠨᠠᠮ᠎ᠠ ᠳᠤ ᠦᠨᠡᠨ ᠵᠢᠵᠢᠭ᠌ ᠭᠦᠷᠦᠩᠭᠡᠳᠡᠨ ᠤ ᠳᠠᠢ᠌ᠮᠤ ᠰᠠᠨᠠᠭ᠎ᠠ ᠪᠠᠢ᠌ᠬᠤ ᠦᠭᠡᠶ᠂ ᠨᠠᠩ ᠠᠩᠭᠢ ᠡᠴᠡ ᠳᠠᠷᠰᠯᠠᠨ ᠣᠷᠪᠠᠬᠤ ᠰᠠᠨᠠᠭ᠎ᠠ ᠪᠠᠢ᠌ᠬᠤ ᠦᠭᠡᠶ᠂ ᠳᠡᠭ᠍ᠷᠢ ᠪᠣᠷᠬᠠᠨ ᠭᠡᠷᠡᠴᠢᠯᠡᠨ᠎ᠡ ᠭᠡᠵᠤ ᠳᠡᠭ᠍ᠷᠢ ᠪᠣᠷᠬᠠᠨ ᠢ ᠵᠢᠭᠠᠵᠤ ᠣᠯᠠᠨ ᠲᠦᠮᠡᠨ ᠳᠤ ᠠᠠᠳᠠᠭᠠᠢ᠌ᠯᠠᠨ᠎ᠠ᠃

᠊᠊᠊᠊᠊᠊᠊᠊᠊᠊᠊᠊᠊᠊᠊᠊᠊᠊᠊᠊᠊᠊᠊᠊᠊᠊᠊᠊᠊᠊ ᠡᠭᠦᠨ ᠡᠴᠡ ᠣᠠᠳᠤᠤ ᠥᠭᠡᠷ᠎ᠡ ᠭᠠᠵᠠᠷ ᠨᠢᠭᠤᠨ ᠳᠠᠯᠠᠳᠠᠯᠠᠭᠰᠠᠨ ᠡᠳ᠋ ᠬᠤᠭᠰᠢᠯ ᠪᠠᠢ᠌ᠨ᠎ᠠ ᠦᠦ︖ ᠴᠢ ᠦᠪᠣᠷ ᠠᠷᠠᠤᠨ ᠤᠨ ᠨᠠᠮ ᠳᠤ ᠣᠷᠤᠭᠰᠠᠨ ᠦᠦ︖ ᠦᠭᠡᠶ ᠦᠦ︖

᠊᠊᠊᠊᠊᠊᠊᠊᠊᠊᠊᠊᠊᠊᠊᠊᠊᠊᠊᠊᠊᠊᠊᠊᠊᠊᠊᠊᠊ ᠪᠢ ᠦᠪᠣᠷ ᠠᠷᠠᠤᠨ ᠤᠨ ᠨᠠᠮ ᠪᠢᠰᠢ᠂ ᠪᠢ ᠡᠪ ᠬᠠᠮᠳᠤ ᠨᠠᠮ᠂ ᠨᠠᠳᠠ ᠳᠤ ᠡᠭᠦᠨ ᠡᠴᠡ ᠪᠣᠰᠤᠳ ᠡᠳ᠋ ᠬᠤᠭᠰᠢᠯ ᠪᠠᠢ᠌ᠬᠤ ᠦᠭᠡᠶ ᠭᠡᠵᠤ ᠬᠤᠭᠤᠯᠠᠢ ᠨᠢ ᠡᠷᠢᠶᠡᠡᠳᠤᠨ ᠬᠤᠶᠠᠷ ᠨᠢᠳᠤᠨ ᠡᠴᠡ ᠨᠢ ᠣᠰᠤᠨ ᠳᠤᠰᠤᠯ ᠭᠤᠭᠤᠵᠢᠨ᠎ᠠ᠃

᠊᠊᠊᠊᠊᠊᠊᠊᠊᠊᠊᠊᠊᠊᠊᠊᠊᠊᠊᠊᠊᠊᠊᠊᠊᠊᠊᠊᠊ ᠳ᠋ᠠᠮᠪᠠ ᠶᠢ ᠴᠤᠭᠢ︕ ᠡᠨᠡ ᠮᠠᠭᠤ ᠭᠠᠢ᠌ᠬᠠᠯ ᠦᠨᠡᠨ ᠶᠢᠡᠨ ᠭᠡᠯᠡᠭᠦ ᠦᠭᠡᠶ ᠪᠠᠢ᠌ᠨ᠎ᠠ︕ ᠭᠡᠳᠤᠨ ᠣᠯᠠᠭᠠᠨ ᠬᠠᠮᠠᠭᠠᠯᠠᠬᠤ ᠴᠡᠷᠢᠭ᠌ ᠣᠯᠠᠨ ᠤ ᠡᠮᠦᠨ᠎ᠡ ᠰᠥᠭᠦᠳᠴᠤ ᠪᠠᠢ᠌ᠭ᠎ᠠ ᠳ᠋ᠠᠮᠪᠠ ᠶᠢᠨ ᠳᠡᠭᠡᠷ᠎ᠡ ᠡᠴᠡ ᠳᠠᠰᠢᠭᠤᠷᠳᠠᠪᠠ᠃ ᠡᠪᠳᠡᠭᠦ ᠶᠢ ᠳᠠᠰᠴᠤ ᠶᠠᠳᠠᠨ᠄

᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠢ ᠭᠡᠯᠡᠶ᠎ᠡ︕ ᠪᠢ ᠭᠡᠯᠡᠶ᠎ᠡ︕ ᠭᠡᠵᠤ ᠭᠤᠶᠤᠨ ᠬᠠᠰᠭᠢᠷᠤᠨ᠎ᠠ᠃

᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠡᠷ ᠤᠨ ᠠᠷᠤ ᠶᠢᠨ ᠬᠠᠭᠤᠴᠢᠨ ᠬᠤᠤᠳᠤᠭ ᠤᠨ ᠳᠤᠳᠤᠷ᠎ᠠ ᠮᠤᠷᠢᠨ ᠳᠤᠯᠤᠭᠠᠢ᠌ᠳᠤ ᠰᠦᠮ᠎ᠡ ᠡᠴᠡ ᠠᠪᠴᠢᠷᠠᠭᠰᠠᠨ ᠡᠳ᠋ ᠮᠥᠩᠭᠦ ᠪᠠ ᠡᠷᠭᠡ ᠮᠠᠨᠢ ᠤᠳ ᠪᠠᠢ᠌ᠨ᠎ᠠ᠂ ᠥᠭᠡᠷ᠎ᠡ ᠨᠢᠭᠤᠨ ᠳᠠᠯᠳᠠᠯᠠᠭᠰᠠᠨ ᠵᠣᠢ᠌ᠯ ᠦᠭᠡᠶ᠂ ᠪᠢ ᠦᠨᠡᠨ ᠦᠪᠣᠷ ᠠᠷᠠᠤᠨ ᠤᠨ ᠨᠠᠮ ᠪᠢᠰᠢ︕ ᠭᠡᠵᠤ ᠠᠮᠠᠨ ᠦᠴᠢᠭ᠌ ᠶᠢᠡᠨ ᠦᠭ‍ᠭᠦᠨ᠎ᠡ᠃ ᠭᠡᠯᠡᠭ᠍ᠰᠡᠨ ᠶᠤᠰᠤᠭᠠᠷ ᠨᠢ ᠬᠠᠭᠤᠴᠢᠨ ᠬᠤᠤᠳᠤᠭ ᠡᠴᠡ ᠳᠠᠷᠠ ᠣᠯᠠᠨ ᠶᠠᠭᠤᠮ᠎ᠠ ᠶᠢ ᠠᠪᠴᠢᠷᠠᠨ᠂ ᠳᠠᠭᠢᠨ ᠵᠠᠠᠴᠢᠨ ᠠᠷᠠᠰᠤ ᠮᠢᠬᠠᠨ ᠤ ᠵᠤᠪᠠᠯᠠᠩ ᠢ ᠳᠠᠰᠤᠨ ᠳᠡᠢ᠌ᠯᠭᠦ ᠦᠭᠡᠶ ᠦᠪᠣᠷ ᠠᠷᠠᠤᠨ ᠤᠨ ᠨᠠᠮ ᠶᠢᠡᠷ ᠪᠠᠶ᠎ᠠ ᠪᠠᠨ ᠮᠡᠳᠡᠭᠦᠯᠪᠡ᠃ ᠦᠨᠡᠨ ᠳᠡᠭᠡᠨ ᠳ᠋ᠠᠮᠪᠠ ᠦᠪᠣᠷ ᠠᠷᠠᠤᠨ ᠤᠨ ᠨᠠᠮ ᠭᠡᠳᠡᠭ᠌ ᠴᠤᠬᠤᠮ ᠶᠠᠭᠤ ᠭᠢᠵᠤ ᠶᠠᠭᠤ ᠣᠷᠤᠯᠳᠤᠳᠠᠭ ᠢ ᠴᠤ ᠮᠡᠳᠡᠭᠦ ᠦᠭᠡᠶ ᠶᠤᠮ᠃ ᠭᠡᠪᠠᠴᠤ ᠠᠷᠭ᠎ᠠ ᠦᠭᠡᠶ ᠡᠴᠦᠰ ᠲᠡᠭᠡᠨ ᠬᠤᠳᠠᠯ ᠦᠨᠡᠨ ᠤᠨ ᠬᠤᠭᠤᠷᠤᠠᠳᠤ ᠭᠦᠯᠢᠶᠡᠨ ᠠᠪᠴᠤ ᠠᠷᠠᠰᠤ ᠮᠢᠬᠠᠨ ᠤ ᠳᠠᠮᠤᠯᠠᠯ ᠡᠴᠡ ᠭᠠᠷᠤᠨ᠎ᠠ᠃

ᠳ᠋ᠠᠮᠪᠠ ᠶᠢᠨ ᠪᠦᠭᠦᠨ ᠢ ᠪᠢᠴᠢᠨ ᠠᠪᠣᠭᠠᠤᠨ ᠠᠷᠪᠠᠨ ᠬᠤᠷᠤᠭᠤ ᠶᠢ ᠨᠢ ᠳᠠᠷᠤᠭᠤᠯᠤᠨ᠂ ᠬᠤᠶᠠᠷ ᠣᠯᠠᠭᠠᠨ ᠴᠡᠷᠢᠭ᠌ ᠢ ᠳᠠᠭᠤᠳᠠᠨ ᠳᠠᠢ᠌ᠰᠠᠨ ᠡᠴᠡ ᠳᠠᠮᠨᠠᠨ ᠰᠤᠷᠭᠠᠭᠤᠯᠢ ᠶᠢᠨ ᠠᠩᠭᠢ ᠶᠢᠨ ᠭᠡᠷ ᠲᠤ ᠠᠪᠠᠴᠢᠵᠤ ᠬᠠᠶᠠᠪᠠ᠃ ᠠᠷᠠᠰᠤ ᠮᠢᠬ᠎ᠠ ᠪᠠᠨ ᠳᠠᠰᠤᠷᠠᠳᠠᠯ᠎ᠠ ᠴᠤᠭᠢᠭᠳᠠᠭᠠᠤᠨ ᠪᠣᠰᠬᠤ ᠳᠡᠩᠭᠡᠭᠡ ᠦᠭᠡᠶ ᠪᠣᠯᠤᠨ ᠳᠠᠰᠤᠷᠠᠭᠰᠠᠨ ᠮᠢᠬ᠎ᠠ ᠳᠠᠳᠠᠪᠠᠯᠵᠠᠨ ᠡᠪᠠᠦᠡᠴᠤ ᠬᠠᠭᠠᠰ ᠮᠠᠨᠠᠷᠠᠨ᠎ᠠ᠃

ᠡᠷᠦᠭᠡ ᠶᠢᠨ ᠴᠡᠷᠢᠭ᠌ ᠢ ᠳᠠᠭᠠᠭᠤᠯᠤᠨ ᠮᠠᠩᠬᠠᠳᠤ ᠶᠢᠨ ᠨᠠᠮᠰᠠᠷᠠᠢ ᠶᠢᠨ ᠪᠠᠭᠤᠷᠢ ᠶᠢ ᠪᠠᠯᠪᠠᠴᠢᠬᠤ ᠳᠤ ᠶᠠᠮᠠᠷ ᠰᠠᠢ᠌ᠬᠠᠨ ᠣᠮᠤᠭ ᠲᠡᠶ ᠡᠷ᠎ᠡ ᠪᠠᠢ᠌ᠯ᠎ᠠ︕ ᠮᠤᠷᠢᠨ ᠳᠤᠯᠤᠭᠠᠢ᠌ᠳᠤ ᠶᠢᠨ ᠰᠦᠮ᠎ᠡ ᠶᠢ ᠭᠠᠯᠳᠠᠬᠤ ᠳᠤ ᠭᠡᠨ ᠭᠦᠮᠤᠨ ᠥᠭᠡ ᠡᠴᠡ ᠮᠢᠨᠢ ᠵᠦᠷᠢᠴᠠᠵᠤ ᠪᠠᠢ᠌ᠯ᠎ᠠ︕ ᠭᠡᠭᠡᠨ ᠣᠪᠣᠭᠠᠨ ᠤ ᠠᠷᠤ ᠶᠢᠨ ᠵᠤ᠋ ᠳᠤ ᠯᠠᠮ᠎ᠠ ᠬᠤᠸᠠᠷᠠᠭ ᠤᠳ ᠢ ᠠᠯᠠᠬᠤ ᠳᠤ ᠶᠠᠮᠠᠷ ᠭᠦᠮᠤᠨ ᠮᠢᠨᠤ ᠡᠰᠡᠷᠭᠦ ᠠᠮᠢᠰᠬᠤᠵᠤ ᠪᠠᠢ᠌ᠯ᠎ᠠ︕ ᠭᠡᠷᠪᠡ ᠪᠢ ᠳᠠᠷᠠ ᠦᠶ᠎ᠡ ᠡᠢ᠌ᠮᠤ ᠨᠢᠭᠡ ᠡᠳᠦᠷ ᠪᠠᠢ᠌ᠨ᠎ᠠ ᠭᠡᠳ ᠮᠡᠳᠡᠭ᠍ᠰᠡᠨ ᠪᠣᠯ ᠶᠠᠭᠤ ᠭᠡᠵᠤ ᠰᠦᠮ᠎ᠡ ᠶᠢᠨ ᠡᠳ᠋ ᠢ ᠨᠢᠭᠤᠨ ᠴᠤᠭᠯᠠᠭᠤᠯᠤᠨ᠎ᠠ︖ ᠡᠨᠡ ᠮᠢᠨᠤ ᠬᠤᠪᠳᠤᠭ ᠰᠠᠨᠠᠭ᠎ᠠ᠃ ᠠᠢ︕ ᠭᠡᠷᠪᠡ ᠮᠢᠨᠤ ᠡᠢ᠌ᠮᠤ ᠭᠡᠮᠵᠢᠶᠡᠨ ᠳᠤ ᠭᠦᠷᠦᠨ᠎ᠡ ᠭᠡᠰᠡᠨ ᠢ ᠮᠡᠳᠡᠭ᠍ᠰᠡᠨ ᠪᠣᠯ ᠪᠠᠯᠤ ᠠᠪᠣ ᠶᠢ ᠨᠤᠳᠤᠭ ᠲᠠᠭᠠᠨ ᠠᠪᠴᠢᠷᠠᠨ᠎ᠠ︖ ᠠᠢ︕ ᠬᠤᠭᠢ᠂ ᠮᠢᠨᠤ ᠳᠤᠯᠤᠭᠠᠢ᠂ ᠨᠢᠭᠦᠯ ᠶᠢᠡᠨ ᠭᠢᠭ᠍ᠰᠡᠨ ᠭᠦᠮᠤᠨ ᠨᠢᠭᠦᠯ ᠶᠢᠡᠨ ᠣᠯᠬᠤ ᠵᠠᠶᠠᠭ᠎ᠠ ᠲᠡᠶ ᠰᠠᠠᠵᠠᠢ᠃ ᠮᠤᠷᠢᠨ ᠳᠤᠯᠤᠭᠠᠢ᠌ᠳᠤ ᠶᠢᠨ ᠳ᠋ᠠ ᠯᠠᠮ᠎ᠠ ᠵᠠᠮᠰᠤᠵᠤᠩᠨᠠᠢ ᠥᠭᠦᠭᠦ ᠡᠴᠡ ᠪᠠᠨ ᠡᠮᠦᠨ᠎ᠡ ᠶᠠᠭᠤᠨ ᠳᠤ ᠨᠠᠳᠠ ᠶᠢ ᠬᠠᠷᠠᠭᠠᠤᠨ ᠢᠨᠢᠶᠠᠵᠤ ᠪᠠᠢ᠌ᠭᠰᠠᠨ ᠪᠣᠯ︖ ᠮᠢᠨᠤ ᠡᠨᠡ ᠪᠠᠢ᠌ᠳᠠᠯ ᠢ ᠣᠯᠵᠤ ᠮᠡᠳᠡᠭᠡᠳ ᠨᠠᠮ᠎ᠠ ᠶᠢ ᠳᠤᠭᠤᠭᠢᠯᠠᠵᠤ ᠪᠠᠢ᠌ᠭᠰᠠᠨ ᠪᠣᠯ ᠦᠦ︖ ᠦᠭᠡᠶ᠂ ᠨᠤᠶᠠᠨ ᠤ ᠪᠢᠴᠢᠭᠡᠴᠢ ᠫᠣᠩᠰᠤᠭ ᠬᠠᠰᠢ ᠯᠠ ᠡᠷᠳᠡᠮ ᠲᠡᠶ ᠭᠦᠮᠤᠨ ᠰᠠᠠᠵᠠᠢ᠂ ᠠᠯᠢ ᠡᠷᠳᠡ ᠪᠠᠯᠤ ᠢᠷᠡᠭᠦ ᠡᠴᠡ ᠡᠮᠦᠨ᠎ᠡ᠂ ᠣᠳᠤ ᠶᠢᠨ ᠪᠠᠢ᠌ᠳᠠᠯ ᠢ ᠣᠯᠤᠭᠠᠤᠨ ᠬᠠᠷᠠᠴᠢᠬᠠᠭᠠᠤᠨ᠂ ᠳᠠᠷᠠ ᠦᠶ᠎ᠡ᠂ ᠳᠤᠬᠠᠢ ᠶᠢᠨ ᠴᠠᠭ ᠲᠤ ᠨᠠᠮ᠎ᠠ ᠳᠤ ᠰᠤᠷᠭᠠᠯ ᠦᠭ‍ᠭᠦᠭ᠍ᠰᠡᠨ ᠪᠠᠢ᠌ᠵᠤ ᠳ᠋ᠠ︕ ᠦᠭᠡᠶ᠂ ᠨᠤᠳᠤᠭ ᠨᠢᠷᠤᠭᠤᠨ ᠤ ᠣᠯᠠᠨ ᠲᠦᠮᠡᠨ ᠠᠷᠠᠢ ᠨᠠᠮ᠎ᠠ ᠶᠢ ᠳᠢᠶᠠᠨᠬᠦᠤ ᠰᠢᠭ᠌ ᠠᠮᠢᠳᠤ ᠵᠤᠯᠠ ᠡᠷᠭᠦᠭᠦ ᠦᠭᠡᠶ ᠪᠠᠢ᠌ᠬ᠎ᠠ︕ ᠭᠡᠷᠪᠡ ᠠᠮᠢᠳᠤ ᠵᠤᠯᠠ ᠭᠡᠳ ᠪᠣᠳᠤᠬᠤ ᠲᠡᠶ ᠵᠡᠷᠭᠡ ᠪᠦᠭᠦ ᠪᠠᠶ᠎ᠠ ᠨᠢ ᠳᠠᠭᠵᠠᠢ᠌ᠨ ᠴᠡᠴᠡᠷᠡᠭᠡᠳ ᠁ ᠦᠭᠡᠶ᠂ ᠪᠢ ᠳᠢᠶᠠᠨᠬᠦᠤ ᠰᠢᠭ᠌ ᠨᠤᠳᠤᠭ ᠨᠢᠷᠤᠭᠤ ᠶᠢ ᠵᠤᠪᠠᠭᠠᠵᠤ ᠶᠠᠪᠣᠭᠰᠠᠨ ᠦᠭᠡᠶ᠂ ᠨᠠᠮ᠎ᠠ ᠶᠢ ᠳᠡᠭᠡᠪᠠᠯ ᠭᠢᠯᠢᠰ ᠡ︕ ᠭᠢᠯᠢᠰ ᠭᠡᠳ ᠵᠢᠷᠦᠭᠡ ᠨᠢ ᠴᠤᠭᠢᠯᠠᠬᠤ ᠳᠤ ᠳᠠᠰᠤᠷᠠᠭᠰᠠᠨ ᠠᠷᠠᠰᠤᠨ ᠡᠴᠡ ᠰᠢᠨ᠎ᠠ ᠴᠢᠰᠤ ᠭᠠᠳᠠᠭᠰᠢ ᠣᠷᠤᠰᠤᠨ᠎ᠠ ᠁

᠊᠊᠊᠊᠊᠊᠊᠊᠊᠊᠊᠊᠊᠊᠊᠊᠊᠊᠊᠊᠊᠊᠊᠊᠊᠊᠊᠊᠊ ᠦᠭᠡᠶ᠂ ᠪᠢ ᠦᠪᠣᠷ ᠠᠷᠠᠤᠨ ᠤᠨ ᠨᠠᠮ ᠪᠢᠰᠢ᠂ ᠪᠢ ᠡᠪ ᠬᠠᠮᠳᠤ ᠨᠠᠮ᠂ ᠪᠢ ᠨᠠᠮ ᠤᠨ ᠥᠭᠡᠨ ᠡᠴᠡ ᠵᠦᠷᠢᠴᠡᠭ᠍ᠰᠡᠨ ᠦᠭᠡᠶ᠂ ᠪᠢ ᠦᠪᠣᠷ ᠠᠷᠠᠤᠨ ᠤᠨ ᠨᠠᠮ ᠪᠢᠰᠢ᠂ ᠪᠢ ᠡᠪ ᠬᠠᠮᠳᠤ ᠨᠠᠮ ᠡ︕ ᠪᠢ ᠦᠪᠣᠷ ᠠᠷᠠᠤᠨ ᠤᠨ ᠨᠠᠮ ᠪᠢᠰᠢ᠂ ᠪᠢ ᠦᠪᠣᠷ ᠠᠷᠠᠤᠨ ᠤᠨ ᠨᠠᠮ ᠭᠡᠵᠤ ᠴᠤᠬᠤᠮ ᠶᠠᠮᠠᠷ ᠪᠠᠢ᠌ᠳᠠᠭ ᠢ ᠪᠠᠰᠠ ᠮᠡᠳᠡᠭᠦ ᠦᠭᠡᠶ᠂ ᠪᠢ ᠡᠳᠦᠢ ᠪᠣᠯᠳᠠᠯ᠎ᠠ ᠣᠯᠵᠤ ᠰᠤᠨᠤᠰᠤᠭ᠎ᠠ ᠦᠭᠡᠶ᠂ ᠪᠢ ᠭᠢᠯᠢᠰ ᠡ︕ ᠪᠢ ᠰᠦᠮ᠎ᠡ ᠶᠢᠨ ᠡᠳ᠋ ᠢ ᠴᠤᠭᠯᠠᠭᠤᠯᠤᠭᠰᠠᠨ ᠨᠢ ᠦᠨᠡᠨ᠂ ᠭᠡᠪᠠᠴᠤ ᠪᠢ ᠡᠪ ᠬᠠᠮᠳᠤ ᠨᠠᠮ᠂ ᠪᠢ ᠦᠪᠣᠷ ᠠᠷᠠᠤᠨ ᠤᠨ ᠨᠠᠮ ᠪᠢᠰᠢ᠂ ᠭᠡᠵᠤ ᠪᠠᠷᠭᠢᠷᠠᠨ᠎ᠠ᠃ ᠭᠡᠪᠠᠴᠤ ᠳ᠋ᠠᠮᠪᠠ ᠶᠢᠨ ᠳᠠᠭᠤᠨ ᠢ ᠰᠤᠨᠤᠰᠬᠤ ᠭᠦᠮᠤᠨ ᠨᠢᠭᠡ ᠴᠤ ᠦᠭᠡᠶ᠂ ᠪᠣᠰᠴᠤ ᠳᠡᠢ᠌ᠯᠭᠦ ᠦᠭᠡᠶ ᠳ᠋ᠠᠮᠪᠠ ᠭᠡᠪᠳᠡᠷᠢ ᠲᠡᠶ ᠶᠤᠤᠯᠠᠨ ᠪᠠᠷᠭᠢᠷᠠᠨ᠎ᠠ᠃

ᠡᠨᠡ ᠥᠨᠡᠭᠡᠷ 《ᠬᠨ ᠭᠢᠰᠭᠢᠭ᠍ᠰᠡᠨ ᠭᠠᠵᠠᠷ ᠭᠤᠶ᠎ᠠ》 ᠭᠡᠳᠡᠭ᠍ᠴᠢᠯᠡᠨ ᠬᠠᠪᠣᠳᠠᠢ ᠣᠨᠤᠭᠠᠵᠠᠢ᠃ ᠬᠤᠪᠢᠰᠬᠠᠯ ᠤᠨ ᠬᠤᠢ ᠰᠠᠯᠭᠢᠨ ᠣᠷᠪᠠᠭ᠎ᠠ ᠭᠦᠷᠪᠠᠭᠡ ᠲᠡᠶ ᠶᠢ ᠮᠡᠳᠡᠭᠦ ᠦᠭᠡᠶ᠂ ᠬᠤᠪᠢᠰᠬᠠᠯ ᠤᠨ ᠵᠢᠳᠠᠨ ᠤ ᠥᠵᠦᠭᠦᠷ ᠢ ᠡᠷᠭᠢᠭᠦᠯᠤᠨ ᠭᠦᠮᠤᠨ ᠣᠯᠠᠨ ᠢ ᠠᠶᠤᠯᠭᠠᠵᠤ ᠪᠠᠢ᠌ᠭᠰᠠᠨ ᠡᠴᠡ ᠪᠠᠨ ᠬᠤᠪᠢᠰᠬᠠᠯ ᠤᠨ ᠣᠯᠠ ᠮᠦᠷ ᠲᠤ ᠳᠠᠭᠢᠨ ᠰᠢᠪᠠᠷᠳᠠᠨ᠂ ᠬᠤᠪᠢᠨ ᠤ ᠪᠠᠶ᠎ᠠ ᠪᠠᠨ ᠴᠤ ᠰᠤᠭᠤᠯᠵᠤ ᠠᠪᠴᠤ ᠳᠡᠢ᠌ᠯᠭᠦ ᠦᠭᠡᠶ ᠪᠣᠯᠤᠨ ᠶᠤᠰᠤᠳᠠᠢ 《ᠴᠢᠯᠠᠭᠤ ᠡᠷᠭᠦᠭᠡᠳ ᠭᠦᠯ ᠳᠡᠭᠡᠷ᠎ᠡ ᠪᠠᠨ ᠣᠨᠠᠭᠠᠪᠠ》 ᠭᠡᠳᠡᠭ᠌ ᠶᠢᠡᠷ ᠣᠨᠠᠭᠠᠪᠠᠯ ᠵᠣᠢ᠌ᠳᠠᠢ᠃

ᠢᠳᠡᠪᠭᠢ ᠨᠠᠮᠰᠠᠷᠠᠢ ᠶᠢ ᠣᠯᠠᠭᠠᠨ ᠬᠠᠮᠠᠭᠠᠯᠠᠬᠤ ᠴᠡᠷᠢᠭ᠌ ᠶᠢᠡᠷ ᠳᠠᠷᠤᠭᠤᠯᠤᠨ ᠭᠠᠷ ᠭᠦᠯ ᠢ ᠨᠢ ᠣᠶᠠᠵᠤ ᠠᠪᠴᠢᠷᠠᠨ᠄

᠊᠊᠊᠊᠊᠊᠊᠊᠊᠊᠊᠊᠊᠊᠊᠊᠊᠊᠊᠊᠊᠊᠊᠊᠊᠊᠊᠊᠊ ᠡᠨᠡ ᠭᠦᠭ᠍ᠰᠢᠨ ᠭᠠᠢ᠌ᠬᠠᠯ ᠮᠠᠨ ᠢ ᠮᠡᠭᠡᠯᠡᠨ ᠨᠢᠭᠡᠨᠲᠡ ᠬᠤᠷᠢᠭᠠᠤᠨ ᠵᠢᠯ ᠪᠣᠯᠵᠤ ᠪᠠᠢ᠌ᠨ᠎ᠠ᠂ ᠡᠨᠡ ᠦᠨᠡᠨ ᠳᠡᠭᠡᠨ ᠶᠠᠪᠠ ᠪᠢᠰᠢ᠂ ᠥᠭᠡ ᠭᠡᠯᠡᠵᠤ ᠳᠠᠢ᠌ᠯᠤᠨ᠎ᠠ᠂ ᠬᠠᠷᠢᠨ ᠬᠤᠪᠢᠰᠬᠠᠯ ᠤᠨ ᠡᠰᠡᠷᠭᠦ ᠭᠡᠯᠡ ᠦᠭᠡᠶ ᠬᠤᠪᠢᠰᠬᠠᠯ ᠭᠢᠵᠤ ᠪᠠᠢ᠌ᠭ᠎ᠠ ᠹᠧᠤᠳᠠᠯ ᠤᠨ ᠥᠯᠡᠳᠡᠭ᠍ᠳᠡᠯ ᠭᠦᠴᠤᠨ ᠪᠣᠯᠬᠤ ᠶᠤᠮ᠂ ᠡᠭᠦᠨ ᠢ ᠵᠠᠠᠴᠢᠨ ᠦᠨᠡᠨ ᠢ ᠨᠢ ᠭᠡᠯᠡᠭᠦᠯᠭᠦ ᠭᠡᠷᠡᠭ᠍ᠳᠡᠢ ᠭᠡᠵᠤ ᠣᠯᠠᠨ ᠳᠤ ᠬᠠᠰᠭᠢᠷᠤᠨ ᠣᠯᠠᠭᠠᠨ ᠬᠠᠮᠠᠭᠠᠯᠠᠬᠤ ᠴᠡᠷᠢᠭ᠌ ᠶᠢᠡᠷ ᠨᠠᠮᠰᠠᠷᠠᠢ ᠶᠢ ᠭᠦᠰᠡᠷ ᠳᠠᠷᠤᠨ ᠭᠡᠪᠳᠡᠭᠦᠯᠵᠤ ᠳᠤᠯᠤᠭᠠᠢ ᠨᠢᠷᠤᠭᠤ ᠣᠷᠤᠭᠤ ᠨᠢ ᠳᠠᠰᠢᠭᠤᠷᠳᠠᠨ ᠡᠭᠢᠯᠡᠪᠡ᠃

ᠦᠨᠡᠨ ᠭᠡᠯᠡ ᠪᠠᠨ ᠳᠠᠰᠤ ᠬᠠᠵᠠᠭᠰᠠᠨ ᠨᠠᠮᠰᠠᠷᠠᠢ ᠭᠡᠷᠭᠢᠨ ᠥᠭᠡ ᠭᠡᠯᠡᠵᠤ ᠴᠢᠳᠠᠨ᠎ᠠ︖ ᠭᠡᠪᠠᠴᠤ ᠶᠠᠪᠠ ᠪᠠᠷ ᠣᠪᠯᠠᠨ ᠬᠤᠪᠢᠰᠬᠠᠯ ᠢ ᠡᠰᠡᠷᠭᠦᠴᠡᠵᠤ ᠪᠠᠢ᠌ᠭ᠎ᠠ ᠨᠠᠷ᠎ᠠ ᠶᠢ ᠣᠯᠤᠨ᠂ ᠰᠤᠷ ᠳᠠᠰᠢᠭᠤᠷ ᠤᠨ ᠳᠠᠰᠤᠷᠠᠭ᠎ᠠ ᠦᠭᠡᠶ ᠪᠠᠭᠤᠬᠤ ᠳᠤ ᠡᠮᠦᠰᠦᠭ᠍ᠰᠡᠨ ᠨᠥᠭᠦᠭᠡᠰᠦᠳᠡᠢ ᠳᠠᠪᠠᠯ ᠨᠢ ᠳᠠᠰᠤ ᠣᠴᠢᠨ ᠣᠯᠠᠭᠠᠨ ᠴᠢᠰᠤ ᠭᠠᠵᠠᠷ ᠳᠡᠭᠡᠷ᠎ᠡ ᠣᠷᠤᠰᠤᠨ᠂ ᠳᠤᠰᠤᠭᠰᠠᠨ ᠭᠠᠵᠠᠷ ᠡᠴᠡ ᠰᠢᠨ᠎ᠠ ᠴᠢᠰᠤ ᠦᠰᠦᠷᠠᠨ ᠶᠠᠭᠠᠭᠢᠵᠤ ᠡᠪᠠᠦᠡᠪᠠᠴᠤ ᠨᠠᠮᠰᠠᠷᠠᠢ 《ᠡ᠂ ᠡᠨ》 ᠭᠡᠵᠤ ᠪᠠᠷᠭᠢᠷᠠᠬᠤ ᠡᠴᠡ ᠣᠠᠳᠤᠤ ᠪᠦᠳᠤᠨ ᠨᠢᠭᠡ ᠥᠭᠡ ᠶᠢ ᠴᠤ ᠭᠡᠯᠡᠵᠤ ᠴᠢᠳᠠᠬᠤ ᠦᠭᠡᠶ᠂ ᠭᠦᠭᠡᠷᠦᠭᠦᠢ︕ ᠲᠦᠮᠡ ᠮᠢᠩᠭ᠋ᠠᠨ ᠥᠭᠡ ᠪᠠᠢ᠌ᠪᠠᠴᠤ ᠭᠡᠯᠡᠵᠤ ᠭᠠᠷᠭᠠᠵᠤ ᠴᠢᠳᠠᠬᠤ ᠦᠭᠡᠶ᠂ ᠰᠤᠷ ᠳᠠᠰᠢᠭᠤᠷ ᠡᠭᠡᠯᠵᠢᠯᠡᠨ ᠪᠠᠭᠤᠬᠤ 《ᠱᠢᠦᠳᠧ᠂ ᠱᠢᠦᠳᠧ》 ᠭᠡᠭᠦ ᠰᠠᠯᠭᠢᠨ ᠵᠢᠪᠠᠷ ᠲᠤ ᠬᠠᠮᠤᠭ ᠰᠡᠭᠦᠯ ᠤᠨ ᠠᠮᠢᠰᠬᠤᠭ᠎ᠠ ᠪᠠᠨ ᠬᠤᠷᠢᠶᠠᠪᠠ᠃

ᠴᠠᠭ ᠢᠯᠡᠭᠦᠤ ᠶᠢᠨ ᠵᠠᠠᠴᠢᠯᠭᠠᠨ ᠡᠴᠡ ᠪᠣᠯᠵᠤ ᠡᠭᠢᠨ ᠳᠡᠭᠡᠨ 《ᠡ᠂ ᠡᠨ》 ᠭᠡᠵᠤ ᠣᠷᠢᠯᠠᠨ ᠪᠠᠢ᠌ᠭᠰᠠᠨ ᠶᠢᠡᠨ ᠣᠯᠠᠮ ᠰᠡᠭᠦᠯ ᠳᠤ ᠳᠠᠭᠤᠨ ᠦᠭᠡᠶ ᠪᠣᠯᠵᠤ᠂ ᠭᠠᠭᠴᠠᠬᠦ ᠳᠠᠰᠢᠭᠤᠷ ᠤᠨ ᠳᠠᠭᠤᠨ ᠡᠴᠡ ᠣᠠᠳᠤᠤ ᠠᠨᠢᠷ ᠦᠭᠡᠶ ᠪᠣᠯᠪᠠ᠃ ᠡᠭᠦᠨ ᠢ ᠥᠵᠡᠭᠡᠳ ᠢᠳᠠᠪᠭᠢ ᠣᠯᠠᠭᠠᠨ ᠬᠠᠮᠠᠭᠠᠯᠠᠬᠤ ᠴᠡᠷᠢᠭ᠌ ᠢ ᠵᠤᠭᠰᠤᠭᠠᠨ᠂ ᠨᠠᠮᠰᠠᠷᠠᠢ ᠶᠢᠨ ᠠᠮᠢᠰᠬᠤᠯ ᠬᠤᠷᠢᠶᠠᠭᠰᠠᠨ ᠢ ᠥᠵᠡᠭᠡᠳ ᠴᠡᠷᠢᠭ᠌ ᠶᠢᠡᠷ ᠳᠠᠮᠨᠠᠭᠤᠯᠤᠨ ᠮᠤᠯᠤᠮ ᠤᠨ ᠭᠡᠷ ᠲᠤ ᠠᠪᠠᠴᠢᠵᠤ ᠬᠠᠶᠠᠪᠠ᠃ ᠵᠠᠯᠭᠠᠭᠠᠤᠨ ᠭᠡᠡᠵᠦᠦᠷ᠂ ᠴᠡᠪᠠᠭ᠍ᠵᠡᠪ᠁ ᠨᠡᠷ ᠢ ᠰᠢᠭᠦᠭᠦ ᠶᠢ ᠭᠡᠯᠡᠭᠦ ᠦᠭᠡᠶ᠃

ᠰᠠᠷ᠎ᠠ ᠳᠤ ᠰᠠᠭᠤᠨ ᠭᠦᠤ ᠪᠠᠨ ᠪᠦᠪᠠᠢ᠌ᠯᠠᠨ ᠪᠠᠢ᠌ᠭᠰᠠᠨ ᠷᠤᠯᠭᠠᠷᠮ᠎ᠠ ᠡᠭᠦᠳᠡ ᠳᠤᠤᠭᠠᠷᠠᠨ ᠳᠦᠷᠪᠠᠨ ᠣᠯᠭᠠᠨ ᠬᠠᠮᠠᠭᠠᠯᠠᠬᠤ ᠴᠡᠷᠢᠭ᠌ ᠠᠪᠣ ᠢ ᠨᠢ ᠳᠠᠮᠠᠨᠠᠨ ᠠᠪᠴᠢᠷᠠᠵᠤ ᠬᠠᠩᠵᠤᠨ ᠤ ᠳᠡᠭᠡᠷ᠎ᠡ ᠬᠠᠶᠠᠭᠰᠠᠨ ᠳᠤ ᠣᠯᠭᠠᠨ ᠵᠢᠷᠦᠭᠡ ᠨᠢ ᠫᠣᠯ ᠫᠣᠯ ᠭᠢᠨ ᠴᠤᠭᠢᠯᠠᠨ ᠠᠪᠣ ᠶᠢᠨ ᠶᠢᠠᠨ ᠳᠡᠷᠭᠡᠳᠡ ᠢᠷᠠᠨ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠠᠪᠣ ᠡ︕ ᠳᠠ ᠶᠠᠭᠠᠭᠢᠴᠢᠬᠠᠪᠠ︖ ᠭᠡᠵᠤ ᠭᠡᠴᠢᠨᠡᠨ ᠬᠠᠰᠭᠢᠷᠤᠭᠰᠠᠨ ᠴᠤ ᠨᠠᠮᠰᠠᠷᠠᠢ ᠡᠪᠦᠭᠡᠨ ᠳᠠᠭᠤ ᠭᠠᠷᠤᠭᠰᠠᠨ ᠦᠭᠡᠶ᠂ ᠨᠢᠭᠡᠨᠲᠡ ᠠᠮᠢᠰᠬᠤᠯ ᠬᠤᠷᠢᠶᠠᠨ ᠴᠠᠭ ᠪᠣᠯᠵᠤ ᠪᠠᠢ᠌ᠭ᠎ᠠ ᠭᠦᠮᠤᠨ ᠶᠠᠭᠠᠭᠢᠨ ᠥᠭᠡ ᠭᠡᠯᠡᠵᠤ ᠪᠣᠯᠤᠨ᠎ᠠ︖ ᠪᠠᠶ᠎ᠠ ᠨᠢ ᠭᠦᠷᠦᠭᠦ ᠡᠴᠡ ᠡᠮᠦᠨᠡᠭᠢ ᠬᠠᠮᠤᠭ ᠰᠡᠭᠦᠯ ᠤᠨ ᠳᠠᠯᠴᠢᠯᠠᠪᠣᠷᠢ ᠭᠡᠮᠡᠷᠭᠡᠨ ᠵᠡᠭᠦᠨ ᠮᠦᠷᠤ ᠨᠢ ᠳᠠᠳᠠᠪᠠᠰᠭᠢᠨ ᠭᠦᠳᠡᠯᠦᠭᠡᠳ ᠣᠯᠠᠭᠠᠨ ᠴᠢᠰᠤ ᠭᠤᠰ ᠭᠢᠨ ᠳᠠᠰᠤᠷᠠᠭᠰᠠᠨ ᠠᠷᠠᠰᠤᠨ ᠡᠴᠡ ᠣᠷᠤᠰᠤᠨ ᠭᠠᠷᠴᠤ ᠪᠠᠶ᠎ᠠ ᠳᠠᠯᠪᠢᠪᠠ᠃

ᠨᠠᠮᠰᠠᠷᠠᠢ ᠮᠠᠨᠢ ᠡᠨᠡ ᠬᠤᠷᠢᠭᠠᠤᠨ ᠵᠢᠯ ᠤᠨ ᠳᠤᠳᠤᠷ᠎ᠠ ᠭᠡᠴᠢᠨᠡᠨ ᠬᠠᠯᠠ ᠳᠠᠮᠤ ᠠᠮᠰᠠᠨ᠂ ᠡᠭᠡ ᠡᠴᠡ ᠳᠦᠷᠦᠭᠦ ᠳᠡᠭᠡᠨ ᠥᠭᠡ ᠭᠡᠯᠡ ᠲᠡᠶ ᠭᠦᠮᠤᠨ ᠥᠭᠦᠭᠦ ᠨᠠᠰᠤᠨ ᠳᠠᠭᠠᠨ ᠭᠡᠯᠡᠭᠡᠢ ᠶᠠᠪᠠ ᠪᠣᠯᠵᠤ᠂ ᠭᠡᠯᠡᠶ᠎ᠡ ᠭᠡᠰᠡᠨ ᠥᠭᠡ ᠪᠠᠨ ᠭᠡᠯᠡᠵᠤ ᠢᠯᠡᠳᠭᠡᠵᠤ ᠴᠢᠳᠠᠬᠤ ᠦᠭᠡᠶ ᠠᠮᠢᠳᠤ ᠶᠢᠨ ᠳᠠᠷᠴᠢᠯᠭᠠᠯᠠᠯ ᠳᠤ ᠣᠴᠠᠷᠠᠨ᠂ ᠠᠷᠠᠤᠨ ᠤᠨ ᠬᠤᠪᠢᠰᠬᠠᠯ ᠤᠨ ᠰᠦᠷ ᠭᠦᠴᠤᠨ ᠳᠤ ᠣᠯᠠᠨ ᠲᠦᠮᠡᠨ ᠤ ᠡᠮᠦᠨ᠎ᠡ ᠠᠮᠢᠳᠤ ᠪᠠᠷ ᠶᠢᠡᠨ ᠳᠠᠰᠢᠭᠤᠷᠳᠠᠭᠳᠠᠨ ᠥᠭᠦᠭᠡᠳ᠂ ᠡᠨᠡ ᠨᠠᠰᠤᠨ ᠤ ᠶᠠᠯ᠎ᠠ ᠨᠢᠭᠦᠯ ᠶᠢᠡᠨ ᠪᠠᠷᠠᠭᠠᠨ᠎ᠠ᠂ ᠥᠭᠦᠭ᠍ᠰᠡᠨ ᠴᠤ ᠰᠡᠳᠭᠢᠯ ᠳᠡᠭᠡᠨ ᠭᠤᠮᠤᠳᠠᠯ ᠲᠡᠶ ᠨᠠᠮᠰᠠᠷᠠᠢ ᠶᠢᠨ ᠬᠤᠶᠠᠷ ᠨᠢᠳᠤᠨ ᠡᠴᠡ ᠪᠦᠳᠦᠭᠦᠨ ᠬᠤᠶᠠᠷ ᠨᠢᠯᠪᠣᠰᠤ ᠭᠤᠭᠤᠵᠢᠨ᠂ ᠭᠦᠮᠤᠨ ᠤ ᠣᠷᠴᠢᠯᠠᠩ ᠤᠨ ᠶᠠᠯ᠎ᠠ ᠭᠡᠮ ᠢ ᠴᠠᠭᠠᠳᠤ ᠣᠷᠴᠢᠯᠠᠩ ᠳᠤ ᠣᠴᠢᠭᠰᠠᠨ ᠴᠤ ᠵᠠᠭᠠᠯᠳᠤᠵᠤ ᠵᠠᠷᠭᠤᠯᠴᠠᠨ᠂ ᠳ᠋ᠸᠪᠠᠵᠠᠨ ᠤ ᠣᠷᠤᠨ ᠳᠤ ᠴᠤ ᠵᠢᠷᠭᠠᠯ ᠲᠡᠶ ᠠᠮᠢᠳᠤᠷᠠᠬᠤ ᠦᠭᠡᠶ ᠭᠡᠰᠡᠨ ᠬᠠᠳᠠᠭᠤ ᠰᠢᠷᠦᠭᠦᠨ ᠵᠤᠷᠢᠭ ᠰᠦᠰᠦᠨ ᠤ ᠭᠢᠨᠢ ᠣᠷᠤ ᠪᠣᠯᠬᠣᠢ᠌ᠴᠠ ᠭᠡᠮᠡᠷᠭᠡᠨ ᠮᠠᠯᠳᠠᠩᠨᠠᠨ ᠣᠷᠤᠰᠤᠨ᠎ᠠ᠃

ᠠᠪᠣ ᠶᠢᠨ ᠶᠢᠠᠨ ᠳᠠᠯᠠᠢᠭᠰᠠᠨ ᠢ ᠥᠵᠡᠭᠡᠳ ᠷᠤᠯᠭᠠᠷᠮ᠎ᠠ ᠳᠠᠭᠤ ᠳᠠᠯᠪᠢᠨ ᠣᠭᠢᠯᠠᠵᠤ ᠬᠠᠷᠠᠩᠭ᠋ᠣᠢ᠌ᠳᠠᠨ ᠣᠨᠠᠪᠠ᠃ ᠭᠡᠨᠡᠳᠲᠡ ᠣᠯᠠᠭᠠᠨ ᠨᠢᠯᠬ᠎ᠠ ᠭᠦᠤ ᠶᠢᠨ ᠭᠢᠨᠢ ᠵᠢᠰ ᠭᠡᠰᠡᠨ ᠵᠢᠩᠭᠢᠨᠠᠮ᠎ᠠ ᠣᠷᠢᠯᠭᠠᠨ ᠳᠤ ᠷᠤᠯᠭᠠᠷᠮ᠎ᠠ ᠰᠡᠭᠡᠰᠭᠢᠨ ᠰᠡᠷᠭᠦᠵᠤ᠂ ᠣᠷᠤᠵᠤ ᠭᠠᠷᠬᠤ ᠪᠠᠨ ᠣᠯᠬᠤ ᠦᠭᠡᠶ ᠪᠠᠷᠭᠡᠰᠢᠶᠡᠯᠳᠤᠨ ᠭᠡᠷ ᠳᠤᠳᠤᠷ᠎ᠠ ᠮᠥᠯᠭᠦᠨ ᠮᠠᠴᠤᠯᠭᠢᠯᠠᠨ᠎ᠠ᠃

ᠨᠢᠭᠡ ᠡᠳᠦᠷ ᠤᠨ ᠬᠤᠷᠠᠯ ᠳᠡᠭᠦᠰᠴᠤ 《ᠦᠪᠣᠷ ᠠᠷᠠᠤᠨ ᠤᠨ ᠨᠠᠮ》 ᠭᠡᠰᠡᠨ ᠳ᠋ᠠᠮᠪᠠ᠂ ᠭᠡᠡᠵᠦᠦᠷ᠂ ᠴᠡᠪᠠᠭ᠍ᠵᠡᠪ ᠢ ᠳᠡᠷᠭᠡᠨ ᠳᠤ ᠳᠡᠭᠡᠭᠡᠨ ᠶᠡᠭᠡ ᠰᠦᠮ᠎ᠡ ᠣᠷᠤᠭᠤ ᠠᠪᠣᠭᠠᠤᠨ ᠶᠠᠪᠣᠪᠠ᠃ ᠳ᠋ᠠᠮᠪᠠ ᠳᠡᠷᠭᠡᠨ ᠳᠡᠭᠡᠷ᠎ᠡ ᠭᠠᠷᠤᠭᠰᠠᠨ ᠴᠤ 《ᠪᠢ ᠡᠪ ᠬᠠᠮᠳᠤ ᠨᠠᠮ᠂ ᠪᠢ ᠦᠪᠣᠷ ᠠᠷᠠᠤᠨ ᠤᠨ ᠨᠠᠮ ᠪᠢᠰᠢ》 ᠭᠡᠵᠤ ᠬᠠᠰᠭᠢᠷᠤᠨ᠎ᠠ᠃ ᠬᠤᠷᠠᠯ ᠳᠠᠷᠬᠠᠭᠰᠠᠨ ᠤ ᠳᠠᠷᠠᠭ᠎ᠠ ᠮᠤᠯᠤᠮ ᠶᠠᠭᠠᠷᠠᠤ ᠰᠠᠠᠳᠤᠷᠤᠨ ᠭᠡᠷ ᠲᠡᠭᠡᠨ ᠢᠷᠡᠭᠦ ᠳᠤ ᠷᠤᠯᠭᠠᠷᠮ᠎ᠠ ᠴᠢᠰᠤ ᠨᠦᠵᠢ ᠪᠠᠷ ᠣᠭᠢᠯᠠᠨ᠂ ᠠᠪᠣ ᠨᠠᠮᠰᠠᠷᠠᠢ ᠪᠠᠷᠠᠭᠤᠨ ᠭᠡᠷᠡᠮ ᠤᠨ ᠬᠠᠨ᠎ᠠ ᠳᠦᠰᠢᠭᠡᠳ ᠭᠡᠪᠳᠡᠨ᠎ᠡ᠃ ᠮᠤᠯᠤᠮ ᠷᠤᠯᠭᠠᠷᠮ᠎ᠠ ᠶᠢᠨ ᠣᠢ᠌ᠯᠠ ᠭᠦᠳᠡᠯᠭᠡᠭᠡᠨ ᠪᠠ ᠡᠳᠦᠷ ᠤᠨ ᠪᠠᠢ᠌ᠳᠠᠯ ᠡᠴᠡ ᠭᠡᠷᠡᠭ᠌ ᠮᠠᠭᠤᠬᠠᠢ ᠪᠣᠯᠤᠭᠰᠠᠨ ᠢ ᠮᠡᠳᠡᠭᠡᠳ ᠠᠪᠣ ᠶᠢᠨ ᠶᠢᠠᠨ ᠳᠡᠷᠭᠡᠳᠡ ᠢᠷᠡᠭᠦ ᠳᠤ ᠨᠢᠭᠡᠨᠲᠡ ᠠᠮᠢᠰᠬᠤᠯ ᠬᠤᠷᠢᠶᠠᠨ ᠬᠠᠭᠠᠰ ᠡᠳᠦᠷ ᠪᠣᠯᠭᠰᠠᠨ ᠨᠠᠮᠰᠠᠷᠠᠢ ᠶᠢᠨ ᠨᠠᠮᠵᠢᠭᠤᠨ ᠴᠢᠰᠤ ᠦᠭᠡᠶ ᠴᠢᠷᠠᠢ ᠬᠠᠷᠠᠭᠳᠠᠨ᠎ᠠ᠃

ᠴᠤᠬᠤᠮ ᠶᠠᠭᠠᠭᠢᠨ᠎ᠠ︖ ᠠᠷᠠᠤᠨ ᠤᠨ ᠬᠤᠪᠢᠰᠬᠠᠯ ᠤᠨ ᠡᠮᠦᠨ᠎ᠡ ᠡᠴᠡ ᠡᠰᠡᠷᠭᠦᠴᠡᠵᠤ ᠪᠣᠰᠤᠨ᠎ᠠ ᠦᠦ︖ ᠭᠡᠳ ᠡᠯᠳᠡᠪ ᠢ ᠪᠣᠳᠤᠨ᠎ᠠ᠃ ᠠᠷᠭ᠎ᠠ ᠦᠭᠡᠶ᠂ ᠮᠤᠯᠤᠮ ᠵᠡᠷᠭᠡᠯᠡᠳᠡᠭᠡ ᠠᠢ᠌ᠯ ᠤᠨ ᠭᠡᠳᠤᠨ ᠭᠦᠮᠦᠰ ᠲᠡᠶ ᠬᠠᠮᠳᠤ ᠨᠠᠮᠰᠠᠷᠠᠢ ᠶᠢ ᠮᠠᠩᠬᠠᠳᠤ ᠶᠢᠨ ᠵᠠᠮ ᠤᠨ ᠠᠷᠤ ᠳᠤ ᠣᠷᠤᠰᠢᠭᠤᠯᠤᠨ ᠣᠩᠭᠤᠯᠠᠪᠠ᠃ ᠴᠠᠭ ᠳᠦᠷᠤ ᠶᠢᠨ ᠥᠢᠮᠡᠭᠡᠨ᠂ ᠨᠡᠢ᠌ᠭᠡᠮ ᠤᠨ ᠣᠷᠤᠭ᠎ᠠ ᠪᠣᠰᠬᠠᠭ᠎ᠠ ᠡᠴᠡ ᠪᠣᠯᠵᠤ ᠶᠡᠭᠡ ᠳᠠᠪᠵᠢᠶᠠᠨ ᠢ ᠡᠰᠡ ᠭᠠᠷᠭᠠᠵᠤ ᠴᠢᠳᠠᠭᠠᠤᠨ᠂ ᠠᠪᠣ ᠪᠠᠨ ᠠᠯᠠᠭᠤᠯᠤᠭᠰᠠᠨ ᠴᠤ ᠳᠠᠭᠤ ᠱᠤᠤ ᠦᠭᠡᠶ ᠮᠤᠯᠤᠮ ᠪᠠ ᠷᠤᠯᠭᠠᠷᠮ᠎ᠠ ᠭᠡᠷ ᠲᠡᠭᠡᠨ ᠨᠢᠯᠪᠣᠰᠤᠨ ᠳᠠᠯᠠᠢ ᠳᠤ ᠱᠤᠩᠪᠠᠨ ᠭᠡᠪᠳᠡᠨ᠎ᠡ᠃

ᠠᠷᠪᠠᠭᠠᠤᠨ ᠬᠤᠨᠤᠭ ᠤᠨ ᠳᠠᠷᠠᠭ᠎ᠠ ᠳᠠᠪᠣ ᠳᠤᠯᠤᠭᠠᠨ ᠣᠯᠭᠠᠨ ᠬᠠᠮᠠᠭᠠᠯᠠᠬᠤ ᠴᠡᠷᠢᠭ᠌ ᠮᠤᠯᠤᠮ ᠶᠢᠨ ᠭᠡᠷ ᠤᠨ ᠡᠭᠦᠳᠡᠨ ᠳᠤ ᠪᠠᠭᠤᠨ᠄

᠊᠊᠊᠊᠊᠊᠊᠊᠊᠊᠊᠊᠊᠊᠊᠊᠊᠊᠊᠊᠊᠊᠊᠊᠊᠊᠊᠊᠊ ᠮᠤᠯᠤᠮ ᠭᠠᠷᠴᠤ ᠢᠷ᠎ᠠ︕ ᠭᠡᠳ ᠬᠠᠰᠭᠢᠷᠤᠪᠠ᠃ ᠭᠡᠷ ᠲᠡᠭᠡᠨ ᠪᠠᠢ᠌ᠭᠰᠠᠨ ᠮᠤᠯᠤᠮ ᠶᠠᠭᠠᠷᠠᠨ ᠭᠠᠷᠴᠤ ᠢᠷᠡᠭᠦ ᠳᠤ ᠬᠤᠶᠠᠷ ᠣᠯᠭᠠᠨ ᠬᠠᠮᠠᠭᠠᠯᠠᠬᠤ ᠴᠡᠷᠢᠭ᠌ ᠮᠤᠯᠤᠮ ᠶᠢᠨ ᠭᠠᠷ ᠢ ᠬᠣᠢ᠌ᠰᠢ ᠳᠠᠳᠠ ᠣᠶᠠᠵᠤ ᠨᠥᠭᠦᠭᠡ ᠭᠡᠳᠤ ᠨᠢ ᠷᠤᠯᠭᠠᠷᠮ᠎ᠠ ᠶᠢ ᠮᠦᠨ ᠪᠠᠷᠢᠨ᠂ ᠰᠠᠷ᠎ᠠ ᠳᠦᠭᠦᠷᠡᠭᠡᠳ ᠣᠳᠠᠭ᠎ᠠ ᠦᠭᠡᠶ ᠣᠯᠭᠠᠨ ᠨᠢᠯᠬ᠎ᠠ ᠶᠢ ᠬᠠᠩᠵᠤᠨ ᠤ ᠳᠡᠭᠡᠷ᠎ᠡ ᠰᠢᠳᠠᠨ᠂ ᠭᠡᠷ ᠳᠤᠳᠤᠷᠠᠭᠢ ᠠᠪᠳᠠᠷ᠎ᠠ ᠬᠤᠷᠭᠤ ᠶᠢ ᠠᠭᠤᠳᠠᠯᠠᠭᠠᠤᠨ ᠠᠯᠢᠪᠠ ᠶᠢ ᠤᠩᠭᠢᠴᠠᠨ ᠪᠠᠯᠪᠠᠴᠢᠭᠠᠤᠨ ᠠᠯᠢ ᠣᠯᠠᠨ ᠨᠤᠮ ᠰᠤᠳᠤᠷ ᠪᠦᠭᠦᠨ ᠢ ᠴᠢᠷᠤᠨ ᠭᠠᠷᠭᠠᠵᠤ ᠭᠠᠳᠠᠭ᠎ᠠ ᠳᠡᠷᠭᠡᠨ ᠳᠤ ᠳᠡᠭᠡᠭᠡᠵᠤ ᠬᠤᠶᠠᠭᠤᠯᠠ ᠶᠢ ᠳᠠᠭᠤ ᠱᠤᠤ ᠦᠭᠡᠶ ᠳᠤᠮᠳᠠ ᠪᠠᠨ ᠭᠦᠭᠡᠭᠡᠵᠤ ᠰᠤᠷᠭᠠᠭᠤᠯᠢ ᠶᠢᠨ ᠭᠦᠷᠢᠶᠡᠨ ᠳᠤ ᠠᠪᠴᠢᠷᠠᠪᠠ᠃

ᠰᠤᠷᠭᠠᠭᠤᠯᠢ ᠶᠢᠨ ᠡᠭᠦᠳᠡᠨ ᠳᠤ 《ᠺᠦᠩᠽᠢ ᠮᠸᠩᠽᠢ ᠶᠢᠨ ᠰᠤᠷᠭᠠᠯ ᠢ ᠱᠥᠭᠦᠷᠳᠡᠨ ᠠᠷᠢᠯᠭᠠᠵᠤ᠂ ᠥᠮᠡᠭᠡᠢ ᠶ‍ᠢᠰᠦᠳᠦᠭᠡᠷ ᠤᠨ ᠰᠡᠭᠦᠯ ᠢ ᠣᠭᠳᠤᠯᠤᠶ᠎ᠠ︕》 ᠭᠡᠵᠤ ᠪᠦᠳᠦᠭᠦᠨ ᠣᠷᠢᠶ᠎ᠠ ᠶᠢ ᠡᠭᠦᠳᠡᠨ ᠤ ᠵᠡᠷᠭᠡ ᠪᠠᠷ ᠨᠠᠭᠠᠨ᠎ᠠ᠃ ᠮᠤᠯᠤᠮ ᠪᠠ ᠷᠤᠯᠭᠠᠷᠮ᠎ᠠ ᠶᠢ ᠦᠳᠡ ᠶᠢᠨ ᠪᠠᠷᠤᠭ ᠣᠯᠠᠨ ᠤ ᠡᠮᠦᠨ᠎ᠡ ᠠᠪᠴᠤ ᠭᠠᠷᠪᠠ᠃ ᠦᠳᠡ ᠶᠢᠨ ᠨᠠᠷᠠ ᠳᠤᠯᠠᠢ᠌ᠮ᠎ᠠ ᠭᠡᠷᠡᠯᠳᠦᠵᠤ᠂ ᠰᠤᠷᠤᠭᠴᠢᠳ ᠤᠨ ᠪᠢᠴᠢᠭ᠌ ᠤᠨ ᠰᠢᠷᠡᠭᠡ ᠨᠢᠭᠡ ᠮᠦᠷ ᠳᠠᠯᠪᠢᠵᠤ᠂ ᠢᠳᠡᠪᠭᠢ᠂ ᠰᠠᠩᠵᠠᠢ ᠨᠡᠷ ᠰᠠᠭᠤᠨ ᠣᠯᠠᠭᠠᠨ ᠬᠠᠮᠠᠭᠠᠯᠠᠬᠤ ᠴᠡᠷᠢᠭ᠌ ᠭᠠᠳᠠᠭᠤᠷ ᠵᠤᠭᠰᠤᠨ᠂ ᠳᠠᠳᠠᠨ ᠤ ᠭᠠᠳᠠᠭᠤᠷ ᠣᠯᠠᠨ ᠲᠦᠮᠡᠨ ᠵᠤᠭᠰᠤᠨ᠎ᠠ᠃

ᠮᠤᠯᠤᠮ ᠪᠠ ᠷᠤᠯᠭᠠᠷᠮ᠎ᠠ ᠣᠯᠠᠨ ᠤ ᠡᠮᠦᠨ᠎ᠡ ᠭᠠᠷᠴᠤ ᠨᠤᠳᠤᠭ ᠨᠢᠷᠤᠭᠤᠨ ᠤ ᠭᠦᠮᠦᠰ ᠢ ᠨᠢᠳᠤ ᠪᠠᠨ ᠳᠦᠭᠦᠷᠳᠡᠯ᠎ᠡ ᠦᠵᠡᠨ ᠪᠠᠢ᠌ᠳᠠᠯ᠎ᠠ ᠢᠳᠡᠪᠭᠢ᠄

᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠤᠩᠭ᠋ᠤᠢ︕ ᠭᠡᠵᠤ ᠬᠠᠰᠭᠢᠷᠤᠨ ᠮᠤᠯᠤᠮ ᠪᠠ ᠷᠤᠯᠭᠠᠷᠮ᠎ᠠ ᠶᠢᠨ ᠭᠦᠵᠦᠭᠦᠨ ᠳᠤ ᠨᠢ᠋ᠮᠠᠨ ᠰᠢᠷᠤᠢ ᠶᠢᠨ ᠳᠤᠭᠤᠰᠭ᠎ᠠ ᠶᠢ ᠳᠡᠭᠡᠰᠤ ᠪᠠᠷ ᠬᠤᠯᠪᠤᠨ ᠳᠤᠷᠤᠭᠰᠢ ᠪᠠᠨ ᠳᠠᠷᠤᠵᠤ ᠳᠤᠩᠭ᠋ᠣᠢ᠌ᠯᠭᠠᠨ᠎ᠠ᠃ ᠳᠠᠭᠢᠭᠠᠤᠨ ᠭᠡᠷ ᠡᠴᠡ ᠠᠪᠴᠤ ᠭᠠᠷᠭᠠᠭᠰᠠᠨ ᠠᠯᠢ ᠣᠯᠠᠨ ᠨᠤᠮ ᠰᠤᠳᠤᠷ ᠪᠠ ᠰᠤᠷᠭᠠᠭᠤᠯᠢ ᠶᠢᠨ ᠭᠡᠷ ᠲᠤ ᠪᠠᠢ᠌ᠭᠰᠠᠨ ᠪᠢᠴᠢᠭ᠌ ᠳᠡᠦᠭᠡ ᠶᠢ ᠪᠦᠭᠦᠨ ᠢ ᠣᠪᠣᠭᠠᠯᠠᠨ ᠢᠳᠡᠪᠭᠢ ᠣᠯᠠᠨ ᠤ ᠡᠮᠦᠨ᠎ᠡ ᠭᠠᠷᠴᠤ᠄

᠊᠊᠊᠊᠊᠊᠊᠊᠊᠊᠊᠊᠊᠊᠊᠊᠊᠊᠊᠊᠊᠊᠊᠊᠊᠊᠊᠊᠊ ᠡᠨᠡ ᠬᠤᠶᠠᠷ ᠪᠣᠯ ᠮᠠᠨ ᠤ ᠳᠤᠳᠤᠷ᠎ᠠ ᠨᠢᠭᠤᠭᠳᠠᠵᠤ ᠪᠠᠢ᠌ᠭ᠎ᠠ ᠥᠵᠡᠭ᠍ᠳᠡᠰᠢ ᠦᠭᠡᠶ ᠠᠩᠭᠢ ᠶᠢᠨ ᠡᠰᠷᠭᠦᠴᠡᠯ ᠳᠠᠯᠪᠢᠵᠤ ᠪᠠᠢ᠌ᠭ᠎ᠠ ᠭᠦᠮᠤᠨ ᠪᠣᠯᠤᠨ᠎ᠠ᠃ ᠠᠷᠠᠤᠨ ᠤᠨ ᠬᠡᠦᠬᠡᠳ ᠲᠤ ᠪᠣᠷᠤᠭᠤ ᠵᠦᠷᠢᠭᠦᠤ ᠨᠤᠮᠯᠠᠯ ᠵᠢᠭᠠᠨ᠂ ᠣᠯᠠᠨ ᠲᠦᠮᠡᠨ ᠢ ᠮᠤᠩᠬᠠᠷᠠᠭᠤᠯᠤᠨ ᠪᠠᠢ᠌ᠭ᠎ᠠ ᠥᠮᠡᠭᠡᠢ ᠶ‍ᠢᠰᠦᠳᠦᠭᠡᠷ ᠭᠡᠳᠡᠭ᠌ ᠡᠢ᠌ᠮᠤ ᠭᠦᠮᠤᠨ ᠢ ᠭᠡᠯᠡᠵᠤ ᠪᠠᠢ᠌ᠭ᠎ᠠ ᠶᠤᠮ᠃ ᠡᠢ᠌ᠮᠤ ᠡᠴᠡ ᠡᠨᠡ ᠪᠣᠯ ᠮᠠᠨ ᠤ ᠦᠷ᠎ᠡ ᠬᠣᠢ᠌ᠴᠢᠰ ᠢ ᠬᠠᠷᠠᠯᠠᠭᠤᠯᠵᠤ ᠪᠠᠢ᠌ᠭ᠎ᠠ ᠥᠵᠡᠭ᠍ᠳᠡᠰᠢ ᠦᠭᠡᠶ ᠣᠯᠭᠠᠨ ᠬᠤᠷᠤᠬᠠᠢ ᠪᠣᠯᠤᠨ᠎ᠠ᠃ ᠡᠢ᠌ᠮᠤ ᠭᠦᠮᠤᠨ ᠢ ᠵᠠᠪᠠᠯ ᠴᠤᠭᠢᠨ ᠣᠨᠠᠭᠠᠬᠤ ᠭᠡᠷᠡᠭ᠍ᠳᠡᠢ ᠭᠡᠵᠤ ᠣᠯᠠᠨ ᠳᠤ ᠣᠬᠠᠭᠤᠯᠤᠨ ᠳᠠᠭᠢᠨ ᠷᠤᠯᠭᠠᠷᠮ᠎ᠠ ᠶᠢ ᠵᠢᠭᠠᠵᠤ᠄

᠊᠊᠊᠊᠊᠊᠊᠊᠊᠊᠊᠊᠊᠊᠊᠊᠊᠊᠊᠊᠊᠊᠊᠊᠊᠊᠊᠊᠊ ᠡᠨᠡ ᠪᠣᠯ ᠨᠠᠮᠰᠠᠷᠠᠢ ᠪᠠᠶᠠᠨ ᠤ ᠦᠬᠢᠨ᠂ ᠭᠠᠵᠠᠷ ᠤᠨ ᠡᠵᠡᠨ ᠤ ᠬᠡᠦᠬᠡᠳ᠂ ᠡᠨᠡ ᠭᠡᠳᠥᠢᠪᠠᠷ ᠬᠤᠪᠢᠰᠬᠠᠯ ᠢ ᠳᠠᠮᠵᠢᠨ ᠠᠷᠠᠤᠨ ᠲᠦᠮᠡᠨ ᠢ ᠣᠷᠢᠶᠠᠯᠠᠭᠰᠠᠨ ᠴᠤ ᠠᠶᠤᠤᠯᠢᠬᠠᠢ ᠵᠢᠷᠦᠭᠡᠨ ᠳᠡᠭᠡᠨ ᠮᠠᠨ ᠤ ᠬᠤᠪᠢᠰᠬᠠᠯ ᠢ ᠵᠠᠨᠤᠨ ᠬᠤᠷᠤᠰᠴᠤ᠂ ᠠᠯᠢ ᠨᠢᠭᠡ ᠡᠳᠦᠷ ᠵᠠᠪᠰᠢᠶᠠᠨ ᠲᠤᠬᠢᠶᠠᠯᠳᠤᠪᠠᠯ ᠬᠤᠪᠢᠰᠬᠠᠯ ᠢ ᠪᠣᠳᠠ ᠨᠢᠷᠭᠡᠭᠦ ᠭᠡᠵᠤ ᠪᠠᠢ᠌ᠭ᠎ᠠ ᠠᠩᠭᠢ ᠶᠢᠨ ᠡᠰᠡᠷᠭᠦᠴᠡᠯ ᠪᠠᠢ᠌ᠭ᠎ᠠ᠂ ᠡᠢ᠌ᠮᠤ ᠡᠴᠡ ᠪᠢᠳᠠᠨ ᠴᠠᠭ ᠢᠮᠠᠭᠳᠠ ᠡᠢ᠌ᠮᠤ ᠭᠦᠮᠤᠨ ᠢ ᠰᠠᠷᠠᠮᠵᠢᠯᠠᠨ ᠣᠰᠠᠳᠬᠠᠬᠤ ᠭᠡᠷᠡᠭ᠍ᠳᠡᠢ ᠭᠡᠵᠤ ᠳᠠᠭᠢᠨ ᠮᠤᠯᠤᠮ ᠢ ᠵᠢᠭᠠᠵᠤ᠄

᠊᠊᠊᠊᠊᠊᠊᠊᠊᠊᠊᠊᠊᠊᠊᠊᠊᠊᠊᠊᠊᠊᠊᠊᠊᠊᠊᠊᠊ ᠡᠨᠡ ᠭᠡᠳᠥᠢᠪᠠᠷ ᠶᠠᠳᠠᠭᠤ ᠪᠢᠴᠢᠭᠡᠴᠢ ᠶᠢᠨ ᠭᠦᠤ ᠪᠠᠢ᠌ᠭᠰᠠᠨ ᠴᠤ ᠨᠠᠮᠰᠠᠷᠠᠢ ᠪᠠᠶᠠᠨ ᠤ ᠡᠳ᠋ ᠠᠰᠢᠭ ᠲᠤ ᠰᠠᠭᠤᠨ ᠣᠯᠠᠨ ᠲᠦᠮᠡᠨ ᠢ ᠭᠢᠬᠠᠨ ᠳᠠᠷᠤᠯᠠᠭᠰᠠᠨ ᠣᠳᠠᠭ᠎ᠠ ᠲᠡᠶ᠂ ᠴᠢᠯᠦᠭᠡᠯᠡᠯᠳᠡ ᠶᠢᠨ ᠳᠠᠢ᠌ᠨ ᠳᠤ ᠭᠡᠳᠥᠢᠪᠠᠷ ᠭᠠᠪᠢᠶ᠎ᠠ ᠥᠵᠡᠭᠦᠯᠦᠭ᠍ᠰᠡᠨ ᠴᠤ ᠳᠠᠷᠠ ᠪᠣᠯ ᠦᠨᠡᠨ ᠰᠡᠳᠭᠢᠯ ᠡᠴᠡ ᠪᠠᠨ ᠪᠢᠰᠢ᠂ ᠬᠠᠷᠢᠨ ᠠᠷᠭ᠎ᠠ ᠦᠭᠡᠶ ᠶᠢᠨ ᠳᠤᠤᠷ᠎ᠠ ᠲᠦᠷ ᠵᠠᠭᠤᠷ᠎ᠠ ᠳᠠᠮᠵᠢᠨ ᠠᠮᠢ ᠰᠤᠭᠤᠷᠠᠭᠰᠠᠨ ᠵᠢᠩᠭᠢᠨᠢ ᠦᠪᠣᠷ ᠠᠷᠠᠤᠨ ᠤᠨ ᠨᠠᠮ᠂ ᠡᠢ᠌ᠮᠤ ᠭᠦᠮᠤᠨ ᠢ ᠣᠰᠠᠳᠬᠠᠬᠤ ᠭᠡᠷᠡᠭ᠍ᠳᠡᠢ ᠭᠡᠵᠤ ᠣᠬᠠᠭᠠᠨ ᠳᠦᠭᠦᠭᠡ ᠶᠢ ᠨᠢ ᠣᠢ᠌ᠯᠭᠠᠰᠢ ᠦᠭᠡᠶ ᠴᠠᠭ ᠳᠦᠷᠤ ᠶᠢᠨ ᠪᠠᠢ᠌ᠳᠠᠯ ᠢ ᠵᠢᠭᠠᠨ᠂ ᠣᠯᠠᠨ ᠲᠦᠮᠡᠨ ᠢ ᠰᠡᠭᠡᠷᠡᠭᠦᠯᠤᠨ ᠪᠠᠢ᠌ᠬᠤ ᠶᠤᠮ ᠦᠦ ᠪᠠᠴᠢᠯᠠᠨ ᠮᠡᠭᠡᠯᠡᠵᠤ ᠪᠠᠢ᠌ᠬᠤ ᠶᠤᠮ ᠦᠦ ᠭᠡᠳᠡᠭ᠌ ᠢ ᠮᠡᠳᠡᠭᠦ ᠶᠢᠨ ᠠᠷᠭ᠎ᠠ ᠦᠭᠡᠶ ᠰᠠᠨᠠᠭᠳᠠᠭᠤᠯᠤᠨ᠎ᠠ᠃ ᠦᠨᠡᠨ ᠳᠡᠭᠡᠨ ᠢᠳᠡᠪᠭᠢ ᠴᠤ ᠦᠪᠣᠷ ᠠᠷᠠᠤᠨ ᠤᠨ ᠨᠠᠮ ᠶᠠᠮᠠᠷ ᠭᠡᠳᠡᠭ᠌ ᠢ ᠮᠡᠳᠡᠭᠦ ᠦᠭᠡᠶ ᠠᠩᠭᠢ ᠶᠢᠨ ᠰᠤᠬᠤᠷ ᠪᠣᠯᠬᠤ ᠶᠤᠮ᠃ ᠭᠡᠪᠠᠴᠤ ᠣᠯᠠᠨ ᠲᠦᠮᠡᠨ ᠳᠤ ᠶᠠᠭ ᠶᠠᠭᠤ ᠪᠦᠭᠦᠨ ᠢ ᠮᠡᠳᠡᠭ᠍ᠰᠡᠨ ᠰᠢᠭ᠌ ᠭᠠᠯᠵᠠᠭᠤᠷᠠᠨ ᠰᠠᠭᠰᠤᠷᠠᠨ᠎ᠠ᠃

ᠢᠳᠡᠪᠭᠢ ᠥᠭᠡ ᠳᠠᠭᠤᠰᠬᠤ ᠲᠡᠶ ᠵᠡᠷᠭᠡ ᠣᠷᠢᠳᠠᠪᠠᠷ ᠷᠤᠯᠭᠠᠷᠮ᠎ᠠ ᠶᠢ ᠣᠯᠠᠨ ᠤ ᠡᠮᠦᠨ᠎ᠡ ᠰᠥᠭᠦᠳᠭᠡᠪᠡ᠃ ᠭᠦᠭᠡᠷᠦᠭᠦᠢ︕ ᠰᠠᠶ‍ᠢᠬᠠᠨ ᠬᠡᠦᠬᠡᠳ ᠭᠠᠷᠭᠠᠭᠠᠤᠨ ᠪᠠᠶ᠎ᠠ ᠨᠢ ᠴᠢᠳᠠᠯ ᠦᠭᠡᠶ ᠪᠠᠢ᠌ᠭᠰᠠᠨ ᠳᠡᠭᠡᠷ᠎ᠡ ᠵᠠᠭᠤ ᠢᠯᠡᠭᠦᠤ ᠵᠢᠩ ᠶᠢᠨ ᠰᠢᠷᠤᠢ ᠶᠢᠨ ᠳᠤᠭᠤᠰᠭ᠎ᠠ ᠶᠢ ᠭᠦᠵᠦᠭᠦᠤ ᠪᠠᠷ ᠳᠡᠭᠦᠵᠢᠯᠡᠨ ᠰᠥᠭᠦᠳᠭᠦ ᠳᠡᠭᠡᠨ ᠳᠠᠰᠪᠣᠷᠢᠯᠠᠨ ᠶᠠᠳᠠᠨ᠎ᠠ᠃ ᠷᠤᠯᠭᠠᠷᠮ᠎ᠠ ᠣᠯᠠᠨ ᠤ ᠡᠮᠦᠨ᠎ᠡ ᠰᠥᠭᠦᠳᠡᠨ ᠦᠨᠳᠦᠷ ᠳᠠᠭᠤᠨ ᠶᠢᠡᠷ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠤᠳᠤᠭ ᠨᠢᠷᠤᠭᠤᠨ ᠤ ᠭᠦᠮᠦᠰ ᠤᠳ ᠡ︕ ᠣᠰᠤ ᠰᠢᠷᠤᠢ ᠨᠢᠭᠡᠳᠡᠢ ᠮᠤᠩᠭ᠋ᠤᠯ ᠠᠬ᠎ᠠ ᠳᠡᠭᠦᠤ ᠨᠡᠷ ᠡ︕ ᠪᠢ ᠦᠨᠦᠳᠤᠷ ᠳᠠᠨᠠᠷ ᠲᠠᠭᠠᠨ ᠨᠢᠭᠡ ᠥᠭᠡ ᠶᠢ ᠶᠠᠷᠢᠶ᠎ᠠ︕ ᠮᠢᠨᠤ ᠥᠭᠡ ᠶᠢ ᠳᠠ ᠨᠡᠷ ᠴᠡᠭᠡᠵᠢᠯᠡᠵᠤ ᠶᠠᠪᠣᠭᠠᠷᠠᠢ︕ ᠦᠪᠣᠷ ᠠᠷᠠᠤᠨ ᠤᠨ ᠨᠠᠮ᠂ ᠡᠪ ᠬᠠᠮᠳᠤ ᠨᠠᠮ ᠭᠡᠵᠤ ᠪᠦᠷ ᠠᠳᠠᠯᠢᠬᠠᠨ᠂ ᠠᠷᠠᠤᠨ ᠲᠦᠮᠡᠨ ᠳᠠᠨᠠᠷ ᠬᠤᠪᠢ ᠪᠠᠷ ᠶᠢᠡᠨ ᠵᠤᠬᠢᠶᠠᠭᠰᠠᠨ ᠠᠩᠭᠢ ᠶᠢᠨ ᠨᠠᠮ ᠪᠠᠢ᠌ᠭ᠎ᠠ᠂ ᠠᠯᠢ ᠨᠠᠮ ᠨᠢ ᠪᠣᠷᠤᠭᠤ᠂ ᠠᠯᠢ ᠨᠠᠮ ᠨᠢ ᠵᠦᠪ ᠭᠡᠳᠡᠭ᠌ ᠢ ᠨᠠᠮ ᠢ ᠣᠳᠤᠷᠢᠳᠤᠨ ᠵᠢᠯᠤᠭᠤᠳᠴᠤ ᠪᠠᠢ᠌ᠭ᠎ᠠ ᠨᠤᠶᠠᠤᠨ ᠳᠠᠷᠤᠭ᠎ᠠ ᠶᠢᠨ ᠳᠤᠰ ᠪᠠᠶ᠎ᠠ ᠳᠤ ᠪᠠᠢ᠌ᠭ᠎ᠠ ᠡᠴᠡ ᠪᠢᠰᠢ ᠨᠠᠮ ᠭᠡᠳᠡᠭ᠌ ᠶᠠᠭᠤᠮᠠᠨ ᠳᠤ ᠪᠠᠢ᠌ᠬᠤ ᠪᠢᠰᠢ᠃ ᠳᠠᠨᠠᠷ ᠠᠯᠢ ᠨᠢᠭᠡ ᠡᠳᠦᠷ ᠰᠡᠭᠡᠭᠡᠷᠡᠭᠦ ᠶᠤᠮ︕ ᠳᠠᠷᠠ ᠦᠶᠡᠰ ᠡᠪ ᠬᠠᠮᠳᠤ ᠨᠠᠮ ᠪᠠᠰᠠ ᠪᠣᠷᠤᠭᠤ ᠪᠣᠯᠳᠠᠭ ᠶᠤᠮ᠂ ᠳᠠᠨᠠᠷ ᠣᠯᠵᠤ ᠥᠵᠡᠭᠦ ᠶᠤᠮ᠃ ᠠᠷᠠᠤᠨ ᠤᠨ ᠬᠤᠪᠢᠰᠬᠠᠯ ᠠᠷᠠᠤᠨ ᠲᠦᠮᠡᠨ ᠳᠤ ᠴᠢᠭᠯᠡᠨ᠎ᠡ ᠭᠡᠳᠡᠭ᠌ ᠴᠤᠬᠤᠮ ᠪᠠᠶᠠᠤᠨ ᠨᠤᠶᠠᠤᠨ ᠢ ᠪᠠᠭᠤᠯᠭᠠᠬᠤ ᠠᠷᠠᠤᠨ ᠤᠨ ᠬᠤᠪᠢᠰᠬᠠᠯ ᠶᠤᠮ ᠦᠦ︖ ᠡᠰᠡᠭᠦᠯ᠎ᠡ ᠠᠷᠠᠤᠨ ᠲᠦᠮᠡᠨ ᠢ ᠴᠤᠭᠢᠨ ᠳᠠᠷᠤᠩᠭ᠋ᠣᠢ᠌ᠯᠠᠬᠤ ᠴᠡᠷᠢᠭ᠌ ᠤᠨ ᠵᠡᠪᠰᠡᠭ᠍ᠳᠤ ᠳᠠᠷᠤᠩᠭ᠋ᠣᠢ᠌ᠯᠠᠯᠭ᠎ᠠ ᠶᠤᠮ ᠦᠦ︖ ᠪᠢ ᠦᠨᠦᠳᠤᠷ ᠥᠭᠦᠭ᠍ᠰᠡᠨ ᠴᠤ ᠶᠠᠭᠠᠮᠠᠢ︕ ᠬᠠᠷᠢᠨ ᠨᠤᠳᠤᠭ ᠨᠢᠷᠤᠭᠤᠨ ᠤ ᠳᠠᠨᠠᠷ ᠨᠠᠮ᠎ᠠ ᠡᠴᠡ ᠰᠤᠷᠭᠠᠮᠵᠢ ᠠᠪᠴᠤ ᠥᠯᠡᠳᠡᠭᠡᠵᠤ ᠠᠪ︕ ᠦᠷ᠎ᠡ ᠬᠡᠦᠬᠡᠳ ᠲᠡᠭᠡᠨ ᠰᠤᠷᠭᠠᠯ ᠪᠣᠯᠭᠠᠨ ᠥᠯᠡᠳᠡᠭᠡ︕ ᠭᠡᠳ ᠣᠯᠠᠨ ᠲᠦᠮᠡᠨ ᠳᠤ ᠭᠠᠷ ᠡᠷᠭᠢᠭᠦᠯᠤᠨ ᠭᠡᠯᠡᠭᠦ ᠳᠤ ᠣᠯᠠᠨ ᠪᠦᠭᠦᠳᠡᠭᠡᠷ ᠵᠢᠷᠦᠭᠡ ᠵᠢᠷᠦᠭᠡ ᠳᠤᠳᠤᠷ᠎ᠠ ᠪᠠᠨ ᠵᠣᠢ᠌ᠴᠠᠨ ᠪᠣᠳᠤᠵᠤ ᠪᠠᠢ᠌ᠳᠠᠯ᠎ᠠ ᠢᠳᠡᠪᠭᠢ᠄

᠊᠊᠊᠊᠊᠊᠊᠊᠊᠊᠊᠊᠊᠊᠊᠊᠊᠊᠊᠊᠊᠊᠊᠊᠊᠊᠊᠊᠊ ᠬᠤᠷᠳᠤᠨ ᠳᠠᠷᠠ ᠮᠠᠩᠭ᠋ᠤᠰ ᠤᠨ ᠰᠢᠷ᠎ᠠ ᠦᠬᠢᠨ ᠤ ᠠᠮᠠᠨ ᠳᠤ ᠨᠢ ᠨᠤᠬᠠᠢ ᠶᠢᠨ ᠪᠠᠭᠠᠰᠤ ᠴᠢᠳᠬᠤᠨ ᠣᠷᠤᠭᠤᠯ︕ ᠰᠤᠨᠤᠭᠰᠠᠨ ᠳᠠᠰᠢᠭᠤᠷ ᠶᠢᠡᠷ ᠵᠠᠠᠴᠢ︕ ᠭᠡᠵᠤ ᠠᠮᠢᠰᠬᠤᠭ᠎ᠠ ᠳᠠᠪᠬᠤᠴᠠᠨ ᠪᠠᠷᠭᠢᠷᠠᠪᠠ᠃

ᠷᠤᠯᠭᠠᠷᠮ᠎ᠠ ᠶᠢ ᠬᠤᠶᠠᠷ ᠮᠤᠳᠤᠨ ᠡᠴᠡ ᠬᠤᠯᠪᠤᠨ ᠪᠠᠷᠢᠵᠤ ᠣᠶᠠᠭᠠᠤᠨ᠂ ᠡᠮᠦᠨ᠎ᠡ ᠨᠢ ᠪᠦᠳᠦᠭᠦᠨ ᠭᠠᠩ ᠳᠠᠯᠪᠢᠵᠤ᠂ ᠳᠤᠳᠤᠷ᠎ᠠ ᠨᠢ ᠬᠠᠳᠠᠭᠠᠰᠠᠨ ᠯᠠᠵᠤᠤ ᠰᠢᠳᠠᠭᠠᠵᠤ ᠡᠭᠢᠯᠡᠨ ᠳᠠᠮᠤᠯᠠᠪᠠ᠃ ᠯᠠᠵᠤᠤ ᠶᠢᠨ ᠭᠠᠰᠢᠭᠤᠨ ᠦᠨᠦᠷ ᠡᠷᠭᠢᠨ ᠳᠤᠭᠤᠷᠢᠨ ᠤ ᠭᠦᠮᠦᠰ ᠤᠨ ᠬᠠᠮᠠᠷ ᠣᠳᠤᠨ ᠨᠢᠳᠤᠨ ᠡᠴᠡ ᠨᠢ ᠣᠰᠤ ᠭᠤᠭᠤᠵᠢᠨ᠎ᠠ᠃ ᠨᠠᠩ ᠷᠤᠯᠭᠠᠷᠮ᠎ᠠ ᠶᠢ ᠶᠠᠭᠤᠨ ᠭᠡᠯᠡᠨ᠎ᠡ︖ ᠳᠠᠮᠠᠢ ᠣᠳᠠᠭᠰᠠᠨ ᠦᠭᠡᠶ ᠷᠤᠯᠭᠠᠷᠮ᠎ᠠ ᠶᠢᠨ ᠠᠮᠠ ᠶᠢ ᠰᠤᠶᠤᠭᠠᠳᠠᠵᠤ ᠪᠠᠢ᠌ᠭᠠᠤᠨ ᠨᠤᠬᠠᠢ ᠶᠢᠨ ᠪᠠᠭᠠᠰᠤ ᠶᠢ ᠴᠢᠳᠬᠤᠨ ᠣᠷᠤᠭᠤᠯᠬᠤ ᠳᠤ ᠭᠡᠷᠭᠢᠨ ᠳᠠᠰᠤᠨ᠎ᠠ︕ ᠰᠢᠭᠤᠳ ᠣᠭᠰᠢᠨ ᠪᠦᠭᠡᠯᠵᠢᠵᠤ ᠯᠠᠵᠤᠤ ᠶᠢᠨ ᠭᠠᠰᠢᠭᠤᠨ ᠦᠨᠦᠷ ᠲᠤ ᠣᠳᠤᠭᠳᠠᠨ ᠳᠠᠭᠢᠨ ᠰᠤᠨᠤᠭᠰᠠᠨ ᠳᠠᠰᠢᠭᠤᠷ ᠤᠨ ᠬᠠᠳᠠᠭᠤ ᠬᠠᠯᠠ ᠶᠢ ᠳᠠᠰᠴᠤ ᠴᠢᠳᠠᠨ ᠮᠠᠨᠠᠷᠠᠨ ᠮᠠᠭᠤᠵᠢᠷᠠᠨ᠎ᠠ᠃

ᠡᠭᠦᠨ ᠢ ᠦᠵᠡᠨ ᠮᠤᠯᠤᠮ ᠭᠡᠷᠭᠢᠨ ᠳᠠᠰᠴᠤ ᠶᠠᠳᠠᠨ᠎ᠠ︖ ᠣᠷᠤᠭᠰᠢᠯᠠᠨ ᠣᠴᠢᠵᠤ ᠷᠤᠯᠭᠠᠷᠮ᠎ᠠ ᠶᠢᠨ ᠪᠠᠶ᠎ᠠ ᠶᠢ ᠪᠠᠶ᠎ᠠ ᠪᠠᠷ ᠬᠠᠯᠠᠬᠠᠯᠠᠨ ᠵᠤᠭᠰᠤᠬᠤ ᠭᠡᠳᠡᠯ᠎ᠡ ᠢᠳᠡᠪᠭᠢ ᠮᠤᠯᠤᠮ ᠢ ᠮᠦᠨ ᠮᠤᠳᠤᠨ ᠳᠤ ᠭᠦᠯᠢᠵᠤ ᠦᠪᠣᠷ ᠠᠷᠠᠤᠨ ᠤᠨ ᠨᠠᠮ ᠭᠡᠵᠤ ᠦᠴᠢᠭᠯᠡᠭᠦᠯᠭᠦ ᠪᠠᠷ ᠳᠠᠮᠤᠯᠠᠨ ᠡᠭᠢᠯᠡᠪᠡ᠃ ᠳᠠᠭᠢᠨ ᠳᠠᠷᠠ ᠣᠯᠠᠨ ᠨᠤᠮ ᠰᠤᠳᠤᠷ ᠢ ᠪᠦᠭᠦᠨ ᠢ ᠰᠢᠳᠠᠭᠠᠨ ᠬᠠᠶᠠᠨ᠎ᠠ᠃ ᠡᠨᠡ ᠪᠣᠯ ᠮᠤᠩᠭ᠋ᠤᠯᠴᠤᠳ ᠦᠪᠡᠷ ᠤᠨ ᠳᠡᠦᠭᠡ ᠠᠯᠳᠠᠷ ᠶᠢᠡᠨ ᠦᠪᠠᠰᠤᠪᠠᠨ ᠭᠠᠯᠳᠠᠨ ᠰᠢᠳᠠᠭᠠᠵᠤ ᠪᠠᠢ᠌ᠭ᠎ᠠ ᠶᠤᠮ᠃ ᠬᠠᠷᠢᠨ ᠶᠠᠮᠠᠷ ᠦᠨᠳᠦᠰᠦᠳᠠᠨ ᠤ ᠳᠡᠭᠡᠷᠡᠩᠭᠦᠢ ᠦᠵᠡᠯ ᠪᠠ ᠳᠤᠳᠤᠭᠠᠳᠤ ᠶᠢᠨ ᠬᠠᠪᠴᠢᠯᠭ᠎ᠠ ᠡᠴᠡ ᠪᠢᠰᠢ᠂ ᠰᠢᠭᠤᠳ ᠮᠤᠩᠭ᠋ᠤᠯ ᠭᠦᠮᠤᠨ᠂ ᠮᠤᠩᠭ᠋ᠤᠯ ᠭᠦᠮᠤᠨ ᠶᠢᠡᠨ ᠳᠠᠷᠤᠯᠠᠨ ᠭᠢᠳᠤᠵᠤ᠂ ᠮᠤᠩᠭ᠋ᠤᠯ ᠤᠨ ᠶᠢᠠᠨ ᠶᠠᠭᠤ ᠪᠦᠭᠦᠨ ᠢ ᠦᠨᠡᠰᠤ ᠬᠤᠭ ᠪᠣᠯᠭᠠᠵᠤ ᠪᠠᠢ᠌ᠭ᠎ᠠ ᠶᠠᠪᠣᠳᠠᠯ᠂ ᠡᠨᠡ ᠴᠠᠭ ᠦᠶ᠎ᠡ ᠳᠤ ᠡᠢ᠌ᠮᠤ ᠭᠦᠮᠦᠰ ᠳᠠᠯ᠎ᠠ ᠭᠦᠳᠡᠭᠡ᠂ ᠭᠤᠪᠢ ᠮᠠᠩᠬ᠎ᠠ ᠳᠤ ᠳᠤᠭ᠎ᠠ ᠦᠭᠡᠶ ᠣᠯᠠᠨ ᠪᠠᠢ᠌ᠭᠰᠠᠨ᠃ ᠡᠳᠡᠨᠦᠰ ᠤᠨ ᠦᠨᠳᠦᠰᠦ ᠵᠠᠯᠭᠠᠰᠤ ᠴᠤ ᠡᠨᠡ ᠭᠤᠪᠢ ᠡᠯᠡᠰᠤᠨ ᠳᠤ ᠦᠰᠦᠨ ᠪᠣᠢ᠌ᠵᠢᠭᠰᠠᠨ ᠨᠢ ᠯᠠᠪᠳᠠᠭᠤᠨ᠃

ᠪᠦᠳᠤᠨ ᠡᠳᠦᠷ ᠤᠨ ᠰᠢᠭᠦᠯᠭᠡ ᠪᠠᠷ ᠭᠡᠨ ᠢ ᠴᠤ ᠦᠪᠣᠷ ᠠᠷᠠᠤᠨ ᠤᠨ ᠨᠠᠮ ᠪᠣᠯᠭᠠᠵᠤ ᠴᠢᠳᠠᠭᠰᠠᠨ ᠦᠭᠡᠶ᠃ ᠮᠠᠷᠭᠠᠰᠢ ᠨᠢ ᠮᠦᠨ ᠵᠠᠯᠭᠠᠨ ᠰᠢᠳᠭᠡᠪᠡ᠃ ᠠᠷᠠᠤᠨ ᠤᠨ ᠬᠤᠪᠢᠰᠬᠠᠯ ᠡᠨᠡ ᠮᠠᠳᠤ ᠣᠯᠠᠷᠢᠨ ᠳᠤᠭᠰᠢᠷᠠᠵᠤ᠂ ᠡᠭᠡᠯ ᠠᠷᠠᠤᠨ ᠡᠴᠡ ᠡᠷᠭᠢᠮ ᠨᠤᠶᠠᠤᠨ ᠳᠤᠯᠳᠠᠯ᠎ᠠ ᠠᠷᠠᠤᠨ ᠤᠨ ᠬᠤᠪᠢᠰᠬᠠᠯ ᠭᠡᠪᠠᠯ ᠴᠢᠷᠠᠢ ᠶᠢᠨ ᠥᠩᠭᠡ ᠬᠤᠪᠢᠷᠠᠮᠠᠷ ᠪᠣᠯᠤᠨ ᠭᠠᠯᠵᠠᠭᠤᠷᠠᠵᠤ ᠪᠠᠢ᠌ᠭᠰᠠᠨ ᠶᠤᠮ᠃ ᠢᠳᠡᠪᠭᠢ ᠮᠤᠯᠤᠮ ᠤᠨ ᠰᠢᠠᠳᠠᠰᠤ ᠬᠠᠳᠠᠭᠤ ᠶᠢ ᠠᠯᠢ ᠡᠷᠳᠡ ᠰᠤᠨᠤᠰᠴᠤ ᠪᠠᠢ᠌ᠭᠰᠠᠨ ᠪᠣᠯᠬᠤᠷ ᠰᠢᠳᠭᠡᠯ ᠢ ᠭᠦᠡᠳᠦᠷᠡᠭᠦᠯᠭᠦ ᠦᠭᠡᠶ ᠪᠣᠯ ᠪᠣᠯᠬᠤ ᠦᠭᠡᠶ ᠭᠡᠵᠤ ᠣᠯᠠᠭᠠᠨ ᠬᠠᠮᠠᠭᠠᠯᠠᠬᠤ ᠴᠡᠷᠢᠭ᠌ ᠢ ᠳᠠᠭᠤᠳᠠᠨ ᠬᠠᠳᠠᠭᠠᠰᠤ ᠰᠥᠭᠡ ᠠᠪᠴᠢᠷᠠᠭᠤᠯᠤᠨ ᠮᠤᠳᠤᠨ ᠳᠤ ᠳᠡᠭᠦᠵᠢᠯᠡᠨ ᠪᠠᠢ᠌ᠭ᠎ᠠ ᠮᠤᠯᠤᠮ ᠤᠨ ᠭᠤᠤᠯ ᠨᠢᠷᠤᠭᠤᠨ ᠤ ᠶᠠᠰᠤᠨ ᠤ ᠦᠶ᠎ᠡ ᠳᠡᠭᠡᠷ᠎ᠡ ᠳᠠᠮᠤᠷ ᠬᠠᠳᠠᠭᠠᠰᠤ ᠢ ᠰᠢᠭᠠᠨ ᠣᠷᠤᠭᠤᠯᠤᠨ᠎ᠠ᠃ ᠮᠤᠯᠤᠮ ᠳᠠᠰᠴᠤ ᠶᠠᠳᠠᠨ ᠮᠠᠨᠠᠷᠠᠨ᠎ᠠ᠃ ᠡᠨᠡ ᠮᠠᠳᠤ ᠪᠦᠳᠤᠨ ᠡᠳᠦᠷ ᠬᠤᠶᠠᠷ ᠬᠠᠳᠠᠭᠠᠰᠤ ᠶᠢ ᠰᠢᠭᠠᠨ ᠣᠷᠤᠭᠤᠯᠤᠭᠠᠤᠨ ᠮᠦᠨ ᠠᠯᠢ ᠨᠠᠮ ᠳᠤ ᠴᠤ ᠭᠡᠳ ᠭᠦᠯᠢᠶᠡᠨ ᠠᠪᠣᠭᠰᠠᠨ ᠦᠭᠡᠶ᠃ ᠷᠤᠯᠭᠠᠷᠮ᠎ᠠ ᠴᠤ ᠢᠵᠢᠯᠳᠠᠢ᠌ᠬᠠᠨ ᠰᠢᠳᠭᠡᠭ᠍ᠳᠡᠵᠤ ᠮᠠᠨᠠᠷᠠᠨ ᠮᠡᠳᠡᠭᠡ ᠦᠭᠡᠶ ᠭᠡᠪᠳᠡᠨ᠎ᠡ᠃

ᠢᠳᠡᠪᠭᠢ ᠠᠷᠭ᠎ᠠ ᠦᠭᠡᠶ ᠡᠨᠡ ᠬᠤᠶᠠᠷ ᠢ ᠦᠪᠣᠷ ᠠᠷᠠᠤᠨ ᠤᠨ ᠨᠠᠮ ᠪᠣᠯᠭᠠᠵᠤ ᠴᠢᠳᠠᠬᠤ ᠦᠭᠡᠶ ᠪᠠᠨ ᠮᠠᠳᠠᠨ ᠳᠠᠭᠢᠨ ᠣᠯᠭᠠᠨ ᠬᠠᠮᠠᠭᠠᠯᠠᠬᠤ ᠴᠡᠷᠢᠭ᠌ ᠶᠢᠡᠷ ᠨᠠᠮ ᠤᠨ ᠡᠭᠦᠷ ᠤᠨ ᠱᠦᠵᠢ ᠸᠠᠩ ᠵᠢᠶᠠᠨ ᠢ ᠠᠪᠴᠤ ᠢᠷᠠᠨ ᠬᠠᠤᠯᠢᠳᠠᠪᠠ᠃ ᠭᠦᠭᠡᠷᠦᠭᠦᠢ︕ ᠰᠢᠠᠳᠠᠰᠤ ᠳᠤᠳᠠᠮᠠᠭ ᠭᠢᠳᠠᠤᠨ ᠡᠷ᠎ᠡ ᠸᠠᠩ ᠵᠢᠶᠠᠨ ᠬᠠᠭᠠᠰ ᠴᠠᠭ ᠤᠨ ᠳᠠᠮᠤᠯᠠᠯ ᠢ ᠳᠠᠰᠴᠤ ᠶᠠᠳᠠᠨ ᠰᠢᠭᠤᠳ ᠦᠪᠣᠷ ᠠᠷᠠᠤᠨ ᠤᠨ ᠨᠠᠮ ᠭᠡᠵᠤ ᠭᠦᠯᠢᠶᠡᠨ ᠠᠪᠴᠤ ᠶᠡᠭᠡ ᠰᠦᠮ᠎ᠡ ᠣᠷᠤᠭᠤ ᠭᠦᠷᠭᠡᠨ ᠶᠠᠪᠣᠪᠠ᠃

ᠣᠷᠤᠢ ᠶᠢᠨ ᠨᠠᠷᠠᠨ ᠣᠨᠠᠬᠤ ᠶᠢᠨ ᠠᠯᠳᠠ ᠪᠠᠷ ᠣᠯᠠᠭᠠᠨ ᠬᠠᠮᠠᠭᠠᠯᠠᠬᠤ ᠴᠡᠷᠢᠭ᠌ ᠮᠤᠯᠤᠮ ᠪᠠ ᠷᠤᠯᠭᠠᠷᠮ᠎ᠠ ᠶᠢ ᠰᠢᠪᠠᠷ ᠪᠠᠢ᠌ᠰᠢᠩ ᠳᠤ ᠨᠢ ᠠᠪᠴᠢᠷᠠᠨ ᠬᠠᠶᠠᠪᠠ᠃ ᠭᠦᠭᠡᠷᠦᠭᠦᠢ︕ ᠬᠤᠶᠠᠷ ᠡᠳᠦᠷ ᠤᠨ ᠳᠠᠷᠴᠢᠯᠭᠠᠯᠠᠯ ᠶᠢᠡᠷ ᠮᠤᠯᠤᠮ ᠬᠠᠭᠠᠰ ᠳᠤᠳᠠᠭᠤ ᠠᠮᠢ ᠲᠡᠶ ᠭᠡᠷ ᠲᠡᠭᠡᠨ ᠢᠷᠠᠵᠤ ᠬᠠᠩᠵᠤᠨ ᠤ ᠳᠡᠭᠡᠷ᠎ᠡ ᠭᠡᠪᠳᠡᠭᠡ ᠭᠦᠤ ᠪᠠᠨ ᠦᠵᠡᠨ ᠠᠪᠣ ᠭᠦᠮᠤᠨ ᠤ ᠡᠷᠴᠢ ᠵᠤᠷᠢᠭ ᠳᠠᠭᠢᠨ ᠭᠦᠪᠴᠢᠯᠡᠭ᠍ᠳᠡᠵᠤ ᠰᠢᠳᠤ ᠵᠠᠭᠤᠨ ᠪᠣᠰᠴᠤ ᠬᠤᠶᠠᠷ ᠡᠳᠦᠷ ᠰᠥ᠋ ᠣᠯᠵᠤ ᠣᠤᠭᠤᠭᠠᠳᠤᠢ ᠦᠷ᠎ᠡ ᠨᠢ ᠣᠭᠢᠯᠠᠨ ᠬᠠᠷᠠᠯᠠᠵᠤ ᠴᠢᠮᠡᠭᠡ ᠢᠮᠡᠭᠡ ᠦᠭᠡᠶ ᠣᠠᠳᠠᠨ᠎ᠠ᠃ ᠦᠷ᠎ᠡ ᠪᠠᠨ ᠠᠮᠢᠳᠤ ᠮᠠᠠᠳᠤ ᠶᠢ ᠬᠠᠷᠠᠭᠠᠤᠨ ᠡᠪᠠᠦᠡᠴᠤ ᠵᠤᠪᠠᠭᠰᠠᠨ ᠪᠠᠶ᠎ᠠ ᠨᠢ ᠪᠠᠭᠠᠬᠠᠨ ᠳᠠᠢ᠌ᠪᠣᠰᠢᠷᠠᠵᠤ᠂ ᠡᠭᠡᠨᠡᠷ ᠶᠢᠡᠨ ᠬᠠᠩᠵᠤᠨ ᠤ ᠳᠡᠭᠡᠷ᠎ᠡ ᠭᠡᠷᠡᠮ ᠨᠠᠭᠠᠯᠳᠤᠭᠤᠯᠤᠨ ᠭᠡᠪᠳᠡᠭᠦᠯᠵᠤ᠂ ᠠᠮᠠᠨ ᠳᠤ ᠨᠢ ᠪᠦᠯᠢᠶᠡᠨ ᠣᠰᠤ ᠭᠢᠨ ᠠᠮᠢ ᠣᠷᠤᠭᠤᠯᠤᠨ᠎ᠠ᠃

ᠣᠯᠠᠭᠠᠨ ᠬᠠᠮᠠᠭᠠᠯᠠᠬᠤ ᠴᠡᠷᠢᠭ᠌ ᠤᠨ ᠣᠩᠭᠢᠴᠠᠨ ᠳᠠᠯᠭᠢᠳᠠᠭᠰᠠᠨ ᠭᠡᠷ ᠶᠢᠡᠨ ᠨᠢᠭᠡ ᠬᠠᠷᠠᠨ ᠦᠪᠣᠷ ᠠᠷᠠᠤᠨ ᠤᠨ ᠨᠠᠮ ᠶᠢᠡᠷ ᠴᠤᠭᠢᠭᠳᠠᠭᠰᠠᠨ ᠪᠠᠶ᠎ᠠ ᠪᠠ ᠡᠭᠡᠨᠡᠷ ᠶᠢᠡᠨ ᠨᠢᠭᠡ ᠥᠵᠡᠭᠡᠳ᠂ ᠠᠮᠳᠠᠳᠤ ᠨᠣᠢ᠌ᠷ ᠲᠠᠭᠠᠨ ᠮᠠᠩᠰᠢᠭᠤᠷᠠᠨ ᠪᠠᠢ᠌ᠭ᠎ᠠ ᠭᠦᠤ ᠪᠠᠨ ᠪᠠᠰᠠ ᠨᠢᠭᠡ ᠰᠢᠷᠳᠡᠭᠡᠳ᠂ ᠬᠤᠪᠢᠰᠬᠠᠯ ᠭᠡᠳᠡᠭ᠌ ᠬᠣᠢ᠌ᠬ᠎ᠠ ᠶᠢᠨ ᠦᠰᠦ ᠪᠣᠰᠤᠮᠠᠷ᠂ ᠠᠷᠪᠠᠨ ᠬᠤᠶᠠᠷ ᠳᠤᠯᠤᠭᠠᠢ ᠲᠡᠶ ᠠᠷᠵᠠᠭᠠᠷ ᠮᠠᠩᠭ᠋ᠤᠰ ᠡᠴᠡ ᠪᠠᠰᠠ ᠠᠶᠤᠮᠰᠢᠭᠳᠠᠢ ᠪᠠᠷ ᠰᠠᠨᠠᠭᠳᠠᠨ ᠦᠷ᠎ᠡ ᠪᠠ ᠡᠭᠡᠨᠡᠷ ᠤᠨ ᠶᠢᠡᠨ ᠬᠤᠭᠤᠷᠤᠠᠳᠤ ᠮᠠᠯᠠᠷᠠᠨ ᠰᠠᠭᠤᠨ᠎ᠠ᠃ ᠳᠠᠵᠢᠩᠨᠢᠭᠰᠠᠨ ᠵᠢᠷᠦᠭᠡ᠂ ᠳᠠᠪᠳᠠᠭᠳᠠᠭᠰᠠᠨ ᠪᠠᠶ᠎ᠠ᠂ ᠴᠡᠴᠡᠷᠡᠭ᠍ᠰᠡᠨ ᠯᠤᠭᠰᠢᠯᠳᠠ᠂ ᠴᠢᠯᠡᠷᠡᠭ᠍ᠰᠡᠨ ᠰᠤᠳᠠᠰᠤ ᠁ ᠠᠢ︕ ᠣᠢ᠌ᠯᠠᠷ ᠶᠤᠮ ᠦᠦ⁉

ᠭᠡᠭᠡᠨ ᠣᠷᠳᠤᠨ ᠤ ᠪᠢᠴᠢᠭ᠌ ᠲᠤ ᠭᠡᠯᠡᠭ᠍ᠰᠡᠨ ᠶᠢᠡᠷ᠄

ᠭᠦᠮᠤᠨ ᠤ ᠵᠠᠶᠠᠭ᠎ᠠ ᠪᠣᠭᠳᠠ ᠶᠢᠨ ᠭᠠᠷ ᠲᠤ ᠪᠣᠢ᠂ ᠨᠢᠯᠪᠣᠰᠤ ᠠᠰᠠᠷᠠᠭᠤᠯᠤᠨ᠂ ᠪᠣᠭᠤᠳᠠᠯ ᠶᠢᠡᠨ ᠡᠭᠦᠷᠴᠤ᠂ ᠠᠮᠢᠳᠤᠷᠠᠯ ᠡᠭᠢᠯᠡᠭ᠍ᠰᠡᠨ ᠳᠠᠷᠠ ᠡᠳᠦᠷ ᠡᠴᠡ ᠨᠢᠮᠭᠡᠨ ᠵᠠᠶᠠᠭᠠᠨ ᠳᠤ ᠵᠤᠵᠠᠭᠠᠨ ᠭᠡᠰᠢᠭ᠌ ᠭᠦᠷᠳᠡᠨ ᠬᠠᠷᠢᠯᠴᠠᠨ ᠣᠷᠤᠰᠢᠨ ᠰᠠᠭᠤᠬᠤ ᠠᠨᠤ ᠠᠭᠤᠯᠠ ᠶᠢᠨ ᠨᠠᠭᠠᠨ᠎ᠠ ᠴᠠᠭᠠᠨ᠎ᠠ᠂ ᠡᠷᠯᠢᠭ᠌ ᠤᠨ ᠣᠷᠤᠨ ᠮᠠᠳᠤ᠃ ᠨᠠᠷᠠᠨ ᠰᠠᠷᠠᠨ ᠡᠷᠭᠢᠭᠦ ᠳᠠᠰᠢᠷᠠᠮ ᠳᠤᠷ ᠭᠦᠮᠤᠨ ᠥᠳᠡᠯᠭᠦᠶ᠎ᠡ ᠬᠤᠷᠳᠤᠨ᠂ ᠴᠢ ᠴᠤ ᠭᠡᠷᠭᠢᠰᠤ ᠳᠠᠭᠢᠠᠳᠠ ᠮᠠᠠᠳᠤᠭᠤᠯᠬᠤ ᠶᠢ ᠪᠣᠳᠤᠪᠠᠴᠤ ᠵᠤᠷᠢᠭ ᠡᠰᠡ ᠭᠦᠷᠦᠶᠤ᠂ ᠵᠥᠪᠭᠡᠨ ᠠᠭᠯᠠᠭ ᠭᠡᠭᠡᠷ᠎ᠡ ᠵᠤᠭᠠᠯᠠᠨ ᠠᠷᠰᠢ ᠬᠤᠪᠢᠯᠭᠠᠨ ᠰᠢᠭ᠌ ᠰᠡᠳᠭᠢᠯ ᠶᠢᠡᠨ ᠠᠷᠢᠭᠤᠳᠬᠠᠨ ᠳᠡᠨᠢᠭᠡᠷ ᠭᠦᠳᠡᠭᠡ ᠳᠠᠩᠰᠤᠭ ᠳᠠᠯ᠎ᠠ ᠪᠠᠷ ᠳᠠᠮᠠᠢ᠌ᠯᠠ ᠠᠯᠬᠤᠬᠤ ᠨᠢ ᠵᠦᠢ᠌︕

ᠰᠦᠨᠢ ᠳᠤᠮᠳᠠ ᠷᠤᠯᠭᠠᠷᠮ᠎ᠠ ᠰᠡᠷᠭᠦᠨ ᠡᠪᠠᠦᠡᠴᠤ ᠶᠤᠤᠯᠠᠨ ᠪᠦᠳᠤᠨ ᠡᠳᠦᠷ ᠵᠤᠪᠠᠭᠠᠤᠨ ᠬᠤᠪᠢᠰᠬᠠᠯ ᠤᠨ ᠳᠠᠷᠴᠢᠯᠭᠠᠯ ᠢ ᠳᠠᠰᠴᠤ ᠳᠡᠢ᠌ᠯᠦᠭ᠍ᠰᠡᠨ ᠦᠭᠡᠶ ᠭᠠᠩᠭ᠋ᠠᠩ ᠵᠠᠯᠠᠭᠤ ᠨᠠᠰᠤᠨ ᠳᠠᠭᠠᠨ ᠣᠷᠴᠢᠯᠠᠩ ᠡᠴᠡ ᠠᠩᠵᠢᠷᠪᠠ᠃ ᠮᠤᠯᠤᠮ ᠮᠠᠰᠢᠳᠠ ᠭᠠᠰᠢᠭᠤᠳᠠᠨ ᠨᠠᠮᠰᠠᠷᠠᠢ ᠪᠠᠶᠠᠨ ᠤ ᠬᠠᠵᠠᠭᠤ ᠳᠤ ᠣᠩᠭᠤᠯᠪᠠ᠃ ᠦᠵᠡᠳᠠᠯ᠎ᠠ ᠨᠠᠮᠰᠠᠷᠠᠢ ᠪᠠ ᠷᠤᠯᠭᠠᠷᠮ᠎ᠠ ᠳᠠᠷᠠᠭ᠎ᠠ ᠳᠠᠷᠠᠭ᠎ᠠ ᠪᠠᠷ ᠬᠤᠪᠢᠰᠬᠠᠯ ᠤᠨ ᠭᠦᠯ ᠣᠯᠠ ᠳᠤ ᠣᠨᠤᠭᠳᠠᠨ ᠨᠠᠰᠤ ᠪᠠᠷᠠᠵᠤ ᠮᠤᠯᠤᠮ ᠠᠮᠢᠳᠤ ᠮᠢᠬᠠᠨ ᠳᠠᠭᠠᠨ ᠬᠠᠳᠠᠭᠠᠰᠤ ᠰᠢᠭᠠᠯᠭᠠᠨ᠂ ᠬᠤᠪᠢᠰᠬᠠᠯ ᠤᠨ ᠬᠤᠢ ᠰᠠᠯᠭᠢᠨ ᠳᠤ ᠬᠣᠢ᠌ᠯᠠᠷᠠᠨ ᠭᠡᠢ᠌ᠰᠦᠭᠡᠳ᠂ ᠦᠨᠳᠦᠰᠦ ᠪᠣᠯᠤᠭᠰᠠᠨ ᠣᠯᠠᠭᠠᠨ ᠨᠢᠯᠬ᠎ᠠ ᠪᠠᠨ ᠪᠦᠭᠡᠴᠡᠢ᠌ᠯᠡᠨ ᠥᠰᠭᠡᠵᠤ ᠡᠳᠦᠷ ᠬᠤᠨᠤᠭ ᠢ ᠥᠩᠭᠡᠷᠭᠡᠨ᠎ᠡ᠃

ᠬᠤᠪᠢᠰᠬᠠᠯ ᠭᠡᠰᠡᠭ᠌ ᠴᠢᠩᠭ᠋ᠠᠷᠠᠨ ᠭᠡᠰᠡᠭ᠌ ᠨᠠᠮᠬᠠᠷᠠᠨ᠂ ᠭᠡᠰᠡᠭ᠌ ᠣᠯᠠᠭᠠᠨ ᠴᠢᠰᠤ ᠣᠷᠤᠰᠠᠭᠤᠯᠤᠨ᠂ ᠭᠡᠰᠡᠭ᠌ ᠠᠮᠢᠳ᠋ᠢᠯᠡᠨ᠂ ᠡᠰᠡᠭᠦᠯ᠎ᠡ ᠠᠮᠢ ᠶᠡᠭᠦᠯᠡᠨ᠂ ᠴᠢᠰᠤ ᠪᠠ ᠨᠢᠰᠤ ᠲᠡᠶ ᠵᠢᠭ᠍ᠳᠡ ᠪᠣᠰᠤ ᠶᠠᠪᠣᠭᠳᠠᠨ᠎ᠠ᠃ ᠪᠠᠭᠠᠬᠠᠨ ᠳᠤᠭᠰᠢᠷᠠᠪᠠᠯ ᠮᠤᠯᠤᠮ ᠨᠡᠷ ᠢ ᠪᠠᠷᠢᠨ ᠠᠪᠴᠢᠷᠠᠵᠤ ᠣᠯᠠᠨ ᠲᠦᠮᠡᠨ ᠤ ᠡᠮᠦᠨ᠎ᠡ ᠳᠤᠩᠭ᠋ᠤᠳᠤᠨ ᠦᠪᠡᠷ ᠤᠨ ᠶᠠᠯ᠎ᠠ ᠭᠡᠮ ᠢ ᠨᠢ ᠳᠤᠭᠠᠴᠢᠭᠤᠯᠤᠨ᠎ᠠ᠃ ᠶᠠᠭ ᠡᠨᠡ ᠡᠷᠡᠨ ᠳᠤ ᠮᠤᠯᠤᠮ ᠰᠢᠭ᠌ ᠡᠷᠦᠭᠡ ᠭᠡᠷ ᠰᠠᠷᠨᠢᠨ ᠪᠣᠳᠠᠷᠠᠭᠰᠠᠨ ᠭᠦᠳᠡᠭᠡ ᠳᠠᠯ᠎ᠠ ᠳᠤ ᠳᠤᠭ᠎ᠠ ᠦᠭᠡᠶ ᠣᠯᠠᠨ ᠪᠠᠢ᠌ᠭᠰᠠᠨ᠂ ᠡᠭᠡᠯ ᠠᠷᠠᠤᠨ ᠡᠴᠡ ᠡᠷᠭᠢᠮ ᠨᠤᠶᠠᠤᠨ᠂ ᠥᠰᠦᠭ᠌ ᠪᠢᠴᠢᠭ᠌ ᠮᠡᠳᠡᠳᠡᠭ᠌ ᠭᠦᠮᠤᠨ ᠡᠴᠡ ᠥᠭᠡᠷ ᠮᠠᠯ ᠬᠠᠷᠢᠭᠤᠯᠳᠠᠭ ᠮᠠᠯᠴᠢᠳ ᠳᠤᠯᠳᠠᠯ᠎ᠠ ᠡᠷᠡᠭᠦᠯ ᠥᠯᠡᠳᠡᠭ᠍ᠰᠡᠨ ᠴᠥᠭᠡᠨ᠂ ᠮᠤᠩᠭ᠋ᠤᠯ ᠤᠨ ᠮᠢᠨᠢ ᠭᠦᠳᠡᠭᠡ ᠡᠭᠦᠨ ᠡᠴᠡ ᠡᠭᠢᠯᠡᠨ ᠰᠤᠶᠤᠯ ᠤᠨ ᠪᠠᠯᠠᠢ ᠳᠦᠭᠦᠷᠡᠨ᠂ ᠢᠳᠠᠵᠤ ᠣᠤᠭᠤᠬᠤ᠂ ᠡᠮᠦᠰᠴᠤ ᠵᠡᠭᠦᠭᠦ ᠳᠡᠭᠡᠨ ᠵᠦᠪ ᠦᠭᠡᠶ ᠭᠦᠮᠦᠰ ᠦᠰᠦᠨ ᠡᠴᠡ ᠠᠷᠪᠢᠨ ᠪᠣᠯᠤᠭᠰᠠᠨ ᠶᠤᠮ᠃

ᠨᠢᠭᠡᠳᠦᠯ ᠡᠴᠡ ᠮᠤᠯᠤᠮ ᠢ ᠬᠤᠨᠢ ᠢᠮᠠᠭ᠎ᠠ ᠬᠠᠷᠢᠭᠤᠯᠬᠤ ᠪᠠᠷ ᠣᠤᠯ ᠤᠨ ᠨᠠᠮᠰᠠᠷᠠᠢ ᠶᠢᠨ ᠠᠳᠤᠭᠤᠨ ᠳᠤᠪᠣ ᠳᠤ ᠶᠠᠪᠣᠭᠤᠯᠪᠠ᠃ ᠡᠭᠦᠨ ᠡᠴᠡ ᠡᠭᠢᠯᠡᠨ 《ᠰᠤᠶᠤᠯ ᠤᠨ ᠬᠤᠪᠢᠰᠬᠠᠯ》 ᠊ᠤᠨ ᠢᠳᠠ ᠭᠦᠴᠤᠨ ᠠᠭᠠᠵᠢᠮ ᠶᠢᠡᠷ ᠰᠤᠯᠠᠷᠠᠨ ᠠᠷᠠᠤᠨ ᠲᠦᠮᠡᠨ ᠡᠩᠭᠡ ᠲᠦᠪᠰᠢᠨ ᠡᠳᠦᠷ ᠬᠤᠨᠤᠭ ᠢ ᠳᠠᠭᠢᠨ ᠡᠳ᠋ᠯᠡᠭᠦ ᠪᠣᠯᠵᠠᠢ᠃ ᠪᠠᠭ᠎ᠠ ᠰᠠᠭ᠎ᠠ ᠣᠴᠢᠷ ᠲᠤ ᠠᠳᠤᠭᠤᠨ ᠳᠤᠪᠣ ᠳᠤ ᠪᠠᠢ᠌ᠬᠤ ᠮᠤᠯᠤᠮ ᠢ ᠳᠠᠭᠤᠳᠠᠬᠤ ᠦᠭᠡᠶ᠂ ᠭᠡᠵᠢᠶ᠎ᠡ ᠬᠣᠢ᠌ᠨ᠎ᠠ ᠲᠦᠯ ᠤᠨ ᠬᠤᠭᠤᠴᠠᠭ᠎ᠠ᠂ ᠨᠤᠯᠤᠤᠷ ᠤᠨ ᠴᠠᠭ ᠶᠢᠡᠷ ᠨᠤᠳᠤᠭ ᠤᠨ ᠭᠦᠮᠦᠰ ᠢᠷᠠᠨ ᠠᠵᠢᠯ ᠳᠠᠭᠤᠰᠮᠠᠭᠴᠠ ᠪᠣᠴᠠᠨ ᠶᠠᠷᠤ ᠶᠢᠨ ᠪᠠᠢ᠌ᠳᠠᠯ ᠳᠤᠤᠷ᠎ᠠ ᠮᠤᠯᠤᠮ ᠭᠦᠤ ᠲᠡᠶ ᠪᠠᠨ ᠬᠤᠶᠠᠭᠤᠯᠠ ᠰᠠᠭᠤᠨ᠂ ᠬᠤᠨᠢ ᠮᠠᠯ ᠬᠠᠷᠠᠨ ᠡᠳᠦᠷ ᠬᠤᠨᠤᠭ ᠢ ᠨᠥᠭ᠍ᠴᠢᠭᠡᠨ᠎ᠡ᠃ ᠬᠠᠷ᠎ᠠ ᠭᠡᠷ᠂ ᠪᠣᠷᠤ ᠠᠮᠢᠳᠤᠷᠠᠯ᠂ ᠭᠠᠳᠠᠨ᠎ᠠ ᠭᠠᠷᠪᠠᠯ ᠬᠤᠨᠢ ᠮᠠᠯ ᠶᠢᠡᠨ ᠬᠠᠷᠠᠵᠤ᠂ ᠭᠡᠷ ᠲᠤ ᠣᠷᠤᠪᠠᠯ ᠬᠤᠭᠤᠯᠠ ᠵᠠᠭᠤᠰᠢ ᠭᠢᠵᠤ ᠬᠡᠦᠬᠡᠳ ᠶᠢᠡᠨ ᠥᠰᠭᠡᠨ ᠭᠦᠮᠤᠨ ᠤ ᠠᠮᠢᠳᠤᠷᠠᠯ ᠤᠨ ᠵᠢᠮ᠎ᠠ ᠬᠠᠤᠯᠢ ᠪᠠᠷ ᠵᠢᠳᠭᠦᠨ ᠶᠠᠪᠣᠨ᠎ᠠ᠃


ᠵᠤᠬᠢᠶᠠᠭᠴᠢ ᠶᠢᠨ ᠬᠠ‍‌ᠶᠢᠭ ᠄ ᠺᠦᠷᠡᠯ᠎ᠡ ᠬᠤᠳᠠᠨ᠎ᠠ

ᠵᠤᠬᠢᠶᠠᠭᠴᠢ᠄ ᠳ·ᠬᠦᠬᠡᠮᠦ᠋ᠷᠡᠨ
ᠳᠠᠷᠤᠮ᠄ 2449
ᠴᠠᠭ᠄ 2011 ᠤᠨ ᠤ 09 ᠰᠠᠷ᠎ᠠ ᠶᠢᠨ 24
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ